ᠪᠣᠯᠵᠤᠭᠠᠨ ᠤ ᠵᠢᠭᠠᠬᠠᠨ ᠳᠡᠭᠦᠦᠳᠡᠢ

ᠪᠣᠯᠵᠤᠭᠠᠨ ᠤ ᠵᠢᠭᠠᠬᠠᠨ ᠳᠡᠭᠦᠦᠳᠡᠢ

ᠪᠣᠯᠪᠠᠷᠠᠢ ᠣᠯᠠᠭᠠᠨ ᠬᠠᠴᠠᠷ ᠲᠡᠶ ᠪᠢᠵᠠ︖

ᠪᠣᠷᠤ ᠨᠢᠳᠤ ᠪᠠᠨ ᠳᠤᠷᠮᠤᠯᠵᠠᠭᠤᠯᠬᠤ ᠨᠢ

ᠪᠣᠳᠤᠯ ᠢ ᠭᠡᠵᠢᠭᠡᠳᠡᠮ᠎ᠡ ᠰᠠᠢ᠌ᠬᠠᠨ ᠪᠢᠵᠠ︖

ᠬᠠᠢ᠌ᠷ᠎ᠠ ᠶᠢᠨ ᠭᠡᠳᠡᠭᠡ ᠶᠢ ᠭᠦᠳᠡᠯᠭᠡᠮ᠎ᠡ

ᠬᠠᠯᠠᠭᠤᠨ ᠣᠯᠠᠭᠠᠨ ᠣᠷᠤᠭᠤᠯ ᠲᠡᠶ ᠪᠢᠵᠠ︖

ᠬᠠᠷᠠᠭᠠᠤᠨ ᠰᠠᠭᠤᠬᠤ ᠳᠤ ᠬᠠᠨᠤᠰᠢ ᠥᠭᠡᠢ

ᠬᠠᠩᠬᠠᠯ ᠰᠠᠢ᠌ᠬᠠᠨ ᠪᠠᠶ᠎ᠠ ᠲᠡᠶ ᠪᠢᠵᠠ︖

ᠮᠤᠩᠭ᠋ᠤᠯ ᠤᠨ ᠳᠠᠯ᠎ᠠ ᠳᠤ ᠪᠠᠨ ᠳᠡᠯᠭᠡᠷᠡᠭ᠍ᠰᠡᠨ

ᠪᠣᠮᠠᠨ ᠴᠡᠴᠡᠭᠡᠰ ᠡᠴᠡ ᠭᠤᠶᠤᠬᠠᠨ ᠪᠢᠵᠠ︖

ᠮᠥᠩᠭᠡ ᠳᠡᠭ᠍ᠷᠢ ᠡᠴᠡ ᠵᠠᠶᠠᠭᠠᠭᠰᠠᠨ

ᠳ᠋ᠠᠷᠢ ᠡᠭᠡ ᠶᠢᠨ ᠪᠦᠷᠢᠯᠸ᠎ᠡ ᠪᠢᠵᠠ︖

ᠠᠪᠣ ᠡᠵᠢ ᠳᠤ ᠪᠠᠨ ᠠᠴᠢᠯᠠᠯ ᠳᠠᠢ

ᠣᠬᠠᠭᠠᠠᠳᠤ ᠠᠢ᠌ᠯ ᠤᠨ ᠭᠡᠦᠭᠡᠨ ᠪᠢᠵᠠ︖

ᠠᠢ᠌ᠯ ᠤᠨ ᠳᠤᠯᠭ᠎ᠠ ᠶᠢ ᠭᠦᠭ᠍ᠵᠢᠭᠡᠭᠦ

ᠠᠵᠢᠯᠴᠢ ᠪᠣᠷᠤᠭᠵᠢᠭᠤᠨ ᠪᠦᠰᠡᠭᠦᠢ ᠪᠢᠵᠠ︖

ᠢᠩᠭᠢᠵᠤ ᠪᠣᠳᠤᠭᠠᠤᠨ ᠰᠠᠭᠤᠬᠤ ᠳ᠋ᠤ

ᠮᠤᠩᠭ᠋ᠤᠯ ᠪᠦᠰᠡᠭᠦᠢ ᠯᠠ ᠭᠤᠶᠤ ᠶᠤᠮ ᠳ᠋ᠠ︕

ᠠᠮᠢᠳᠤᠷᠠᠯ ᠤᠨ ᠠᠶᠠᠨ ᠳᠤ ᠪᠠᠨ ᠮᠤᠷᠳᠠᠬᠤ ᠳ᠋ᠤ

ᠮᠤᠩᠭ᠋ᠤᠯ ᠪᠦᠰᠡᠭᠦᠢ ᠯᠠ ᠬᠠᠨᠢ ᠶᠤᠮ ᠳ᠋ᠠ︕

ᠪᠣᠯᠵᠤᠭᠠᠨ ᠤ ᠵᠢᠭᠠᠬᠠᠨ ᠳᠡᠭᠦᠦᠳᠡᠢ

ᠪᠣᠳᠤᠯ ᠡᠴᠡ ᠭᠠᠷᠬᠤ ᠦᠭᠡᠶ ᠨᠢ ᠭᠡᠴᠡᠭᠦᠤ

ᠪᠣᠷᠤ ᠮᠤᠷᠢ ᠪᠠᠨ ᠣᠨᠤᠭᠠᠤᠨ

ᠪᠣᠰᠢᠭᠤᠬᠠᠨ ᠣᠴᠢᠮᠠᠷ ᠰᠠᠨᠠᠭᠳᠠᠨ᠎ᠠ︕

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1868
ᠴᠠᠭ᠄ 2009 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁