ᠳᠤᠷᠠᠳᠬᠠᠯ ᠳᠤ ᠮᠥᠩᠭᠡᠷᠡᠭᠦ ᠴᠠᠭᠠᠠᠰᠦ᠋ᠮ᠎ᠡ

ᠳᠡᠦᠭᠡ ᠨᠠᠮᠳᠠᠷ ᠢ ᠣᠷᠪᠠᠭᠤᠯᠤᠨ᠂ ᠶᠠᠰᠢᠨ ᠴᠠᠭ ᠤᠨ ᠣᠯᠠ ᠮᠦᠷ ᠢ ᠬᠠᠢ᠌ᠪᠠᠯ᠂ ᠳᠡᠭ᠍ᠷᠢ ᠲᠡᠳᠬᠦᠭ᠍ᠴᠢ ᠶᠢᠨ ᠠᠷᠪᠠᠨ ᠳᠤᠯᠤᠭᠠᠨ ᠣᠨ ᠳᠤ ᠯᠤᠪᠰᠠᠩ ᠭᠡᠭ᠍ᠴᠢ ᠭᠦᠮᠤᠨ᠂ ᠴᠠᠭᠠᠨ ᠨᠠᠭᠤᠷ ᠤᠨ ᠡᠭᠢᠨ ᠳᠤ᠂ ᠴᠠᠭᠠᠨ ᠪᠣᠯᠠᠭ ᠤᠨ ᠳᠡᠷᠭᠡᠳᠡ᠂ ᠴᠠᠭᠠᠨ ᠭᠦᠷᠦᠰᠤ ᠲᠡᠶ ᠭᠠᠵᠠᠷ ᠢ ᠴᠠᠭᠠᠨ ᠡᠷᠢᠶᠡᠨ ᠮᠤᠭᠠᠢ ᠴᠠᠭᠠᠷᠢᠭᠯᠠᠨ ᠭᠡᠪᠳᠡᠭ᠍ᠰᠡᠨ ᠨᠤᠳᠤᠭ ᠭᠡᠮᠡᠨ ᠰᠢᠳᠤᠵᠤ ᠴᠠᠭᠠᠨ ᠰᠦᠮ᠎ᠡ ᠶᠢ ᠠᠩᠬ᠎ᠠ ᠡ᠊ᠨᠳᠡ ᠡᠭᠦᠰᠭᠡᠨ ᠪᠠᠢ᠌ᠭᠤᠯᠪᠠ ᠭᠡᠵᠤ ᠪᠣᠢ᠃ ᠮᠦᠨ ᠡᠢ᠌ᠡᠭᠦ 《ᠳᠦᠷᠪᠠᠨ ᠴᠠᠭᠠᠨ ᠤ ᠪᠦᠷᠢᠯᠳᠦᠯ》 ᠪᠣᠯᠤᠭᠰᠠᠨ ᠦᠯᠵᠡᠢ ᠪᠣᠶᠠᠠᠳᠤ᠂ ᠪᠠᠯᠭᠡ ᠳᠠᠮᠪᠠᠷᠢᠯ ᠲᠡᠶ ᠨᠤᠳᠤᠭ ᠲᠤ ᠰᠠᠭᠤᠷᠢᠰᠢᠭᠰᠠᠨ ᠳᠤᠯᠠ ᠴᠠᠭᠠᠨ ᠰᠦᠮ᠎ᠡ ᠭᠡᠳᠡᠭ᠌ ᠰᠠᠢ᠌ᠬᠠᠨ ᠨᠠᠷ᠎ᠠ ᠶᠢ ᠬᠠᠢ᠌ᠷᠠᠯᠠᠪᠠ ᠭᠡᠵᠤ ᠴᠤ ᠳᠤᠳᠤᠷᠬᠠᠢ ᠪᠢᠴᠢᠵᠠᠢ᠃

    ᠡ᠊ᠨᠳᠡ ᠭᠡᠯᠡᠵᠤ ᠪᠠᠢ᠌ᠭ᠎ᠠ ᠴᠠᠭᠠᠨ ᠨᠠᠭᠤᠷ ᠤᠨ ᠡᠭᠢᠨ ᠳᠤ ᠭᠡᠭ᠍ᠴᠢ ᠨᠢ ᠭᠠᠵᠠᠷ ᠤᠨ ᠪᠠᠢ᠌ᠴᠠ ᠶᠢ ᠵᠢᠭᠠᠵᠤ᠂ ᠴᠠᠭᠠᠨ ᠭᠦᠷᠦᠰᠤ ᠲᠡᠶ ᠭᠠᠵᠠᠷ ᠭᠡᠰᠡᠨ ᠨᠢ ᠭᠦᠷᠦᠰᠤ ᠰᠢᠷᠤᠢ ᠶᠢᠨ ᠦᠩ ᠰᠢᠮᠡᠯᠢᠭ᠌ ᠢ ᠭᠡᠷᠡᠴᠢᠯᠡᠨ᠂ ᠴᠠᠭᠠᠨ ᠡᠷᠢᠶᠡᠨ ᠮᠤᠭᠠᠢ ᠴᠠᠭᠠᠷᠢᠭᠯᠠᠨ ᠭᠡᠪᠳᠡᠭ᠍ᠰᠡᠨ ᠨᠤᠳᠤᠭ ᠭᠡᠳᠡᠭ᠌ ᠨᠢ ᠢᠭᠴᠤ ᠰᠠᠬᠤᠯᠠᠭ ᠣᠢ ᠰᠢᠭᠤᠢ ᠲᠡᠶ ᠪᠠᠢ᠌ᠭᠰᠠᠨ ᠢ ᠳᠤᠳᠤᠷᠬᠠᠢ᠌ᠯᠠᠪᠠ᠃ ᠭᠡᠪᠠᠴᠤ ᠴᠠᠭᠠᠨ ᠪᠣᠯᠠᠭ ᠤᠨ ᠳᠡᠷᠭᠡᠳᠡ ᠭᠡᠵᠤ ᠥᠭᠦᠯᠡᠭ᠍ᠰᠡᠨ ᠨᠢ ᠬᠠᠷᠢᠨ ᠠᠭᠤᠯᠭ᠎ᠠ ᠪᠠᠷ ᠭᠦᠨ ᠪᠠᠢ᠌ᠵᠤ᠂ ᠤᠢ᠌ᠷ᠎ᠡ ᠣᠷᠴᠢᠮ ᠤᠨ ᠳᠤᠯᠤᠭᠠᠨ ᠪᠣᠯᠠᠭ ᠢ ᠲᠦᠯᠦᠭᠡᠯᠡᠭ᠍ᠰᠡᠨ ᠨᠢ ᠦᠨᠡᠠᠳᠠᠢ᠃

     ᠴᠠᠭᠠᠨ ᠪᠣᠯᠠᠭ᠂ ᠴᠠᠭᠠᠠᠰᠦ᠋ᠮ᠎ᠡ ᠶᠢᠨ ᠡᠭᠦᠳᠡᠨ ᠳᠡᠭᠡᠷ᠎ᠡ ᠪᠠᠢ᠌ᠭ᠎ᠠ ᠡᠨᠡ ᠪᠣᠯᠠᠭ ᠢ ᠨᠢᠭᠡ ᠮᠢᠩᠭ᠎ᠠ ᠶ‍ᠢᠰᠤᠨ ᠵᠠᠭᠤ ᠳᠠᠪᠢ ᠶ‍ᠢᠰᠤᠨ ᠣᠨ ᠳᠤ ᠣᠷᠤᠰ ᠤᠨ ᠭᠠᠵᠠᠷ ᠰᠢᠡᠵᠢᠯᠡᠭᠡᠨ ᠤ ᠠᠩᠭᠢ ᠢᠷᠠᠵᠤ᠂ ᠣᠤᠯ ᠤᠨ ᠪᠣᠯᠠᠭ ᠤᠨ ᠬᠤᠭᠤᠯᠠᠢ ᠶᠢᠨ ᠬᠠᠵᠠᠭᠤ ᠳᠤ ᠦᠷᠦᠮᠳᠡᠭ᠍ᠰᠡᠭᠡᠷ ᠪᠠᠢ᠌ᠵᠤ ᠢᠯᠡᠷᠡᠭᠦᠯᠵᠡᠢ᠃ ᠰᠡᠭᠦᠯᠡᠷ ᠨᠢ ᠤᠢ᠌ᠷ᠎ᠡ ᠣᠷᠴᠢᠮ ᠤᠨ ᠮᠤᠩᠭ᠋ᠤᠯᠴᠤᠳ ᠡᠭᠦᠨ ᠢ ᠷᠠᠰᠢᠶᠠᠨ ᠪᠣᠯᠠᠭ ᠭᠡᠮᠡᠨ ᠰᠥᠵᠦᠭᠯᠡᠵᠤ᠂ ᠡᠳᠦᠷ ᠳᠤᠳᠤᠮ ᠤᠨ ᠢᠳᠡᠭᠦ ᠣᠰᠤ ᠪᠠᠨ ᠳᠤᠰᠬᠠᠢ᠌ᠯᠠᠨ ᠡ᠊ᠨᠳᠡ ᠡᠴᠠ ᠠᠪᠳᠠᠭ ᠪᠠᠢ᠌ᠭᠰᠠᠨ ᠶᠢᠡᠨ ᠣᠰᠤᠨ ᠪᠣᠯᠠᠭ ᠭᠡᠵᠤ ᠴᠤ ᠨᠡᠷᠡᠯᠡᠭᠦ ᠪᠣᠯᠪᠠ᠃ ᠴᠠᠭᠠᠠᠪᠣᠯᠠᠭ ᠨᠢ ᠰᠢᠯ ᠪᠣᠯᠤᠷ ᠮᠠᠳᠤ ᠴᠠᠪᠠᠷ ᠳᠤᠩᠭ᠋ᠠᠯᠠᠭᠬᠠᠨ ᠣᠰᠤ ᠪᠠᠷ ᠶᠢᠡᠨ ᠴᠠᠭᠠᠠᠰᠦᠮ᠎ᠡ ᠶᠢᠨ ᠴᠠᠢ᠌ᠳᠠᠮ ᠢ ᠣᠮᠳᠠᠯᠠᠨ᠂ ᠴᠢᠨᠠᠭᠰᠢ ᠮᠠᠩᠬᠠᠨ ᠭᠦᠮᠦᠭᠡᠢ ᠲᠠᠭᠠᠨ ᠣᠷᠳᠤ ᠮᠤᠭᠠᠢ ᠮᠠᠳᠤ ᠮᠤᠷᠤᠯᠵᠠᠨ ᠰᠤᠨᠤᠯᠵᠠᠭᠰᠠᠭᠠᠷ ᠠᠷᠪᠠᠨ ᠭᠡᠳᠤᠨ ᠭᠠᠵᠠᠷ ᠦᠷᠭᠦᠯᠵᠢᠯᠡᠵᠤ᠂ ᠡᠴᠦᠰ ᠲᠡᠭᠡᠨ ᠴᠠᠭᠠᠨ ᠨᠠᠭᠤᠷ ᠲᠤ ᠴᠢᠤᠠᠬᠤᠨ ᠣᠷᠤᠳᠠᠭ ᠰᠠᠨ᠃ ᠭᠡᠷᠪᠡ ᠳᠠ ᠨᠠᠪᠴᠢ ᠴᠡᠴᠡᠭ᠌ ᠳᠡᠯᠭᠡᠷᠡᠭ᠍ᠰᠡᠨ ᠨᠠᠯᠠᠭᠠᠷ ᠵᠤᠨ ᠤ ᠣᠯᠠᠷᠢᠯ ᠳᠤ᠂ ᠡ᠊ᠨᠳᠡᠭᠢ ᠳᠦᠷᠦᠭᠡ ᠰᠢᠭᠦᠷᠡᠮ᠎ᠡ ᠨᠠᠮᠢᠷᠠᠭ᠎ᠠ ᠲᠡᠶ ᠰᠠᠬᠤᠯᠠᠭ ᠡᠪᠠᠰᠤ ᠶᠢ ᠰᠠᠷᠠᠪᠴᠢᠯᠠᠨ ᠬᠠᠷᠠᠬᠤ ᠶᠢᠨ ᠬᠠᠮᠳᠤ 《ᠴᠠᠢ᠌ᠳᠠᠮ ᠤᠨ ᠠᠶᠠᠰ ᠶᠢᠡᠷ ᠣᠷᠤᠰᠤᠭᠠᠤᠨ ᠪᠠᠢ᠌ᠳᠠᠭ ᠨᠢ ᠴᠠᠭᠠᠨ ᠪᠣᠯᠠᠭ ᠤᠨ ᠣᠰᠤ ᠶᠤᠮ ᠡ᠂ ᠡᠨ ᠬᠨ ᠭᠦ᠂ ᠴᠠᠭᠠᠳᠠᠢ ᠨᠠᠭᠠᠳᠠᠢ ᠨᠢ ᠠᠯᠠᠭᠰᠢᠭᠠᠤᠨ ᠪᠠᠢ᠌ᠳᠠᠭ ᠨᠢ ᠨᠢᠭᠡᠳᠦᠯ ᠤᠨ ᠮᠢᠨᠢ ᠰᠦᠷᠦᠭ᠌ ᠶᠤᠮ ᠡ ᠭᠦ》 ᠭᠡᠰᠡᠨ ᠠᠷᠠᠤᠨ ᠤᠨ ᠳᠠᠭᠤᠨ ᠤ ᠢᠷᠠᠭᠤᠬᠠᠨ ᠡᠭᠡᠰᠢᠭ᠌ ᠢ ᠰᠤᠨᠤᠰᠬᠤ ᠪᠦᠷᠢ ᠰᠡᠳᠭᠢᠯ ᠭᠦᠳᠡᠯᠵᠤ᠂ ᠡᠨ︕ ᠡᠨᠡ ᠭᠠᠵᠠᠷ ᠨᠡᠭᠡᠷᠡᠨ ᠣᠰᠤ ᠨᠢ ᠳᠤᠩᠭ᠋ᠠᠯᠠᠭ᠂ ᠡᠪᠠᠰᠤ ᠨᠢ ᠰᠤᠷᠭᠤᠭ ᠭᠡᠵᠤ ᠱᠠᠭᠰᠢᠵᠤ ᠮᠡᠳᠡᠭᠦ ᠶᠤᠮ᠃

     ᠰᠢᠯᠢ ᠶᠢᠨ ᠣᠰᠤᠨ ᠪᠣᠯᠠᠭ᠂ ᠴᠠᠭᠠᠠᠰᠦ᠋ᠮ᠎ᠡ ᠡᠴᠠ ᠪᠠᠷᠠᠭᠤᠨ ᠬᠣᠢ᠌ᠨ᠎ᠠ ᠳᠠᠪᠣ ᠵᠢᠷᠭᠤᠭᠠᠨ ᠭᠠᠵᠠᠷ ᠤᠨ ᠥᠵᠦᠭᠦᠷ ᠳ᠋ᠠᠭᠢ ᠴᠠᠭᠠᠨ ᠮᠤᠷᠢᠨ ᠳᠤᠯᠤᠭᠠᠢ ᠶᠢᠨ ᠬᠣᠢ᠌ᠳᠤ ᠡᠭᠢᠨ ᠳᠤ ᠪᠠᠢ᠌ᠭ᠎ᠠ ᠡᠨᠡ ᠪᠣᠯᠠᠭ ᠨᠢ ᠴᠢᠮᠡᠭᠡ ᠦᠭᠡᠶ ᠠᠶᠠᠷᠬᠠᠨ ᠪᠣᠷᠭᠢᠯᠤᠭᠰᠠᠭᠠᠷ᠂ ᠣᠷᠳᠤ ᠪᠠ ᠦᠷᠭᠡᠨ ᠶᠢᠡᠷ ᠶᠢᠡᠨ ᠳᠠᠪᠤᠨ ᠵᠠᠭᠤᠨ ᠮᠸᠲ᠋ᠷ ᠣᠷᠴᠢᠮ ᠤᠨ ᠰᠢᠷᠭᠢᠰᠢ ᠦᠭᠡᠶ ᠳᠤᠭᠳᠠᠮᠠᠯ ᠣᠰᠤ ᠶᠢ ᠪᠣᠢ ᠪᠣᠯᠭᠠᠪᠠ᠃ ᠵᠢᠯ ᠤᠨ ᠳᠦᠷᠪᠠᠨ ᠣᠯᠠᠷᠢᠯ ᠳᠤ᠂ ᠵᠠᠬ᠎ᠠ ᠭᠦᠪᠠᠭᠡ ᠪᠠᠷ ᠨᠢ ᠡᠪᠠᠰᠤ ᠪᠠᠯᠴᠢᠭᠡᠷ ᠦᠩ ᠰᠢᠮᠡᠯᠢᠭ᠌ ᠪᠠᠢ᠌ᠵᠤ᠂ ᠠᠳᠤᠭᠤ ᠮᠠᠯ ᠠᠯᠠᠭᠰᠢᠨ ᠪᠠᠯᠴᠢᠳᠡᠭ᠌᠃ ᠳᠠ ᠴᠢᠭᠢ ᠳᠠᠯᠪᠢᠨ ᠴᠢᠩᠨᠠᠭᠠᠴᠢ᠂ ᠠᠯᠤᠰ ᠡᠴᠠ ᠠᠶᠠᠷᠬᠠᠨ ᠴᠤᠤᠷᠢᠶᠠᠳᠤᠬᠤ ᠬᠤᠨᠢᠴᠢᠨ ᠭᠡᠦᠭᠡᠨ ᠤ ᠣᠶᠠᠩᠭ᠋ᠠᠳᠤ ᠳᠠᠭᠤᠤ ᠣᠷᠮ᠎ᠠ ᠶᠢ ᠴᠢᠨᠢ ᠰᠡᠷᠭᠦᠭᠡᠵᠤ᠂ ᠠᠶᠠᠨ ᠤ ᠶᠠᠳᠠᠷᠠᠭ᠎ᠠ ᠶᠢ ᠴᠢᠨᠢ ᠳᠠᠢ᠌ᠯᠠᠬᠤ  ᠶᠤᠮ᠃ ᠣᠳᠤ ᠵᠠᠯᠭᠠᠭᠠᠳ ᠡᠭᠦᠨ ᠢ ᠶᠠᠷᠢᠬᠤ ᠦᠭᠡᠶ᠂ ᠪᠠᠭᠠᠳᠤᠷᠯᠢᠭ ᠮᠠᠯᠴᠢᠳ ᠡᠴᠡ ᠨᠢ ᠴᠤᠬᠤᠰ ᠳᠤᠷᠠᠳᠤᠶ᠎ᠠ᠃ ᠳᠠᠪᠢᠨ ᠳᠦᠷᠪᠠ ᠳᠠᠪᠤᠨ ᠣᠨ ᠤ ᠦᠶᠡᠰ ᠶᠢᠡᠷ ᠰᠢᠯᠢ ᠶᠢᠨ ᠣᠷᠳᠤ ᠡᠩᠭᠡᠷ ᠲᠠᠭᠠᠨ ᠰᠠᠭᠤᠭ᠎ᠠ ᠶ‍ᠢᠰᠤᠨ ᠡᠷᠦᠭᠡ ᠪᠠᠷ ᠨᠢᠭᠡᠴᠡ ᠪᠣᠯᠭᠠᠭᠰᠠᠨ ᠰᠢᠯᠢ ᠶᠢᠨ ᠣᠰᠤᠨ ᠳᠤᠭᠣᠢ᠌ᠯᠠᠩ ᠨᠢ ᠬᠠᠮᠳᠤ ᠶᠢᠨ ᠭᠦᠴᠤᠨ ᠶᠢᠡᠨ ᠪᠠᠳᠠᠷᠠᠭᠤᠯᠤᠨ ᠬᠤᠷᠰᠢᠶᠠᠵᠢᠯ ᠤᠨ ᠠᠩᠬᠠᠨ ᠤ ᠰᠠᠭᠤᠷᠢ ᠶᠢ ᠳᠠᠯᠪᠢᠪᠠ᠃ ᠬᠤᠵᠢᠮ ᠨᠢ ᠡᠨᠡ ᠰᠠᠭᠤᠷᠢᠨ ᠳᠡᠭᠡᠷ᠎ᠡ ᠮᠠᠯᠵᠢᠬᠤ ᠳ᠋ᠠᠵᠠᠢ ᠦᠣᠰᠢᠠᠵᠤᠤ ᠶᠢᠨ ᠭᠡᠭᠡᠨ ᠬᠠᠭᠤᠳᠠᠰᠤᠨ ᠳᠤ ᠭᠠᠷᠳᠠᠭ ᠠᠯᠳᠠᠠᠳᠤᠶᠠᠭ᠎ᠠ ᠬᠤᠷᠰᠢᠶ᠎ᠠ ᠭᠡᠭ᠍ᠴᠢ ᠠᠩᠬ᠎ᠠ ᠪᠠᠢ᠌ᠭᠤᠯᠤᠭᠳᠠᠭᠰᠠᠨ ᠶᠤᠮ᠃ ᠰᠢᠯᠢ ᠶᠢᠨ ᠣᠰᠤᠨ ᠳᠤᠭᠣᠢ᠌ᠯᠠᠩ ᠨᠢ ᠣᠯᠠᠷᠢᠯ ᠤᠨ ᠴᠢᠨᠠᠷᠳᠠᠢ ᠬᠠᠪᠰᠤᠷᠤᠯᠴᠠᠳᠠᠭ ᠲᠦᠷ ᠴᠠᠭ ᠤᠨ ᠳᠤᠭᠣᠢ᠌ᠯᠠᠩ ᠪᠢᠰᠢ᠂ ᠬᠠᠷᠢᠨ ᠢᠮᠠᠭᠳᠠ ᠬᠠᠷᠢᠯᠴᠠᠨ ᠬᠠᠮᠵᠢᠯᠴᠠᠳᠠᠭ ᠪᠠᠢ᠌ᠩᠭ᠋ᠤ ᠶᠢᠨ ᠳᠤᠭᠣᠢ᠌ᠯᠠᠩ ᠪᠠᠢ᠌ᠪᠠ᠃

     ᠳ᠋ᠸᠩᠯᠤᠽᠢ ᠶᠢᠨ ᠪᠣᠯᠠᠭ ᠨᠢ ᠴᠠᠭᠠᠠᠰᠦ᠋ᠮ᠎ᠡ ᠡᠴᠠ ᠪᠠᠷᠠᠭᠤᠨ ᠡᠮᠤᠨ᠎ᠡ ᠪᠠᠢ᠌ᠭ᠎ᠠ ᠴᠠᠭᠠᠨ ᠨᠠᠭᠤᠷ ᠤᠨ ᠡᠭᠢᠨ ᠳᠤ ᠪᠣᠢ᠃ ᠳ᠋ᠧᠩᠯᠤᠽᠢ ᠭᠡᠭ᠍ᠴᠢ ᠨᠢ ᠳᠤᠭ᠎ᠠ ᠳᠤᠮᠰᠢ ᠦᠭᠡᠶ ᠣᠯᠠᠨ ᠵᠢᠵᠢᠭ᠌ ᠳᠤᠪᠣᠭᠤᠷ ᠲᠡᠶ ᠭᠠᠵᠠᠷ ᠭᠡᠰᠡᠨ ᠣᠤᠠᠬ᠎ᠠ ᠪᠦᠭᠦᠢ ᠭᠢᠳᠠᠤᠨ ᠥᠭᠡ ᠮᠦᠨ᠃ ᠡᠨᠡ ᠵᠢᠵᠢᠭ᠌ ᠳᠤᠪᠣᠭᠤᠷ ᠤᠳ ᠨᠢ ᠬᠠᠪᠣᠷ ᠪᠣᠯᠪᠠᠯ ᠬᠤᠨᠢ ᠮᠠᠯ ᠰᠢᠪᠠᠷᠳᠠᠭᠠᠤᠨ ᠪᠣᠯᠳᠠᠭ ᠦᠭᠡᠶ ᠳᠤᠭᠤᠭ᠎ᠠ ᠰᠢᠪᠠᠷ ᠤᠨ ᠳᠤᠪᠣᠭᠤᠷ ᠲᠡᠶ ᠠᠳᠠᠯᠢ ᠴᠦᠮᠦᠷᠠᠵᠤ ᠣᠷᠤᠳᠠᠭ ᠦᠭᠡᠶ᠃ ᠳᠠ ᠭᠡᠷᠪᠡ ᠳᠡᠭᠡᠷ᠎ᠡ ᠨᠢ ᠵᠤᠭᠰᠤᠭᠠᠤᠨ ᠬᠤᠶᠠᠷ ᠳᠠᠪᠰᠠᠪᠠᠯ ᠣᠰᠤ ᠪᠣᠷᠭᠢᠯᠠᠵᠤ ᠪᠠᠢ᠌ᠬᠤ ᠨᠢ ᠢᠯᠠ ᠥᠵᠡᠭ᠍ᠳᠡᠨ᠎ᠡ᠃ ᠴᠠᠭᠠᠠᠰᠦ᠋ᠮ᠎ᠡ ᠶᠢᠨ ᠯᠠᠮᠠ ᠨᠡᠷ ᠡᠴᠠ ᠬᠤᠷ᠎ᠠ ᠣᠰᠤ ᠦᠭᠡᠶ᠂ ᠭᠠᠩ ᠬᠠᠭᠤᠷᠠᠢ ᠵᠢᠯ ᠳᠤ ᠪᠣᠷᠤᠭᠠᠨ ᠣᠷᠢᠵᠤ᠂ ᠳᠤᠯᠤᠭᠠᠨ ᠪᠣᠯᠠᠭ ᠢ ᠳᠠᠭᠢᠨ᠂ ᠵᠠᠳᠠ ᠪᠠᠷᠢᠬᠤ ᠦᠶᠡᠰ ᠡᠨᠡ ᠯᠤᠤᠰ ᠤᠨ ᠨᠢᠳᠤ ᠮᠠᠳᠤ ᠳᠤᠪᠣᠭᠤᠷ ᠪᠣᠯᠠᠭ ᠤᠳ ᠤᠨ ᠳᠤᠮᠳᠠ ᠳᠤᠰᠬᠠᠢ᠌ᠯᠠᠨ ᠪᠣᠮᠪᠣ ᠳᠠᠯᠪᠢᠳᠠᠭ᠃ ᠵᠤᠨ ᠤ ᠴᠠᠭ ᠲᠤ ᠳ᠋ᠸᠩᠯᠤᠽᠢ ᠶᠢᠨ ᠪᠣᠯᠠᠭ ᠤᠨ ᠭᠦᠪᠠᠭᠡ ᠪᠠᠷ ᠵᠣᠢ᠌ᠯ ᠤᠨ ᠴᠡᠴᠡᠭ᠌ ᠳᠡᠯᠭᠡᠷᠡᠵᠤ᠂ ᠵᠢᠭᠦᠷᠳᠡᠨ ᠰᠢᠪᠠᠭᠤ ᠳᠤᠩᠭ᠋ᠤᠳᠤᠨ᠂ ᠶᠤᠰᠤᠳᠠᠢ ᠯᠠ ᠶ‍ᠢᠷᠳᠢᠠᠴᠤ ᠶᠢᠨ ᠭᠠᠳᠠᠨᠠᠭᠢ ᠳ᠋ᠸᠪᠠᠵᠠᠨ ᠣᠷᠤᠨ ᠪᠣᠯᠳᠠᠭ ᠶᠤᠮ᠃ ᠡᠨᠡ ᠳᠤᠬᠠᠢ ᠴᠢᠨᠠᠭᠰᠢ ᠰᠤᠨᠢᠷᠬᠠᠶ᠎ᠠ ᠭᠡᠪᠠᠯ ᠠᠯᠢᠶ᠎ᠠ ᠶᠢᠨ ᠪᠢᠴᠢᠭ᠍ᠰᠡᠨ 《ᠴᠢᠨ᠋ᠸ᠎ᠠ ᠶᠢᠨ ᠡᠷᠯᠢᠭ᠌》 ᠢ ᠥᠵᠡᠭᠡᠷᠡᠢ᠃

    ᠣᠷᠭᠢᠯᠳᠤ ᠶᠢᠨ ᠪᠣᠯᠠᠭ ᠭᠡᠵᠤ ᠴᠠᠭᠠᠠᠰᠦ᠋ᠮ᠎ᠡ ᠡᠴᠠ ᠵᠡᠭᠦᠨ ᠬᠣᠢ᠌ᠨ᠎ᠠ ᠳᠤᠯᠤᠭ᠎ᠠ ᠨᠢ᠋ᠮᠠᠨ ᠭᠠᠵᠠᠷ ᠤᠨ ᠥᠵᠦᠭᠦᠷ ᠲᠤ ᠪᠠᠢ᠌ᠭ᠎ᠠ ᠬᠤᠶᠠᠷ ᠦᠨᠳᠦᠷ ᠣᠷᠤᠢ ᠶᠢᠨ ᠳᠤᠮᠳᠠᠭᠤᠷ ᠣᠷᠤᠰᠬᠤ ᠬᠠᠪᠴᠢᠭ ᠤᠨ ᠭᠤᠤᠯ ᠤᠨ ᠡᠭᠢᠨ ᠳᠤ ᠪᠣᠢ᠃ ᠡᠷᠳᠡ ᠢᠵᠡᠭᠤᠷ ᠲᠤ᠂ ᠦᠣᠰᠢᠠᠵᠤᠤ ᠶᠢᠨ ᠭᠤᠷᠪᠠᠳᠤᠭᠠᠷ ᠭᠡᠭᠡᠨ ᠴᠠᠭᠠᠠᠰᠦ᠋ᠮ᠎ᠡ ᠳᠤ ᠢᠷᠠᠵᠤ᠂ ᠭᠡᠭᠡᠨ ᠤ ᠵᠤᠰᠠᠯᠠᠩ ᠳᠠᠭᠠᠨ ᠠᠮᠠᠷᠠᠵᠤ ᠪᠠᠢ᠌ᠵᠤ ᠭᠡᠨ᠎ᠡ᠃ ᠨᠢᠭᠡᠨ ᠡᠳᠦᠷ ᠳᠠᠷᠠ ᠰᠡᠯᠡᠭᠦᠴᠡᠭ᠍ᠰᠡᠭᠡᠷ ᠪᠠᠢ᠌ᠵᠤ᠂ ᠬᠠᠪᠴᠢᠭ ᠤᠨ ᠭᠤᠤᠯ ᠢ ᠥᠵᠡᠭᠡᠳ ᠶᠡᠭᠡᠳᠡ ᠳᠤᠭᠤᠵᠤ᠂ ᠳᠠᠰᠢᠭᠤᠷ ᠶᠢᠡᠷ ᠶᠢᠡᠨ ᠵᠢᠭᠠᠨ᠄ 《ᠡᠢ᠌ᠮᠤ ᠰᠠᠢ᠌ᠬᠠᠨ ᠭᠤᠤᠯ ᠳᠤ ᠶᠠᠭᠤᠨ ᠤ ᠣᠴᠢᠷ ᠬᠠᠪᠴᠢᠭ ᠤᠨ ᠭᠤᠤᠯ ᠭᠡᠰᠡᠨ ᠮᠠᠭᠤᠬᠠᠢ ᠨᠠᠷ᠎ᠠ ᠦᠭ‍ᠭᠦᠭ᠍ᠰᠡᠨ ᠪᠣᠢ︖ ᠡᠭᠦᠨ ᠢ ᠣᠷᠭᠢᠯᠳᠤ ᠶᠢᠨ ᠭᠤᠤᠯ ᠭᠡᠵᠤ ᠨᠠᠷ᠎ᠠ ᠶᠢ ᠨᠢ ᠰᠤᠯᠢᠶ᠎ᠡ》 ᠭᠡᠰᠡᠨ ᠭᠡᠨ᠎ᠡ᠃ ᠢᠩᠭᠢᠭᠡᠳ ᠬᠤᠵᠢᠮ ᠤᠨ ᠭᠦᠮᠦᠰ ᠬᠠᠪᠴᠢᠭ ᠤᠨ ᠭᠤᠤᠯ ᠭᠡᠵᠤ ᠭᠡᠯᠡᠭᠦ ᠶᠢ ᠴᠡᠭᠡᠷᠯᠡᠨ᠂ ᠣᠷᠭᠢᠯᠳᠤ ᠶᠢᠨ ᠭᠤᠤᠯ ᠭᠡᠵᠤ ᠳᠠᠭᠤᠳᠠᠬᠤ ᠪᠣᠯᠤᠭᠰᠠᠨ ᠪᠠᠢ᠌ᠵᠠᠢ᠃ ᠣᠷᠭᠢᠯᠳᠤ ᠶᠢᠨ ᠭᠤᠤᠯ ᠨᠢ ᠣᠷᠭᠢᠯᠳᠤ ᠶᠢᠨ ᠪᠣᠯᠠᠭ ᠡᠴᠠ ᠡᠭᠢ ᠠᠪᠴᠤ᠂ ᠴᠠᠢ᠌ᠳᠠᠮ ᠳᠠᠯ᠎ᠠ ᠪᠠᠨ ᠣᠮᠳᠠᠯᠠᠨ ᠣᠷᠤᠰᠤᠭᠰᠠᠭᠠᠷ ᠴᠠᠭᠠᠨ ᠨᠠᠭᠤᠷ ᠲᠤ ᠴᠢᠤᠠᠬᠤᠳᠠᠭ᠃

     ᠴᠤᠩᠬᠤᠢ ᠶᠢᠨ ᠪᠣᠯᠠᠭ ᠭᠡᠳᠡᠭ᠌ ᠨᠢ ᠴᠠᠭᠠᠠᠰᠦ᠋ᠮ᠎ᠡ ᠡᠴᠠ ᠵᠡᠭᠦᠨ ᠡᠮᠤᠨ᠎ᠡ ᠵᠥᠭ᠌ ᠲᠤ ᠰᠥᠡᠳᠡᠷᠯᠡᠳᠡᠭ᠌ ᠬᠤᠳᠤᠩ ᠤᠨ ᠣᠪᠣᠭᠠᠨ ᠤ ᠵᠡᠭᠦᠨ ᠳᠤᠤᠷ᠎ᠠ ᠪᠠᠢ᠌ᠬᠤ ᠭᠡᠵᠢᠶᠡᠳᠡ ᠳᠤᠠᠳᠠᠷᠠᠰᠢ ᠦᠭᠡᠶ ᠳᠤᠭᠳᠠᠮᠠᠯ ᠣᠰᠤ ᠶᠢ ᠭᠡᠯᠡᠵᠤ ᠪᠠᠢ᠌ᠨ᠎ᠠ᠃ ᠡᠨᠡ ᠳᠤᠬᠠᠢ ᠥᠯᠢᠭᠡᠷ ᠳᠤᠮᠤᠭ ᠭᠡᠪᠠᠯ ᠴᠤᠩᠬᠤᠢ ᠶᠢᠨ ᠳᠦᠭᠦᠮ ᠭᠡᠭ᠍ᠴᠢ ᠨᠢ ᠪᠠᠶᠠᠨ ᠰᠸᠰᠦᠮᠳᠤᠷᠵᠢ ᠶᠢᠨ ᠠᠳᠤᠭᠤ ᠪᠠᠨ ᠭᠡᠮᠵᠢᠳᠡᠭ᠌ ᠭᠠᠵᠠᠷ ᠭᠡᠨ᠎ᠡ᠃ ᠳᠦᠭᠦᠮ ᠶᠢᠡᠷ ᠭᠡᠮᠵᠢᠳᠡᠭ᠌ ᠠᠳᠤᠭᠤ ᠲᠡᠶ ᠪᠠᠶᠠᠨ ᠰᠸᠰᠦᠮᠳᠤᠷᠵᠢ ᠶᠢᠨ ᠥᠯᠢᠭᠡᠷ ᠢ ᠳᠤᠭᠠᠴᠢᠪᠠᠯ ᠶᠠᠷᠢᠭᠠᠤᠨ ᠳᠠᠭᠤᠰᠤᠰᠢ ᠦᠭᠡᠶ ᠰᠢᠤ᠃

     ᠳᠤᠭᠤᠢ ᠵᠥᠯᠭᠡ ᠶᠢᠨ ᠪᠣᠯᠠᠭ ᠪᠣᠯ ᠬᠠᠷ᠎ᠠ ᠮᠤᠷᠢᠨ ᠭᠦᠳᠡᠭᠡ ᠶᠢᠨ ᠣᠷᠳᠤ ᠡᠩᠭᠡᠷ ᠲᠤ ᠪᠠᠢ᠌ᠭ᠎ᠠ ᠮᠢᠩᠭ᠋ᠠᠨ ᠠᠳᠤᠭᠤ ᠣᠰᠤᠯᠠᠭᠰᠠᠨ ᠴᠤ ᠳᠤᠠᠳᠠᠷᠠᠰᠢ ᠦᠭᠡᠶ ᠪᠠᠷ ᠮᠡᠯᠮᠡᠯᠵᠡᠭᠡᠳ ᠯᠠ ᠪᠠᠢ᠌ᠳᠠᠭ ᠳᠤᠭᠳᠠᠮᠠᠯ ᠣᠰᠤ ᠶᠢ ᠭᠡᠯᠡᠨ᠎ᠡ᠃ ᠡᠭᠦᠨ ᠲᠡᠶ ᠬᠤᠯᠪᠣᠭᠳᠠᠭᠰᠠᠨ ᠨᠤᠮᠢᠨ ᠳᠠᠩᠰᠤᠭ ᠬᠠᠷ᠎ᠠ ᠮᠤᠷᠢᠨ ᠭᠦᠳᠡᠭᠡ ᠶᠢᠨ ᠥᠯᠢᠭᠡᠷ ᠢ ᠵᠤᠯᠵᠢᠷᠭᠠᠯ ᠤᠨ ᠪᠢᠴᠢᠭ᠍ᠰᠡᠨ 《ᠣᠮᠤᠭᠳᠤ ᠦᠨᠳᠦᠰᠦᠳᠠᠨ ᠤ ᠳᠤᠮᠤᠭᠳᠤ ᠨᠤᠳᠤᠭ》 ᠡᠴᠠ ᠯᠠᠪᠯᠠᠭᠠᠷᠠᠢ᠃ ᠶᠠᠭᠤ ᠴᠤ ᠭᠡᠰᠡᠨ ᠳᠤᠭᠤᠢ ᠵᠥᠯᠭᠡ ᠶᠢᠨ ᠪᠣᠯᠠᠭ ᠤᠨ ᠰᠢᠮ᠎ᠠ ᠪᠠᠷ ᠬᠠᠷ᠎ᠠ ᠮᠤᠷᠢᠨ ᠭᠦᠳᠡᠭᠡ ᠨᠢ ᠮᠠᠯ ᠰᠦᠷᠦᠭ᠌ ᠶᠢᠡᠨ ᠦᠨᠢᠷ ᠥᠰᠭᠡᠭᠦ ᠮᠠᠯᠴᠢᠨ ᠲᠦᠮᠡᠨ ᠤ ᠳᠠᠷᠬᠠᠨ ᠣᠷᠤᠨ ᠪᠣᠯᠤᠭᠰᠠᠨ ᠪᠠᠢ᠌ᠳᠠᠭ᠃

     ᠶᠡᠭᠡ ᠵᠠᠳᠠᠭᠠᠢ ᠶᠢᠨ ᠪᠣᠯᠠᠭ ᠭᠡᠵᠤ ᠴᠠᠭᠠᠠᠰᠦ᠋ᠮ᠎ᠡ ᠶᠢᠨ ᠪᠠᠷᠠᠭᠤᠠᠳᠠᠢ ᠪᠠᠢ᠌ᠭ᠎ᠠ᠂ ᠬᠣᠢ᠌ᠳᠤ ᠡᠭᠢᠨ ᠳᠤ ᠨᠢ ᠪᠣᠯᠠᠭ ᠲᠡᠶ᠂ ᠣᠷᠳᠤ ᠬᠤᠳᠤᠭᠤᠷ ᠲᠤ ᠨᠢ ᠣᠰᠤ ᠪᠠᠷ ᠳᠦᠭᠦᠷᠡᠩ᠂ ᠡᠪᠦᠯ ᠴᠤ ᠭᠦᠯᠳᠡᠳᠡᠭ᠌ ᠦᠭᠡᠶ ᠠᠮᠢᠳᠤ ᠪᠣᠯᠠᠭ ᠪᠣᠯᠬᠤ ᠶᠤᠮ᠃

     ᠡ᠊ᠨᠳᠡ ᠭᠦᠷᠳᠡᠯ᠎ᠡ ᠶᠠᠷᠢᠭᠠᠤᠨ ᠴᠠᠭᠠᠨ ᠪᠣᠯᠠᠭ ᠤᠨ ᠳᠡᠷᠭᠡᠳᠡ ᠭᠡᠭᠦ ᠠᠭᠤᠯᠭ᠎ᠠ ᠶᠢ ᠳᠦᠭᠦᠮ ᠳᠠᠢ᠌ᠯᠪᠣᠷᠢᠯᠠᠭᠠᠤᠨ ᠳᠠᠭᠤᠰᠤᠯ᠎ᠠ᠃ ᠣᠳᠤ ᠪᠢ ᠴᠢᠮ᠎ᠠ ᠳᠤ ᠨᠢᠭᠡ ᠳᠠᠰᠬᠠᠯ ᠥᠯᠡᠳᠡᠭᠡᠶ᠎ᠡ᠂ ᠳᠡᠭᠡᠷ᠎ᠡ ᠶᠠᠷᠢᠭᠰᠠᠨ ᠳᠤᠯᠤᠭᠠᠨ ᠪᠣᠯᠠᠭ ᠡᠴᠠ ᠭᠠᠷᠳᠠᠵᠤ᠂ ᠴᠠᠭᠠᠠᠰᠦ᠋ᠮ᠎ᠡ ᠶᠢᠨ ᠠᠮᠢ ᠠᠬᠤᠢ ᠶᠠᠮᠠᠷ ᠪᠠᠢ᠌ᠭᠰᠠᠨ ᠳᠤᠬᠠᠢ ᠣᠢ᠌ᠯᠠᠭᠠᠯᠳᠠ ᠪᠠᠨ ᠶᠠᠷᠢ ᠁

     ᠦᠭᠡᠶ᠂ ᠶᠠᠷᠤ ᠨᠢ ᠪᠢ ᠣᠳᠤ ᠶᠠᠮᠠᠷ ᠰᠲ᠋ᠢᠯᠢ ᠶᠢᠨ ᠵᠤᠬᠢᠶᠠᠯ ᠪᠢᠴᠢᠵᠤ ᠪᠠᠢ᠌ᠭ᠎ᠠ ᠪᠠᠨ ᠮᠡᠳᠡᠭᠦ ᠪᠠᠨ ᠪᠠᠢ᠌ᠴᠢᠬᠠᠯ᠎ᠠ᠃ ᠡᠯᠵᠢᠭᠡ ᠵᠢᠭᠡᠯᠡᠭᠦ ᠣᠴᠢᠷ ᠶᠢᠡᠨ ᠭᠡᠯᠡᠨ᠎ᠡ ᠭᠡᠭ᠍ᠰᠡᠭᠡᠷ ᠪᠠᠢ᠌ᠭᠠᠤᠨ ᠭᠡᠯᠡ ᠴᠤᠯᠴᠢᠷᠠᠵᠤ᠂ ᠳᠤᠭᠠᠴᠢᠵᠤ ᠣᠶᠠᠩᠭ᠋ᠠᠯᠠᠨ ᠰᠢᠭᠦᠮᠵᠢᠯᠡᠵᠤ ᠳᠠᠢ᠌ᠯᠪᠣᠷᠢᠯᠠᠬᠤ ᠠᠷᠭ᠎ᠠ ᠶᠢ ᠴᠦᠮ ᠭᠡᠷᠡᠭᠯᠡᠴᠢᠭᠡᠭ᠍ᠰᠡᠨ ᠰᠢᠭ᠌ ᠰᠠᠨᠠᠭᠳᠠᠵᠤ ᠪᠠᠢ᠌ᠨ᠎ᠠ᠃ ᠮᠢᠨᠤ ᠥᠵᠡᠭᠦ ᠪᠠᠷ ᠰᠲ᠋ᠢᠯᠢ ᠪᠠᠨ ᠦᠨᠳᠦᠰᠦᠯᠠᠨ ᠵᠤᠬᠢᠶᠠᠯ ᠪᠢᠴᠢᠭᠦ ᠨᠢ ᠬᠤᠴᠤᠷᠤᠩᠭ᠋ᠤᠢ ᠣᠯᠠᠮᠵᠢᠯᠠᠯᠳᠤ ᠵᠠᠭᠪᠣᠷᠴᠢᠯᠠᠭᠰᠠᠨ ᠰᠤᠷᠭᠠᠨ ᠭᠦᠮᠦᠵᠢᠯ ᠮᠦᠨ᠃ ᠬᠠᠷᠢᠨ ᠣᠷᠢᠳᠠᠪᠠᠷ ᠵᠤᠬᠢᠶᠠᠯ ᠢ ᠴᠢᠯᠦᠭᠡᠳᠡᠢ ᠪᠢᠴᠢᠨ᠂ ᠳᠠᠷᠠᠭ᠎ᠠ ᠨᠢ ᠵᠤᠬᠢᠶᠠᠯ ᠶᠢᠡᠨ ᠦᠨᠳᠦᠰᠦᠯᠠᠨ᠂ ᠨᠠᠷᠢᠨ ᠵᠠᠳᠠᠯᠤᠯᠳᠠ ᠭᠢᠵᠤ᠂ ᠰᠲ᠋ᠢᠯᠢ ᠪᠠᠨ ᠳᠤᠭᠳᠠᠭᠠᠪᠠᠯ ᠰᠠ‍‌ᠶᠢ ᠥᠩᠭᠡ ᠪᠦᠷᠢ ᠶᠢᠨ ᠴᠡᠴᠡᠭ᠌ ᠢ ᠵᠡᠷᠭᠡᠪᠠᠷ ᠳᠡᠯᠭᠡᠷᠡᠭᠦᠯᠤᠨ᠂ ᠦᠢ᠌ ᠣᠯᠠᠨ ᠡᠷᠳᠡᠮᠳᠡᠨ ᠢ ᠴᠢᠯᠦᠭᠡᠳᠡᠢ ᠶᠠᠷᠢᠯᠴᠠᠭᠤᠯᠵᠤ ᠪᠠᠢ᠌ᠭ᠎ᠠ ᠦᠨᠦᠳᠤᠷ ᠤᠨ ᠰᠤᠷᠳᠠᠯᠴᠢᠯᠠᠳᠠᠭ ᠭᠡᠪ ᠴᠢᠨᠠᠷ ᠤᠨ ᠰᠤᠷᠭᠠᠨ ᠭᠦᠮᠦᠵᠢᠯ ᠤᠨ ᠱᠠᠭᠠᠷᠳᠠᠯᠭ᠎ᠠ ᠳᠤ ᠨᠠᠢ᠌ᠴᠠᠨ᠎ᠡ᠃ ᠭᠦᠢ︕ ᠥᠭᠡ ᠣᠯᠠᠳᠠᠵᠤ ᠥᠭᠡᠷ ᠬᠤᠯᠠᠳᠠᠯ᠎ᠠ᠂ ᠵᠠᠯᠭᠠᠭᠠᠤᠨ ᠪᠠᠰᠠ ᠡᠭᠦᠨ ᠢ ᠶᠠᠷᠢᠬᠤ ᠶᠤᠮ ᠪᠣᠯ ᠰᠠᠳᠤᠪ ᠡᠴᠡ ᠪᠠᠨ ᠰᠠᠯᠬᠤ ᠠᠶᠤᠯ ᠳᠤᠩ ᠶᠡᠭᠡ ᠪᠣᠯᠵᠤ ᠪᠠᠢ᠌ᠨ᠎ᠠ᠃ ᠣᠳᠤ ᠳᠦᠷᠭᠡᠨ ᠠᠭᠳᠠ ᠭᠦᠯᠦᠭ᠌ ᠳᠡᠭᠡᠨ ᠳᠠᠰᠢᠭᠤᠷ ᠨᠠᠮᠠᠵᠤ᠂ ᠴᠠᠭᠠᠠᠰᠦ᠋ᠮ᠎ᠡ ᠳᠡᠭᠡᠨ ᠬᠠᠷᠢᠵᠠᠭᠠᠶ᠎ᠠ ᠁



ᠵᠤᠬᠢᠶᠠᠭᠴᠢ ᠶᠢᠨ ᠬᠠ‍‌ᠶᠢᠭ ᠄ ᠦᠣᠰᠢᠨ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ

ᠵᠤᠬᠢᠶᠠᠭᠴᠢ᠄ ᠷ·ᠴᠢᠷᠮᠠᠢ᠌ᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 1772
ᠴᠠᠭ᠄ 2010 ᠤᠨ ᠤ 12 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁