ᠦᠨᠳᠦᠰᠦᠳᠠᠨ ᠤ ᠰᠤᠷᠭᠠᠨ ᠭᠦᠮᠦᠵᠢᠯ ᠤᠨ ᠳᠤᠬᠠᠢ

ᠦᠨᠳᠦᠰᠦᠳᠠᠨ ᠤ ᠰᠤᠷᠭᠠᠨ ᠭᠦᠮᠦᠵᠢᠯ ᠭᠡᠭ᠍ᠴᠢ ᠶᠠᠭᠤ ᠪᠣᠢ ︖ ᠣᠨᠤᠯ ᠤᠨ ᠳᠠᠯ᠎ᠠ ᠪᠠᠷ ᠶᠠᠭᠤ ᠭᠡᠵᠤ ᠶᠠᠷᠢᠵᠤ ᠪᠠᠢ᠌ᠬᠤ ᠶᠢ ᠪᠢ ᠳᠠᠮᠠᠢ ᠰᠠᠢ᠌ᠨ ᠮᠡᠳᠡᠭᠦ ᠦᠭᠡᠶ᠃ ᠦᠨᠳᠦᠰᠦᠳᠠᠨ ᠤ ᠰᠤᠷᠭᠠᠨ ᠭᠦᠮᠦᠵᠢᠯ ᠤᠨ ᠠᠵᠢᠯᠳᠠᠨ ᠪᠣᠯᠤᠭᠰᠠ ᠤ ᠬᠤᠪᠢ ᠳᠤ᠂ 《ᠦᠨᠳᠤᠤᠰᠳᠠᠨ ᠤ ᠰᠤᠷᠭᠠᠨ ᠭᠦᠮᠦᠵᠢᠯ ᠭᠡᠭ᠍ᠴᠢ ᠪᠣᠯ ᠦᠨᠳᠦᠰᠦᠳᠠᠨ ᠪᠦᠭᠦᠨ ᠡᠷᠭᠡ ᠳᠡᠭ᠍ᠰᠢ ᠪᠠᠷ ᠭᠦᠮᠦᠵᠢᠯ ᠭᠦᠷᠳᠡᠭᠦ ᠳᠠᠷᠠᠴᠢᠯᠠᠨ ᠦᠪᠡᠷ ᠤᠨ ᠥᠭᠡ ᠭᠡᠯᠡ ᠥᠰᠦᠭ᠌ ᠪᠢᠴᠢᠭ᠌ ᠶᠢᠡᠷ ᠶᠢᠡᠨ ᠭᠦᠮᠦᠵᠢᠯ ᠭᠦᠷᠳᠡᠭᠦ ᠦᠪᠡᠷ ᠤᠨ ᠭᠡᠰᠡᠨ ᠥᠭᠡ ᠭᠡᠯᠡ᠂ ᠥᠰᠦᠭ᠌ ᠪᠢᠴᠢᠭ᠌ ᠲᠡᠶ ᠦᠪᠡᠷ ᠤᠨ ᠭᠡᠰᠡᠨ ᠰᠤᠷᠭᠠᠭᠤᠯᠢ᠂ ᠪᠠᠭᠰᠢ ᠰᠤᠷᠤᠭᠴᠢ᠂ ᠰᠤᠷᠬᠤ ᠪᠢᠴᠢᠭ᠌ ᠲᠡᠶ ᠪᠠᠰᠠ ᠦᠪᠡᠷ ᠤᠨ ᠭᠡᠰᠡᠨ ᠣᠷᠤᠨ ᠪᠠᠢ᠌ᠷᠢ᠂ ᠠᠵᠢᠯ ᠭᠦᠭᠡᠭᠡᠴᠡᠯᠳᠦᠯ ᠁ ᠲᠡᠶ ᠪᠠᠢ᠌ᠬᠤ ᠵᠡᠷᠭᠡ ᠶᠢ ᠭᠡᠯᠡᠨ᠎ᠡ》 ᠭᠡᠵᠤ ᠪᠦᠳᠦᠭᠦᠯᠢᠭ᠌ ᠶᠢᠡᠷ ᠣᠢ᠌ᠯᠭᠠᠵᠤ ᠶᠠᠪᠣᠭᠰᠠᠨ᠂ ᠪᠢ᠃

ᠦᠨᠳᠦᠰᠦᠳᠠᠨ ᠤ ᠰᠤᠷᠭᠠᠨ ᠭᠦᠮᠦᠵᠢᠯ ᠭᠡᠪᠠᠯ᠂ ᠭᠡᠯᠡᠭᠦ᠂ ᠮᠡᠷᠭᠡᠯᠡᠭᠦ᠂ ᠮᠠᠭᠤᠯᠠᠬᠤ᠂ ᠪᠣᠷᠤᠭᠤᠰᠢᠶᠠᠬᠤ ᠁ ᠭᠦᠮᠤᠨ ᠣᠯᠠᠨ᠂ ᠭᠢᠭᠦ ᠭᠦᠶ‍ᠦᠭᠦ ᠭᠦᠮᠤᠨ ᠴᠥᠭᠡᠨ᠃ ᠭᠡᠷᠡᠭ᠌ ᠣᠴᠢᠷ ᠳᠤᠯᠭᠠᠷᠠᠪᠠᠯ᠂ ᠭᠡᠳᠥᠢᠨ ᠪᠦᠷ ᠭᠤᠳ ᠭᠠᠷᠤᠭᠠᠤᠨ ᠳᠤᠳᠠᠭᠠᠴᠢᠬᠠᠨ᠎ᠠ᠃ ᠭᠡᠳᠤ ᠰᠢᠷᠦᠭᠦᠨ ᠣᠷᠤᠪᠠᠯ᠂ ᠭᠡᠢ ᠨᠢ ᠭᠠᠷᠤᠭᠰᠠᠨ ᠪᠦᠮᠪᠦᠭᠡ ᠰᠢᠭ᠌ ᠨᠠᠪᠰᠠᠢ᠌ᠴᠢᠬᠠᠨ᠎ᠠ ᠭᠡᠳᠤ ᠬᠤᠨᠤᠪᠠᠯ ᠡᠷᠪᠠᠢ᠌ᠭᠡᠳ ᠰᠡᠷᠪᠠᠢ᠌ᠭᠡᠳ ᠪᠣᠰᠤᠭᠠᠤᠨ ᠢᠷᠠᠨ᠎ᠠ᠃

ᠮᠠᠨ ᠤ ᠡ᠊ᠨᠳᠡ (ᠭᠦᠭᠡᠬᠤᠳᠠ ᠳᠤ) ᠮᠤᠩᠭ᠋ᠤᠯ ᠶᠢᠡᠷ ᠰᠤᠷᠬᠤ ᠭᠦᠮᠤᠨ ᠣᠯᠠᠳᠠᠭᠠᠤᠨ᠂ ᠮᠠᠨᠤᠰ ᠡᠯᠳᠡᠪ ᠵᠣᠢ᠌ᠯ ᠤᠨ ᠪᠣᠯᠤᠮᠵᠢ ᠶᠢ ᠰᠥᠪᠠᠭ᠍ᠴᠢᠯᠡᠭᠡᠳ ᠶᠠᠪ ᠶᠠᠭᠠᠷᠠᠤ ︕ ᠶᠠᠷᠤ ᠨᠢ ᠬᠦᠬᠡᠬᠤᠲᠠ ᠳᠤ ᠣᠳᠤ ᠨᠢᠭᠡ ᠰᠠᠭᠤᠷᠢ ᠮᠤᠩᠭ᠋ᠤᠯ ᠰᠤᠷᠭᠠᠭᠤᠯᠢ ᠪᠠᠢ᠌ᠪᠠᠯ ᠵᠤᠭᠢᠬᠤ ᠶᠤᠮᠰᠠᠨ ︕ ᠡᠨᠡ ᠣᠴᠢᠷ ᠢ ᠳᠦᠷᠦᠭᠦᠨ ᠮᠠᠨ ᠤ ᠰᠤᠷᠭᠠᠭᠤᠯᠢ ᠶᠢᠨ ᠵᠠᠭᠢᠷᠤᠯ ᠪᠢᠳᠠ ᠬᠤᠶᠠᠭᠤᠯᠠ ᠪᠢᠴᠢᠭ᠌ ᠮᠡᠳᠡᠭᠦᠯᠦᠯᠳᠡ ᠪᠢᠴᠢᠵᠤ᠂ ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠳᠠᠩᠭᠢᠮ ᠳᠤ ᠳᠤᠰᠬᠠᠵᠤ᠂ ᠰᠤᠷᠭᠠᠨ ᠭᠦᠮᠦᠵᠢᠯ ᠤᠨ ᠳᠠᠩᠭᠢᠮ ᠤᠨ ᠭᠢᠨ ᠶᠡᠭᠡᠳᠡ ᠭᠦᠡᠳᠦᠳᠭᠡᠨ ᠦᠵᠡᠵᠤ ᠳᠠᠷᠠ ᠳᠠᠷᠣᠢ᠌ᠬᠠᠨ ᠡᠯ᠎ᠡ ᠳᠠᠯ᠎ᠠ ᠶᠢᠨ ᠭᠢᠨ ᠤ ᠣᠷᠤᠯᠴᠠᠭᠰᠠᠨ ᠬᠤᠷᠠᠯ ᠭᠢᠵᠤ ᠶᠠᠷᠢᠯᠴᠠᠨ ᠰᠤᠳᠤᠯᠵᠠᠭᠠᠭᠰᠠᠨ ᠶᠤᠮ᠃ ᠳᠤᠤᠷ᠎ᠠ ᠬᠠᠭᠠᠰ ᠵᠢᠯ ᠡᠴᠡ ᠪᠣᠳᠠᠳᠠᠢ ᠠᠷᠭ᠎ᠠ᠂ ᠪᠣᠳᠤᠯᠭ᠎ᠠ ᠨᠢ ᠭᠠᠷᠴᠤ ᠢᠷᠡᠭᠦ ᠪᠠᠢ᠌ᠬ᠎ᠠ ︕ ᠣᠳᠤ ᠶᠢᠨ ᠪᠠᠢ᠌ᠳᠠᠯ ᠶᠢᠡᠷ ᠪᠣᠯ᠂ ᠬᠦᠬᠡᠬᠤᠲᠠ ᠣᠷᠤᠨ ᠳᠤ᠂ ᠰᠤᠷᠭᠠᠭᠤᠯᠢ ᠨᠡᠮᠡᠭᠦ ᠡᠴᠡ ᠪᠢᠰᠢ᠂ ᠠᠩᠭᠢ ᠪᠠᠨ ᠦᠷᠭᠡᠳᠭᠡᠵᠤ ᠳᠡᠢ᠌ᠯᠭᠦ ᠦᠭᠡᠶ ᠪᠣᠯᠵᠠᠢ᠃ ᠰᠤᠷᠭᠠᠭᠤᠯᠢ ᠨᠡᠮᠡᠭᠦ ᠦᠭᠡᠶ ᠪᠠᠷ ᠠᠩᠭᠢ ᠪᠠᠨ ᠳᠦᠷᠭᠡᠳᠭᠡᠭᠦ ᠨᠢ ᠳᠠᠢ᠌ᠮᠤ ᠰᠠᠢ᠌ᠨ ᠠᠷᠭ᠎ᠠ ᠪᠢᠰᠢ᠃ ᠲᠦᠷ ᠴᠠᠭ ᠤᠨ ᠠᠷᠭ᠎ᠠ᠃ ᠴᠠᠭ ᠦᠶ᠎ᠡ ᠶᠢ ᠠᠷᠭᠠᠴᠠᠭᠠᠭᠰᠠᠨ ᠯᠠ ᠠᠷᠭ᠎ᠠ᠃

ᠮᠤᠩᠭ᠋ᠤᠯ ᠬᠡᠦᠬᠡᠳ ᠰᠤᠷᠬᠤ ᠭᠡᠯᠡ ᠦᠭᠡᠶ᠂ ᠣᠷᠤᠬᠤ ᠰᠤᠷᠭᠠᠭᠤᠯᠢ ᠦᠭᠡᠶ ᠪᠣᠯᠪᠠᠯ᠂ ᠮᠠᠭᠤᠬᠠᠢ ᠣᠴᠢᠷ᠃ ᠮᠤᠩᠭ᠋ᠤᠯᠴᠤᠳ ᠪᠢᠳᠠᠨ ᠤ ᠨᠢᠭᠤᠷ ᠲᠤ ᠭᠦᠷᠦᠭ᠍ᠰᠡᠨ ᠶᠠᠪᠣᠳᠠᠯ᠃ ᠮᠤᠩᠭ᠋ᠤᠯ ᠭᠡᠯᠡ ᠪᠠᠨ ᠮᠠᠳᠠᠵᠤ ᠮᠤᠩᠭ᠋ᠤᠯ ᠪᠢᠴᠢᠭ᠌ ᠶᠢᠡᠨ ᠵᠢᠭᠠᠳᠠᠭ ᠡᠨᠡ ᠭᠡᠳᠤᠨ ᠭᠦᠮᠤᠨ ᠤ ᠯᠠ ᠣᠴᠢᠷ ᠪᠢᠰᠢ᠂ ᠪᠦᠭᠦᠳᠡ ᠮᠤᠩᠭ᠋ᠤᠯᠴᠤᠳ ᠤᠨ ᠣᠴᠢᠷ᠃ ᠮᠤᠩᠭ᠋ᠤᠯᠴᠤᠳ ᠪᠦᠭᠦᠳᠡ ᠪᠠᠷ ᠶᠢᠡᠨ ᠮᠤᠩᠭ᠋ᠤᠯ ᠭᠡᠯᠡ ᠪᠠᠨ ᠭᠡᠯᠡᠵᠤ ᠶᠠᠷᠢᠵᠤ ᠮᠤᠩᠭ᠋ᠤᠯ ᠭᠡᠯᠡ ᠪᠠᠨ ᠰᠤᠷᠴᠤ ᠭᠡᠷᠡᠭᠯᠡᠭᠦ ᠭᠡᠷᠡᠭ᠍ᠳᠡᠢ᠃ ᠢᠩᠭᠢᠪᠠᠯ ᠪᠢᠳᠠ ᠰᠠ‍‌ᠶᠢ ᠦᠪᠡᠷ ᠤᠨ ᠥᠭᠡ ᠭᠡᠯᠡ ᠪᠠᠨ ᠬᠠᠮᠠᠭᠠᠯᠠᠵᠤ ᠥᠰᠦᠭ᠌ ᠪᠢᠴᠢᠭ᠌ ᠶᠢᠡᠨ ᠭᠦᠭ᠍ᠵᠢᠭᠦᠯᠵᠤ ᠴᠢᠳᠠᠨ᠎ᠠ᠃ ᠬᠤᠭᠤᠰᠤᠨ ᠭᠡᠯᠡᠭᠡᠳ ᠯᠠ᠂ ᠬᠠᠰᠭᠢᠷᠤᠭᠠᠤᠨ ᠯᠠ᠂ ᠭᠡᠯᠡᠭᠦ ᠦᠭᠡᠶ ᠶᠠᠷᠢᠬᠤ ᠦᠭᠡᠶ᠂ ᠭᠡᠷᠡᠭᠯᠡᠭᠦ ᠦᠭᠡᠶ ᠵᠠᠷᠤᠬᠤ ᠦᠭᠡᠶ ᠪᠠᠢ᠌ᠵᠤ ᠪᠣᠯᠬᠤ ᠦᠭᠡᠶ᠃ 《ᠭᠡᠯᠡᠭᠦ ᠪᠠᠷ ᠶᠢᠡᠨ ᠭᠢ》᠂ 《ᠲᠦᠮᠡ ᠭᠡᠯᠡᠭ᠍ᠰᠡᠨ ᠡᠴᠡ ᠨᠢᠭᠡ ᠭᠢᠭ᠍ᠰᠡᠨ ᠨᠢ ᠳᠡᠭᠡᠷ᠎ᠡ》 ᠭᠡᠭᠦ ᠵᠡᠷᠭᠡ ᠰᠠᠢ᠌ᠬᠠᠨ ᠮᠤᠩᠭ᠋ᠤᠯ ᠥᠭᠡ ᠪᠠᠢ᠌ᠳᠠᠭ ᠰᠢᠤ ︕ ᠡᠳᠡᠭᠡᠷ ᠥᠭᠡ ᠶᠢ ᠴᠡᠭᠡᠵᠢᠯᠡᠵᠤ ᠳᠤᠩᠭ᠋ᠠᠭᠠᠵᠤ ᠶᠠᠪᠣᠭᠠᠷᠠᠢ ︕ ᠮᠤᠩᠭ᠋ᠤᠯᠴᠤᠳ ᠮᠢᠨᠢ ︕ ᠭᠡᠷᠡᠭ᠌ ᠲᠡᠶ ᠳᠠᠯ᠎ᠠ ᠯᠠᠪ ᠪᠠᠢ᠌ᠬᠤ ᠶᠤᠮ ︕


    2011.07.27 ᠊ᠤ ᠦᠳᠡ ᠶᠢᠨ ᠬᠣᠢ᠌ᠨ᠎ᠠ᠃


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2945
ᠴᠠᠭ᠄ 2011 ᠤᠨ ᠤ 08 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ