ᠪᠣᠷᠤᠭᠠᠨ ᠲᠡᠶ ᠦᠳᠡᠰᠢ ᠶᠢᠨ ᠪᠣᠯᠵᠤᠭ᠎ᠠ

ᠪᠣᠷᠤᠭᠠᠨ ᠲᠡᠶ ᠭᠡᠵᠤ ᠳᠠ ᠭᠡᠯᠡᠯ᠎ᠡ

ᠪᠣᠳᠠᠩ ᠲᠡᠶ ᠪᠣᠯ ᠷᠤᠮᠠᠠᠲ᠋ᠢᠭ ᠭᠡᠵᠤ ᠪᠢ ᠭᠡᠯᠡᠯ᠎ᠡ

ᠴᠢᠮ᠎ᠠ ᠶᠢ ᠭᠦᠵᠦᠭᠦᠳᠡᠭ᠍ᠰᠡᠨ ᠳᠡᠷᠡᠭᠡᠨ ᠮᠦᠴᠡ ᠳ᠋ᠤ

ᠴᠠᠭᠯᠠᠰᠢ ᠦᠭᠡᠶ ᠵᠢᠷᠭᠠᠯ ᠲᠡᠶ ᠪᠠᠢ᠌ᠯ᠎ᠠ

         ᠪᠣᠷᠤᠭᠠᠨ ᠲᠡᠶ ᠦᠳᠡᠰᠢ ᠶᠢᠨ ᠪᠣᠯᠵᠤᠭ᠎ᠠ

         ᠪᠦᠳᠡᠭᠢ ᠬᠠᠢ᠌ᠷ᠎ᠠ ᠪᠠᠷ ᠨᠤᠴᠤᠵᠤ ᠪᠠᠢ᠌ᠯ᠎ᠠ

ᠪᠣᠴᠠᠶ᠎ᠠ ᠭᠡᠵᠤ ᠴᠢ ᠨᠢᠳᠤ ᠪᠠᠷ ᠶᠢᠡᠨ ᠢᠨᠢᠶᠠᠵᠤ

ᠪᠣᠷᠪᠢ ᠪᠠᠷ ᠶᠢᠡᠨ ᠨᠠᠳᠠ ᠶᠢ ᠭᠤᠬᠠᠳᠠᠵᠤ ᠪᠠᠢ᠌ᠯ᠎ᠠ

ᠪᠣᠷᠭᠢᠯᠤᠭᠰᠠᠨ ᠬᠠᠢ᠌ᠷ᠎ᠠ ᠶᠢᠨ ᠳᠡᠪᠠᠭᠡᠨ ᠳᠡᠭᠡᠷ᠎ᠡ

ᠪᠣᠴᠠᠰᠢ ᠦᠭᠡᠶ ᠪᠢ ᠬᠤᠷᠭᠤᠳᠠᠵᠤ ᠪᠠᠢ᠌ᠯ᠎ᠠ

         ᠪᠣᠷᠤᠭᠠᠨ ᠲᠡᠶ ᠦᠳᠡᠰᠢ ᠶᠢᠨ ᠪᠣᠯᠵᠤᠭ᠎ᠠ

         ᠪᠣᠭᠤᠨᠢᠰᠬᠤ ᠶᠢᠨ ᠠᠷᠭ᠎ᠠ ᠦᠭᠡᠶ ᠦᠨᠳᠦᠷᠵᠢᠵᠤ ᠪᠠᠢ᠌ᠯ᠎ᠠ

ᠬᠠᠢ᠌ᠷᠠᠳᠠᠢ ᠭᠡᠰᠡᠨ ᠰᠡᠳᠭᠢᠯ ᠤᠨ ᠥᠭᠡ ᠪᠠᠨ ᠪᠢ ᠭᠡᠯᠡᠭᠡ ᠥᠭᠡᠢ

ᠬᠠᠷᠠᠳᠠᠢ ᠭᠡᠰᠡᠨ ᠠᠮᠢᠳᠤᠷᠠᠯ ᠤᠨ ᠡᠷᠭᠡ ᠶᠢ ᠴᠢ ᠢᠳᠡᠭᠡᠭᠡ ᠥᠭᠡᠢ

ᠡᠨᠡᠭᠡᠨ ᠶ‍ᠢᠷᠳᠢᠠᠴᠤ ᠳᠤᠭᠤᠢ ᠭᠡᠪ ᠶᠢᠡᠷ ᠳᠤᠭᠳᠤᠯᠤᠨ᠎ᠠ

ᠡᠷᠭᠢᠭᠦ ᠬᠤᠷᠸ᠎ᠠ ᠳᠤ ᠪᠢᠳᠠ ᠬᠤᠵᠢᠮ ᠢ ᠲᠦᠰᠤᠪᠯᠠᠵᠤ ᠶᠠᠳᠠᠨ᠎ᠠ

         ᠪᠣᠷᠤᠭᠠᠨ ᠲᠡᠶ ᠦᠳᠡᠰᠢ ᠶᠢᠨ ᠪᠣᠯᠵᠤᠭ᠎ᠠ

         ᠪᠦᠦᠷ ᠳᠦᠦᠷᠭᠡᠨ ᠢᠳᠡᠭᠡᠯ ᠬᠠᠢ᠌ᠷᠠᠯᠠᠵᠤ ᠪᠠᠢ᠌ᠯ᠎ᠠ

ᠴᠠᠭ ᠮᠢᠨᠦ᠋ᠲ᠋ ᠵᠢᠷᠤᠭᠠᠯᠠᠨ ᠵᠢᠷᠤᠭᠠᠯᠠᠨ ᠥᠩᠭᠡᠷᠡᠭ᠍ᠰᠡᠭᠡᠷ ᠪᠠᠢ᠌ᠯ᠎ᠠ

ᠴᠠᠭᠠᠨ᠎ᠠ ᠨᠠᠭᠠᠨ᠎ᠠ ᠬᠤᠶᠠᠷ ᠣᠯᠠᠨ ᠵᠢᠯ ᠪᠣᠯᠴᠢᠬᠠᠭᠰᠠᠨ ᠪᠠᠢ᠌ᠯ᠎ᠠ

ᠴᠢᠮᠡᠭᠡ ᠰᠤᠷᠠᠭ ᠳᠤᠭᠤᠯᠵᠤ ᠳᠤᠷᠠᠰᠤᠨ ᠳᠤᠷᠠᠰᠤᠭᠰᠠᠭᠠᠷ

ᠴᠢᠨᠤᠭᠢ ᠲᠦᠯᠦᠭᠡ ᠵᠢᠷᠦᠭᠡ ᠰᠡᠳᠭᠢᠯ ᠮᠢᠨᠢ ᠡᠮᠵᠡᠭ᠍ᠯᠡᠵᠤ ᠪᠠᠢ᠌ᠯ᠎ᠠ

         ᠪᠣᠷᠤᠭᠠᠨ ᠲᠡᠶ ᠦᠳᠡᠰᠢ ᠶᠢᠨ ᠪᠣᠯᠵᠤᠭ᠎ᠠ

         ᠪᠣᠳᠤᠯ ᠬᠠᠢ᠌ᠷ᠎ᠠ ᠶᠢᠨ ᠵᠡᠭᠦᠳᠤ ᠪᠠᠢ᠌ᠯ᠎ᠠ

ᠠᠵᠢᠯ ᠣᠢ᠌ᠯᠠᠰ ᠰᠢᠭᠤᠳᠮᠠᠭ ᠴᠠᠭ ᠠᠯᠢ ᠨᠢᠭᠡᠨ ᠶᠢᠡᠨ ᠥᠭᠡᠢ᠌ᠯᠡᠭᠦ ᠪᠠᠢ᠌ᠯᠭᠦᠢ

ᠠᠷᠠᠠᠰᠢᠨ ᠴᠦᠯᠢᠰ ᠠᠷᠢᠯᠤᠭᠰᠠᠨ ᠡᠷᠡᠨ ᠳᠤ ᠪᠦᠳᠤᠨ ᠵᠠᠶᠠᠭ᠎ᠠ ᠰᠤᠨᠤᠷᠳᠤᠭᠤᠯᠬᠤ ᠪᠠᠢ᠌ᠬ᠎ᠠ

ᠪᠦᠮᠪᠦᠷᠴᠡᠭ᠌ ᠤᠨ ᠬᠤᠪᠢ ᠳᠤ ᠪᠦᠭᠦᠳᠡᠭᠡᠷ ᠠᠮᠤᠭᠤᠯᠠᠩ ᠢ ᠪᠢ ᠭᠦᠰᠡᠨ᠎ᠡ

ᠪᠦᠯᠢᠶᠡᠰᠭᠦ ᠶᠢᠨ ᠳᠠᠪᠢᠯᠠᠩ ᠳᠤ ᠴᠢ ᠪᠢᠳᠠᠨ ᠤ ᠵᠢᠷᠭᠠᠯᠠᠩ ᠢ ᠬᠣᠢ᠌ᠴᠢᠰ ᠮᠢᠨᠢ ᠵᠦᠩᠨᠠᠨ᠎ᠡ

         ᠪᠣᠷᠤᠭᠠᠨ ᠲᠡᠶ ᠦᠳᠡᠰᠢ ᠶᠢᠨ ᠪᠣᠯᠵᠤᠭ᠎ᠠ

         ᠪᠣᠴᠠᠯᠳᠠ ᠦᠭᠡᠶ ᠥᠩᠭᠡᠷᠡᠵᠤ ᠣᠳᠤᠯ᠎ᠠ


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠬᠠᠷᠢᠶ᠎ᠠ᠄ ᠰᠢᠯᠦᠭ
ᠳᠠᠷᠤᠮ᠄ 1864
ᠴᠠᠭ᠄ 2011 ᠤᠨ ᠤ 09 ᠰᠠᠷ᠎ᠠ ᠶᠢᠨ 18