ᠣᠳᠤ ᠪᠠᠯᠡᠭᠯᠡᠶ᠎ᠡ

ᠣᠭᠳᠠᠷᠭᠤᠢ ᠶᠢᠨ ᠳᠠᠩᠨᠠᠢ ᠳᠤ ᠭᠡᠷᠡᠯᠳᠦᠭ᠍ᠰᠡᠨ

ᠣᠯᠠᠨ ᠣᠯᠠᠨ ᠣᠳᠤᠨ ᠮᠠᠴᠢᠳ ᠡᠴᠡ

ᠣᠩᠭ᠋ᠤᠨ ᠬᠠᠢ᠌ᠷ᠎ᠠ ᠶᠢᠨ ᠡᠵᠡᠨ ᠴᠢᠮ᠎ᠠ ᠳᠠᠭᠠᠨ

ᠣᠷᠴᠢᠯᠠᠩ ᠳᠤ ᠬᠠᠷᠪᠣᠭᠰᠠᠨ ᠭᠦᠰᠡᠯ ᠤᠨ ᠣᠳᠤ ᠪᠠᠯᠡᠭᠯᠡᠶ᠎ᠡ

ᠠᠷᠪᠠᠨ ᠳᠠᠪᠤᠨ ᠤ ᠳᠡᠷᠭᠡᠯ ᠰᠠᠷᠠ ᠪᠠᠨ ᠮᠠᠨᠠᠭᠰᠠᠨ

ᠠᠰᠢᠳᠠ ᠶᠢᠨ ᠣᠯᠠᠨ ᠣᠳᠤᠳ ᠡᠴᠡ

ᠠᠩᠬᠠᠨ ᠤ ᠬᠠᠢ᠌ᠷ᠎ᠠ ᠶᠢᠨ ᠡᠵᠡᠨ ᠴᠢᠮ᠎ᠠ ᠳᠠᠭᠠᠨ

ᠠᠯᠳᠠ ᠰᠢᠭ ᠣᠳᠤ ᠪᠠᠨ ᠪᠠᠯᠡᠭᠯᠡᠶ᠎ᠡ

ᠮᠠᠩᠨᠤᠭ ᠪᠠᠶᠠᠨ ᠳᠠᠯ᠎ᠠ ᠳᠡᠭᠡᠷ᠎ᠡ

ᠮᠢᠷᠠᠯᠵᠠᠨ ᠳᠡᠯᠭᠡᠷᠡᠭ᠍ᠰᠡᠨ ᠴᠡᠴᠡᠭ᠌ ᠰᠢᠭ ᠣᠳᠤᠳ ᠡᠴᠡ

ᠮᠤᠩᠭ᠋ᠤᠯ ᠵᠠᠯᠠᠭᠤ ᠴᠢᠮ᠎ᠠ ᠳᠠᠭᠠᠨ

ᠮᠥᠩᠭᠡ ᠬᠠᠢ᠌ᠷ᠎ᠠ ᠶᠢᠨ ᠣᠳᠤ ᠪᠠᠨ ᠪᠠᠯᠡᠭᠯᠡᠶ᠎ᠡ

ᠰᠠᠷᠠ ᠪᠠᠨ ᠳᠤᠭᠤᠷᠠᠵᠤ ᠪᠠᠯᠴᠢᠭ᠍ᠰᠡᠨ

ᠰᠠᠠᠰᠠᠷ ᠤᠨ ᠣᠯᠠᠨ ᠣᠳᠤᠳ ᠡᠴᠡ

ᠰᠠᠢ᠌ᠬᠠᠨ ᠬᠤᠩᠭ᠋ᠤᠷ ᠴᠢᠮ᠎ᠠ ᠳᠠᠭᠠᠨ

ᠰᠠᠤᠠᠭᠢᠯ ᠤᠨ ᠶᠢᠡᠨ ᠣᠳᠤ ᠪᠠᠨ ᠪᠠᠯᠡᠭᠯᠡᠶ᠎ᠡ

ᠬᠠᠷᠠᠩᠭ᠋ᠤᠢ ᠰᠦᠨᠢ ᠶᠢᠨ ᠴᠢᠮᠡᠭ᠌ ᠪᠣᠯᠵᠤ

ᠬᠠᠷᠠᠭ᠎ᠠ ᠪᠣᠯᠢᠶᠠᠨ ᠭᠢᠯᠡᠯᠵᠡᠭ᠍ᠰᠡᠨ ᠣᠳᠤᠳ ᠡᠴᠡ

ᠬᠠᠢ᠌ᠷᠠᠳᠤ ᠠᠮᠠᠷᠠᠭ ᠴᠢᠮ᠎ᠠ ᠳᠠᠭᠠᠨ

ᠬᠠᠢ᠌ᠷ᠎ᠠ ᠶᠢᠨ ᠦᠨᠡᠨ ᠣᠳᠤ ᠪᠠᠨ ᠪᠠᠯᠡᠭᠯᠡᠶ᠎ᠡ

ᠳᠡᠭ᠍ᠷᠢ ᠡᠴᠡ ᠳᠡᠭᠦᠵᠢᠯᠡᠭ᠍ᠳᠡᠭ᠍ᠰᠡᠨ

ᠲᠦᠮᠡ ᠮᠢᠩᠭ᠋ᠠᠨ ᠣᠳᠤᠳ ᠡᠴᠡ

ᠳᠡᠭᠦᠵᠤ ᠨᠢᠭᠡ ᠢ ᠨᠢ ᠠᠪᠣᠭᠠᠤᠨ ᠴᠢᠮ᠎ᠠ ᠳᠠᠭᠠᠨ

ᠳᠠᠮᠠᠤᠯᠠᠯ ᠬᠠᠢ᠌ᠷ᠎ᠠ ᠶᠢᠨ ᠣᠳᠤ ᠪᠣᠯᠭᠠᠨ ᠪᠠᠯᠡᠭᠯᠡᠶ᠎ᠡ

ᠰᠦᠮᠠᠯᠵᠠᠨ ᠳᠠᠪᠠᠯᠭᠠᠯᠠᠬᠤ ᠳᠠᠯᠠᠢ ᠰᠢᠭ

ᠰᠤᠯᠢᠷ ᠣᠯᠠᠨ ᠣᠳᠤᠳ ᠡᠴᠡ

ᠰᠤᠷᠤᠯᠭ᠎ᠠ ᠶᠢᠨ ᠮᠦᠷ ᠢ ᠭᠦᠭᠡᠭᠡᠭ᠍ᠰᠡᠨ ᠴᠢᠮ᠎ᠠ ᠳᠠᠭᠠᠨ

ᠰᠤᠯᠢᠷᠳᠠᠵᠤ ᠣᠨᠠᠭᠰᠠᠨ ᠣᠳᠤ ᠪᠠᠯᠡᠭᠯᠡᠶ᠎ᠡ

ᠣᠳᠤ ᠪᠠᠯᠡᠭᠯᠡᠶ᠎ᠡ᠂ ᠪᠠᠯᠡᠭᠯᠡᠶ᠎ᠡ

ᠣᠯᠠᠨ ᠣᠯᠠᠨ ᠣᠳᠤ ᠪᠠᠯᠡᠭᠯᠡᠶ᠎ᠡ

ᠣᠳᠤᠨ ᠡᠴᠡ ᠥᠭᠡᠷ᠎ᠡ ᠶᠠᠭᠤ ᠴᠤ ᠪᠠᠢ᠌ᠬᠤ ᠦᠭᠡᠶ

ᠣᠠᠴᠠᠭᠠᠢ ᠶᠠᠭᠤ ᠴᠤ ᠪᠠᠯᠡᠭᠯᠡᠭᠦ ᠦᠭᠡᠶ

ᠣᠳᠤᠨ ᠯᠠ ᠭᠠᠭᠴᠠ ᠨᠠᠳᠠ ᠪᠠᠯᠡᠭ᠌ ᠪᠣᠯᠳᠠᠭ ᠶᠤᠮ᠃

ᠵᠤᠬᠢᠶᠠᠭᠴᠢ᠄ ᠤᠳᠦᠡᠪᠠᠯᠢᠭ᠌
ᠢᠷᠡᠯᠲᠡ᠄ ᠨᠡᠷᠡᠡᠴᠡᠴᠡᠭ᠌
ᠳᠠᠷᠤᠮ᠄ 2364
ᠴᠠᠭ᠄ 2007 ᠤᠨ ᠤ 04 ᠰᠠᠷ᠎ᠠ ᠶᠢᠨ 07
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠰᠢᠯᠦᠭ - ᠣᠳᠤ ᠪᠠᠯᠡᠭᠯᠡᠶ᠎ᠡ