ᠭᠤᠤᠯ ᠳᠤ ᠬᠠᠷᠠᠢᠯ᠎ᠠ

ᠭᠤᠴᠢᠭᠠᠤᠨ ᠨᠠᠰᠤᠳᠠᠢ ᠨᠢᠭᠡᠨ ᠵᠠᠯᠠᠭᠤ ᠨᠢᠳᠤᠨ ᠳ᠋ᠤᠨᠢ ᠭᠤᠨᠢᠭ ᠪᠦᠷᠭᠦᠵᠤ᠂ ᠨᠢᠭᠤᠷ ᠳᠤᠨᠢ ᠠᠳᠤᠷᠢᠶ᠎ᠠ ᠰᠠᠭᠤᠵᠤ᠂ ᠨᠢᠷᠤᠭᠤ ᠪᠦᠭᠦᠢᠨ᠂ ᠳᠤᠯᠤᠭᠠᠢ ᠳᠠᠷᠤᠨ᠂ ᠭᠦᠭᠦᠷᠭᠡᠨ ᠤ ᠭᠡᠷᠡᠰᠭᠡ ᠳᠤ ᠰᠠᠠᠳᠠᠢ᠌ᠯᠠᠨ ᠰᠠᠭᠤᠭᠠᠤᠨ᠂ ᠮᠠᠯᠮᠠᠯᠵᠠᠨ ᠣᠷᠤᠰᠬᠤ ᠭᠤᠤᠯ ᠤᠨ ᠣᠰᠤ ᠶᠢ ᠴᠢᠭᠡ ᠬᠠᠷᠠᠵᠤ᠂ ᠳᠠᠮᠠᠭᠢ ᠪᠠᠨ ᠵᠠᠯᠭ᠎ᠠ ᠵᠠᠯᠭ᠎ᠠ ᠪᠠᠷ ᠨᠤᠴᠤᠭᠠᠵᠤ ᠳᠠᠭᠢᠨ ᠳᠠᠭᠢᠨ ᠰᠤᠷᠤᠨ᠎ᠠ᠃ ᠣᠳᠠᠳᠠᠯ᠎ᠠ ᠰᠠᠭᠤᠭᠠᠤᠨ ᠰᠡᠳᠭᠢᠯ ᠰᠢᠭᠤᠳᠴᠤ ᠭᠤᠤᠯ ᠳᠤ ᠬᠠᠷᠠᠢ᠌ᠶ᠎ᠠ ᠭᠡᠳ ᠭᠦᠯ ᠶᠢᠡᠨ ᠡᠷᠭᠦᠭᠦ ᠲᠡᠶ ᠵᠡᠷᠭᠡ᠂ ᠳᠤᠯᠤᠭᠠᠢ ᠳᠡᠭᠡᠭᠦᠷ ᠱᠠᠭᠠᠵᠠᠭᠠᠢ ᠱᠠᠭᠰᠢᠬᠤ ᠶᠢ ᠰᠤᠨᠤᠰᠪᠠ᠃ ᠨᠢᠳᠤ ᠨᠡᠭᠡᠭᠡᠨ ᠬᠠᠷᠠᠪᠠᠯ᠂ ᠬᠤᠶᠠᠷ ᠱᠠᠭᠠᠵᠠᠭᠠᠢ ᠬᠠᠢ᠌ᠴᠢᠨ ᠵᠢᠭᠦᠷ ᠶᠢᠡᠷ ᠳᠠᠪᠢᠵᠤ ᠦᠨᠳᠦᠷ ᠠᠭᠤᠯᠠ ᠳᠠᠰᠢ ᠨᠢᠰᠤᠨ ᠣᠳᠤᠯ᠎ᠠ᠃ ᠡᠨᠡ ᠰᠠᠢ᠌ᠬᠠᠨ ᠦᠵᠡᠮᠵᠢ ᠶᠢ ᠦᠵᠡᠨ ᠪᠠᠬᠠᠷᠠᠭᠠᠤᠨ ᠡᠨᠡ ᠬᠤᠷᠸ᠎ᠠ ᠡᠴᠠ ᠰᠠᠯᠵᠤ ᠤᠳᠬᠤ ᠪᠠᠨ ᠲᠦᠷ ᠬᠣᠢ᠌ᠰᠢᠯᠠᠪᠠ᠃ ᠳᠡᠭᠡᠭᠡᠳ ᠭᠦᠯ ᠶᠢᠡᠨ ᠳᠠᠳᠠᠵᠤ᠂ ᠭᠡᠷᠡᠰᠭᠡ ᠳᠡᠭᠡᠨ ᠳᠠᠭᠢᠨ ᠰᠠᠭᠤᠭᠠᠤᠨ᠂ ᠳᠤᠯᠭᠠᠷᠠᠭᠰᠠᠨ ᠵᠤᠪᠠᠯᠠᠩ ᠶᠢᠡᠨ ᠡᠷᠭᠢᠴᠡᠭᠦᠯᠤᠨ ᠪᠣᠳᠤᠬᠤ ᠳᠤ ᠲᠦᠯᠭᠡᠨ ᠣᠷᠤᠰᠬᠠᠯ ᠣᠶᠠᠩᠭ᠋ᠠᠯᠠᠨ ᠥᠩᠭᠡᠷᠡᠨ᠎ᠡ᠃

᠁ ᠁

ᠰᠡᠳᠭᠢᠯ ᠳᠡᠭᠡᠨ ᠳᠤᠩᠭ᠋ᠠᠨ ᠪᠣᠳᠤᠪᠠᠯ᠂ ᠠᠪᠣ ᠡᠵᠢ ᠨᠢ ᠳᠡᠭᠦᠨ ᠢ ᠪᠠᠭᠠᠳᠤᠷ ᠪᠣᠯᠬᠤ ᠶᠢ ᠭᠦᠰᠡᠭᠡᠳ ᠰᠦᠰᠦᠳᠤ ᠭᠡᠵᠤ ᠨᠠᠷᠠᠯᠠᠵᠠᠢ᠃ ᠭᠡᠳᠡᠯ᠎ᠡ ᠳᠡᠭᠦᠨ ᠤ ᠪᠠᠶ᠎ᠠ ᠨᠢ ᠦᠰᠭᠦ ᠳᠤᠳᠤᠮ ᠰᠦᠰᠦ ᠨᠢ ᠪᠠᠭ᠎ᠠ ᠪᠣᠯᠵᠤ᠂ ᠠᠶᠤᠨ ᠡᠮᠢᠶᠡᠭ᠍ᠰᠡᠭᠡᠷ ᠪᠠᠢ᠌ᠭᠠᠤᠨ ᠠᠯᠢᠪᠠ ᠡᠴᠠ ᠬᠤᠴᠤᠷᠤᠨ᠂ ᠡᠭᠡᠨᠡᠷ ᠲᠡᠭᠡᠨ ᠵᠠᠩᠨᠠᠭᠳᠠᠬᠤ ᠪᠣᠯᠵᠠᠢ᠃ ᠳᠡᠭᠡᠭᠡᠳ ᠡᠭᠡᠨᠡᠷ ᠤᠨ ᠭᠢᠨᠢ ᠭᠠᠰᠢᠭᠤᠳᠠᠵᠤ ᠭᠠᠩᠭ᠋ᠠᠨᠠᠬᠤ ᠳᠠᠭᠤᠨ ᠨᠢ ᠦᠷᠭᠦᠯᠵᠢ ᠴᠢᠭᠢᠨ ᠤ ᠬᠤᠩᠬ᠎ᠠ ᠪᠣᠯᠵᠤ ᠭᠤᠩᠭᠢᠨᠠᠨ᠎ᠠ᠄

᠊᠊᠊᠊᠊᠊᠊᠊᠊᠊᠊᠊᠊᠊᠊ ᠴᠢᠨᠤ ᠳᠠᠷᠠ ᠳᠦᠷᠢ ᠪᠠᠨ ᠰᠢᠠᠵᠢ᠂ ᠪᠠᠢ᠌ᠭᠤᠯᠤᠯᠭ᠎ᠠ ᠳᠤ ᠠᠵᠢᠯᠯᠠᠭᠠᠤᠨ ᠠᠷᠪᠠᠭᠠᠤᠨ ᠵᠢᠯ ᠪᠣᠯᠤᠭᠰᠠᠨ ᠪᠠᠢ᠌ᠭᠠᠤᠨ ᠠᠳᠠᠭ ᠪᠠᠭ᠎ᠠ ᠳᠠᠭᠠᠨ ᠰᠠᠯᠠᠭᠠᠨ ᠳᠠᠷᠤᠭ᠎ᠠ ᠴᠤ ᠪᠢᠰᠢ ᠁ ᠭᠡᠨ᠎ᠡ᠃ ᠡᠭᠡᠨᠡᠷ ᠲᠡᠭᠡᠨ ᠠᠳᠠ ᠪᠣᠯᠬᠤ ᠶᠢ ᠢᠴᠢᠩᠭᠦᠷᠢ ᠭᠡᠵᠤ ᠰᠡᠳᠭᠢᠭᠡᠳ ᠰᠦᠰᠦᠳᠤ ᠬᠠᠷᠢᠭᠤ ᠳ᠋ᠤᠨᠢ᠄

᠊᠊᠊᠊᠊᠊᠊᠊᠊᠊᠊᠊᠊᠊᠊ ᠰᠠᠯᠠᠭᠠᠨ ᠳᠠᠷᠤᠭ᠎ᠠ ᠪᠣᠯᠤᠭᠰᠠᠨ ᠦᠭᠡᠶ ᠪᠢ ᠠᠬᠤᠤ ᠠᠮᠢᠳᠤᠷᠠᠵᠤ ᠪᠠᠢ᠌ᠭ᠎ᠠ ᠪᠢᠰᠢᠤ ᠭᠡᠯ᠎ᠡ᠃

᠊᠊᠊᠊᠊᠊᠊᠊᠊᠊᠊᠊᠊᠊᠊ ᠶᠠᠮᠠᠷ ᠠᠬᠤᠤ ᠳ᠋ᠠ ︕ ᠴᠢᠮᠠᠳᠠᠢ ᠬᠠᠮᠳᠤ ᠠᠵᠢᠯᠯᠠᠭᠰᠠᠨ ᠵᠠᠩ ᠠᠪᠣᠭᠠᠢ ᠭᠡᠳᠦᠭᠡᠨ ᠵᠢᠯ ᠳᠤ ᠭᠠᠵᠠᠷ ᠤᠨ ᠳᠠᠷᠤᠭ᠎ᠠ ᠪᠣᠯᠤᠭᠠᠤᠨ ᠵᠠᠪᠳᠤᠪᠠ᠃

᠊᠊᠊᠊᠊᠊᠊᠊᠊᠊᠊᠊᠊᠊᠊ ᠵᠤᠭᠤᠰ ᠶᠢᠡᠷ ᠭᠡᠭᠡᠯᠢ ᠲᠦᠯᠭᠢᠭᠦ ᠶᠢ ᠭᠡᠨ ᠴᠢᠳᠠᠬᠤ ᠦᠭᠡᠶ ᠪᠣᠢ ︖

᠊᠊᠊᠊᠊᠊᠊᠊᠊᠊᠊᠊᠊᠊᠊ ᠴᠢ ᠨᠢᠭᠡ ᠴᠢᠳᠠᠵᠤ ᠦᠵᠡ ︕

᠊᠊᠊᠊᠊᠊᠊᠊᠊᠊᠊᠊᠊᠊᠊ ᠨᠠᠳᠠ ᠵᠤᠭᠤᠰ ᠪᠠᠢ᠌ᠬᠤ ᠦᠭᠡᠶ᠁

᠊᠊᠊᠊᠊᠊᠊᠊᠊᠊᠊᠊᠊᠊᠊ ᠴᠢ ᠶᠠᠭᠠᠭᠢᠭᠠᠤᠨ ᠵᠤᠭᠤᠰ ᠣᠯᠵᠤ ᠴᠢᠳᠠᠬᠤ ᠦᠭᠡᠶ ᠳ᠋ᠠ᠂ ᠵᠠᠩ ᠠᠪᠣᠭᠠᠢ ᠳᠠᠷᠤᠭ᠎ᠠ ᠰᠠᠭᠤᠨᠠᠷᠠᠨ ᠭᠡᠭᠡᠯᠢ ᠲᠦᠯᠭᠢᠭ᠍ᠰᠡᠨ ᠵᠤᠭᠤᠰ ᠡᠴᠠ ᠭᠡᠳᠤᠨ ᠳᠠᠭᠢᠨ ᠵᠤᠭᠤᠰ ᠣᠯᠤᠭᠠᠤᠨ ᠪᠠᠰᠠ ᠭᠡᠳᠤᠨ ᠰᠠᠭᠤᠷᠢ ᠪᠠᠢ᠌ᠰᠢᠩ ᠲᠡᠶ ᠪᠣᠯᠵᠠᠢ᠃ ᠴᠢ ᠶᠠᠮᠠᠷ ︖ ᠭᠡᠰᠡᠨ ᠳᠤ ᠰᠦᠰᠦᠳᠤ ᠶᠢᠨ ᠰᠦᠰᠦ ᠭᠡᠮᠭᠡᠷᠡᠵᠤ᠂ ᠭᠡᠯᠡᠭᠦ ᠦᠭᠡ ᠦᠭᠡᠶ᠂ ᠳᠤᠭᠤᠢ ᠰᠠᠭᠤᠪᠠ᠃ ᠳᠡᠢ᠌ᠯᠦᠭ᠍ᠰᠡᠨ ᠡᠮ᠎ᠡ ᠶᠢᠨ ᠳᠠᠯᠠᠩ ᠨᠢ ᠡᠷᠳᠡᠭᠡᠷ ᠭᠡᠭ᠍ᠴᠢ ᠪᠠᠷ᠄

᠊᠊᠊᠊᠊᠊᠊᠊᠊᠊᠊᠊᠊᠊᠊ ᠳᠡᠭᠦᠨ ᠤ ᠭᠦᠤ ᠨᠢ ᠰᠤᠷᠤᠯᠭ᠎ᠠ ᠪᠠᠷ ᠮᠢᠨᠤ ᠭᠦᠤ ᠶᠢ ᠬᠤᠯᠠ ᠭᠦᠷᠭᠦ ᠦᠭᠡᠶ ᠪᠠᠢ᠌ᠭᠠᠤᠨ ᠭᠤᠤᠯᠳᠠᠯᠭ᠎ᠠ ᠪᠣᠯᠤᠭᠰᠠᠨ ᠳᠤᠮᠳᠠᠳᠤ ᠰᠤᠷᠭᠠᠭᠤᠯᠢ ᠳᠤ ᠣᠷᠤᠵᠤ ᠴᠢᠳᠠᠭᠰᠠᠨ ᠢ ᠪᠣᠳᠤᠵᠤ ᠦᠵᠡ ︕ ᠭᠡᠪᠡ᠃

ᠰᠦᠰᠦᠳᠤ ᠶᠢᠨ ᠵᠤᠷᠢᠭ ᠮᠤᠬᠤᠵᠤ ᠳᠤᠯᠤᠭᠠᠢ ᠨᠢ ᠦᠮᠦᠳᠦᠨ ᠠᠯᠠ ᠳᠠᠭᠠᠨ ᠰᠢᠷᠭᠢᠮᠠᠷ ᠪᠣᠯᠵᠠᠢ᠃ ᠭᠦᠤ ᠶᠢᠨ ᠶᠢᠡᠨ ᠰᠤᠷᠭᠠᠭᠤᠯᠢ ᠳᠠᠪᠰᠢᠬᠤ ᠳᠤᠬᠠᠢ ᠪᠣᠳᠤᠩᠭ᠋ᠤᠳᠠ ᠭᠤᠰ ᠦᠰᠤᠷᠤᠨ ᠪᠣᠰᠴᠤ᠂ ᠵᠤᠭᠤᠰ ᠵᠤᠭ᠎ᠠ ᠣᠯᠵᠤ᠂ ᠳᠠᠨᠢᠯ ᠭᠦᠮᠤᠨ ᠡᠷᠢᠵᠤ᠂ ᠬᠣᠢ᠌ᠳᠤ ᠡᠭᠦᠳᠡ ᠶᠢ ᠨᠢ ᠳᠤᠭᠰᠢᠵᠤ ᠦᠵᠡᠶ᠎ᠠ ᠭᠡᠵᠤ ᠪᠣᠳᠤᠨ ᠭᠠᠷᠴᠤ ᠣᠴᠢᠯ᠎ᠠ᠃

ᠨᠢᠳᠤᠨᠤᠨ ᠤ ᠰᠤᠷᠭᠠᠭᠤᠯᠢ ᠳᠠᠪᠰᠢᠬᠤ ᠰᠢᠯᠭᠠᠯᠳᠠ ᠳᠤ ᠭᠦᠤ ᠨᠢ ᠭᠢᠴᠢᠶᠠᠯ ᠨᠢᠭᠡᠪᠦᠷᠢ ᠳᠤ ᠳᠠᠪᠢᠨ ᠶ‍ᠢᠰᠤᠨ ᠬᠤᠪᠢ ᠣᠯᠤᠭᠠᠤᠨ ᠣᠴᠢᠷ ᠲᠡᠶ ᠨᠢᠭᠡ ᠨᠢᠭᠡ ᠬᠤᠪᠢ ᠶᠢᠨ ᠢᠷᠸ᠎ᠠ ᠪᠠᠷ ᠰᠤᠷᠭᠠᠭᠤᠯᠢ ᠳᠠᠪᠰᠢᠵᠤ ᠳᠡᠢ᠌ᠯᠦᠭ᠍ᠰᠡᠨ ᠦᠭᠡᠶ᠃ ᠰᠦᠰᠦᠳᠤ ᠣᠳᠤ ᠣᠬᠠᠭᠠᠨ ᠢ ᠨᠢ ᠣᠯᠤᠭᠠᠤᠨ᠂ ᠡᠨᠡᠭᠦ ᠦᠨ᠎ᠡ ᠴᠠᠨ᠎ᠠ ᠲᠡᠶ ᠨᠢᠭᠡ ᠬᠤᠪᠢ ᠶᠢᠨ ᠲᠦᠯᠦᠭᠡ ᠬᠤᠯᠪᠣᠭᠳᠠᠬᠤ ᠪᠠᠭᠰᠢ ᠶᠢᠨ ᠡᠭᠦᠳᠡ ᠶᠢ ᠨᠢᠭᠡ ᠨᠢᠭᠡ ᠪᠠᠷ ᠳᠤᠭᠰᠢᠵᠤ ᠵᠤᠭᠤᠰ ᠶᠢᠡᠨ ᠭᠠᠷᠳᠠᠭᠤᠯᠪᠠ᠃

ᠭᠡᠪᠠᠴᠤ ᠪᠣᠷᠤᠭᠤ ᠪᠣᠷᠬᠠᠨ ᠶᠢᠡᠨ ᠳᠠᠭᠢᠭᠰᠠᠨ ᠣᠴᠢᠷ ᠪᠣᠯᠵᠤ ᠭᠤᠤᠯ ᠪᠣᠯᠬᠤ ᠳᠠᠷᠤᠭ᠎ᠠ ᠪᠠ ᠡᠷᠭᠢᠯᠡᠭ᠍ᠴᠢ ᠶᠢᠨ ᠠᠮᠠ ᠶᠢ ᠨᠢ ᠮᠢᠯᠢᠶᠠᠭᠰᠠᠨ ᠦᠭᠡᠶ ᠣᠴᠢᠷ ᠡᠴᠠ ᠭᠦᠤ ᠳ᠋ᠤᠨᠢ ᠭᠤᠤᠯᠳᠠᠯᠭ᠎ᠠ ᠳᠤᠮᠳᠠᠳᠤ ᠰᠤᠷᠭᠠᠭᠤᠯᠢ ᠶᠢᠨ ᠡᠭᠦᠳᠡ ᠳᠠᠭ ᠬᠠᠭᠠᠭᠳᠠᠯ᠎ᠠ᠃ ᠢᠩᠭᠢᠭᠡᠳ ᠳᠠᠷᠠ ᠡᠭᠡᠨᠡᠷ ᠲᠡᠭᠡᠨ ᠳᠡᠭ᠍ᠷᠢ ᠭᠠᠵᠠᠷ ᠳᠤᠯᠭᠢᠰᠳᠠᠯ᠎ᠠ ᠬᠠᠷᠢᠶᠠᠭᠳᠠᠭᠰᠠᠨ ᠣᠴᠢᠷ ᠪᠣᠢ᠃

ᠭᠦᠮᠤᠨ ᠭᠡᠳᠡᠭ᠌ ᠴᠢᠨᠢ ᠢᠴᠢᠭᠦ ᠨᠢᠭᠤᠷ ᠲᠡᠶ᠂ ᠭᠡᠳᠤᠨ ᠳᠦᠮᠡᠭᠡᠨ ᠵᠤᠭᠤᠰ ᠶᠢᠡᠷ ᠳᠤᠮᠤ ᠳᠠᠷᠤᠭ᠎ᠠ ᠲᠡᠶ ᠭᠡᠷᠭᠢᠨ ᠠᠭᠤᠯᠵᠠᠨ᠎ᠠ ᠳ᠋ᠠ᠃ ᠭᠡᠳᠡᠯ᠎ᠡ ᠭᠠᠷ ᠬᠤᠭᠤᠰᠤᠨ ᠭᠠᠠᠵᠤᠭ᠎ᠠ ᠰᠤᠯᠠ ᠭᠡᠳᠤᠨ ᠠᠷᠪᠠᠨ ᠲᠦᠮᠡᠨ ᠳᠦᠭᠦᠷᠢᠭ᠌ ᠢ ᠣᠯᠤᠨ᠎ᠠ ᠭᠡᠳᠡᠭ᠌ ᠴᠢᠨᠢ ᠭᠢᠯᠪᠢᠷ ᠪᠢᠰᠢ᠃ ᠶᠠᠭᠠᠭᠢᠪᠠᠯ ᠳᠡᠭᠡᠷ᠎ᠡ ᠭᠡᠵᠤ ᠭᠡᠷ ᠪᠦᠯᠢ ᠪᠠᠷ ᠶᠢᠡᠨ ᠵᠦᠪᠳᠠᠯᠴᠠᠨ᠎ᠡ᠃ ᠬᠠᠰᠢᠯᠠ ᠭᠡᠷᠭᠡᠢ ᠶᠢᠨ ᠭᠢᠨᠢ ᠣᠬᠠᠭᠠᠨ ᠰᠡᠷᠭᠦᠯᠡᠩ᠄

᠊᠊᠊᠊᠊᠊᠊᠊᠊᠊᠊᠊᠊᠊᠊ ᠨᠠᠢ᠌ᠨᠠᠢ ᠶᠢ ᠨᠢ ᠡᠷᠢᠵᠤ ᠣᠴᠢᠶ᠎ᠠ ᠭᠡᠵᠤ ᠭᠡᠷᠭᠡᠢ ᠨᠢ ᠳᠤᠷᠠᠳᠤᠯᠭ᠎ᠠ ᠭᠠᠷᠭᠠᠯ᠎ᠠ᠃

ᠳᠡᠭᠡᠭᠡᠳ ᠳᠠᠷᠠᠭ᠎ᠠ ᠡᠳᠦᠷ ᠳᠤᠨᠢ ᠰᠦᠰᠦᠳᠤ ᠡᠷ᠎ᠡ ᠡᠮ᠎ᠡ ᠬᠤᠶᠠᠭᠤᠯᠠ ᠭᠦᠤ ᠪᠠᠨ ᠭᠦᠳᠦᠯᠵᠤ᠂ ᠭᠦᠤ ᠪᠠᠷ ᠶᠢᠡᠨ ᠬᠠᠢ᠌ᠷᠴᠠᠭ ᠲᠠᠢ ᠪᠤᠭᠤᠷᠰᠤᠭ ᠳᠡᠭᠦᠵᠢᠯᠡᠭᠦᠯᠤᠨ ᠨᠠᠰᠤᠳᠠᠢ ᠡᠵᠢ ᠪᠠᠨ ᠬᠠᠷᠠᠵᠤ ᠥᠵᠡᠭᠦ ᠪᠠᠷ ᠣᠴᠢᠯ᠎ᠠ᠃

ᠡᠨᠡ ᠦᠶ᠎ᠡ ᠳᠤ ᠭᠡᠷ ᠲᠡᠭᠡᠨ ᠭᠠᠭᠴᠠᠭᠠᠷ ᠰᠠᠭᠤᠵᠤ ᠣᠢ᠌ᠤᠠᠬᠤ ᠳᠠᠭᠠᠨ ᠷᠠᠳᠢᠤ᠋ ᠪᠠᠨ ᠨᠡᠭᠡᠭᠡᠵᠤ ᠮᠤᠩᠭ᠋ᠤᠯ ᠬᠤᠭᠤᠷ ᠤᠨ ᠥᠯᠢᠭᠡᠷ ᠰᠤᠨᠤᠰᠴᠤ ᠪᠠᠢ᠌ᠭᠰᠠᠨ ᠨᠠᠢ᠌ᠨᠠᠢ ᠨᠢ ᠬᠡᠦᠬᠡᠳ ᠤᠨ ᠶᠢᠡᠨ ᠭᠦᠷᠴᠤ ᠢᠷᠡᠭᠦ ᠶᠢ ᠬᠠᠷᠠᠭᠠᠤᠨ ᠮᠠᠯ ᠭᠠᠢ᠌ᠬᠠᠪᠠ᠃ ᠵᠢᠯ ᠴᠠᠭᠠᠨ ᠰᠠᠷ᠎ᠠ ᠪᠢᠰᠢ ᠪᠠᠢ᠌ᠳᠠᠯ᠎ᠠ ᠭᠦᠷᠦᠭᠡᠳ ᠢᠷᠡᠭ᠍ᠰᠡᠨ ᠨᠢ ᠶᠠᠮᠠᠷ ᠣᠴᠢᠷ ᠲᠡᠶ ᠪᠣᠯ ᠡ ᠭᠡᠵᠤ ᠪᠣᠳᠤᠭᠠᠤᠨ ᠷᠠᠳᠢᠤ᠋ ᠪᠠᠨ ᠣᠠᠳᠠᠷᠭᠠᠪᠠ᠃ ᠳᠡᠭᠡᠭᠡᠳ ᠣᠮᠪᠣᠯ ᠭᠦᠤ ᠪᠠᠨ ᠥᠵᠡᠭᠡᠳ ᠪᠠᠶᠠᠷᠯᠠᠨ᠂ ᠳᠠᠪᠠᠷᠢᠵᠤ ᠠᠪᠣᠭᠠᠤᠨ ᠦᠨᠦᠰᠤᠨ ᠦᠨᠦᠰᠤᠨ ᠳᠠᠭᠢᠨ ᠦᠨᠦᠰᠤᠨ᠎ᠡ᠃

᠊᠊᠊᠊᠊᠊᠊᠊᠊᠊᠊᠊᠊᠊᠊ ᠭᠤᠯᠤᠤ ᠶᠢᠨ ᠪᠠᠶ᠎ᠠ ᠨᠢ ᠦᠰᠴᠠᠢ᠂ ᠪᠠᠰᠠ ᠮᠠᠷᠢᠶᠠᠯᠠᠵᠠᠢ ᠭᠡᠵᠤ ᠭᠡᠯᠡᠨ ᠪᠠᠢ᠌ᠵᠤ᠂ ᠰᠢᠠᠵᠢᠵᠤ ᠰᠢᠡᠵᠢᠭᠡᠳ᠄

᠊᠊᠊᠊᠊᠊᠊᠊᠊᠊᠊᠊᠊᠊᠊ ᠰᠤᠷᠤᠯᠭ᠎ᠠ ᠨᠢ ᠶᠠᠮᠠᠷ ᠪᠣᠢ ᠭᠡᠵᠤ ᠠᠰᠠᠭᠤᠨ᠎ᠠ᠃

ᠭᠦᠤ ᠶᠢᠨ ᠡᠵᠢ ᠨᠢ᠄

᠊᠊᠊᠊᠊᠊᠊᠊᠊᠊᠊᠊᠊᠊᠊ ᠰᠤᠷᠤᠯᠭ᠎ᠠ ᠨᠢ ᠰᠠᠢ᠌ᠨ ᠭᠡᠳ ᠶᠠᠭᠠᠮᠠᠢ᠂ ᠰᠤᠷᠭᠠᠭᠤᠯᠢ ᠳᠤ ᠣᠷᠤᠵᠤ ᠴᠢᠳᠠᠬᠤ ᠦᠭᠡᠶ ᠭᠡᠨ᠎ᠡ᠃

᠊᠊᠊᠊᠊᠊᠊᠊᠊᠊᠊᠊᠊᠊᠊ ᠶᠠᠭᠠᠭᠢᠭᠰᠠᠨ ᠪᠣᠢ ᠭᠡᠵᠤ ᠰᠤᠨᠢᠷᠬᠠᠨ ᠠᠰᠠᠭᠤᠭᠰᠠᠨ ᠳᠤ ᠬᠠᠷᠢᠭᠤ ᠳᠠᠭᠤᠨ ᠦᠭᠡᠶ᠂ ᠡᠷᠡᠭ᠍ᠳᠡᠢ ᠳᠠᠰᠢ ᠪᠠᠨ ᠨᠢᠳᠤ ᠵᠠᠷᠤᠭᠰᠠᠨ ᠳᠤ ᠰᠦᠰᠦᠳᠤ᠄

᠊᠊᠊᠊᠊᠊᠊᠊᠊᠊᠊᠊᠊᠊᠊ ᠰᠤᠷᠭᠠᠭᠤᠯᠢ ᠶᠢᠨ ᠰᠥᠢᠳᠭᠡᠯ ᠠᠪᠣᠨ᠎ᠠ ᠭᠡᠨ᠎ᠡ ᠭᠡᠵᠤ ᠭᠡᠯᠡᠭᠡᠳ ᠭᠤᠤᠯᠳᠠᠯᠭᠠᠳᠤ ᠰᠤᠷᠭᠠᠭᠤᠯᠢ ᠳᠤ ᠣᠷᠤᠬᠤ ᠳᠤ ᠪᠠ ᠰᠢᠯᠢᠳᠡᠭ᠌ ᠠᠩᠭᠢ ᠶᠢ ᠰᠤᠩᠭ᠋ᠤᠵᠤ ᠭᠢᠴᠢᠶᠠᠯ ᠤᠨ ᠭᠡᠷ ᠤᠨ ᠡᠮᠦᠨᠡᠭᠢ ᠪᠠᠢ᠌ᠷᠢ ᠳᠤ ᠰᠠᠭᠤᠬᠤ ᠳᠤ ᠪᠦᠷ ᠵᠤᠭᠤᠰ ᠣᠷᠤᠬᠤ ᠳᠤᠬᠠᠢ ᠡᠵᠢ ᠳᠡᠭᠡᠨ ᠳᠠᠢ᠌ᠯᠪᠣᠷᠢᠯᠠᠵᠤ ᠭᠡᠯᠡᠨ᠎ᠡ᠃

ᠨᠠᠰᠤᠳᠠᠨ ᠡᠵᠢ ᠨᠢ ᠳᠠᠭᠤᠨ ᠦᠭᠡᠶ ᠪᠣᠯᠵᠤ᠂ ᠣᠮᠪᠣᠯ ᠪᠠᠨ ᠴᠤᠭᠤ ᠰᠢᠷᠳᠠᠨ᠎ᠡ ᠣᠮᠪᠣᠯ ᠨᠢ ᠡᠵᠢ ᠪᠠᠨ ᠬᠠᠷᠠᠭᠠᠤᠨ ᠳᠦᠭ᠍ᠳᠡᠷᠡᠨ᠎ᠡ᠃ ᠡᠵᠢ ᠨᠢ ᠠᠪᠣ ᠶᠢ ᠨᠢ ᠬᠠᠷᠠᠭᠠᠤᠨ ᠭᠢᠯᠣᠢ᠌ᠨ᠎ᠡ᠃ ᠰᠦᠰᠦᠳᠤ ᠶᠢᠨ ᠬᠤᠶᠠᠷ ᠨᠢᠳᠤ ᠨᠠᠰᠤᠳᠠᠨ ᠡᠵᠢ ᠶᠢᠨ ᠠᠮᠠ ᠨᠡᠭᠡᠭᠡᠭᠦ ᠶᠢ ᠰᠢᠨᠤᠯᠳᠠᠢ ᠬᠠᠷᠠᠨ᠎ᠠ᠃ ᠨᠠᠰᠤᠳᠠᠢ ᠭᠦᠮᠤᠨ ᠤ ᠠᠮᠠᠨ ᠡᠴᠠ ᠠᠳᠬᠤ ᠵᠤᠵᠠᠭᠠᠨ ᠠᠷᠠᠤᠨ ᠤᠨ ᠵᠤᠭᠤᠰ ᠪᠠᠭᠤᠵᠤ ᠢᠷᠡᠭᠦ ᠶᠢ ᠭᠤᠷᠢᠯᠠᠭᠰᠠᠨ ᠳᠠᠳᠠᠨᠠᠷ ᠭᠦᠯᠢᠶᠡᠵᠤ ᠪᠠᠢ᠌ᠳᠠᠯ᠎ᠠ ᠨᠠᠰᠤᠳᠠᠢ ᠡᠵᠢ ᠨᠢ ᠰᠢᠯᠤᠰᠤ ᠪᠠᠨ ᠵᠠᠯᠭᠢᠵᠤ᠄

᠊᠊᠊᠊᠊᠊᠊᠊᠊᠊᠊᠊᠊᠊᠊ ᠨᠠᠳᠠ ᠳᠤ ᠶᠠᠭᠤᠨ ᠤ ᠳᠠᠢ᠌ᠮᠤ ᠠᠷᠪᠢᠨ ᠵᠤᠭᠤᠰ ᠲᠡᠶ ᠳ᠋ᠠ᠂ ᠰᠠᠷ᠎ᠠ ᠪᠦᠷᠢ ᠶᠢᠨ ᠳᠠᠪᠤᠨ ᠵᠠᠭᠤᠨ ᠳᠦᠭᠦᠷᠢᠭ᠌ ᠤᠨ ᠲᠡᠳᠬᠦᠮᠵᠢ ᠶᠢ ᠠᠷᠪᠢᠯᠠᠨ ᠵᠠᠷᠤᠵᠤ ᠪᠣᠢ ᠭᠡᠪᠡ᠃ ᠦᠷᠦᠭᠡᠨ ᠳᠤ ᠴᠢᠪ ᠴᠢᠮᠡᠭᠡ ᠦᠭᠡᠶ᠂ ᠭᠡᠳᠤᠨ ᠢᠯᠠᠭ᠎ᠠ ᠡᠷᠭᠢᠨ ᠳᠠᠭᠢᠨ ᠨᠢᠰᠴᠤ ᠥᠩᠭᠡᠷᠡᠨ ᠵᠢᠭᠦᠷ ᠤᠨ ᠠᠨᠢᠷ ᠥᠯᠡᠳᠡᠭᠡᠨ᠎ᠡ᠃

ᠨᠠᠰᠤᠳᠠᠢ ᠡᠵᠢ ᠨᠢ ᠰᠠᠭᠤᠵᠤ ᠳᠡᠰᠭᠦ ᠦᠭᠡᠶ ᠪᠣᠰᠴᠤ ᠵᠤᠭᠰᠤᠭᠠᠤᠨ ᠠᠷᠭ᠎ᠠ ᠪᠠᠷᠠᠭᠰᠠᠨ ᠪᠠᠢ᠌ᠳᠠᠯ ᠲᠡᠶ ᠡᠰᠢ ᠳᠠᠰᠢ ᠠᠯᠬᠤᠭᠠᠤᠨ᠂ ᠡᠪᠦᠷ ᠶᠢᠡᠨ ᠠᠭᠤᠳᠠᠯᠤᠨ᠂ ᠳᠡᠮᠳᠡᠷᠢᠭ᠍ᠰᠡᠭᠡᠷ ᠪᠠᠢ᠌ᠵᠤ ᠨᠢᠭᠡ ᠶᠠᠭᠤᠮ᠎ᠠ ᠭᠠᠷᠭᠠᠪᠠ᠃ ᠭᠦᠤ ᠪᠠᠷᠢ ᠶᠢᠨ ᠨᠢᠳᠤ ᠰᠡᠷᠭᠦᠵᠤ ᠯᠠᠪᠯᠠᠨ ᠰᠢᠠᠵᠢᠪᠠᠯ ᠨᠢᠭᠡ ᠡᠷᠳᠡᠨᠢ ᠶᠢᠨ ᠯᠤᠩᠬᠤ ᠶᠤᠮ ᠪᠠᠢ᠌ᠨ᠎ᠠ᠃ ᠭᠡᠷᠡᠯ ᠭᠢᠯᠪᠠᠭᠰᠠᠨ ᠥᠡᠳᠡᠭᠡᠨ ᠴᠠᠭᠠᠨ ᠥᠩᠭᠡᠳᠡᠢ ᠬᠠᠮᠠᠷ ᠳᠠᠮᠠᠭᠢ ᠶᠢᠨ ᠬᠠᠰ ᠤᠨ ᠪᠢᠩᠬᠤ ᠪᠣᠯ ᠳᠡᠭᠡᠳᠤ ᠶᠢᠨ ᠣᠯᠠᠮᠵᠢᠯᠠᠭᠰᠠᠨ ᠭᠦᠷᠦᠩᠭᠡ᠂ ᠰᠦᠰᠦᠳᠤ ᠶᠢᠨ ᠡᠴᠢᠭᠡ ᠳᠡᠭᠦᠨ ᠢ ᠭᠠᠷ ᠤᠨ ᠠᠯᠠᠭᠠᠨ ᠳᠠᠭᠠᠨ ᠪᠦᠪᠠᠢ᠌ᠯᠠᠨ ᠪᠠᠷᠢᠵᠤ ᠮᠠᠵᠢᠭᠤᠯᠤᠨ ᠨᠤᠶᠠᠨ ᠢᠵᠠᠭᠤᠷᠳᠠᠨ ᠤ ᠨᠠᠷ᠎ᠠ ᠭᠦᠡᠳᠤ ᠪᠠᠨ ᠭᠠᠢ᠌ᠬᠠᠭᠤᠯᠵᠤ ᠪᠠᠢ᠌ᠯ᠎ᠠ᠃ ᠪᠠᠰᠠ ᠪᠠᠢ᠌ᠨ ᠳᠠᠭᠢᠨ ᠣᠯᠠᠭᠠᠨ ᠪᠠᠳᠮᠠᠷᠭ᠎ᠠ ᠶᠢᠨ ᠳᠠᠭᠯᠠᠭᠠᠰᠤ ᠶᠢ ᠨᠢ ᠨᠡᠭᠡᠭᠡᠵᠤ ᠵᠢᠵᠢᠭ᠌ ᠤᠳᠬᠤᠭᠤᠷ ᠶᠢᠡᠷ ᠬᠠᠮᠠᠷ ᠳᠠᠮᠠᠭᠢ ᠭᠠᠷᠭᠠᠵᠤ ᠡᠷᠡᠭᠢ ᠬᠤᠷᠤᠭᠤ ᠶᠢᠨ ᠭᠢᠮᠤᠰᠤᠨ ᠳᠤᠯᠢ ᠳᠤ ᠴᠢᠳᠬᠤᠵᠤ᠂ ᠬᠠᠮᠠᠷ ᠲᠠᠭᠠᠨ ᠤᠢ᠌ᠷᠠᠳᠤᠭᠤᠯᠤᠨ ᠬᠠᠮᠠᠷ ᠳᠠᠮᠠᠭᠢ ᠪᠠᠨ ᠬᠠᠨᠤᠮᠵᠢᠳᠠᠢ ᠳᠠᠳᠠᠵᠤ ᠪᠠᠢ᠌ᠭᠰᠠᠨ ᠨᠢ ᠰᠠᠨᠠᠭᠳᠠᠪᠠ᠃ ᠮᠦᠨ ᠡᠨᠡᠭᠦ ᠬᠠᠮᠠᠷ ᠳᠠᠮᠠᠭᠢᠨ ᠪᠢᠩᠬᠤ ᠪᠠᠷ ᠭᠦᠡᠳᠦᠳᠤ ᠵᠤᠴᠢᠨ ᠢ ᠪᠠᠶᠠᠷᠯᠠᠨ ᠣᠭᠳᠤᠵᠤ ᠠᠭᠤᠯᠵᠠᠬᠤ ᠶᠢᠨ ᠪᠠᠯᠡᠭ᠌ ᠪᠣᠯᠭᠠᠨ ᠪᠠᠷᠢᠵᠤ ᠪᠠᠢ᠌ᠭᠰᠠᠨ ᠪᠢᠯᠠ᠃

ᠨᠠᠰᠤᠳᠠᠨ ᠡᠵᠢ ᠨᠢ ᠡᠨᠡ ᠡᠷᠳᠡᠨᠢ ᠶᠢᠨ ᠪᠢᠩᠬᠤ ᠶᠢ ᠭᠠᠷ ᠴᠡᠴᠡᠷᠭᠦᠯᠤᠨ ᠪᠠᠷᠢᠵᠤ᠂ ᠣᠮᠪᠣᠯ ᠭᠦᠤ ᠳᠡᠭᠡᠨ ᠳᠤᠰᠢᠶᠠᠵᠤ᠄

᠊᠊᠊᠊᠊᠊᠊᠊᠊᠊᠊᠊᠊᠊᠊ ᠮᠠ ︕ ᠡᠨᠡ ᠪᠣᠯ ᠶ‍ᠧ ᠶ‍ᠧ ᠶᠢᠨ ᠴᠢᠨᠢ ᠨᠠᠳᠠ ᠳᠤ ᠥᠯᠡᠳᠡᠭ᠍ᠰᠡᠨ ᠳᠤᠷᠠᠰᠬᠠᠯ ᠤᠨ ᠡᠳ᠋᠂ ᠨᠢᠭᠡ ᠭᠦᠮᠤᠨ ᠳᠤᠭᠤᠯ ᠲᠡᠶ ᠦᠨᠢᠶ᠎ᠡ ᠪᠠᠷ ᠬᠤᠳᠠᠯᠳᠤᠨ ᠠᠪᠬᠤ ᠭᠡᠰᠡᠨ ᠳᠤ ᠦᠭ‍ᠭᠦᠭ᠍ᠰᠡᠨ ᠦᠭᠡᠶ ᠭᠡᠵᠤ ᠭᠡᠯᠡᠭᠡᠳ ᠪᠠᠷᠢ ᠳᠠᠰᠢ ᠬᠠᠠᠳᠤᠵᠤ᠄

᠊᠊᠊᠊᠊᠊᠊᠊᠊᠊᠊᠊᠊᠊᠊ ᠳᠠ ᠡᠭᠦᠨ ᠶᠢᠡᠷ ᠵᠤᠭᠤᠰ ᠰᠤᠯᠢᠵᠤ ᠵᠠᠷᠤ᠂ ᠣᠮᠪᠣᠯ ᠮᠢᠨᠢ ᠶ‍ᠧ ᠶ‍ᠧ ᠡᠴᠠ ᠪᠠᠨ ᠢᠯᠡᠭᠦᠤ ᠭᠦᠡᠳᠤ ᠲᠡᠶ ᠰᠢᠤ ᠭᠡᠯ᠎ᠡ᠃ ᠭᠦᠤ ᠪᠠᠷᠢ ᠨᠢ ᠡᠨᠡ ᠡᠳ᠋ ᠢ ᠵᠠᠪᠳᠤᠨ ᠳᠤᠰᠴᠤ ᠠᠪᠣᠭᠠᠤᠨ᠂ ᠠᠮᠳᠠᠷᠬᠠᠨ ᠦᠵᠡᠪᠠᠯ ᠦᠨᠡᠷᠠᠨ ᠬᠤᠪᠣᠷ ᠡᠷᠳᠡᠨᠢ ᠶᠤᠮ ᠪᠠᠢ᠌ᠨ᠎ᠠ᠃ ᠥ ᠦᠭᠡᠶ ᠥᠭᠡᠭᠦᠨ ᠴᠠᠭᠠᠨ ᠬᠠᠰ ᠤᠨ ᠳᠡᠭᠡᠷ᠎ᠡ ᠣᠷᠳᠤ ᠴᠠᠭᠠᠨ ᠰᠠᠬᠠᠯ ᠲᠡᠶ ᠳᠠᠶ‍ᠢᠭ ᠳᠤᠯᠤᠭᠰᠠᠨ ᠠᠷᠰᠢ ᠬᠤᠪᠢᠯᠭᠠᠨ ᠣᠷᠳᠤ ᠨᠠᠰᠤᠯᠠᠬᠤ ᠶᠢ ᠵᠥᠩᠨᠡᠭ᠍ᠰᠡᠨ ᠰᠠᠢ᠌ᠯᠤᠮᠠᠯ ᠵᠢᠷᠤᠭ ᠲᠡᠶ᠃

᠊᠊᠊᠊᠊᠊᠊᠊᠊᠊᠊᠊᠊᠊᠊ ᠨᠠᠢ᠌ᠨᠠᠢ ᠨᠢ ᠣᠮᠪᠣᠯ ᠳᠠᠭᠠᠨ ᠵᠢᠷᠦᠭᠡ ᠪᠠᠨ ᠦᠭ‍ᠭᠦᠭ᠍ᠰᠡᠨ ᠴᠤ ᠬᠠᠢ᠌ᠷᠠᠯᠠᠬᠤ ᠦᠭᠡᠶ ᠭᠡᠵᠤ ᠭᠡᠯᠡᠭᠡᠳ ᠭᠦᠤ ᠪᠠᠷᠢ ᠨᠢ ᠡᠨᠡ ᠪᠢᠩᠬᠤ ᠶᠢ ᠡᠪᠦᠷᠯᠡᠭᠡᠳ ᠪᠠᠰᠠ ᠰᠠᠨᠠᠭᠠᠨ ᠳ᠋ᠤᠨᠢ ᠭᠦᠷᠦᠭ᠍ᠰᠡᠨ ᠦᠭᠡᠶ ᠰᠢᠭ᠌ ᠳᠠᠳᠠᠪᠭᠢᠭᠠᠤᠨ ᠳᠠᠭᠢᠨ ᠭᠡᠯᠡᠭ᠍ᠰᠡᠨ ᠨᠢ᠄

᠊᠊᠊᠊᠊᠊᠊᠊᠊᠊᠊᠊᠊᠊᠊ ᠮᠥᠮᠥ ᠡ᠂ ᠭᠠᠷ ᠲᠠᠭᠠᠨ ᠭᠢᠵᠤ ᠪᠠᠢ᠌ᠭ᠎ᠠ ᠠᠯᠳᠠᠨ ᠪᠠᠭᠤᠤ ᠴᠢᠨᠢ ᠭᠡᠳᠦᠢ ᠦᠨ᠎ᠡ ᠲᠡᠶ ᠪᠣᠢ ᠭᠡᠪᠡ᠃ ᠨᠠᠰᠤᠳᠠᠨ ᠤ ᠰᠡᠳᠭᠢᠯ ᠳᠤ ᠲᠤᠷ ᠭᠡᠵᠤ ᠶᠠᠮᠠᠷ ᠰᠠᠨᠠᠭ᠎ᠠ ᠲᠡᠶ ᠶᠢ ᠮᠡᠳᠡᠭᠡᠳ ᠮᠦᠩᠭᠦᠨ ᠪᠠᠭᠤᠤ᠂ ᠠᠯᠳᠠᠨ ᠡᠭᠡᠮᠦᠭ᠌ ᠪᠠ ᠬᠠᠳᠠᠭᠠᠯᠠᠨ ᠪᠠᠢ᠌ᠭᠰᠠᠨ ᠰᠢᠷᠤᠨ ᠳᠠᠳᠠᠭᠤᠷ ᠪᠦᠭᠦᠨ ᠢ ᠪᠠᠭᠯᠠᠵᠤ ᠪᠠᠷᠢ ᠳᠡᠭᠡᠨ ᠰᠢᠳᠠᠵᠤ ᠦᠭ‍ᠭᠦᠯ᠎ᠡ᠃

ᠡᠨᠡ ᠭᠤᠷᠪᠠᠭᠤᠯᠠ ᠨᠢᠭᠡᠯᠡ ᠬᠠᠢ᠌ᠷᠴᠠᠭ ᠪᠣᠭᠤᠷᠰᠤᠭ ᠤᠨ ᠬᠠᠷᠢᠭᠤ ᠣᠯᠠᠨ ᠶᠠᠭᠤᠮ᠎ᠠ ᠣᠯᠤᠭᠠᠤᠨ᠂ ᠣᠯᠵᠠ ᠣᠮᠤᠭ ᠲᠡᠶ᠂ ᠣᠷᠮ᠎ᠠ ᠪᠠᠬ᠎ᠠ ᠳᠡᠭᠦᠯᠳᠡᠷ ᠪᠣᠯᠵᠤ᠂ ᠭᠠᠷᠴᠤ ᠶᠠᠪᠣᠯ᠎ᠠ᠃

᠁ ᠁

ᠭᠡᠳᠤᠨ ᠡᠳᠦᠷ ᠤᠨ ᠳᠠᠷᠠᠭ᠎ᠠ ᠨᠠᠰᠤᠳᠠᠨ ᠡᠮᠡᠭᠡ ᠡᠷᠳᠡ ᠪᠣᠰᠤᠭᠠᠤᠨ ᠵᠢᠭᠠᠬᠠᠨ ᠡᠪ ᠦᠭᠡᠶ ᠪᠣᠯᠤᠭᠰᠠᠨ ᠰᠢᠭ ᠰᠠᠨᠠᠭᠳᠠᠭᠠᠤᠨ᠂ ᠠᠯᠢ ᠪᠠᠢ᠌ᠭᠰᠠᠨ ᠶᠢᠡᠨ ᠣᠷᠪᠠᠭᠤᠯᠤᠨ ᠬᠤᠪᠣᠷ ᠡᠷᠳᠡᠨᠢ ᠪᠠᠨ ᠡᠷᠢᠵᠤ ᠡᠷᠢᠭᠡᠳ ᠣᠯᠤᠭᠰᠠᠨ ᠦᠭᠡᠶ᠂ ᠬᠤᠯᠠᠭᠠᠢ᠌ᠴᠢ ᠳᠤ ᠠᠪᠳᠠᠯ᠎ᠠ ᠭᠡᠵᠤ ᠵᠤᠪᠠᠵᠤ ᠪᠠᠢ᠌ᠭᠰᠠᠭᠠᠷ ᠭᠡᠨᠡᠳᠲᠡ ᠰᠠᠨᠠᠭᠠᠨ ᠳ᠋ᠤᠨᠢ ᠣᠷᠤᠭᠠᠤᠨ᠂ ᠭᠦᠤ ᠪᠠᠷᠢ ᠳᠡᠭᠡᠨ ᠠᠪᠳᠠᠭᠰᠠᠨ ᠶᠢᠡᠨ ᠪᠣᠳᠤᠵᠤ ᠣᠯᠪᠠ᠃ ᠳᠡᠭᠡᠭᠡᠳ ᠮᠠᠩᠨᠠᠢ ᠪᠠᠨ ᠳᠠᠯᠠᠳᠴᠤ᠄ 《ᠮᠤᠩᠭ᠋ᠠᠨᠢᠵᠤ ᠪᠠᠢ᠌ᠨ᠎ᠠ》 ᠭᠡᠵᠤ ᠭᠡᠯᠡᠨ᠎ᠡ᠃ ᠶᠠᠭᠤ ᠴᠤ ᠭᠡᠰᠡᠨ ᠡᠪᠦᠭᠡᠨ ᠤ ᠭᠢᠨᠢ ᠥᠯᠡᠳᠡᠭᠡᠭ᠍ᠰᠡᠨ ᠮᠥᠩᠭᠡ ᠶᠢᠨ ᠳᠤᠷᠠᠰᠬᠠᠯ ᠠᠯᠠᠭ᠎ᠠ ᠪᠣᠯᠤᠭᠰᠠᠨ᠎ᠠ ᠰᠡᠳᠭᠢᠯ ᠨᠢ ᠬᠤᠭᠤᠰᠤᠷᠤᠨ᠂ ᠣᠳᠤ ᠶᠠᠭᠤ ᠪᠠᠷ ᠬᠠᠨᠢ ᠪᠣᠯᠭᠠᠵᠤ᠂ ᠭᠡᠨ ᠲᠡᠶ ᠪᠠᠨ ᠭᠡᠯᠡᠯᠴᠡᠭᠦ ᠶᠤᠮ ᠳ᠋ᠠ ᠭᠡᠵᠤ ᠵᠤᠪᠠᠨ᠎ᠠ᠃

ᠢᠩᠭᠢᠵᠤ ᠰᠡᠳᠭᠢᠯ ᠭᠤᠩᠰᠠᠷᠠᠨ᠂ ᠭᠠᠭᠴᠠᠭᠠᠷ ᠡᠯᠦᠢ ᠬᠤᠯᠤᠢ ᠠᠷᠭᠠᠴᠠᠨ ᠠᠮᠢᠳᠤᠷᠠᠵᠤ ᠪᠠᠢ᠌ᠳᠠᠯ᠎ᠠ ᠨᠢᠭᠡᠨ ᠡᠳᠦᠷ ᠭᠦᠤ ᠨᠢ ᠪᠠᠷᠢ ᠲᠡᠶ ᠪᠠᠨ ᠨᠢᠭᠡ ᠬᠠᠢ᠌ᠷᠴᠠᠭ ᠪᠣᠭᠤᠷᠰᠤᠭ ᠳᠡᠭᠦᠵᠢᠯᠡᠨ ᠭᠦᠷᠴᠤ ᠢᠷᠠᠨ᠎ᠡ᠃ ᠣᠳᠤ ᠨᠢᠭᠡ ᠪᠠᠶᠠᠷ ᠤᠨ ᠮᠡᠳᠡᠭᠡ ᠠᠪᠴᠤ ᠢᠷᠡᠭᠦ ᠶᠤᠮ ᠪᠠᠢ᠌ᠨ᠎ᠠ ᠭᠡᠵᠤ ᠪᠣᠳᠤᠭᠠᠤᠨ᠄

᠊᠊᠊᠊᠊᠊᠊᠊᠊᠊᠊᠊᠊᠊᠊ ᠣᠮᠪᠣᠯ ᠮᠢᠨᠢ ᠰᠤᠷᠭᠠᠭᠤᠯᠢ ᠳᠠᠭᠠᠨ ᠣᠴᠢᠭᠰᠠᠨ ᠦᠦ ︖ ᠭᠡᠵᠤ ᠠᠰᠠᠭᠤᠭᠰᠠᠨ ᠳᠤ᠄

᠊᠊᠊᠊᠊᠊᠊᠊᠊᠊᠊᠊᠊᠊᠊ ᠶᠠᠭᠤᠨ ᠤ ᠭᠢᠨᠢ ︕ ᠵᠤᠭᠤᠰ ᠳᠤᠳᠠᠭᠠᠤᠨ ᠪᠠᠯᠡᠭ᠌ ᠬᠤᠮᠰᠠᠳᠠᠭᠠᠤᠨ ᠥᠩᠭᠡ ᠭᠠᠷᠤᠭᠰᠠᠨ ᠦᠭᠡᠶ᠃

᠊᠊᠊᠊᠊᠊᠊᠊᠊᠊᠊᠊᠊᠊᠊ ᠶᠠᠭᠠᠭᠢᠭᠠᠤᠨ ᠭᠡᠵᠤ ᠠᠰᠠᠭᠤᠭᠰᠠᠨ ᠳᠤ᠄

᠊᠊᠊᠊᠊᠊᠊᠊᠊᠊᠊᠊᠊᠊᠊ ᠪᠦᠷ ᠳᠠᠨ ᠤ ᠣᠴᠢᠷ ᠡ ᠭᠡᠪᠡ᠃

᠊᠊᠊᠊᠊᠊᠊᠊᠊᠊᠊᠊᠊᠊᠊ ᠪᠢ ᠶᠠᠮᠠᠷ ᠴᠤ ᠳᠠᠷᠤᠭ᠎ᠠ ᠪᠢᠰᠢ᠂ ᠨᠠᠳᠠ ᠳᠤ ᠶᠠᠮᠠᠷ ᠣᠴᠢᠷ ᠪᠠᠢ᠌ᠭ᠎ᠠ ᠪᠣᠢ ︖

᠊᠊᠊᠊᠊᠊᠊᠊᠊᠊᠊᠊᠊᠊᠊ ᠭᠦᠤ ᠪᠠᠨ ᠴᠢ ᠡᠷᠳᠡ ᠪᠢᠴᠢᠭ᠌ ᠥᠵᠡᠭᠦᠯᠵᠤ ᠵᠤᠭᠤᠰ ᠵᠠᠷᠤᠵᠤ ᠨᠤᠶᠠᠨ ᠰᠠᠭᠤᠯᠭᠠᠭᠰᠠᠨ ᠪᠣᠯ ᠡᠢ᠌ᠮᠤ ᠳᠡᠭᠡᠷ᠎ᠡ ᠳᠤᠯᠤᠨ᠎ᠠ ᠦᠦ᠂ ᠣᠮᠪᠣᠯ ᠴᠢᠨᠢ ᠭᠡᠷ ᠲᠤ ᠣᠭᠢᠯᠠᠵᠤ ᠪᠠᠢ᠌ᠨ᠎ᠠ ᠭᠡᠵᠤ ᠪᠠᠷᠢ ᠨᠢ ᠭᠡᠯᠡᠪᠡ᠃

᠊᠊᠊᠊᠊᠊᠊᠊᠊᠊᠊᠊᠊᠊᠊ ᠶᠠᠭᠤ ᠭᠡᠯᠡᠭ᠍ᠰᠡᠨ ᠴᠤ ᠣᠷᠣᠢ᠌ᠳᠠᠵᠠᠢ ᠭᠡᠰᠡᠨ ᠳᠤ᠄

᠊᠊᠊᠊᠊᠊᠊᠊᠊᠊᠊᠊᠊᠊᠊ ᠵᠠᠪᠳᠤᠨ᠎ᠠ ᠡᠮᠧ ᠡ ︕ ᠭᠡᠵᠤ ᠳᠤᠤᠭᠠᠷᠤᠭᠠᠤᠨ᠂ ᠭᠦᠤ ᠪᠠᠷᠢ ᠨᠢ ᠵᠠᠯᠭᠠᠭᠠᠤᠨ᠂ ᠵᠤᠭᠤᠰ ᠲᠡᠶ ᠪᠣᠯᠪᠠᠯ ᠶᠡᠭᠡ ᠰᠤᠷᠭᠠᠭᠤᠯᠢ ᠳᠡᠭᠦᠰᠦᠭ᠍ᠰᠡᠨ ᠦᠨᠡᠮᠯᠠᠯ ᠣᠯᠵᠤ ᠪᠣᠯᠤᠨ᠎ᠠ᠂ ᠪᠠᠰᠠ ᠳ᠋ᠤᠺᠲ᠋ᠤᠷ ᠴᠤᠯᠠ ᠣᠯᠤᠭᠠᠤᠨ᠂ ᠳᠠᠭᠢᠨ ᠠᠷᠭ᠎ᠠ ᠭᠠᠷᠭᠠᠵᠤ᠂ ᠳᠡᠭᠡᠷᠡᠭᠢ ᠳᠠᠷᠤᠭ᠎ᠠ ᠳᠤ ᠬᠤᠷᠢᠨ ᠲᠦᠮᠡ ᠪᠠᠷᠢᠪᠠᠯ ᠰᠠᠯᠠᠭᠠᠨ ᠳᠠᠷᠤᠭ᠎ᠠ ᠶᠢ ᠭᠤᠶᠤᠵᠤ ᠣᠯᠬᠤ ᠦᠭᠡᠶ᠂ ᠭᠤᠶᠠᠳᠠᠵᠤ ᠣᠯᠤᠨ᠎ᠠ᠂ ᠳᠡᠭᠡᠪᠠᠯ ᠣᠮᠪᠣᠯ ᠶᠢ ᠴᠢᠨᠢ ᠰᠠᠢ᠌ᠨ ᠰᠤᠷᠭᠠᠭᠤᠯᠢ ᠭᠤᠶᠤᠵᠤ ᠪᠠᠢ᠌ᠭᠠᠤᠨ ᠣᠷᠤᠭᠤᠯᠤᠭᠠᠤᠨ᠂ ᠠᠩᠭᠢ ᠶᠢᠨ ᠭᠡᠷ ᠤᠨ ᠬᠠᠮᠤᠭ ᠡᠮᠤᠨ᠎ᠡ ᠰᠠᠭᠤᠳᠠᠯ ᠳ᠋ᠤᠨᠢ ᠰᠠᠭᠤᠯᠭᠠᠨ᠎ᠠ ᠰᠢᠤ ᠭᠡᠵᠤ ᠨᠢᠭᠡᠨ ᠵᠡᠷᠭᠡ ᠳᠠᠢ᠌ᠯᠪᠣᠷᠢᠯᠠᠪᠠ᠃ ᠡᠳᠡᠭᠡᠷ ᠢ ᠰᠤᠨᠤᠰᠤᠭᠠᠤᠨ ᠡᠮᠡᠭᠡᠨ ᠡᠵᠢ ᠰᠠ‍‌ᠶᠢ ᠣᠴᠢᠷ ᠢ ᠣᠬᠠᠵᠤ᠄

᠊᠊᠊᠊᠊᠊᠊᠊᠊᠊᠊᠊᠊᠊᠊ ᠪᠢᠳᠠᠨ ᠤ ᠳᠤᠯᠤᠭᠠᠢ ᠳᠠᠷᠢᠭᠢ ᠪᠦᠷ ᠬᠤᠴᠤᠷᠠᠵᠤ ᠪᠠᠢ᠌ᠨ᠎ᠠ ᠰᠢᠤ᠂ ᠭᠡᠰᠡᠨ ᠴᠤ ᠬᠠᠮᠢᠭ᠎ᠠ ᠡᠴᠠ ᠳᠠᠢ᠌ᠮᠤ ᠠᠷᠪᠢᠨ ᠵᠤᠭᠤᠰ ᠣᠯᠤᠨ᠎ᠠ ᠳ᠋ᠠ᠂ ᠪᠢ ᠶᠠᠭᠤᠮ᠎ᠠ ᠬᠤᠯᠠᠭᠠᠢ᠌ᠯᠠᠵᠤ ᠴᠢᠳᠠᠬᠤ ᠦᠭᠡᠶ᠃

᠊᠊᠊᠊᠊᠊᠊᠊᠊᠊᠊᠊᠊᠊᠊ ᠭᠦᠤ ᠪᠠᠷᠢ ᠴᠢᠨᠢ ᠴᠢᠮᠢ᠋ᠢ ᠳᠤᠰᠴᠤ ᠠᠪᠠᠴᠢᠬᠤ ᠪᠠᠷ ᠢᠷᠠᠵᠠᠢ ᠭᠡᠵᠤ ᠭᠦᠤ ᠨᠢ ᠭᠡᠯᠡᠪᠡ᠃ ᠥᠭᠡᠨ ᠤ ᠳᠤᠳᠤᠷ᠎ᠠ ᠥᠭᠡ ᠲᠡᠶ᠂ ᠥᠡᠳᠡᠭᠡᠨ ᠤ ᠳᠤᠳᠤᠷ᠎ᠠ ᠰᠢᠷ᠎ᠠ ᠲᠡᠶ ᠭᠡᠭ᠍ᠴᠢ ᠪᠠᠷ ᠡᠳᠡᠨᠡᠷ ᠴᠢᠨᠢ ᠮᠢᠨᠤ ᠭᠡᠷ ᠪᠠᠢ᠌ᠰᠢᠩ ᠢ ᠡᠵᠡᠯᠡᠨ᠎ᠡ ᠭᠡᠰᠡᠨ ᠪᠠᠢ᠌ᠨ᠎ᠠ ᠭᠡᠵᠤ ᠰᠤᠪᠢᠵᠤ ᠮᠠᠳᠠᠪᠠ᠃ ᠳᠡᠭᠡᠭᠡᠳ ᠭᠦᠤ ᠪᠠᠨ ᠭᠦᠮᠤᠨ ᠪᠣᠯᠭᠠᠨ ᠭᠦᠮᠦᠵᠢᠭᠦᠯᠵᠤ ᠴᠢᠳᠠᠭᠰᠠᠨ ᠦᠭᠡᠶ᠂ ᠣᠳᠤ ᠣᠮᠪᠣᠯ ᠪᠠᠰᠠ ᠰᠤᠷᠭᠠᠭᠤᠯᠢ ᠳᠤ ᠣᠷᠤᠵᠤ ᠳᠡᠢ᠌ᠯᠭᠦ ᠦᠭᠡᠶ ᠡᠭᠡᠭ᠌ ᠳᠠᠭᠤ ᠪᠠᠷ ᠣᠭᠢᠯᠠᠵᠤ ᠪᠣᠢ᠂ ᠡᠨᠡ ᠪᠣᠯ ᠦᠪᠡᠷ ᠤᠨ ᠳᠠᠪᠢᠯᠠᠩ ᠤᠨ ᠮᠠᠭᠤ ᠭᠡᠵᠤ ᠪᠣᠳᠤᠭᠠᠤᠨ ᠳᠤᠤᠭᠠᠷᠬᠤ ᠥᠭᠡ ᠦᠭᠡᠶ ᠳᠦᠭ᠍ᠳᠡᠷᠡᠵᠡᠢ᠃ ᠢᠩᠭᠢᠵᠤ ᠪᠠᠢ᠌ᠳᠠᠯ᠎ᠠ ᠭᠦᠤ ᠪᠠᠷᠢ ᠨᠢ ᠡᠷ᠎ᠡ ᠳᠡᠭᠡᠨ ᠨᠢᠳᠤ ᠵᠠᠷᠤᠬᠤ ᠲᠡᠶ ᠵᠡᠷᠭᠡ ᠪᠦᠭᠦᠳᠡᠭᠡᠷ ᠭᠠᠷ ᠭᠦᠳᠡᠯᠵᠤ᠂ ᠭᠦᠢ ᠪᠠᠢ᠌ᠵᠠ ᠶᠢ ᠭᠦᠯᠢᠶᠡᠯ ᠦᠭᠡᠶ᠂ ᠨᠠᠰᠤᠳᠠᠢ ᠡᠵᠢ ᠳᠡᠭᠡᠨ ᠳᠤᠯᠤᠭᠠᠢ ᠮᠡᠳᠡᠭᠦᠯᠭᠦ ᠦᠭᠡᠶ ᠪᠠᠷ ᠭᠦᠡᠵᠢᠯᠡ ᠳᠡᠪᠢᠰᠭᠡᠷ ᠢ ᠨᠢ ᠪᠠᠭᠴᠠᠯᠠᠵᠤ᠂ ᠡᠮᠡᠭᠡᠨ ᠤ ᠭᠠᠷ ᠡᠴᠠ ᠨᠢ ᠭᠦᠳᠦᠯᠵᠤ᠂ ᠠᠷᠤ ᠡᠴᠠ ᠨᠢ ᠲᠦᠯᠭᠢᠵᠤ᠂ ᠡᠭᠦᠳᠡ ᠭᠠᠷᠴᠤ ᠦᠪᠡᠷ ᠤᠨ ᠭᠡᠷ ᠳᠠᠰᠢ ᠪᠠᠨ ᠶᠠᠪᠣᠬᠤ ᠳᠤ ᠨᠠᠰᠤᠳᠠᠢ ᠡᠵᠢ ᠨᠢ ᠵᠥᠪᠭᠡᠨ ᠨᠢᠭᠡ ᠴᠢᠨ᠋ᠸ᠎ᠠ ᠶᠢᠨ ᠠᠷᠠᠰᠤᠨ ᠳᠡᠪᠢᠰᠭᠡᠷ ᠶᠢᠡᠨ ᠠᠪᠴᠤ ᠵᠠᠪᠳᠤᠯ᠎ᠠ᠃

᠁ ᠁

ᠭᠡᠷ ᠴᠢᠬᠤᠯ ᠪᠣᠯᠬᠤᠷ ᠭᠦᠤ ᠨᠢ ᠨᠢᠭᠡ ᠰᠠᠩᠰᠠᠨ ᠭᠡᠷ ᠶᠢᠡᠨ ᠶᠡᠭᠦᠯᠡᠵᠤ᠂᠂ ᠣᠷᠤ ᠵᠠᠰᠠᠭᠠᠤᠨ᠂ ᠡᠵᠢ ᠪᠠᠨ ᠰᠠᠭᠤᠯᠭᠠᠵᠠᠢ᠃ ᠳᠡᠭᠦᠨ ᠲᠡᠶ ᠬᠠᠨᠢ ᠪᠣᠯᠬᠤ ᠶᠢ ᠪᠣᠳᠤᠵᠤ ᠱᠠᠯᠠ ᠳ᠋ᠤᠨᠢ ᠡᠪᠠᠰᠤ ᠳᠡᠪᠢᠰᠦᠭᠡᠳ ᠨᠤᠬᠠᠢ ᠪᠠᠨ ᠭᠡᠪᠳᠡᠭᠦᠯᠵᠡᠢ᠃ ᠪᠢᠴᠢᠬᠠᠨ ᠭᠦᠤ ᠨᠢ ᠨᠠᠢ᠌ᠨᠠᠢ ᠲᠡᠶ ᠪᠠᠨ ᠣᠠᠳᠠᠶ᠎ᠠ ᠭᠡᠰᠡᠨ ᠳᠤ ᠡᠵᠢ ᠨᠢ ᠳᠠᠳᠠᠭᠠᠤᠨ ᠠᠪᠠᠴᠢᠵᠤ ᠳᠤᠬᠤ ᠶᠢ ᠨᠢ ᠠᠯᠠᠭᠠᠳᠠᠯ᠎ᠠ᠃

ᠵᠤᠨ ᠤ ᠬᠠᠯᠠᠭᠤᠨ ᠳᠤ ᠰᠡᠷᠢᠭᠦᠨ᠂ ᠡᠪᠦᠯ ᠤᠨ ᠭᠦᠢᠳᠡᠨ ᠳᠤ ᠬᠠᠮᠠᠷ ᠭᠦᠯᠳᠡᠮᠡᠷ᠃ ᠵᠠᠪᠰᠢᠶᠠᠨ ᠶᠢᠡᠷ ᠴᠢᠨ᠋ᠸ᠎ᠠ ᠶᠢᠨ ᠠᠷᠠᠰᠤᠨ ᠳᠡᠪᠢᠰᠭᠡᠷ ᠲᠡᠶ ᠪᠣᠯᠬᠤᠷ ᠨᠢᠷᠤᠭᠤ ᠨᠢ ᠵᠠᠩᠭᠢᠨᠠᠬᠤ ᠦᠭᠡᠶ᠃ ᠭᠡᠳᠡᠯ᠎ᠡ ᠨᠤᠬᠠᠢ ᠨᠢ ᠳᠠᠭᠠᠷᠠᠭᠠᠤᠨ ᠳᠡᠰᠭᠦ ᠦᠭᠡᠶ ᠳᠡᠭᠡᠨ ᠰᠦᠨᠢ ᠳᠤᠮᠳᠠ ᠳᠤ ᠭᠦᠡᠵᠢᠯᠡ ᠳ᠋ᠤᠨᠢ ᠰᠢᠷᠭᠤᠵᠤ ᠴᠢᠨ᠋ᠸ᠎ᠠ ᠶᠢᠨ ᠠᠷᠠᠰᠤᠨ ᠳᠡᠪᠢᠰᠭᠡᠷ ᠤᠨ ᠶᠡᠭᠡ ᠬᠠᠭᠠᠰ ᠢ ᠨᠢ ᠡᠵᠡᠯᠡᠯ᠎ᠡ᠃ ᠠᠷᠭ᠎ᠠ ᠪᠣᠰᠤ ᠨᠠᠰᠤᠳᠠᠢ ᠭᠦᠮᠤᠨ᠃ ᠴᠠᠴᠠᠷᠠᠨ ᠬᠠᠪᠠᠭᠠᠨᠠᠭᠰᠠᠭᠠᠷ ᠨᠣᠢ᠌ᠷ ᠭᠦᠷᠭᠦ ᠦᠭᠡᠶ᠂ ᠡᠯᠳᠡᠪ ᠢ ᠪᠣᠳᠤᠵᠤ ᠪᠠᠢ᠌ᠳᠠᠯ᠎ᠠ ᠨᠢᠭᠡᠨ ᠰᠤᠨᠢᠨ ᠴᠢᠮᠡᠭᠡ ᠭᠠᠷᠬᠤ ᠳᠤ ᠨᠤᠬᠠᠢ ᠬᠤᠴᠠᠪᠠ᠃ ᠨᠠᠰᠤᠳᠠᠢ ᠡᠵᠢ ᠠᠶᠤᠨ ᠰᠤᠴᠢᠭᠠᠤᠨ ᠠᠷᠤ ᠨᠢᠷᠤᠭᠤ ᠭᠦᠯᠦᠰᠤ ᠨᠠᠪᠳᠠᠷᠠᠨ ᠳᠤᠯᠤᠭᠠᠢ ᠦᠨᠳᠠᠢ᠌ᠵᠤ ᠦᠵᠡᠪᠠᠯ᠂ ᠭᠡᠳᠤᠨ ᠬᠤᠯᠤᠭᠠᠨ᠎ᠠ ᠴᠢᠨᠡᠭᠡ ᠮᠠᠳᠠᠨ ᠡᠰᠢ ᠳᠠᠰᠢ ᠰᠦᠯᠵᠢᠨ ᠭᠦᠶ‍ᠦᠵᠤ ᠪᠠᠢ᠌ᠯ᠎ᠠ᠃ ᠡᠮᠡᠭᠡᠨ ᠤ ᠵᠢᠷᠦᠭᠡ ᠨᠢ ᠠᠮᠠ ᠪᠠᠷ ᠭᠠᠷᠬᠤ ᠰᠢᠭ ᠪᠣᠯᠵᠤ᠂ ᠪᠣᠷᠬᠠᠨ ᠳᠠᠭᠠᠨ ᠵᠠᠯᠪᠠᠷᠢᠨ᠄

᠊᠊᠊᠊᠊᠊᠊᠊᠊᠊᠊᠊᠊᠊᠊ ᠠᠶ᠎ᠠ᠂ ᠡᠨᠡ ᠬᠤᠷᠸ᠎ᠠ ᠳᠤ ᠠᠮᠢᠳᠤᠷᠠᠭᠠᠤᠨ ᠶᠠᠭᠤᠨ ᠳᠤᠰᠠ ᠭᠡᠵᠤ ᠲᠦᠳᠦᠨᠡᠨ᠎ᠡ᠃ ᠳᠠᠭᠢᠭᠠᠤᠨ᠄

᠊᠊᠊᠊᠊᠊᠊᠊᠊᠊᠊᠊᠊᠊᠊ ᠶᠠᠭᠤ ᠴᠤ ᠪᠣᠯᠪᠠ᠂ ᠡᠷᠦᠭᠡ ᠭᠡᠷ ᠤᠨ ᠦᠨᠳᠦᠰᠦ ᠪᠣᠯᠤᠭᠰᠠᠨ ᠣᠮᠪᠣᠯ ᠶᠢᠡᠨ ᠭᠦᠮᠤᠨ ᠪᠣᠯᠭᠠᠭᠠᠤᠨ ᠮᠠᠳᠠᠶ᠎ᠠ ᠭᠡᠵᠤ ᠪᠣᠳᠤᠭᠠᠤᠨ ᠳᠤᠭ ᠨᠣᠢ᠌ᠷ ᠲᠠᠭᠠᠨ ᠣᠷᠤᠪᠠ᠃

ᠡᠳᠦᠷ ᠤᠨ ᠭᠤᠷᠪᠠᠨ ᠴᠠᠭ ᠤᠨ ᠬᠤᠭᠤᠯᠠ ᠪᠠᠷ ᠠᠮᠢ ᠵᠢᠭᠤᠨ ᠠᠮᠢᠳᠤᠷᠠᠬᠤ ᠴᠢᠨᠢ ᠭᠢᠯᠪᠠᠷ ᠪᠣᠰᠤ᠃ ᠥᠳᠡᠯᠦᠭᠡᠳ ᠳᠤᠰᠠ ᠦᠭᠡᠶ ᠪᠣᠯᠤᠭᠰᠠᠨ ᠶᠢᠡᠨ ᠮᠠᠳᠠᠵᠤ᠂ ᠶᠠᠭᠤ ᠭᠢᠵᠤ ᠥᠭ᠍ᠪᠠᠯ ᠳᠡᠭᠦᠨ ᠢ ᠢᠳᠠᠵᠤ᠂ ᠪᠣᠷᠬᠠᠨ ᠤ ᠠᠪᠣᠷᠠᠯ᠂ ᠣᠮ ᠮᠠ ᠨᠢ ᠪᠠᠤᠨ ᠮᠧ ᠬᠤᠩ ᠭᠡᠵᠤ ᠵᠠᠯᠪᠠᠷᠢᠨ ᠰᠥᠰᠦᠭᠯᠡᠭ᠍ᠰᠡᠨ ᠴᠤ ᠳᠤᠳᠠᠭᠤ ᠴᠢᠨᠠᠭᠰᠠᠨ ᠬᠤᠭᠤᠯᠠᠨ ᠤ ᠬᠠᠳᠠᠭᠤ ᠶᠢᠨ ᠠᠶᠤᠯ ᠡᠴᠠ ᠭᠡᠯᠳᠦᠷᠢᠭᠦᠶ᠎ᠡ ᠪᠠᠷᠭᠡ ᠪᠣᠯᠵᠠᠢ᠃ ᠭᠦᠤ ᠨᠢ ᠦᠵᠡᠵᠤ ᠳᠦᠪᠳᠡᠭᠦ ᠦᠭᠡᠶ ᠪᠣᠯᠵᠤ ᠪᠠᠷᠢ ᠳᠡᠭᠡᠨ᠄

᠊᠊᠊᠊᠊᠊᠊᠊᠊᠊᠊᠊᠊᠊᠊ ᠬᠤᠭᠤᠯᠠ ᠵᠠᠭᠤᠰᠢ ᠪᠠᠨ ᠱᠠᠯᠵᠢᠮ᠎ᠠ ᠴᠢᠨᠠᠴᠢᠭᠠᠤᠨ ᠶᠠᠭᠠᠭᠢᠵᠤ ᠢᠳᠡᠭᠦ ᠶᠤᠮ ᠪᠣᠢ ︖ ᠭᠡᠪᠡ᠃ ᠪᠠᠷᠢ ᠨᠢ ᠪᠣᠷᠤᠭᠤ ᠴᠢᠷᠠᠢ᠌ᠯᠠᠵᠤ᠄

᠊᠊᠊᠊᠊᠊᠊᠊᠊᠊᠊᠊᠊᠊᠊ ᠰᠢᠠᠵᠢ ᠪᠠᠨ ᠦᠵᠡ ᠴᠢ ᠯᠤᠤ ᠶᠢᠨ ᠮᠢᠬ᠎ᠠ ᠢᠳᠡᠭᠦ ᠰᠠᠨᠠᠭ᠎ᠠ ᠲᠡᠶ ᠦᠦ᠂ ᠴᠢᠳᠠᠯ ᠴᠢᠨᠢ ᠬᠠᠮᠢᠭ᠎ᠠ ᠪᠣᠢ ︖ ᠡᠷᠡᠭ᠍ᠳᠡᠢ ᠨᠢ ᠳᠠᠭ ᠳᠠᠭᠤᠨ ᠦᠭᠡᠶ᠂ ᠪᠢᠴᠢᠬᠠᠨ ᠭᠦᠤ ᠨᠢ᠄

᠊᠊᠊᠊᠊᠊᠊᠊᠊᠊᠊᠊᠊᠊᠊ ᠴᠢᠩᠭᠢᠭᠡᠳ ᠨᠤᠬᠠᠢ ᠳᠤ ᠶᠠᠭᠤᠨ ᠤ ᠮᠢᠬᠠᠨ ᠭᠡᠳᠡᠰᠤ ᠥᠭ᠍ᠴᠤ ᠢᠳᠡᠭᠦᠯᠤᠨ᠎ᠡ ᠳ᠋ᠠ᠂ ᠳᠠᠷᠠ ᠶᠠᠮᠠᠷ ᠴᠢᠳᠠᠯ ᠲᠡᠶ ᠪᠣᠢ ︖ ᠭᠡᠨ᠎ᠡ᠃

᠊᠊᠊᠊᠊᠊᠊᠊᠊᠊᠊᠊᠊᠊᠊ ᠪᠣᠤ ᠳᠤᠤᠭᠠᠷ ᠭᠡᠵᠤ ᠳᠤᠬᠤ ᠶᠢ ᠨᠢ ᠠᠯᠭᠠᠳᠠᠪᠠ᠃ ᠵᠠᠯᠭᠠᠭᠠᠤᠨ ᠳᠠᠷᠠ ᠡᠮᠡᠭ᠍ᠳᠡᠢ ᠡᠷ᠎ᠡ ᠪᠠᠨ ᠬᠤᠷᠤᠭᠤ ᠪᠠᠷ ᠵᠢᠭᠠᠵᠤ᠄

᠊᠊᠊᠊᠊᠊᠊᠊᠊᠊᠊᠊᠊᠊᠊ ᠮᠠᠭᠤ ᠨᠤᠬᠠᠢ ᠶᠢᠨ ᠰᠢᠭᠡᠰᠤ᠂ ᠰᠠᠢ᠌ᠨ ᠮᠠᠭᠤ ᠶᠢ ᠮᠡᠳᠡᠭᠦ ᠦᠭᠡᠶ ᠭᠡᠵᠤ ᠬᠠᠷᠢᠶᠠᠨ᠎ᠠ᠃ ᠨᠠᠰᠤᠳᠠᠢ ᠡᠵᠢ ᠨᠢ ᠦᠵᠡᠵᠤ ᠰᠤᠨᠤᠰᠤᠭᠠᠤᠨ ᠳᠠᠰᠴᠤ ᠶᠠᠳᠠᠨ ᠭᠠᠷ ᠭᠦᠯ ᠨᠢ ᠰᠠᠪᠠᠭᠠᠭᠠᠭᠠᠤᠨ ᠬᠠᠷᠠᠩᠭ᠋ᠣᠢ᠌ᠳᠤᠨ ᠣᠨᠠᠪᠠ᠃

᠁ ᠁

ᠨᠠᠢ᠌ᠨᠠᠢ ᠨᠢ ᠣᠮᠪᠣᠯ ᠪᠠᠨ ᠪᠣᠳᠤᠪᠠᠯ ᠶᠠᠮᠠᠷ ᠪᠠᠷᠭᠡ ᠶᠢ ᠴᠤ ᠦᠯᠦ ᠬᠠᠢ᠌ᠬᠤᠷᠠᠨ᠎ᠠ᠃ ᠭᠡᠪᠠᠴᠤ ᠪᠠᠶ᠎ᠠ ᠡᠴᠠ ᠨᠢ ᠣᠨᠠᠭᠰᠠᠨ ᠭᠦᠤ ᠶᠢ ᠨᠢ ᠢᠩᠭᠢᠵᠤ ᠬᠠᠷᠢᠶᠠᠨ ᠳᠤᠷᠤᠮᠵᠢᠯᠠᠭᠳᠠᠬᠤ ᠶᠢ ᠦᠵᠡᠵᠤ ᠳᠡᠰᠭᠦ ᠦᠭᠡᠶ᠃ ᠭᠡᠪᠠᠴᠤ ᠠᠷᠭ᠎ᠠ ᠦᠭᠡᠶ᠃ ᠡᠪᠦᠭᠡᠨ ᠨᠢ ᠪᠠᠢ᠌ᠭᠰᠠᠨ ᠦᠶ᠎ᠡ ᠳᠤ ᠶᠠᠭᠤᠨ ᠡᠴᠠ ᠠᠶᠤᠬᠤ ᠪᠣᠢ ︖ ᠣᠳᠤ ᠭᠦᠤ ᠶᠢᠨ ᠭᠡᠷ ᠲᠤ ᠭᠦᠮᠤᠨ ᠤ ᠴᠢᠷᠠᠢ ᠶᠢ ᠦᠵᠡᠵᠤ᠂ ᠳᠤᠤᠭᠤᠷ ᠬᠠᠷᠠᠵᠤ ᠳᠤᠷᠤᠢ ᠳᠤᠤᠭᠠᠷᠠᠬᠤ ᠪᠠᠨ ᠰᠢᠪᠰᠢᠭ᠌ ᠪᠣᠯᠭᠠᠵᠤ᠂ ᠳᠤᠳᠤᠷ᠎ᠠ ᠨᠢ ᠠᠬᠠᠰ ᠭᠡᠨ᠎ᠡ᠃ ᠢᠩᠭᠢᠵᠤ ᠪᠠᠢ᠌ᠳᠠᠯ᠎ᠠ ᠨᠢ ᠪᠠᠷᠢ ᠨᠢ ᠡᠷ᠎ᠡ ᠪᠠᠨ ᠪᠠᠰᠠ ᠠᠯᠢ ᠮᠠᠭᠤ ᠪᠠᠷ ᠬᠠᠷᠢᠶᠠᠵᠤ ᠡᠭᠢᠯᠡᠪᠡ᠃ ᠡᠭᠦᠨ ᠢ ᠰᠤᠨᠤᠰᠤᠭᠠᠤᠨ ᠳᠡᠭᠦᠨ ᠤ ᠴᠡᠭᠡᠵᠢᠨ ᠳᠤ ᠭᠠᠯ ᠨᠤᠴᠤᠭᠰᠠᠨ ᠰᠢᠭ ᠪᠣᠯᠵᠤ᠄

᠊᠊᠊᠊᠊᠊᠊᠊᠊᠊᠊᠊᠊᠊᠊ ᠶᠠᠪᠣᠨ᠎ᠠ ᠭᠡᠵᠤ ᠭᠡᠯᠡᠭᠡᠳ ᠴᠢᠨ᠋ᠸ᠎ᠠ ᠶᠢᠨ ᠠᠷᠠᠰᠤᠨ ᠳᠡᠪᠢᠰᠭᠡᠷ ᠶᠢᠡᠨ ᠰᠤᠭᠤᠪᠴᠢᠯᠠᠭᠠᠤᠨ᠂ ᠭᠦᠢ ᠭᠦᠢ ᠠᠮᠢᠰᠬᠤᠭᠠᠳᠠᠨ ᠭᠠᠷᠴᠤ ᠣᠴᠢᠪᠠ᠃ ᠣᠮᠪᠣᠯ ᠭᠦᠤ ᠨᠢ ᠭᠦᠶᠤᠨ ᠭᠠᠷᠴᠤ ᠢᠷᠡᠭᠡᠳ ᠳᠤᠬᠤᠢ ᠡᠴᠠ ᠨᠢ ᠴᠢᠷᠴᠤ᠄

᠊᠊᠊᠊᠊᠊᠊᠊᠊᠊᠊᠊᠊᠊᠊ ᠨᠠᠢ᠌ᠨᠠᠢ᠂ ᠪᠣᠤ ᠶᠠᠪᠣ ᠡ᠂ ᠳᠠᠰᠴᠤ ᠪᠠᠢ ︕ ᠪᠢ ᠳᠤᠮᠤ ᠪᠣᠯᠪᠠᠯ ᠴᠢᠮᠢ᠋ᠢ ᠳᠡᠵᠢᠭᠡᠶ᠎ᠡ᠂ ᠳᠠᠷᠭᠤᠨ ᠮᠢᠬ᠎ᠠ ᠢᠳᠡᠭᠦᠯᠦᠶ᠎ᠡ ᠭᠡᠵᠤ ᠣᠭᠢᠯᠠᠨ ᠭᠡᠯᠡᠨ᠎ᠡ᠃ ᠳᠡᠭᠦᠨ ᠤ ᠡᠵᠢ ᠨᠢ ᠭᠠᠷᠴᠤ ᠢᠷᠡᠭᠡᠳ᠄

᠊᠊᠊᠊᠊᠊᠊᠊᠊᠊᠊᠊᠊᠊᠊ ᠶᠠᠪᠣᠪᠠᠯ ᠶᠠᠪᠣᠭ᠂ ᠭᠡᠷ ᠢ ᠨᠢ ᠬᠤᠳᠠᠯᠳᠤᠴᠢᠯ᠎ᠠ ᠬᠠᠮᠢᠭ᠎ᠠ ᠣᠴᠢᠬᠤ ᠶᠢ ᠨᠢ ᠦᠵᠡᠶ᠎ᠠ ᠭᠡᠪᠡ᠃

᠁ ᠁

ᠭᠡᠳᠤᠨ ᠡᠳᠦᠷ ᠥᠩᠭᠡᠷᠡᠭᠡᠳ ᠨᠠᠰᠤᠳᠠᠨ ᠪᠣᠴᠠᠨ ᠢᠷᠡᠭ᠍ᠰᠡᠨ ᠦᠭᠡᠶ᠃ ᠭᠦᠤ ᠨᠢ ᠰᠦᠰᠦᠳᠤ ᠠᠢ᠌ᠯ ᠳᠤᠰᠬᠤᠨ᠂ ᠮᠠᠯ ᠤᠨ ᠳᠤᠪᠣ ᠳᠤ ᠭᠦᠷᠴᠤ ᠡᠷᠢᠭ᠍ᠰᠡᠨ ᠳᠤ ᠰᠤᠷᠠᠭ ᠦᠭᠡᠶ᠃ ᠡᠨᠡ ᠨᠠᠮᠤᠷ ᠤᠨ ᠵᠢᠭᠡᠭᠦᠨ ᠡᠭᠡᠷᠮ᠎ᠡ ᠳᠠᠯ᠎ᠠ ᠳᠤ ᠡᠵᠢ ᠮᠢᠨᠢ ᠬᠠᠮᠢᠭ᠎ᠠ ᠨᠢ ᠰᠢᠷᠭᠤᠵᠤ ᠪᠠᠢ᠌ᠭ᠎ᠠ ᠪᠣᠯ ᠳ᠋ᠠ ᠭᠡᠵᠤ ᠪᠣᠳᠤᠨ ᠪᠣᠳᠤᠨ ᠰᠠᠠᠳᠤᠷᠴᠤ᠂ ᠭᠦᠶ‍ᠦᠭ᠍ᠰᠡᠭᠡᠷ ᠪᠠᠢ᠌ᠵᠤ ᠡᠨᠡ ᠭᠤᠤᠯ ᠤᠨ ᠭᠦᠪᠠᠭᠡᠨ ᠳᠤ ᠢᠷᠠᠵᠠᠢ᠃ ᠡᠰᠢ ᠳᠠᠰᠢ ᠬᠠᠷᠠᠵᠤ ᠪᠠᠢ᠌ᠭᠰᠠᠭᠠᠷ ᠭᠦᠭᠦᠷᠭᠡ ᠳᠤᠤᠷ᠎ᠠ ᠭᠤᠯᠳᠤᠩ ᠭᠦᠡᠳᠡᠢ ᠳᠤ ᠡᠵᠢ ᠶᠢᠨ ᠭᠢᠨᠢ ᠴᠢᠨ᠋ᠸ᠎ᠠ ᠶᠢᠨ ᠠᠷᠠᠰᠤᠨ ᠳᠡᠪᠢᠰᠭᠡᠷ ᠢ ᠣᠯᠵᠤ ᠥᠵᠡᠭᠡᠳ ᠳᠤᠳᠤᠷ᠎ᠠ ᠨᠢ ᠬᠠᠷᠠᠯᠠᠪᠠ ᠁

᠁ ᠁

ᠰᠦᠰᠦᠳᠤ ᠡᠨᠡ ᠭᠦᠭᠦᠷᠭᠡᠨ ᠤ ᠭᠡᠷᠡᠰᠭᠡ ᠳᠤ ᠰᠠᠭᠤᠵᠤ᠂ ᠣᠳᠠᠭᠠᠤᠨ ᠨᠢᠯᠪᠣᠰᠤ ᠪᠠᠨ ᠠᠷᠴᠢᠵᠤ᠂ ᠰᠡᠭᠦᠷᠡᠰᠤ ᠠᠯᠳᠠᠭᠠᠤᠨ᠄

᠊᠊᠊᠊᠊᠊᠊᠊᠊᠊᠊᠊᠊᠊᠊ ᠮᠥᠮᠥ ᠡ᠂ ᠭᠦᠤ ᠴᠢᠨᠢ ᠪᠢ ᠴᠢᠳᠠᠯ ᠦᠭᠡᠶ ᠭᠡᠵᠤ ᠭᠦᠴᠤᠨ ᠴᠢᠨᠡᠭᠡ ᠪᠠᠷ ᠳᠤᠤᠭᠠᠷᠤᠨ᠂ ᠢᠴᠢᠵᠤ ᠵᠤᠪᠠᠭᠰᠠᠨ ᠬᠠᠷᠠᠴᠠ ᠪᠠᠷ ᠠᠯᠳᠠᠨ ᠭᠡᠷᠡᠯ ᠰᠠᠴᠤᠷᠤᠭᠰᠠᠨ ᠡᠪᠠᠰᠦᠳᠤ ᠳᠠᠯ᠎ᠠ ᠶᠢ ᠬᠠᠮᠤᠭ ᠰᠡᠭᠦᠯᠴᠢ ᠬᠠᠷᠠᠭᠠᠤᠨ ᠭᠤᠤᠯ ᠤᠨ ᠣᠰᠤᠨ ᠳᠤ ᠬᠠᠷᠠᠢ᠌ᠨ ᠣᠷᠤᠵᠤ᠂ ᠮᠡᠯᠮᠡᠵᠡᠭ᠍ᠰᠡᠨ ᠣᠷᠤᠰᠬᠠᠯ ᠳᠤ ᠳᠤᠨᠤᠯ᠎ᠠ ᠁

ᠳᠡᠭᠦᠨ ᠤ ᠬᠣᠢ᠌ᠨ᠎ᠠ ᠡᠴᠠ ᠭᠦᠶ‍ᠦᠵᠤ ᠪᠠᠢ᠌ᠭᠰᠠᠨ ᠪᠢᠴᠢᠬᠠᠨ ᠭᠦᠤ ᠨᠢ ᠡᠨᠡ ᠭᠤᠤᠯ ᠤᠨ ᠭᠦᠪᠠᠭᠡᠨ ᠤ ᠳᠠᠯᠠᠩ ᠳᠡᠭᠡᠷ᠎ᠡ ᠭᠦᠯ ᠨᠢᠴᠦᠭᠦᠨ ᠶᠢᠡᠷ ᠭᠦᠶ‍ᠦᠵᠤ᠂ ᠮᠦᠷᠤᠨ ᠤ ᠪᠣᠭᠴᠤ ᠪᠠᠨ ᠭᠤᠤᠯ ᠳᠤ ᠬᠠᠶᠠᠵᠤ᠂ ᠨᠢᠯᠪᠣᠰᠤ ᠪᠠᠨ ᠠᠷᠴᠢᠨ ᠠᠷᠴᠢᠨ ᠠᠯᠤᠰ ᠬᠤᠯᠠ ᠶᠢ ᠪᠠᠷᠠᠯᠠᠨ᠂ ᠠᠮᠢ ᠳᠠᠮᠠᠴᠠᠨ ᠭᠦᠶᠤᠨ ᠶᠡᠭᠡ ᠳᠠᠭᠤᠨ ᠶᠢᠡᠷ᠄

᠊᠊᠊᠊᠊᠊᠊᠊᠊᠊᠊᠊᠊᠊᠊ ᠨᠠᠢ᠌ᠨᠠᠢ ︕ ᠠᠪᠣ ᠡ ︕ ᠭᠡᠵᠤ ᠳᠠᠭᠤᠳᠠᠨ᠎ᠠ᠃ ᠪᠢᠴᠢᠬᠠᠨ ᠭᠦᠤ ᠶᠢᠨ ᠣᠶᠠᠷᠠᠯᠳᠠᠢ ᠭᠦᠭᠡᠷᠦᠭᠦᠨ ᠳᠠᠭᠤᠨ ᠨᠢ ᠨᠡᠯᠦᠭᠡᠷ ᠳᠠᠯ᠎ᠠ ᠶᠢᠨ ᠳᠡᠭᠡᠭᠦᠷ ᠪᠠᠷᠠᠭᠠᠨ ᠣᠭᠳᠠᠷᠭᠤᠢ ᠳᠤ ᠣᠳᠠᠳᠠᠯ᠎ᠠ ᠳᠠᠭᠤᠷᠢᠰᠤᠨ᠎ᠠ ᠁


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠦᠨᠳᠦᠰᠦᠳᠠᠨ ᠤ ᠶᠡᠭᠡ ᠰᠤᠷᠭᠠᠭᠤᠯᠢ

ᠵᠤᠬᠢᠶᠠᠭᠴᠢ᠄ ᠲᠤᠭᠤᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 2454
ᠴᠠᠭ᠄ 2014 ᠤᠨ ᠤ 12 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁