ᠰᠢᠯᠦᠭ᠌

ᠰᠠᠨᠠᠭ᠎ᠠ ᠪᠣᠳᠤᠯ ᠣᠢ᠌ᠮᠤᠷᠠᠵᠤ ᠪᠠᠢ᠌ᠭ᠎ᠠ ᠦᠶ᠎ᠡ ᠣᠶᠠᠷᠠᠵᠤ ᠢᠷᠡᠳᠡᠭ᠌

ᠵᠢᠷᠦᠭᠡ ᠰᠡᠳᠭᠢᠯ ᠳᠤᠭᠳᠤᠯᠵᠤ ᠪᠠᠢ᠌ᠭ᠎ᠠ ᠡᠷᠡᠨ ᠳᠤ ᠣᠶᠠᠩᠭ᠋ᠠᠷᠠᠵᠤ ᠪᠠᠭᠤᠳᠠᠭ

ᠰᠢᠯᠦᠭ᠌ ᠊᠊᠊᠊᠊᠊᠊᠊᠊᠊᠊᠊᠊᠊᠊

ᠵᠢᠷᠤᠭ ᠤᠨ ᠭᠤᠶᠤᠬᠠᠨ ᠶ‍ᠢᠷᠳᠢᠠᠴᠤ

ᠵᠤᠭᠤᠭ ᠤᠨ ᠰᠠᠢ᠌ᠬᠠᠨ ᠳᠡᠯᠡᠭᠡᠢ

ᠰᠢᠯᠦᠭ᠌ ᠊᠊᠊᠊᠊᠊᠊᠊᠊᠊᠊᠊᠊᠊᠊

ᠰᠡᠳᠭᠢᠯ ᠤᠨ ᠴᠡᠩᠭᠡᠷ ᠰᠢᠪᠠᠭᠤ

ᠰᠠᠨᠠᠭᠠᠨ ᠤ ᠰᠠᠯᠭᠢᠨ ᠭᠦᠯᠦᠭ᠌

ᠰᠢᠯᠦᠭ᠌ ᠊᠊᠊᠊᠊᠊᠊᠊᠊᠊᠊᠊᠊᠊᠊

ᠨᠠᠷᠠᠨ ᠤ ᠰᠢᠩᠬᠤᠨ ᠣᠯᠠᠭᠠᠨ ᠣᠷᠤᠭᠤᠯ

ᠰᠠᠷᠠᠨ ᠤ ᠰᠦᠨ ᠴᠠᠭᠠᠨ ᠰᠤᠷᠮᠤᠰᠤ

ᠰᠢᠯᠦᠭ᠌ ᠊᠊᠊᠊᠊᠊᠊᠊᠊᠊᠊᠊᠊᠊᠊

ᠠᠶᠤᠩᠭ᠎ᠠ ᠶᠢᠨ ᠳᠡᠭ᠍ᠷᠢ ᠶᠢᠨ ᠨᠢᠷᠭᠡᠯᠳᠡ

ᠠᠷᠳᠠᠭ ᠰᠢᠭᠤᠷᠭ᠎ᠠ ᠶᠢᠨ ᠢᠰᠭᠢᠷᠤᠯᠳᠠ

ᠰᠢᠯᠦᠭ᠌ ᠊᠊᠊᠊᠊᠊᠊᠊᠊᠊᠊᠊᠊᠊᠊

ᠢᠨᠠᠭ ᠶᠢᠡᠷ ᠵᠥᠰᠡᠷᠡᠭ᠍ᠰᠡᠨ ᠣᠶᠠᠬᠠᠨ ᠪᠦᠷᠦᠢ

ᠢᠨᠢᠶᠠᠳᠤ ᠪᠠᠷ ᠴᠠᠯᠭᠢᠭᠰᠠᠨ ᠴᠡᠯᠮᠡᠭ᠌ ᠦᠷᠯᠦᠭᠡ

ᠰᠢᠯᠦᠭ᠌ ᠊᠊᠊᠊᠊᠊᠊᠊᠊᠊᠊᠊᠊᠊᠊

ᠭᠦᠯᠢᠶᠡᠯᠳᠡ ᠳᠤ ᠳᠡᠩᠰᠢᠭ᠍ᠰᠡᠨ ᠣᠷᠳᠤ ᠨᠠᠮᠤᠷ

ᠭᠦᠰᠡᠯ ᠳᠤ ᠨᠤᠴᠤᠭᠰᠠᠨ ᠬᠠᠯᠠᠭᠤᠨ ᠵᠤᠨ

ᠰᠢᠯᠦᠭ᠌ ᠊᠊᠊᠊᠊᠊᠊᠊᠊᠊᠊᠊᠊᠊᠊

《ᠪᠣᠯᠵᠤᠮᠤᠷ ᠣᠳᠤᠭᠰᠠᠨ ᠳᠡᠭᠦᠪᠦᠷᠢ》

《ᠪᠣᠳᠤᠯ ᠤᠨ ᠴᠡᠩᠭᠡᠷ ᠢᠷᠭᠤᠢ》

ᠰᠢᠯᠦᠭ᠌ ᠊᠊᠊᠊᠊᠊᠊᠊᠊᠊᠊᠊᠊᠊᠊

ᠳᠤᠯᠠᠭ᠎ᠠ ᠶᠢᠨ ᠭᠠᠯ ᠳᠤ ᠪᠣᠴᠠᠯᠤᠨ᠎ᠠ

ᠰᠦᠷᠦᠭ᠌ ᠤᠨ ᠨᠢᠷᠤᠭᠤᠨ ᠳᠤ ᠪᠦᠮᠪᠦᠯᠵᠡᠨ᠎ᠡ

ᠰᠢᠯᠦᠭ᠌ ᠊᠊᠊᠊᠊᠊᠊᠊᠊᠊᠊᠊᠊᠊᠊

ᠳᠤᠭᠤᠠᠳᠠᠮᠤᠷ ᠤᠨ 《ᠭᠡᠮᠰᠢᠯ ᠤᠨ ᠰᠢᠯᠦᠭ᠌》 ᠳᠤ ᠰᠡᠭᠦᠷᠡᠰᠦᠯᠡᠨ᠎ᠡ

ᠳᠤᠭᠳᠠᠬᠤ ᠰᠠᠢ᠌ᠨ ᠡᠷ᠎ᠡ ᠶᠢᠨ ᠰᠤᠮᠤᠨ ᠥᠵᠦᠭᠦᠷ ᠳᠦᠷᠠᠯᠵᠠᠨ᠎ᠡ

ᠰᠢᠯᠦᠭ᠌ ᠊᠊᠊᠊᠊᠊᠊᠊᠊᠊᠊᠊᠊᠊᠊

ᠮᠸᠩ ᠵᠢᠶᠠᠩ ᠨᠢᠤᠢ ᠶᠢᠨ ᠨᠢᠯᠪᠣᠰᠤᠨ ᠳᠤ ᠴᠠᠴᠠᠷᠠᠨ᠎ᠡ

ᠮᠦᠯᠢᠱᠠ ᠶᠢᠨ ᠵᠡᠭᠦᠳᠤᠨ ᠳᠤ ᠬᠠᠩᠭᠢᠨᠠᠨ᠎ᠠ

ᠰᠢᠯᠦᠭ᠌ ᠊᠊᠊᠊᠊᠊᠊᠊᠊᠊᠊᠊᠊᠊᠊

ᠭᠦᠮᠤᠨ ᠪᠢᠰᠢ ᠭᠦᠮᠤᠨ ᠳᠤ ᠬᠠᠷᠢᠶᠠᠭᠳᠠᠵᠤ ᠪᠠᠢ᠌ᠳᠠᠭ

ᠶᠤᠰᠤ ᠪᠢᠰᠢ ᠶᠤᠰᠤᠨ ᠳᠤ ᠶᠤᠷᠤᠯᠠᠭᠳᠠᠵᠤ ᠪᠠᠢ᠌ᠳᠠᠭ

ᠭᠦᠮᠤᠨ ᠥᠭᠦᠨ᠎ᠡ

ᠰᠢᠯᠦᠭ᠌ ᠮᠥᠩᠭᠡᠷᠡᠨ᠎ᠡ

ᠪᠢᠴᠢᠭᠦ ᠶᠢᠨ ᠲᠦᠯᠦᠭᠡ ᠪᠢᠴᠢᠭ᠍ᠰᠡᠨ ᠰᠢᠯᠦᠭ᠌ ᠪᠣᠳᠠᠭᠠᠨ ᠤ ᠳᠠᠷᠠᠭᠠᠭᠢ ᠬᠤᠭᠤᠯᠠ ᠪᠠᠢ᠌ᠯ᠎ᠠ

ᠪᠢᠴᠢᠭᠦ ᠦᠭᠡᠶ ᠪᠣᠯ ᠳᠡᠰᠭᠦ ᠦᠭᠡᠶ ᠦᠶ᠎ᠡ ᠪᠢᠴᠢᠭ᠍ᠰᠡᠨ ᠰᠢᠯᠦᠭ᠌ ᠪᠣᠷᠤᠭᠠᠨ ᠤ ᠡᠮᠦᠨᠡᠭᠢ ᠡᠭᠦᠯᠡᠰ ᠪᠠᠢ᠌ᠯ᠎ᠠ ᠁ ᠵᠤᠬᠢᠶᠠᠭᠴᠢ ᠶᠢᠨ ᠬᠠ‍‌ᠶᠢᠭ ᠄ ᠪᠠᠶᠠᠠᠬᠤᠰᠢᠭᠤ

ᠵᠤᠬᠢᠶᠠᠭᠴᠢ᠄ ᠭᠢᠶᠠᠨ ᠠᠵᠢᠨᠠᠢ
ᠬᠠᠷᠢᠶ᠎ᠠ᠄ ᠰᠢᠯᠦᠭ
ᠳᠠᠷᠤᠮ᠄ 1915
ᠴᠠᠭ᠄ 2011 ᠤᠨ ᠤ 03 ᠰᠠᠷ᠎ᠠ ᠶᠢᠨ 15