ᠳᠤᠷᠠᠰᠬᠤ ᠦᠯᠢᠭᠡᠷ ᠲᠡᠶ ᠠᠮᠢᠳᠤᠷᠠᠯ ᠰᠠᠢ᠌ᠬᠠᠨ

ᠬᠠᠯᠠᠭᠤᠨ ᠰᠡᠳᠭᠢᠯ ᠬᠠᠢ᠌ᠷ᠎ᠠ ᠶᠢᠨ ᠳᠦᠷᠠᠯᠵᠠᠯ

ᠬᠠᠨᠢᠰᠤᠨ ᠪᠣᠯᠵᠤᠬᠤ ᠵᠢᠷᠦᠭᠡᠨ ᠤ ᠳᠤᠯᠭᠢᠰᠤᠯ

ᠬᠠᠷᠠᠰᠤᠮ᠎ᠠ ᠪᠠᠭᠤᠬᠤ ᠭᠦᠢᠳᠡᠨ ᠭᠢᠷᠠᠭᠤ

ᠬᠠᠭᠠᠴᠠᠨ ᠪᠣᠳᠠᠷᠠᠬᠤ ᠴᠡᠴᠡᠭ᠌ ᠤᠨ ᠭᠡᠯᠳᠡᠰ ᠡ

ᠳᠤᠷᠠᠯᠠᠯ ᠤᠨ ᠴᠡᠴᠡᠭ᠌ ᠭᠡᠵᠤ ᠡᠮᠵᠡᠭ‍ᠭᠡᠨ ᠶᠤᠮ

ᠳᠤᠸᠠᠯᠠᠳᠠᠯ᠎ᠠ ᠳᠡᠯᠭᠡᠷᠡᠭᠡ ᠦᠭᠡᠶ ᠴᠤ ᠪᠠᠯ ᠲᠡᠶ ᠶᠤᠮ

ᠳᠤᠷᠠᠳᠬᠠᠯ ᠳᠤ ᠵᠢᠪᠴᠤ ᠣᠶᠠᠷᠠᠵᠤ ᠰᠠᠭᠤᠯ᠎ᠠ ᠴᠤ

ᠳᠤᠷᠠᠰᠬᠤ ᠦᠯᠢᠭᠡᠷ ᠲᠡᠶ ᠠᠮᠢᠳᠤᠷᠠᠯ ᠰᠠᠢ᠌ᠬᠠᠨ

ᠳᠤᠩᠬᠠᠭ ᠳᠤᠭ ᠲᠡᠶ ᠬᠠᠷᠠᠴᠠ ᠶᠢᠨ ᠣᠶᠠᠩᠭ᠋ᠠᠷᠠᠯ

ᠳᠤᠩᠭ᠋ᠠᠯᠠᠭ ᠰᠠᠷᠠᠨ ᠤ ᠬᠤᠤᠰᠯᠠᠯ ᠪᠣᠯᠵᠤᠭ᠎ᠠ

ᠳᠤᠷᠭᠤᠨ ᠰᠠᠯᠬᠤ ᠶᠢᠨ ᠬᠠᠳᠠᠭᠤ ᠳᠠᠪᠢᠯᠠᠩ

ᠳᠤᠷᠠᠰᠤᠯ ᠳᠤ ᠵᠠᠩᠭᠢᠷᠬᠤ ᠨᠠᠰᠤᠨ ᠤ ᠭᠠᠠᠵᠤᠭ᠎ᠠ ᠡ

ᠢᠨᠠᠭ ᠤᠨ ᠴᠡᠴᠡᠭ᠌ ᠭᠡᠵᠤ ᠡᠮᠵᠡᠭ‍ᠭᠡᠨ ᠶᠤᠮ

ᠢᠷᠠᠯᠵᠠᠮ᠎ᠠ ᠳᠡᠯᠭᠡᠷᠡᠭᠦ ᠦᠭᠡᠶ ᠴᠤ ᠪᠠᠯ ᠲᠡᠶ ᠶᠤᠮ

ᠡᠷᠭᠢᠴᠡᠭᠦᠯᠦᠯ ᠰᠤᠪᠢᠵᠤ ᠡᠮᠳᠡᠷᠡᠵᠤ ᠰᠠᠭᠤᠯ᠎ᠠ ᠴᠤ

ᠡᠷᠢᠭ᠍ᠳᠡᠭᠦ ᠣᠴᠢᠷ ᠲᠡᠶ ᠠᠮᠢᠳᠤᠷᠠᠯ ᠰᠠᠢ᠌ᠬᠠᠨ



ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ ᠬᠤᠳᠠ ᠶᠢᠨ ᠠᠷᠤ ᠬᠤᠷᠴᠢᠨ ᠬᠤᠰᠢᠭᠤ

ᠵᠤᠬᠢᠶᠠᠭᠴᠢ᠄ ᠷᠢᠠ᠊·ᠨᠠᠰᠤᠨ‍ᠦ᠌ᠯᠵᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1303
ᠴᠠᠭ᠄ 2010 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁