ᠳᠠ ᠨᠡᠷ ᠲᠤ ᠪᠠᠨ ᠢᠯᠡᠭᠡᠭᠦ ᠨᠢᠭᠡᠨ ᠬᠤᠪᠢ ᠵᠠᠭᠢᠳᠠᠯ

ᠪᠣᠷᠴᠠᠭ ᠢ ᠪᠣᠷᠴᠠᠭ ᠤᠨ ᠡᠰᠢ ᠪᠠᠷ ᠴᠢᠨᠠᠬᠤᠶ᠎ᠠ

ᠪᠣᠷᠴᠠᠭ ᠳᠤᠭᠤᠭᠠᠨ ᠳᠤᠳᠤᠷ᠎ᠠ ᠣᠭᠢᠯᠠᠮᠤᠢ᠂

ᠪᠦᠭᠦᠳᠡᠭᠡᠷ ᠪᠢᠳᠠ ᠨᠢᠭᠡᠯᠡ ᠦᠨᠳᠦᠰᠦᠨ ᠤ ᠢᠵᠠᠭᠤᠷ ᠲᠡᠶ ᠠᠳᠠᠯ᠎ᠠ

《ᠬᠤᠵᠠ》 ᠭᠡᠮᠡᠨ ᠨᠡᠷᠡᠯᠡᠳᠡᠭ᠌ ᠤᠨ ᠣᠴᠢᠷ ᠶᠠᠭᠤᠨ ᠪᠢᠯᠠ ︖

ᠡᠯᠢᠭᠡ ᠨᠢᠭᠡᠳᠡᠨ ᠭᠡᠮᠡᠨ ᠳᠠ ᠨᠡᠷ ᠢ ᠪᠠᠨ ᠳᠤᠨᠤᠴᠢᠯᠠᠳᠠᠭ

ᠪᠢᠳᠠᠨ ᠤ ᠬᠠᠯᠠᠭᠤᠨ ᠰᠡᠳᠭᠢᠯ᠂

ᠣᠠᠳᠤᠤ ᠳᠦᠷᠤᠯᠳᠠᠨ ᠭᠡᠮᠡᠨ ᠥᠭᠡᠷ᠎ᠡ ᠨᠢᠳᠤ ᠪᠠᠷ ᠬᠠᠷᠠᠳᠠᠭ

ᠳᠠ ᠨᠡᠷ ᠤᠨ ᠪᠣᠷᠤᠭᠤ ᠰᠠᠨᠠᠭ᠎ᠠ᠃


ᠳᠡᠭᠡᠳᠤ ᠶᠢᠨ ᠦᠰᠦᠭ᠌ ᠶᠢᠡᠨ ᠺᠢᠷᠢᠯ ᠶᠢᠡᠷ ᠰᠤᠯᠢᠭᠰᠠᠨ ᠳᠠ ᠨᠡᠷ ᠢ

ᠳᠡᠯᠭᠡᠷ ᠮᠤᠩᠭ᠋ᠤᠯ ᠰᠤᠶᠤᠯ ᠶᠢᠡᠨ

ᠳᠡᠯᠡᠭᠡᠢ᠌ᠴᠢᠯᠡᠭᠦ ᠭᠡᠮᠡᠭ᠍ᠰᠡᠨ ᠪᠢᠵᠠ ᠭᠡᠵᠤ ᠪᠢᠳᠠ ᠣᠢ᠌ᠯᠠᠭᠠᠳᠠᠭ ᠠᠳᠠᠯ᠎ᠠ

ᠳᠡᠭᠡᠳᠦᠰ ᠤᠨ ᠪᠣᠶᠠᠨ ᠣᠢ᠌ᠭᠤᠷᠵᠢᠨ ᠦᠰᠦᠭ᠌ ᠶᠢᠡᠨ ᠥᠪᠯᠡᠭ᠍ᠰᠡᠨ ᠪᠢᠳᠠᠨ ᠢ

ᠳᠠᠮᠤᠵᠢᠨ ᠤ ᠬᠣᠢ᠌ᠴᠢᠰ ᠭᠡᠮᠡᠨ ᠮᠡᠳᠡᠷᠡᠭᠦ ᠦᠭᠡᠶ ᠴᠢᠨᠢ ᠶᠠᠭᠤᠨ ︖


ᠴᠡᠪᠠᠷᠭᠡᠨ ᠮᠤᠩᠭ᠋ᠤᠯ ᠭᠡᠯᠡᠨ ᠳᠤ ᠪᠠᠨ

ᠬᠠᠠᠽ ᠬᠤᠯᠢᠯᠳᠠᠭᠤᠯᠤᠰᠠᠨ ᠮᠠᠨ ᠳᠤ ᠪᠣᠷᠤᠭᠤ ᠲᠡᠶ ᠭᠡᠭᠦ ᠳᠤ᠂

ᠴᠡᠭᠡᠯᠭᠡᠨ ᠮᠤᠩᠭ᠋ᠤᠯ ᠠᠶᠠᠯᠭᠤᠨ ᠳᠤ ᠪᠠᠨ

ᠣᠷᠤᠰ ᠠᠶᠠᠯᠭᠤ ᠬᠠᠳᠠᠭᠠᠯᠠᠭᠰᠠᠨ ᠳᠠ ᠨᠡᠷ ᠲᠤ ᠪᠣᠷᠤᠭᠤ ᠦᠭᠡᠶ ᠭᠡᠵᠤ ᠦᠦ ︖


ᠳᠠᠭᠤᠳᠠᠬᠤ ᠳᠤ ᠳᠦᠭᠦᠮ ᠭᠡᠵᠤ

ᠳᠠᠭᠤᠷᠢᠰᠬᠤ ᠣᠪᠣᠭ ᠶᠢᠠᠨ ᠭᠢᠳᠠᠤᠨ ᠶᠢᠡᠷ ᠳᠦᠭᠦᠮᠴᠢᠯᠡᠭ᠍ᠰᠡᠨ

ᠪᠢᠳᠠᠨ ᠢ ᠮᠤᠩᠬᠠᠭ ᠭᠡᠭᠦ ᠳᠤ᠂

ᠪᠠᠷᠠᠭᠤᠨ ᠤ ᠭᠢ ᠶᠢ ᠳᠠᠭᠤᠷᠢᠶᠠᠵᠤ

ᠪᠠᠬᠠᠷᠠᠮ᠎ᠠ ᠣᠪᠣᠭ ᠶᠢᠡᠨ ᠡᠴᠢᠭᠡ ᠶᠢᠨ ᠶᠢᠡᠨ ᠨᠠᠷ᠎ᠠ ᠪᠠᠷ ᠰᠤᠯᠢᠭᠰᠠᠨ

ᠳᠠ ᠨᠡᠷ ᠳᠡᠨᠡᠭ᠌ ᠪᠢᠰᠢ ᠦᠦ ︖


ᠡᠴᠢᠨᠡᠨ ᠵᠢᠯ ᠤᠨ ᠡᠮᠤᠨ᠎ᠡ ᠳᠡᠭ᠍ᠷᠢᠯᠢᠭ᠌ ᠣᠯᠤᠰ ᠲᠤ ᠰᠥᠭᠦᠷᠡᠵᠤ

ᠡᠷᠭᠡ ᠪᠠᠨ ᠠᠯᠳᠠᠭᠰᠠᠨ ᠨᠢ

ᠡᠷᠳᠡᠨ ᠤ ᠨᠢᠭᠡᠨ ᠦᠶ᠎ᠡ ᠶᠢᠨ ᠶᠠᠯ᠎ᠠ ᠯᠠ ᠪᠢᠵᠠ᠂

ᠡᠷᠢᠨ ᠵᠠᠭᠤᠨ ᠤ ᠪᠣᠱᠤᠭ᠎ᠠ ᠳᠡᠭᠡᠷ᠎ᠡ

ᠡᠷ᠎ᠡ ᠶᠢᠨ ᠭᠡᠢ᠌ᠮᠦᠷᠢ ᠶᠢ ᠮᠠᠠᠳᠤᠭᠤᠯᠵᠤ

ᠡᠷᠳᠡᠮ ᠰᠤᠳᠤᠷ ᠶᠢᠡᠨ ᠭᠦᠭ᠍ᠵᠢᠭᠦᠯᠭᠦ ᠪᠠᠷ ᠳᠡᠮᠡᠴᠡᠭᠡ

ᠦᠨᠦᠳᠤᠷ ᠤᠨ ᠪᠢᠳᠠᠨ ᠢ ᠦᠵᠠᠨ ᠶᠠᠳᠠᠳᠠᠭ ᠴᠢᠨᠢ ᠶᠠᠭᠤᠨ︖

ᠵᠠᠪᠰᠢᠶᠠᠨ ᠢ ᠳᠠᠯᠢᠮᠳᠠᠭᠤᠯᠤᠨ ᠮᠦᠩᠭᠦ ᠬᠤᠠᠵᠢᠳᠠᠭ ᠨᠢ

ᠵᠠᠷᠢᠮ ᠭᠦᠮᠦᠰ ᠤᠨ ᠯᠠ ᠵᠠᠪᠬᠠᠢ ᠰᠠᠨᠠᠭ᠎ᠠ ᠪᠢᠵᠠ᠂

ᠣᠨᠤᠨ ᠮᠦᠷᠠᠨ ᠤ ᠣᠰᠤ ᠪᠠᠷ ᠣᠮᠳᠠᠯᠠᠵᠤ ᠪᠠᠢ᠌ᠭ᠎ᠠ

ᠣᠳᠤᠮ ᠨᠢᠭᠡᠳᠡᠢ ᠠᠬᠠᠨ ᠳᠡᠭᠦᠦᠰ ᠲᠡᠶ ᠪᠠᠨ

ᠠᠭᠤᠰᠭᠢ ᠵᠢᠷᠦᠭᠡ ᠪᠠᠷ ᠶᠢᠡᠨ ᠬᠤᠯᠪᠣᠯᠴᠠᠬᠤ ᠭᠡᠰᠡᠨ ᠨᠢ ᠬᠠᠷᠢᠨ

ᠠᠭᠤᠤ ᠪᠣᠳᠤᠯᠭ᠎ᠠ ᠶᠤᠮ ᠰᠢᠤ᠂ ᠪᠢᠳᠠᠨ ᠤ

ᠰᠡᠯᠡᠩᠭᠡ ᠮᠦᠷᠠᠨ ᠤ ᠡᠷᠭᠢ ᠳ᠋ᠠᠭᠢ

ᠰᠠᠶ᠎ᠠ ᠪᠣᠮᠠᠨ ᠠᠬᠠᠨ ᠳᠡᠭᠦᠦᠰ ᠲᠡᠶ ᠪᠠᠨ

ᠰᠡᠳᠭᠢᠯ ᠵᠢᠷᠦᠭᠡ ᠪᠠᠷ ᠶᠢᠡᠨ ᠬᠤᠯᠪᠣᠯᠴᠠᠬᠤ ᠭᠡᠰᠡᠨ ᠨᠢ

ᠰᠡᠷᠢᠭᠦᠨ ᠰᠦᠨᠢ ᠶᠢᠨ ᠵᠡᠭᠦᠳᠤ ᠶᠤᠮ ᠰᠢᠤ᠂ ᠪᠢᠳᠠᠨ ᠤ

ᠭᠦᠪᠰᠦᠭᠦᠯ ᠣᠪᠰᠤ ᠶᠢᠨ ᠭᠦᠪᠠᠭᠡ ᠪᠠᠷ ᠨᠤᠳᠤᠭᠯᠠᠭ᠎ᠠ

ᠭᠦᠢᠰᠤ ᠨᠢᠭᠡᠳᠡᠢ ᠠᠬᠠᠨ ᠳᠡᠭᠦᠦᠰ ᠲᠡᠶ ᠪᠠᠨ

ᠭᠦᠭ᠍ᠵᠢᠯ ᠪᠠᠳᠠᠷᠠᠯ ᠶᠢᠡᠨ ᠨᠢᠭᠡᠳᠭᠡᠵᠤ ᠶᠠᠪᠣᠶ᠎ᠠ ᠭᠡᠵᠤ

ᠭᠦᠰᠡᠵᠤ ᠪᠠᠢ᠌ᠨ᠎ᠠ᠂ ᠪᠢᠳᠠ ᠁


ᠨᠢᠭᠡᠳᠦᠭ᠍ᠰᠡᠨ ᠣᠯᠤᠰ ᠤᠨ ᠵᠠᠭᠢᠷᠤᠯ ᠳᠤ ᠦᠭᠡᠶ ᠴᠤ

ᠨᠢᠭᠡ ᠰᠠᠨᠠᠭ᠎ᠠ ᠲᠡᠶ ᠶᠠᠪᠣᠭᠠᠷᠠᠢ ᠭᠡᠵᠤ

ᠡᠵᠡᠨ ᠴᠢᠩᠭᠢᠰ ᠵᠠᠷᠯᠢᠭᠳᠠᠵᠤ ᠪᠠᠢ᠌ᠨ᠎ᠠ᠂

ᠬᠠᠭᠠᠴᠠᠵᠤ ᠵᠠᠳᠠᠷᠠᠭᠰᠠᠨ ᠰᠡᠳᠭᠢᠯ ᠶᠢᠠᠨ ᠨᠢᠭᠡᠳᠭᠡᠵᠤ

ᠬᠠᠯᠠᠭᠤᠨ ᠡᠯᠢᠭᠡᠨ ᠨᠤᠳᠤᠭ ᠶᠢᠡᠨ ᠴᠤᠭᠴᠠᠯᠠᠵᠤ ᠶᠠᠪᠣᠭᠠᠷᠠᠢ ᠭᠡᠵᠤ

ᠬᠠᠳᠤᠨ ᠮᠠᠠᠳᠤᠬᠠᠢ ᠰᠤᠷᠭᠠᠵᠤ ᠪᠠᠢ᠌ᠨ᠎ᠠ᠂

ᠭᠠᠵᠢᠭᠤ ᠪᠣᠷᠤᠭᠤ ᠥᠭᠡᠨ ᠡᠴᠠ ᠪᠣᠯᠵᠤ

ᠭᠠᠳᠠᠭᠰᠢ ᠪᠠᠨ ᠪᠢᠳᠡᠭᠡᠢ ᠵᠠᠳᠠᠷᠠ ᠭᠡᠵᠤ

ᠭᠠᠯᠳᠠᠨ ᠪᠣᠱᠤᠭᠳᠤ ᠭᠢᠯᠢᠩᠨᠠᠵᠤ ᠪᠠᠢ᠌ᠨ᠎ᠠ᠃


ᠵᠤᠬᠢᠶᠠᠭᠴᠢ ᠶᠢᠨ ᠬᠠ‍‌ᠶᠢᠭ ᠄ ᠪᠠᠷᠠᠭᠤᠨ ᠬᠣᠢ᠌ᠳᠤ ᠶᠢᠨ ᠪᠠᠭᠰᠢ ᠶᠢᠨ ᠰᠤᠷᠭᠠᠭᠤᠯᠢ

ᠵᠤᠬᠢᠶᠠᠭᠴᠢ᠄ ᠮᠠᠠᠳᠠᠷᠸ᠎ᠠ
ᠬᠠᠷᠢᠶ᠎ᠠ᠄ ᠰᠢᠯᠦᠭ
ᠳᠠᠷᠤᠮ᠄ 1903
ᠴᠠᠭ᠄ 2012 ᠤᠨ ᠤ 12 ᠰᠠᠷ᠎ᠠ ᠶᠢᠨ 06