ᠪᠠᠯᠠᠢ ᠡᠷ᠎ᠡ ᠶᠢᠨ ᠪᠠᠶᠠᠵᠢᠯ ᠤᠨ ᠵᠡᠭᠦᠳᠤ

ᠡᠷᠳᠡ ᠣᠷᠢᠳᠤ ᠴᠠᠭ ᠲᠤ᠂ ᠨᠢᠭᠡᠨ ᠵᠢᠰᠤᠷ ᠮᠤᠩᠬᠠᠭ ᠵᠠᠯᠠᠭᠤ ᠡᠷ᠎ᠡ ᠪᠠᠢ᠌ᠵᠠᠢ᠃ ᠳᠠᠷᠠ ᠭᠦᠳᠡᠯᠮᠦᠷᠢᠯᠡᠭᠦ ᠥᠭᠡᠢ ᠪᠠᠷ ᠮᠥᠩᠭᠦ ᠣᠯᠬᠤ ᠣᠷᠠᠨ ᠠᠷᠭ᠎ᠠ ᠶᠢ ᠶᠠᠭᠠᠭᠢᠵᠤ ᠣᠯᠳᠠᠭ ᠪᠢᠯᠠ ᠭᠡᠵᠤ ᠡᠳᠦᠷᠵᠢᠨ ᠵᠤᠪᠠᠵᠤ ᠶᠠᠪᠣᠳᠠᠭ ᠭᠡᠨ᠎ᠡ᠃ ᠨᠢᠭᠡᠨ ᠡᠳᠦᠷ ᠤᠨ ᠣᠷᠤᠢ ᠳᠠᠷᠠ ᠴᠠᠭᠠᠨ ᠭᠡᠵᠢᠭᠡ ᠲᠡᠶ ᠰᠠᠭᠢᠭᠤᠯᠰᠤᠨ ᠲᠡᠶ ᠣᠴᠠᠷᠠᠵᠠᠢ᠂ ᠳᠡᠭᠡᠭᠡᠤᠨ ᠦᠪᠡᠷ ᠤᠨ ᠪᠣᠳᠤᠯ ᠶᠢᠡᠨ ᠭᠡᠯᠡᠵᠤ ᠣᠷᠠᠨ ᠠᠷᠭ᠎ᠠ ᠬᠠᠢ᠌ᠷᠠᠯᠠᠬᠤ ᠶᠢ ᠭᠤᠶᠤᠯ᠎ᠠ᠃ ᠰᠠᠭᠢᠭᠤᠯᠰᠤᠨ᠄ 《ᠴᠢ ᠦᠨᠦ ᠭᠡᠳᠦᠢ ᠮᠥᠩᠭᠦ ᠲᠡᠶ ᠪᠣᠢ︖》 ᠭᠡᠵᠤ ᠠᠰᠠᠭᠤᠬᠤ ᠳᠤ ᠳᠠᠷᠠ ᠪᠦᠭᠦ ᠵᠤᠭᠤᠰ ᠶᠢᠡᠨ ᠭᠠᠷᠭᠠᠭᠰᠠᠨ ᠴᠢᠨᠢ 28 ᠵᠤᠭᠤᠰ ᠪᠠᠢ᠌ᠯ᠎ᠠ᠃ ᠰᠠᠭᠢᠭᠤᠯᠰᠤᠨ᠄ 《ᠵᠠ ᠪᠣᠯᠵᠠᠢ᠂ ᠴᠢ ᠣᠳᠤ ᠪᠠᠷ ᠶᠢᠡᠷ ᠣᠷᠤᠭᠰᠢ ᠶᠠᠪᠣ᠂ ᠳᠡᠭᠡᠭᠡᠤᠨ ᠨᠢᠭᠡ ᠭᠦᠢᠯᠡᠰᠤᠨ ᠮᠤᠳᠤ ᠶᠢ ᠥᠩᠭᠡᠷᠡᠭᠦ ᠪᠦᠷᠢ ᠮᠤᠳᠤ ᠶᠢ ᠳᠤᠭᠤᠷᠢᠵᠤ ᠨᠢᠭᠡ ᠡᠷᠭᠢ᠂ ᠢᠩᠭᠢᠪᠠᠯ ᠴᠢᠨᠤ ᠬᠠᠷᠮᠠᠨ ᠳ᠋ᠠᠭᠢ ᠵᠤᠭᠤᠰ ᠴᠢᠨᠢ ᠳᠠᠭᠢᠨ ᠶᠢᠡᠷ ᠨᠡᠮᠡᠭ᠍ᠳᠡᠭᠦ ᠪᠣᠯᠤᠨ᠎ᠠ᠂ ᠭᠡᠪᠠᠴᠤ ᠴᠢ ᠨᠢᠭᠡ ᠳᠤᠭᠤᠷᠢᠭ ᠡᠷᠭᠢᠭᠦ ᠪᠦᠷᠢ ᠨᠠᠳᠠ 32 ᠵᠤᠭᠤᠰ ᠦᠭ‍ᠭᠦ ᠭᠡᠷᠡᠭ᠍ᠳᠡᠢ᠃》 ᠭᠡᠪᠡ᠃ ᠪᠠᠯᠠᠢ ᠡᠷ᠎ᠡ ᠳᠤᠳᠤᠷ᠎ᠠ ᠪᠠᠨ᠄ ᠡᠨᠡ ᠴᠢᠨᠢ ᠬᠠᠷᠢᠨ ᠭᠦᠳᠡᠯᠮᠦᠷᠢᠯᠡᠵᠤ ᠵᠤᠭᠤᠰ ᠣᠯᠬᠤ ᠡᠴᠡ ᠬᠤᠯᠠ ᠠᠮᠠᠷ ᠪᠠᠢ᠌ᠨ᠎ᠠ᠂ ᠳᠠᠭᠢᠭᠠᠤᠨ ᠭᠡᠯᠡᠪᠠᠯ ᠡᠨᠡ ᠠᠢ᠌ᠯ ᠳᠤ ᠭᠦᠢᠯᠡᠰᠤᠨ ᠮᠤᠳᠤ ᠪᠠᠢ᠌ᠬᠤ ᠯᠠ ᠶᠤᠮ ᠴᠢᠨᠢ ᠭᠡᠵᠤ ᠪᠣᠳᠤᠭᠠᠤᠨ ᠪᠠᠶᠠᠷᠯᠠᠬᠤ ᠶᠢᠨ ᠵᠡᠷᠭᠡᠪᠠᠷ ᠡᠮᠦᠨ᠎ᠡ ᠨᠢ ᠪᠠᠢ᠌ᠭ᠎ᠠ ᠭᠦᠢᠯᠡᠰᠤᠨ ᠮᠤᠳᠤ ᠶᠢᠨ ᠵᠥᠭ᠌ ᠭᠦᠶ‍ᠦᠪᠡ᠃ ᠳᠠᠷᠠ ᠶᠠᠭᠠᠷᠠᠤ ᠰᠠᠠᠳᠠᠷᠤᠤ ᠮᠤᠳᠤ ᠶᠢ ᠨᠢᠭᠡ ᠡᠷᠭᠢᠭᠡᠤᠨ ᠬᠠᠷᠮᠠᠨ ᠶᠢᠡᠨ ᠳᠡᠮᠳᠡᠷᠢᠭᠦ ᠳᠤ ᠵᠤᠭᠤᠰ ᠨᠢ ᠥᠨᠡᠭᠡᠷ ᠳᠠᠭᠢᠨ ᠶᠢᠡᠷ ᠨᠡᠮᠡᠭ᠍ᠳᠡᠪᠡ᠃ ᠳᠡᠭᠡᠭᠡᠤᠨ ᠳᠠᠷᠠ ᠳᠤᠷᠠᠳᠠᠶ᠎ᠠ 32 ᠵᠤᠭᠤᠰ ᠭᠠᠷᠭᠠᠵᠤ ᠬᠤᠪᠢᠯᠭᠠᠨ ᠳᠤ ᠭᠠᠷᠳᠠᠭᠤᠯᠤᠭᠠᠤᠨ ᠳᠠᠭᠢᠨ ᠬᠤᠶᠠᠳᠤᠭᠠᠷ ᠮᠤᠳᠤ ᠶᠢ ᠴᠢᠭᠯᠡᠪᠡ᠂ ᠪᠠᠰᠠ ᠨᠢᠭᠡ ᠳᠤᠭᠤᠷᠢᠭ ᠡᠷᠭᠢᠭᠡᠤᠨ ᠳᠠᠷᠠ ᠳᠠᠭᠢᠨ ᠬᠠᠷᠮᠠᠨ ᠶᠢᠡᠨ ᠳᠡᠮᠳᠡᠷᠢᠭ᠍ᠰᠡᠨ ᠴᠢᠨᠢ ᠁᠁

ᠰᠤᠷᠤᠭᠴᠢ ᠨᠥᠭᠦᠤᠨ ᠮᠢᠨᠢ ᠪᠣᠳᠤᠵᠤ ᠦᠵᠡ᠂ ᠣᠳᠤ ᠪᠠᠯᠠᠢ ᠡᠷ᠎ᠡ ᠶᠢᠨ ᠬᠠᠷᠮᠠᠨ ᠳ᠋ᠠᠭᠢ ᠵᠤᠭᠤᠰ ᠭᠡᠳᠦᠢ ᠪᠠᠢ᠌ᠨ᠎ᠠ︖ ᠳᠡᠭᠦᠨ ᠤ ᠪᠠᠶᠠᠵᠢᠯ ᠤᠨ ᠵᠡᠭᠦᠳᠤ ᠨᠢ ᠪᠠᠶᠡᠯᠡᠭ᠍ᠳᠡᠭᠦ ᠦᠦ︖

ᠵᠤᠬᠢᠶᠠᠭᠴᠢ᠄ ᠤᠶ‍ᠦᠡᠭᠡᠷᠡᠯ
ᠢᠷᠡᠯᠲᠡ᠄ ᠳᠤᠰ ᠰᠦᠯᠵᠢᠶ᠎ᠠ
ᠳᠠᠷᠤᠮ᠄ 4555
ᠴᠠᠭ᠄ 2007 ᠤᠨ ᠤ 04 ᠰᠠᠷ᠎ᠠ ᠶᠢᠨ 10
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠰᠤᠷᠭᠠᠨ ᠬᠦᠮᠦᠵᠢᠯᠰᠤᠷᠤᠭᠴᠢ ᠶᠢᠨ - ᠪᠠᠯᠠᠢ ᠡᠷ᠎ᠡ ᠶᠢᠨ ᠪᠠᠶᠠᠵᠢᠯ ᠤᠨ ᠵᠡᠭᠦᠳᠤ