ᠬᠦᠳᠡᠭᠡ ᠶᠢᠨ ᠦᠳᠡᠰᠢ

(ᠳᠠᠭᠤᠤ ᠶᠢᠨ ᠥᠭᠡ)


ᠳᠡᠭ᠍ᠷᠢ ᠶᠢᠨ ᠬᠠᠶᠠᠭ᠎ᠠ ᠣᠯᠠᠪᠠᠷᠳᠤᠨ ᠬᠠᠷᠠᠭᠳᠠᠵᠤ

ᠳᠡᠨᠢᠭᠡᠷ ᠭᠤᠪᠢ ᠣᠨᠢᠶᠠᠷᠳᠤᠨ ᠴᠡᠩᠭᠡᠷᠯᠡᠨ᠎ᠡ᠂

ᠳᠠᠨᠠᠨ ᠭᠡᠷ ᠤᠳ ᠳᠠᠢ᠌ᠪᠣᠭᠤᠬᠠᠨ ᠴᠠᠢ᠌ᠯᠵᠠᠵᠤ

ᠳᠠᠷᠭᠤᠨ ᠰᠥᠷᠦᠭ᠌ ᠳᠠᠪᠠᠳᠠᠢ᠌ᠬᠠᠨ ᠢᠷᠠᠭᠯᠠᠨ᠎ᠠ

ᠭᠦᠰᠡᠯ ᠬᠠᠢ᠌ᠷ᠎ᠠ ᠶᠢᠨ ᠠᠷᠭᠠᠮᠵᠢᠶ᠎ᠠ ᠪᠣᠯᠤᠭᠰᠠᠨ

ᠭᠦᠳᠡᠭᠡ ᠶᠢᠨ ᠦᠳᠡᠰᠢ ᠡᠢ᠌ᠮᠤ ᠯᠠ ᠰᠠᠢ᠌ᠬᠠᠨ


ᠠᠭᠢ ᠶᠢᠨ ᠦᠨᠦᠷ ᠰᠠᠮᠰᠠ ᠴᠤᠷᠭᠢᠵᠤ

ᠠᠳᠤᠭᠤᠨ ᠤ ᠳᠤᠷᠭᠢᠶᠠᠨ ᠰᠤᠨᠤᠷ ᠢ ᠴᠢᠪᠬᠠᠳᠤᠨ᠎ᠠ᠂

ᠠᠭᠯᠠᠭ ᠣᠢ ᠳᠤ ᠭᠦᠭᠦᠭᠡ ᠳᠤᠩᠭ᠋ᠤᠤᠠᠴᠤ

ᠠᠯᠮᠠᠩ ᠰᠠᠷᠠᠨ ᠳᠤᠶᠠᠭ᠎ᠠ ᠪᠠᠨ ᠠᠰᠬᠠᠨ᠎ᠠ

ᠭᠦᠰᠡᠯ ᠬᠠᠢ᠌ᠷ᠎ᠠ ᠶᠢᠨ ᠠᠷᠭᠠᠮᠵᠢᠶ᠎ᠠ ᠪᠣᠯᠤᠭᠰᠠᠨ

ᠭᠦᠳᠡᠭᠡ ᠶᠢᠨ ᠦᠳᠡᠰᠢ ᠡᠢ᠌ᠮᠤ ᠯᠠ ᠰᠠᠢ᠌ᠬᠠᠨ


ᠵᠦᠰᠠᠷ ᠪᠣᠷᠤᠭ᠎ᠠ ᠠᠶᠠᠷᠬᠠᠨ ᠱᠠᠭᠢᠵᠤ

ᠵᠥᠯᠭᠡ ᠶᠢᠨ ᠮᠡᠯᠡᠭᠡᠢ ᠣᠷᠮᠠᠳᠠᠢ ᠳᠠᠭᠤᠯᠠᠨ᠎ᠠ

ᠵᠥᠭᠡᠯᠡᠨ ᠰᠠᠯᠭᠢ ᠰᠠᠪᠠᠯᠵᠠᠨ ᠰᠠᠩᠭᠢᠨᠠᠵᠤ

ᠵᠡᠭᠦᠳᠤᠨ ᠤ ᠠᠮᠠᠷᠠᠭ ᠰᠡᠮᠡᠭᠡᠨ ᠰᠢᠪᠠᠨᠠᠨ᠎ᠠ᠂

ᠭᠦᠰᠡᠯ ᠬᠠᠢ᠌ᠷ᠎ᠠ ᠶᠢᠨ ᠠᠷᠭᠠᠮᠵᠢᠶ᠎ᠠ ᠪᠣᠯᠤᠭᠰᠠᠨ

ᠭᠦᠳᠡᠭᠡ ᠶᠢᠨ ᠦᠳᠡᠰᠢ ᠡᠢ᠌ᠮᠤ ᠯᠠ ᠰᠠᠢ᠌ᠬᠠᠨ


ᠵᠤᠬᠢᠶᠠᠭᠴᠢ᠄ ᠴᠡᠴᠡᠭ
ᠢᠷᠡᠯᠲᠡ᠄ ᠵᠠᠷᠤᠳ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠲᠤ ᠬᠤᠷᠠᠯ ᠬᠠᠩᠭᠠᠪᠠ
ᠬᠠᠷᠢᠶ᠎ᠠ᠄ ᠰᠢᠯᠦᠭ
ᠳᠠᠷᠤᠮ᠄ 2236
ᠴᠠᠭ᠄ 2004 ᠤᠨ ᠤ 11 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁