ᠠᠳᠤᠭᠤᠨ ᠰᠠᠯᠭᠢ

ᠠᠭᠳᠠ ᠶᠢᠨ ᠳᠤᠭᠤᠷᠠᠢ ᠪᠠᠷ

ᠣᠯᠠᠷᠢᠯ ᠭᠦᠪᠦᠷᠢᠳᠤᠨ ᠠᠭᠤᠯᠠ ᠪᠣᠰᠬᠠᠵᠤ

ᠳᠠᠯ᠎ᠠ ᠪᠠᠨ ᠳᠡᠯᠭᠡᠨ ᠳᠢᠪ ᠵᠣᠢ᠌ᠵᠤ

ᠢᠷᠠᠭᠤ ᠨᠠᠢ᠌ᠷᠠᠭ

ᠳᠤᠯᠠᠭ᠎ᠠ ᠭᠦᠭ᠍ᠵᠢᠭᠡᠨ ᠡᠭᠡᠰᠢᠭ᠌ ᠳᠠᠯᠠᠯᠠᠵᠤ ᠠᠢ᠌ᠰᠤᠢ᠃

       ᠨᠢᠭᠡ

ᠳᠤᠮᠤᠭ ᠤᠨ ᠰᠠᠯᠭᠢᠨ ᠶᠢᠡᠷ ᠭᠡᠢ᠌ᠰᠴᠤ

ᠳᠤᠷᠠᠳᠬᠠᠯ ᠤᠨ ᠪᠠᠭᠠᠳᠤᠳ ᠤᠨ ᠡᠮᠡᠭᠡᠯ ᠳᠡᠭᠡᠭᠦᠷ

ᠳᠡᠭ᠍ᠷᠢ ᠬᠠᠭᠵᠠᠷᠳᠠᠯ᠎ᠠ ᠣᠳᠤ ᠦᠷᠭᠦᠭᠡᠵᠤ

ᠦᠷᠤᠨᠠᠰᠢᠯᠠᠵᠤ

ᠡᠪᠦᠯ ᠢ ᠱᠤᠭᠰᠢᠭᠤᠯᠵᠤ

ᠦᠯᠮᠡᠢ ᠳᠡᠭᠡᠷ᠎ᠡ ᠪᠠᠨ ᠴᠠᠰᠤ ᠮᠡᠭ᠍ᠰᠢᠭᠦᠯᠵᠤ

ᠦᠷᠯᠦᠭ᠌ ᠨᠠᠷᠠ ᠪᠠᠷ ᠦᠷᠳᠡᠭᠡ ᠵᠢᠭᠠᠯᠭᠠᠵᠤ

ᠴᠢᠰᠤᠨ ᠳᠤᠮᠳᠠ ᠪᠠᠨ ᠳᠤᠭ ᠪᠣᠰᠬᠠᠵᠤ

ᠡᠭᠡ ᠭᠠᠵᠠᠷ ᠤᠨ ᠬᠤᠷᠮᠤᠢ ᠳᠠᠭᠠᠵᠤ ᠯᠤᠭᠰᠢᠬᠤ ᠳᠤ

ᠠᠭᠤᠯᠠᠰ ᠴᠢᠨᠤᠷᠠᠵᠤ ᠭᠦᠷᠡᠩᠳᠡᠭ᠍ᠰᠡᠨ ᠭᠡᠨ᠎ᠡ᠃


ᠭᠦᠯᠦᠭ᠌ ᠤᠨ ᠭᠢᠨᠢ ᠦᠣᠷᠰᠡᠯᠭᠡᠨ ᠳᠤ

ᠭᠦᠭᠡᠮᠡᠢ ᠨᠡᠢ᠌ᠯᠡᠭᠦᠯᠤᠨ

ᠭᠦᠭᠡ ᠨᠤᠭᠤᠭ᠎ᠠ ᠦᠨᠳᠠᠯᠵᠠᠨ

ᠭᠦᠡᠳᠤ ᠰᠠᠯᠠᠮ᠎ᠠ ᠬᠤᠢ ᠳᠠᠭᠠᠨ ᠣᠭᠰᠢᠨ

ᠭᠦᠷᠦᠭ᠍ᠰᠡᠨ ᠭᠠᠵᠠᠷ ᠪᠢᠰᠢᠷᠡᠳᠦᠭᠡᠢ᠂ ᠠᠶᠤᠳᠤᠭᠠᠢ ᠬᠠᠠᠭᠢᠨᠠᠨ᠎ᠠ᠃


ᠭᠦᠮᠦᠰ ᠨᠢ

ᠭᠦᠡᠳᠡᠢ ᠪᠣᠰᠤᠭᠰᠠᠨ ᠰᠠᠯᠭᠢ ᠡᠴᠡ

ᠭᠦᠯᠦᠭ᠌ ᠤᠨ ᠶᠢᠡᠨ ᠳᠠᠯ ᠰᠢᠭ᠌ ᠰᠦᠷ ᠪᠣᠰᠬᠠᠵᠤ

ᠭᠦᠯᠦᠰᠤ ᠲᠡᠶ ᠢᠷᠡᠭ᠍ᠰᠡᠨ ᠭᠠᠯᠠᠭᠤᠳ ᠡᠴᠡ

ᠭᠦᠷᠭᠦ ᠭᠠᠵᠠᠷ ᠤᠨ ᠪᠠᠷᠭᠡ ᠪᠠᠰᠤᠵᠤ

ᠭᠦᠮᠤᠨ ᠤ ᠨᠤᠳᠤᠭ ᠲᠤ

ᠭᠦᠭᠡ ᠳᠤᠭ ᠶᠢᠡᠨ ᠨᠡᠭᠦᠳᠡᠯ ᠶᠢᠡᠷ ᠨᠠᠮᠢᠷᠠᠭᠤᠯᠵᠤ ᠁

       ᠬᠤᠶᠠᠷ

ᠮᠤᠷᠢᠨ ᠨᠢᠷᠤᠭᠤᠨ ᠳᠡᠭᠡᠷ᠎ᠡ

ᠠᠮᠢᠰᠬᠤᠭ᠎ᠠ ᠰᠣᠢ᠌ᠵᠤ

ᠠᠮᠢᠳᠤᠷᠠᠯ ᠰᠣᠢ᠌ᠵᠤ ᠪᠣᠰᠤᠭᠰᠠᠨ

ᠠᠷᠤ ᠭᠠᠵᠠᠷ ᠤᠨ

ᠠᠭᠰᠤᠮ ᠴᠠᠭᠠᠨ ᠰᠢᠭᠤᠷᠭ᠎ᠠ

ᠳᠤᠭᠰᠢᠨ ᠬᠠᠷ᠎ᠠ ᠰᠦᠯᠳᠡ ᠮᠢᠨᠢ

ᠨᠠᠮᠢᠷᠠᠵᠤ

ᠰᠠᠯᠪᠠᠷᠠᠵᠤ ᠁

ᠮᠤᠯᠳᠤᠰᠢ ᠬᠠᠭᠠᠯᠠᠭ᠎ᠠ ᠪᠠᠷ

ᠳᠡᠦᠭᠡᠨ ᠡᠴᠡ ᠳᠤᠳᠠᠭᠠᠬᠤ ᠳᠤ

ᠡᠮᠡᠭᠡᠯ ᠤᠨ ᠭᠢᠨᠢ ᠪᠦᠭᠦᠷᠭᠡᠨ ᠳᠤ

ᠵᠠᠭᠤᠨ ᠵᠢᠯ ᠬᠠᠪᠣᠩᠨᠠᠨ ᠳᠡᠭᠦᠵᠢᠯᠡᠭ᠍ᠳᠡᠵᠤ ᠪᠠᠢ᠌ᠯ᠎ᠠ᠃


ᠬᠤᠶᠠᠷ ᠴᠢᠭᠤᠯᠭᠠᠨ ᠤ ᠬᠤᠨᠤᠭ ᠤᠳ ᠲᠤ

ᠬᠤᠭᠤᠰᠤᠨ ᠨᠢᠭᠦᠯᠡᠰᠭᠦᠢ ᠶᠢᠨ ᠣᠰᠤᠨ ᠲᠤᠷ ᠴᠢᠭᠢᠭ᠍ᠳᠦᠵᠤ

ᠬᠤᠷᠴᠠ ᠵᠡᠪᠰᠡᠭ᠌

ᠬᠤᠷᠳᠤᠨ ᠳᠤᠭᠤᠷᠠᠢ ᠪᠠᠨ ᠵᠢᠪᠠᠷᠡᠭᠦᠯᠵᠤ ᠁

ᠬᠠᠮᠢᠭ᠎ᠠ ᠬᠤᠯᠠ ᠶᠢᠨ ᠣᠳᠤᠨ

ᠬᠠᠶᠠᠭ᠎ᠠ ᠱᠦᠷᠭᠦᠭᠡᠵᠤ ᠣᠨᠠᠬᠤ ᠪᠠᠷ

ᠡᠵᠢ ᠶᠢᠨ ᠭᠦᠭᠡᠷᠦᠭᠦᠢ ᠭᠡᠭᠦ ᠳᠤᠭᠤᠯᠳᠠᠨ᠎ᠠ᠃


ᠠᠯᠢ ᠭᠡᠭᠡᠷ᠎ᠡ ᠶᠠᠪᠣᠵᠤ ᠪᠠᠢ᠌ᠭᠠᠤᠨ

ᠠᠯᠪᠢᠨ ᠭᠠᠯ ᠵᠤᠯᠭᠠᠯ᠎ᠠ

ᠡᠪᠦᠭᠡ ᠳᠡᠭᠡᠳᠦᠰ ᠤᠨ ᠮᠢᠨᠢ ᠭᠦᠭᠡ ᠰᠦᠨᠠᠰᠤ

ᠥᠡᠳᠦᠷᠯᠢᠭ᠌ ᠲᠡᠭᠡᠨ ᠭᠤᠨᠢᠵᠤ

ᠦᠪᠡᠷ ᠤᠨ ᠬᠣᠢ᠌ᠴᠢᠰ ᠲᠠᠭᠠᠨ ᠭᠤᠮᠤᠳᠠᠵᠤ

ᠥᠩᠭᠡᠷᠡᠵᠤ ᠣᠳᠤᠭᠰᠠᠨ ᠣᠨ ᠨᠤᠭᠤᠳ ᠲᠤ

ᠦᠪ ᠰᠠᠨᠠᠵᠤ ᠁


ᠲ᠋ᠡᠦᠭᠡ

ᠳᠠᠪᠳᠠᠵᠤ

ᠦᠯᠦ ᠳᠠᠪᠳᠠᠵᠤ

ᠦᠷᠭᠦᠯᠵᠢᠯᠡᠨ᠎ᠡ

ᠠᠳᠤᠭᠤᠨ ᠳᠠᠭᠠᠨ ᠭᠠᠷᠤᠯ᠎ᠠ

ᠠᠳᠤᠭᠤᠨ ᠰᠠᠯᠭᠢ ᠥᠭᠡᠳᠡ ᠡᠴᠡ

ᠠᠵᠠ ᠭᠡᠢ᠌ᠮᠦᠷᠢ ᠲᠡᠶ ᠶᠠᠪᠣᠭᠠᠷᠠᠢ ᠭᠡᠵᠤ ᠰᠠᠩᠭᠢᠨᠠᠨ᠎ᠠ

ᠡᠨ ᠳᠡᠭᠡ ᠡ ᠭᠡᠵᠤ ᠭᠡᠯᠡᠵᠤ ᠭᠠᠷᠤᠭᠰᠠᠨ ᠦᠭᠡᠶ ᠬᠤᠭᠤᠯᠠᠢ ᠴᠠᠴᠠᠷᠠᠨ᠎ᠠ᠃


ᠵᠤᠬᠢᠶᠠᠭᠴᠢ ᠶᠢᠨ ᠬᠠ‍‌ᠶᠢᠭ ᠄ ᠮᠠᠠᠵᠤᠤᠷ ᠬᠤᠳᠠ ᠶᠢᠨ ᠭᠠᠳᠠᠭᠠᠳᠤ ᠶᠠᠪᠣᠳᠠᠯ ᠤᠨ ᠭᠠᠵᠠᠷ

ᠵᠤᠬᠢᠶᠠᠭᠴᠢ᠄ ᠰᠠᠢ᠌ᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1802
ᠴᠠᠭ᠄ 2011 ᠤᠨ ᠤ 04 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ