ᠭᠤᠯᠵᠢᠨ ᠣᠯᠠᠭᠠᠨ

ᠡᠭᠦᠳᠡᠨ ᠡᠴᠡ ᠬᠣᠢ᠌ᠮᠤᠷ ᠭᠦᠷᠳᠡᠯ᠎ᠡ ᠳᠦᠷᠪᠠᠨ ᠠᠯᠬᠤᠮ᠂ ᠬᠣᠢ᠌ᠮᠤᠷ ᠡᠴᠡ ᠡᠭᠦᠳᠡᠨ ᠭᠦᠷᠳᠡᠯ᠎ᠡ ᠳᠦᠷᠪᠠᠨ ᠠᠯᠬᠤᠮ᠂ ᠭᠡᠷᠡᠮ ᠨᠢ ᠬᠠᠷ᠎ᠠ ᠭᠦᠭᠡ ᠽᠢᠮᠤᠠᠲ᠋᠃ ᠱᠠᠯᠠ ᠨᠢ ᠴᠤ ᠠᠳᠠᠯᠢᠬᠠᠨ ᠬᠠᠷ᠎ᠠ ᠭᠦᠭᠡ ᠽᠢᠮᠤᠠᠲ᠋᠃ ᠳᠡᠭᠡᠪᠦᠷ ᠤᠨ ᠬᠢᠨᠢ ᠨᠠᠷᠠᠭᠤᠯ ᠳᠠᠯ᠎ᠠ ᠨᠢ ᠰᠢᠯ ᠲᠡᠶ ᠭᠡᠭᠦ ᠡᠴᠡ ᠪᠣᠰᠤᠩᠭᠢ ᠨᠢ ᠪᠦᠷ ᠽᠢᠮᠤᠠᠲ᠋ ᠊᠊᠊᠊᠊᠊᠊᠊᠊᠊᠊᠊᠊᠊᠊ ᠬᠠᠷ᠎ᠠ ᠭᠦᠭᠡ ᠽᠢᠮᠤᠠᠲ᠋᠃ ᠰᠢᠭᠡᠰᠤ ᠪᠠᠭᠠᠰᠤ ᠣᠷᠤᠰᠴᠤ ᠭᠠᠷᠬᠤ ᠰᠤᠪᠠᠭ ᠡᠴᠠ ᠪᠣᠰᠤ ᠠᠭᠠᠷ ᠨᠡᠪᠳᠡᠷᠡᠭᠦ ᠶᠠᠭᠤᠮ᠎ᠠ ᠪᠠᠢ᠌ᠬᠤ ᠦᠭᠡᠶ ᠯᠥᠭ᠌ ᠪᠢᠳᠡᠭᠦᠤ᠃ ᠳᠠᠮᠤᠷ ᠡᠭᠦᠳᠡ ᠨᠢ ᠦᠷᠭᠦᠯᠵᠢ ᠭᠠᠳᠠᠨ᠎ᠠ ᠡᠴᠠ ᠪᠠᠨ ᠣᠨᠢᠰᠤᠳᠠᠢ ᠪᠠᠢ᠌ᠳᠠᠭ᠃ ᠡᠨᠡ ᠪᠣᠯ ᠭᠤᠯᠵᠢᠨ ᠣᠯᠠᠭᠠᠨ ᠤ 《ᠭᠡᠷ》 ᠪᠠᠢ᠌ᠪᠠ᠃

ᠭᠤᠯᠵᠢᠨ ᠣᠯᠠᠭᠠᠨ ᠭᠡᠪᠳᠡᠵᠤ ᠪᠠᠢ᠌ᠪᠠ᠂ ᠬᠠᠷ᠎ᠠ ᠭᠦᠭᠡ ᠽᠢᠮᠤᠠᠲ᠋ ᠳᠡᠭᠡᠷ᠎ᠡ ᠭᠡᠪᠳᠡᠵᠤ ᠪᠠᠢ᠌ᠪᠠ᠃ ᠠᠷᠤ ᠪᠦᠭ᠍ᠰᠡ ᠳ᠋ᠤᠨᠢ ᠦᠣᠡᠭᠡᠨ ᠰᠢᠩᠭᠡᠨ ᠢ ᠭᠠᠳᠠᠭᠰᠢᠯᠠᠭᠤᠯᠬᠤ ᠰᠤᠪᠠᠭ ᠪᠠᠢ᠌ᠨ᠎ᠠ᠂ ᠡᠮᠦᠨ᠎ᠡ ᠨᠢ ᠳᠤᠮᠤᠬᠠᠨ ᠮᠤᠳᠤᠨ ᠣᠩᠭ᠋ᠤᠴᠠ ᠪᠠᠢ᠌ᠨ᠎ᠠ᠂ ᠡᠨᠡ ᠵᠢᠵᠢᠭ᠍‍ᠬᠡᠨ ᠵᠠᠢ ᠳᠤ ᠭᠤᠯᠵᠢᠨ ᠣᠯᠠᠭᠠᠨ ᠭᠡᠪᠳᠡᠵᠤ ᠪᠠᠢ᠌ᠪᠠ᠃ ᠮᠤᠳᠤᠨ ᠣᠩᠭ᠋ᠤᠴᠠᠨ ᠤ ᠬᠤᠪᠢᠶᠠᠷᠢᠴᠠᠭ᠎ᠠ ᠭᠦᠷᠡᠩ ᠥᠩᠭᠡ ᠲᠡᠶ ᠮᠠᠭᠤᠬᠠᠢ ᠦᠨᠦᠷ ᠲᠡᠶ ᠵᠣᠢ᠌ᠯ ᠪᠠᠢ᠌ᠨ᠎ᠠ᠃ ᠦᠷᠯᠦᠭᠡ ᠭᠤᠯᠵᠢᠨ ᠣᠯᠠᠭᠠᠨ ᠳᠠᠷᠠ ᠶᠠᠭᠤᠮ᠎ᠠ ᠶᠢ ᠥᠯᠦᠰᠭᠦ ᠶᠢᠨ ᠡᠷᠭᠡ ᠳᠤ ᠢᠳᠡᠭ᠍ᠰᠡᠨ ᠶᠤᠮ᠃ ᠡᠨᠡ ᠶᠠᠭᠤᠮ᠎ᠠ ᠶᠢ ᠡᠭᠢᠯᠡᠨ ᠢᠳᠡᠭᠦ ᠳᠤ ᠭᠡᠳᠦᠢ ᠪᠠᠷ ᠮᠠᠭᠤᠬᠠᠢ ᠦᠨᠦᠷ ᠲᠡᠶ ᠪᠣᠯᠪᠠᠴᠤ᠂ ᠭᠡᠳᠦ ᠡᠮᠭᠦᠭ᠍ᠰᠡᠨ ᠤ ᠳᠠᠷᠠᠭ᠎ᠠ ᠦᠨᠦᠷ ᠨᠢ ᠮᠡᠳᠡᠭ᠍ᠳᠡᠭᠦ ᠦᠭᠡᠶ ᠪᠣᠯᠳᠠᠭ᠂ ᠳᠡᠭᠡᠭᠡᠳ ᠯᠠ ᠴᠠᠳᠪᠠᠴᠤ ᠪᠠᠰᠠ ᠢᠳᠡᠭᠡᠳ ᠪᠠᠢ᠌ᠳᠠᠭ ᠶᠤᠮ᠃ ᠢᠳᠡᠭᠦ ᠳᠤᠳᠤᠮ ᠶᠢᠡᠨ ᠵᠢᠷᠦᠭᠡᠨ ᠤ ᠴᠤᠭᠢᠯᠳᠠ ᠳᠦᠷᠭᠡᠰᠴᠤ᠂ ᠳᠤᠯᠤᠭᠠᠢ ᠡᠷᠭᠢᠵᠤ᠂ ᠪᠠᠶ᠎ᠠ ᠨᠢ ᠭᠡᠢ ᠠᠭᠠᠷ ᠲᠤ ᠭᠦᠪᠪᠦᠵᠤ ᠪᠠᠢ᠌ᠬᠤ ᠮᠠᠳᠤ ᠪᠣᠯᠳᠠᠭ᠃ ᠴᠢᠩᠭᠢᠭᠡᠳ ᠯᠠ ᠭᠡᠪᠳᠡᠭᠡᠳ ᠣᠠᠳᠠᠵᠤ ᠣᠳᠳᠠᠭ ᠶᠤᠮ᠃ ᠡᠨᠡ ᠶᠠᠭᠤᠮᠠᠨ ᠤ ᠣᠭᠢ ᠰᠢᠭᠦᠰᠤ ᠶᠢ ᠭᠦᠮᠤᠨ ᠭᠡᠭ᠍ᠴᠢ ᠢᠯᠭᠢᠨ ᠣᠯᠠᠭᠠᠨ ᠨᠢᠭᠤᠷᠳᠠᠤᠨ ᠦᠪᠡᠷ ᠶᠢᠡᠨ ᠣᠤᠭᠤᠵᠤ ᠠᠪᠣᠭᠠᠤᠨ ᠵᠤᠭᠰᠤᠯ ᠦᠭᠡᠶ ᠮᠥᠭᠡᠷᠡᠵᠤ (ᠲ᠋ᠠᠭᠤᠯᠠᠵᠤ) ᠨᠢᠭᠡ ᠨᠢᠭᠡ ᠪᠠᠨ ᠳᠣᠢ᠌ᠭᠯᠠᠵᠤ ᠪᠠᠢ᠌ᠳᠠᠭ᠃ ᠬᠠᠶᠠ ᠵᠠᠷᠢᠮ ᠨᠢ ᠮᠦᠷᠭᠦᠯᠳᠦᠵᠤ ᠴᠤ ᠪᠠᠢ᠌ᠳᠠᠭ ᠢ ᠭᠤᠯᠵᠢᠨ ᠣᠯᠠᠭᠠᠨ ᠥᠵᠡᠭ᠍ᠰᠡᠨ ᠶᠤᠮ᠃

ᠭᠤᠯᠵᠢᠨ ᠣᠯᠠᠭᠠᠨ᠂ ᠳᠤᠯᠤᠭᠠᠢ ᠪᠠᠨ ᠡᠷᠭᠦᠵᠤ᠂ ᠴᠢᠮᠡᠭᠡ ᠴᠢᠩᠨᠠᠯ᠎ᠠ᠃ ᠬᠤᠯᠠ ᠡᠴᠠ ᠳᠦᠩᠭᠢᠨᠡᠭᠦ ᠥᠮᠡᠭᠡᠢ ᠣᠳᠤᠭ᠎ᠠ ᠣᠩᠭ᠋ᠤᠵᠤ᠂ ᠣᠷᠭᠢᠯᠠᠨ ᠳᠠᠪᠭᠢᠳᠠᠭ᠂ ᠡᠷᠭᠢᠯᠳᠡᠳᠡᠭ᠌ ᠳᠦᠷᠪᠠᠨ ᠭᠦᠯ ᠲᠡᠶ ᠳᠠᠮᠤᠷ ᠠᠮᠢᠳᠠᠨ ᠤ ᠳᠠᠭᠤ ᠪᠠ ᠪᠠᠷᠠᠭᠤᠨ ᠭᠡᠷᠡᠮ ᠤᠨ ᠴᠠᠭᠠᠨᠠᠭᠢ ᠰᠤᠬᠤᠷ ᠪᠣᠭᠤ ᠶᠢᠨ ᠭᠡᠷᠡᠮ ᠱᠦᠷᠭᠦᠭᠡᠭᠦ ᠴᠢᠮᠡᠭᠡᠨ ᠡᠴᠠ ᠣᠠᠳᠤᠤ ᠠᠨᠢᠷ ᠦᠭᠡᠶ᠃ ᠰᠢᠯ ᠳᠡᠭᠡᠪᠦᠷ ᠶᠢᠡᠷ ᠨᠠᠷᠠᠨ ᠳᠤᠰᠴᠤ᠂ ᠵᠤ᠋ ᠨᠢ ᠬᠠᠯᠠᠭᠤ ᠣᠷᠭᠢᠵᠤ᠂ ᠪᠠᠶ᠎ᠠ ᠨᠢ ᠨᠤᠵᠤᠭᠤᠷᠠᠨ᠎ᠠ᠃ ᠬᠠᠪᠣᠷ ᠪᠣᠯᠤᠭᠰᠠᠨ ᠤ ᠳᠡᠮᠳᠡᠭ᠌᠃ ᠬᠠᠪᠣᠷ ᠭᠡᠭᠦ ᠪᠠᠷ ᠳᠡᠭᠦᠨ ᠤ ᠬᠠᠮᠠᠷ ᠰᠠᠷᠳᠠᠭᠠᠯᠵᠠᠪᠠ᠃

ᠡᠢ᠌ᠮᠤ ᠯᠠ ᠵᠤ᠋ ᠬᠠᠯᠠᠭᠤ ᠣᠷᠭᠢᠭᠰᠠᠨ ᠡᠳᠦᠷ ᠳᠠᠷᠠ ᠡᠨᠡᠭᠦ ᠨᠠᠷᠠᠳᠤ ᠳᠤ ᠢᠷᠡᠭ᠍ᠰᠡᠨ ᠶᠢᠡᠨ ᠰᠠᠨᠠᠪᠠ᠃

        ᠨᠢᠭᠡ

ᠵᠢᠩ ᠭᠡᠰᠡᠨ ᠭᠦᠢᠳᠡᠨ ᠬᠠᠳᠠᠭᠤ ᠶᠠᠭᠤᠮᠠᠨ ᠳᠡᠭᠡᠷ᠎ᠡ ᠭᠡᠨᠡᠳᠲᠡ ᠣᠨᠠᠵᠤ ᠴᠤᠴᠢᠷᠳᠠᠭᠰᠠᠨ ᠳᠠᠷᠠ ᠪᠠᠷ ᠨᠢᠳᠤ ᠨᠡᠭᠡᠭᠡᠭᠦ ᠭᠡᠵᠤ ᠣᠷᠤᠯᠳᠠᠪᠠᠴᠤ᠂ ᠶᠠᠭᠠᠭᠢᠵᠤ ᠨᠡᠭᠡᠭᠡᠭᠦ ᠪᠠᠨ ᠮᠠᠳᠠᠯ ᠦᠭᠡᠶ᠂ ᠭᠡᠢ ᠰᠠᠷᠪᠠᠯᠵᠠᠨ ᠳᠠᠢ᠌ᠴᠢᠵᠤ ᠪᠠᠢ᠌ᠪᠠ᠃ ᠳᠡᠭᠡᠳᠡᠯ᠎ᠡ ᠭᠦᠵᠦᠭᠦᠤ ᠡᠴᠡ ᠨᠢ ᠨᠢᠭᠡᠨ ᠶᠠᠭᠤᠮᠠᠨ ᠡᠷᠭᠦᠵᠤ᠂ ᠣᠷᠤᠭᠤᠯ ᠠᠮᠠᠨ᠂ ᠨᠢᠳᠤ ᠴᠢᠭᠢ ᠶᠢ ᠨᠢ ᠠᠷᠴᠢᠵᠤ ᠬᠤᠶᠠᠷ ᠴᠢᠭᠢᠨ ᠶᠢᠡᠷ ᠨᠢ ᠦᠯᠢᠶᠠᠪᠠ᠃ ᠡᠨᠡ ᠦᠯᠢᠶᠠᠯᠳᠠ ᠪᠠᠷ ᠴᠢᠭᠢᠨ ᠳ᠋ᠤᠨᠢ ᠮᠢᠩᠭ᠋ᠠᠨ ᠠᠶᠠᠯᠭᠤ ᠰᠤᠨᠤᠰᠳᠠᠵᠤ᠂ ᠨᠢᠳᠤᠨ ᠨᠢ ᠴᠤ ᠨᠡᠭᠡᠭᠡᠭ᠍ᠳᠡᠪᠡ᠃ ᠳᠡᠭᠦᠨ ᠤ ᠨᠢᠳᠤᠨ ᠳᠤ ᠬᠠᠯᠬᠠᠭᠠᠷ ᠶᠡᠭᠡ ᠬᠤᠷᠮᠤᠢ᠂ ᠭᠤᠳᠤᠯ ᠤᠨ ᠡᠳᠡᠭᠡᠷ ᠬᠤᠩᠰᠢᠶᠠᠷ ᠥᠵᠡᠭ᠍ᠳᠡᠵᠤ᠂ ᠬᠠᠮᠠᠷ ᠲᠤ ᠨᠢ ᠰᠤᠨᠢᠨ ᠰᠠᠢ᠌ᠬᠠᠨ ᠦᠨᠦᠷ ᠰᠠᠩᠭᠢ ᠳᠠᠳᠠᠨ᠎ᠠ᠂ ᠡᠨᠡ ᠦᠨᠦᠷ ᠳᠡᠭᠦᠨ ᠢ ᠶᠠᠭᠤᠮ᠎ᠠ ᠰᠢᠮᠠᠵᠤ ᠭᠦᠭᠦᠮᠡᠷ ᠭᠦᠰᠡᠯ ᠳᠦᠷᠦᠭᠦᠯᠵᠤ᠂ ᠭᠡᠯᠡ ᠪᠠᠨ ᠳᠤᠯᠢᠶᠠᠵᠤ᠂ ᠬᠤᠩᠰᠢᠶᠠᠷ ᠶᠢᠡᠨ ᠱᠤᠪᠣᠯᠵᠠᠭᠤᠯᠪᠠ᠃ ᠳᠡᠭᠡᠭᠡᠳ ᠵᠢᠳᠭᠦᠭᠦ ᠳᠤ᠂ ᠬᠠᠭᠤᠴᠢᠨ ᠬᠠᠷ᠎ᠠ ᠭᠦᠭᠡ ᠳᠡᠷᠯᠢᠭ᠌ ᠲᠡᠶ᠂ ᠪᠣᠭᠤᠷᠤᠯ ᠭᠡᠵᠢᠭᠡ ᠲᠡᠶ᠂ ᠠᠳᠤᠷᠢᠶ᠎ᠠ ᠲᠡᠶ ᠣᠯᠠᠭᠠᠨ ᠭᠦᠷᠡᠩ ᠴᠢᠷᠠᠢ ᠢᠨᠢᠶᠡᠮᠰᠦᠭᠯᠡᠨ ᠥᠵᠡᠭ᠍ᠳᠡᠪᠡ᠃

ᠪᠣᠭᠤᠷᠤᠯ ᠭᠡᠵᠢᠭᠡᠳᠤ ᠣᠯᠠᠨ ᠴᠤ ᠥᠭᠡ ᠣᠶᠠᠩᠭ᠋ᠠᠯᠠᠨ ᠶᠠᠷᠢᠬᠤ ᠪᠣᠯᠪᠠᠴᠤ᠂ ᠣᠤᠠᠬ᠎ᠠ ᠨᠢ ᠮᠡᠳᠡᠭ᠍ᠳᠡᠭᠦ ᠦᠭᠡᠶ᠂ ᠭᠠᠭᠴᠠᠬᠦ 《ᠭᠤᠯᠵᠢᠨ ᠣᠯᠠᠭᠠᠨ︕ ᠭᠤᠯᠵᠢᠨ ᠣᠯᠠᠭᠠᠨ︕》 ᠭᠡᠭᠦ ᠥᠭᠡ ᠯᠠ ᠴᠡᠭᠡᠵᠢᠯᠡᠭ᠍ᠳᠡᠵᠡᠢ᠃ ᠪᠣᠭᠤᠷᠤᠯ ᠭᠡᠵᠢᠭᠡᠳᠤ ᠪᠠᠷ ᠳᠡᠭᠦᠨ ᠢ ᠡᠷᠭᠦᠵᠤ᠂ ᠳᠦᠷᠪᠠᠨ ᠭᠦᠯ ᠲᠡᠶ ᠰᠠᠢ᠌ᠬᠠᠨ ᠨᠢᠳᠤ ᠲᠡᠶ ᠳᠤᠮᠤ ᠠᠮᠢᠳᠠᠨ ᠤ ᠡᠮᠦᠨ᠎ᠡ ᠭᠦᠷᠭᠡᠪᠡ᠃ ᠭᠤᠯᠵᠢᠨ ᠣᠯᠠᠭᠠᠨ 《ᠡᠨᠡ ᠪᠣᠯ ᠮᠢᠨᠤ ᠡᠵᠢ ᠮᠦᠨ》 ᠭᠡᠵᠤ ᠳᠦᠷᠤᠯᠭᠢ ᠣᠶᠤᠨ ᠶᠢᠡᠷ ᠶᠢᠡᠨ ᠮᠠᠳᠠᠷᠠᠪᠠ᠃ ᠡᠵᠢ ᠨᠢ ᠮᠥᠭᠡᠷᠡᠵᠤ ᠭᠢᠢᠨᠠᠵᠤ ᠢᠷᠠᠪᠠ᠃ ᠡᠨᠡ ᠳᠠᠭᠤ ᠪᠣᠯ ᠰᠤᠨᠤᠰᠴᠤ ᠪᠠᠢ᠌ᠭᠰᠠᠨ ᠳᠠᠭᠤ ᠪᠠᠢ᠌ᠯ᠎ᠠ᠃ ᠡᠵᠢ ᠨᠢ ᠳᠡᠭᠦᠨ ᠢ ᠳᠤᠯᠢᠶᠠᠪᠠ᠃ ᠪᠦᠭᠦ ᠪᠠᠶ᠎ᠠ ᠶᠢ ᠨᠢ ᠳᠤᠯᠢᠶᠠᠵᠤ ᠴᠡᠪᠠᠷᠡᠯᠭᠦ ᠳᠤ ᠳᠠᠭᠠᠷᠠᠵᠤ ᠪᠠᠢ᠌ᠭᠰᠠᠨ ᠪᠠᠶ᠎ᠠ ᠨᠢ ᠳᠤᠯᠠᠭᠠᠴᠠᠪᠠ᠃ ᠪᠣᠭᠤᠷᠤᠯ ᠭᠡᠵᠢᠭᠡᠳᠤ 《ᠭᠤᠯᠵᠢᠠ ᠣᠯᠠᠭᠠᠨ︕ ᠭᠤᠯᠵᠢᠨ ᠣᠯᠠᠭᠠᠨ ᠁》 ᠭᠡᠭ᠍ᠰᠡᠭᠡᠷ ᠳᠠᠪᠠᠷᠢᠨ ᠪᠣᠰᠬᠠᠪᠠ᠃ ᠰᠠᠶ‍ᠢᠭᠢ ᠯᠠ ᠰᠠᠢ᠌ᠬᠠᠨ ᠦᠨᠦᠷ ᠳᠠᠭᠢᠨ ᠰᠠᠩᠭᠢ ᠳᠠᠳᠠᠵᠤ᠂ ᠢᠳᠡᠭᠦ ᠣᠤᠭᠤᠬᠤ ᠶᠢᠨ ᠭᠦᠰᠡᠯ ᠪᠠᠰᠠ ᠯᠠ ᠳᠦᠷᠦᠭᠦᠯᠪᠡ᠃ ᠣᠳᠠᠯ ᠦᠭᠡᠶ᠂ ᠬᠠᠯᠠᠭᠤᠨ ᠵᠥᠭᠡᠯᠡᠨ ᠵᠣᠢ᠌ᠯ ᠢ ᠣᠷᠤᠭᠤᠯ ᠳ᠋ᠤᠨᠢ ᠳᠦᠷᠤᠪᠠ᠃ ᠭᠤᠯᠵᠢᠨ ᠣᠯᠠᠭᠠᠨ ᠰᠤᠷᠤᠳᠠᠯ᠎ᠠ᠂ ᠭᠦᠰᠡᠵᠤ ᠬᠠᠢ᠌ᠵᠤ ᠪᠠᠢ᠌ᠭᠰᠠᠨ ᠳᠠᠷᠠ ᠰᠠᠢ᠌ᠬᠠᠨ ᠦᠨᠦᠷᠳᠤ ᠷᠠᠰᠢᠶᠠᠨ ᠠᠮᠠᠨ ᠳᠦᠭᠦᠷᠡᠩ ᠠᠰᠬᠠᠷᠠᠪᠠ᠃ ᠭᠤᠯᠵᠢᠨ ᠣᠯᠠᠭᠠᠨ ᠰᠢᠨᠤᠯ ᠲᠡᠶ ᠰᠤᠷᠤᠯ᠎ᠠ᠂ ᠬᠠᠶᠠ ᠠᠯᠳᠠᠭᠠᠤᠨ ᠣᠷᠭᠢᠬᠤ ᠳᠤ ᠪᠣᠭᠤᠷᠤᠯ ᠭᠡᠵᠢᠭᠡᠳᠤ᠂ ᠠᠮᠠᠯᠠᠭᠤᠯᠵᠤ ᠦᠭ‍ᠭᠦᠨ᠎ᠡ᠃ ᠳᠠᠷᠠ ᠳᠠᠭᠢᠨ ᠰᠢᠨᠤᠯ ᠲᠡᠶ ᠰᠤᠷᠤᠨ᠎ᠠ᠃ ᠨᠠᠷᠠ ᠭᠡᠮᠡᠭ᠍ᠴᠢ ᠳᠦᠭᠦᠷᠢᠭ᠌ ᠣᠯᠠᠭᠠᠨ᠂ ᠭᠠᠯ ᠢᠯᠴᠢᠳᠤ ᠡᠷᠳᠡᠨᠢ᠂ ᠳᠡᠭᠦᠨ ᠢ ᠡᠭᠡᠭᠡᠵᠤ ᠵᠤ᠋ ᠨᠢ ᠳᠤᠯᠠᠭᠠᠴᠠᠵᠤ ᠪᠦᠷ ᠬᠠᠯᠠᠭᠤ ᠣᠷᠭᠢᠪᠠ᠃ ᠡᠨᠡ ᠦᠶ᠎ᠡ ᠳᠤ ᠣᠭᠤᠷᠠᠭ ᠲᠠᠭᠠᠨ ᠴᠠᠳᠤᠭᠰᠠᠨ ᠭᠤᠯᠵᠢᠨ ᠣᠯᠠᠭᠠᠨ ᠨᠥᠭ᠌ ᠰᠥᠭ᠌ ᠦᠭᠡᠶ ᠣᠠᠳᠠᠵᠠᠢ᠃

《ᠭᠤᠯᠵᠢᠨ ᠣᠯᠠᠭᠠᠨ︕ ᠭᠤᠯᠵᠢᠨ ᠣᠯᠠᠭᠠᠨ︕ ᠁》 ᠪᠣᠭᠤᠷᠤᠯ ᠭᠡᠵᠢᠭᠡᠳᠤ ᠶᠢᠨ ᠳᠠᠭᠤ᠂ ᠡᠨᠡ ᠳᠠᠭᠤ ᠪᠣᠯ ᠳᠡᠭᠦᠨ ᠳᠤ ᠠᠮᠳᠠᠳᠠᠨ ᠤ ᠳᠡᠭᠡᠳᠤ ᠶᠢ ᠣᠯᠭᠤᠭᠴᠢ ᠪᠣᠷᠬᠠᠨ ᠤ ᠵᠠᠷᠯᠢᠭ ᠳᠤᠯᠠ ᠳᠠᠷᠠ ᠨᠢᠳᠤ ᠪᠠᠨ ᠨᠡᠭᠡᠭᠡᠵᠤ ᠪᠢᠯᠠ᠃ ᠳᠦᠷᠪᠠᠨ ᠵᠥᠭ᠌ ᠴᠠᠪ ᠴᠡᠯᠡᠭᠡᠷ᠂ ᠠᠯᠠᠭ ᠴᠠᠰᠤ ᠲᠡᠶ ᠠᠭᠤᠯᠠ᠂ ᠭᠦᠭᠡ ᠰᠢᠭᠤᠢ᠂ ᠭᠦᠭᠡᠷᠡᠨ ᠨᠤᠭᠤᠭᠠᠷᠠᠬᠤ ᠠᠭᠤᠳᠠᠮ ᠳᠠᠯ᠎ᠠ ᠳᠡᠭᠦᠨ ᠤ ᠨᠢᠳᠤᠨ ᠳᠤ ᠳᠤᠳᠤᠷᠠᠪᠠ᠃ ᠴᠢᠭᠢᠨ ᠳ᠋ᠤᠨᠢ ᠵᠣᠢ᠌ᠯ ᠤᠨ ᠰᠢᠪᠠᠭᠤᠨ ᠤ ᠳᠠᠭᠤ ᠭᠦᠭ᠍ᠵᠢᠮ ᠪᠣᠯᠤᠨ ᠣᠶᠠᠩᠭ᠋ᠠᠷᠠᠵᠤ᠂ ᠤᠢ᠌ᠷᠠᠬᠠᠨ ᠳᠤ ᠡᠵᠢ ᠨᠢ ᠪᠣᠯᠬᠤ ᠳᠤᠮᠤ ᠣᠯᠠᠭᠠᠨ ᠦᠨᠢᠶ᠎ᠡ ᠡᠪᠠᠰᠤ ᠢᠳᠠᠵᠤ ᠪᠠᠢ᠌ᠨ᠎ᠠ᠃

ᠪᠣᠭᠤᠷᠤᠯ ᠭᠡᠵᠢᠭᠡᠳᠤ ᠠᠷᠤ ᠬᠤᠶᠠᠷ ᠭᠦᠯ ᠶᠢᠡᠷ ᠶᠢᠡᠨ ᠮᠠᠢ᠌ᠮᠠᠷᠠᠨ ᠠᠢ᠌ᠰᠤᠢ᠃ ᠢᠯᠭᠢᠨ ᠣᠯᠠᠭᠠᠨ ᠭᠦᠷᠡᠩ ᠴᠢᠷᠠᠢ ᠨᠢ ᠢᠨᠢᠶᠠᠳᠤ ᠳᠦᠭᠦᠷᠡᠩ᠂ ᠳᠤᠰᠤ ᠳᠠᠭᠠᠭᠠᠵᠤ ᠬᠠᠷᠠᠭᠳᠠᠨ᠎ᠠ᠃

《ᠭᠤᠯᠵᠢᠨ ᠣᠯᠠᠭᠠᠨ︕ ᠭᠤᠯᠵᠢᠨ ᠣᠯᠠᠭᠠᠨ︕ ᠁》 ᠳᠤᠳᠤᠨᠤ ᠵᠥᠭᠡᠯᠡᠨ ᠳᠠᠭᠤ᠃ ᠳᠡᠭᠦᠨ ᠢ ᠳᠠᠭᠤᠳᠠᠵᠤ ᠪᠠᠢ᠌ᠨ᠎ᠠ᠃ ᠳᠠᠷᠠ ᠪᠠᠷ 《ᠪᠢ ᠭᠡᠳᠡᠭ᠌ ᠭᠤᠯᠵᠢᠨ ᠣᠯᠠᠭᠠᠨ ᠭᠡᠭ᠍ᠴᠢ ᠠᠵᠢ》 ᠭᠡᠵᠤ ᠣᠢ᠌ᠯᠠᠭᠠᠵᠤ ᠪᠣᠰᠤᠯ᠎ᠠ᠃ ᠪᠣᠭᠤᠷᠤᠯ ᠭᠡᠵᠢᠭᠡᠳᠤ᠄ 《ᠦᠯ ᠲᠡᠶ ᠪᠣᠯ︕ ᠦᠩ ᠲᠡᠶ ᠪᠣᠯ︕ ᠥᠩᠭᠡ ᠲᠡᠶ ᠪᠣᠯ︕ ᠳᠤᠩᠭ᠎ᠠ ᠨᠢ ᠳᠦᠷᠭᠡᠨ ᠭᠠᠷᠴᠤ᠂ ᠭᠦᠢᠰᠤ ᠨᠢ ᠬᠤᠷᠳᠤᠨ ᠬᠠᠳᠠᠳᠤᠭᠠᠢ︕》 ᠭᠡᠵᠤ ᠢᠷᠦᠭᠡᠯ ᠳᠠᠯᠪᠢᠵᠤ᠂ ᠠᠮᠠᠨ ᠳ᠋ᠤᠨᠢ ᠱᠠᠭ᠎ᠠ ᠶᠢᠨ ᠴᠢᠨᠡᠭᠡᠨ ᠰᠢᠷ᠎ᠠ ᠳᠤᠰᠤ ᠡᠮᠭᠦᠭᠦᠯᠦᠭ᠍ᠰᠡᠨ ᠳᠤ᠂ ᠭᠤᠯᠵᠢᠨ ᠣᠯᠠᠭᠠᠨ ᠢᠷᠦᠭᠡᠯ ᠤᠨ ᠣᠳᠬ᠎ᠠ ᠶᠢ ᠡᠰᠡ ᠮᠠᠳᠠᠪᠠᠴᠤ᠂ ᠢᠪᠠᠭᠡᠯᠲᠤ ᠡᠵᠡᠨ ᠤ ᠦᠭ‍ᠭᠦᠭ᠍ᠰᠡᠨ ᠢ ᠵᠠᠯᠭᠢᠯ᠎ᠠ᠃ ᠳᠤᠳᠤᠷ᠎ᠠ ᠨᠢ ᠵᠥᠭᠡᠯᠡᠷᠡᠪᠡ᠃ ᠳᠤᠭᠯᠠᠬᠤ ᠲᠡᠩᠴᠡᠬᠦ ᠳᠤᠷ᠎ᠠ ᠨᠢ ᠭᠦᠷᠴᠤ᠂ ᠠᠯᠬᠤᠭᠠᠤᠨ᠂ ᠡᠷᠭᠢᠭᠡᠳ ᠦᠰᠦᠷᠴᠤ ᠦᠵᠡᠯ᠎ᠠ᠃ ᠬᠨ︕ ᠶᠠᠮᠠᠷ ᠰᠠᠢ᠌ᠬᠠᠨ︕ ᠰᠠᠢ᠌ᠬᠠᠨ ᠦᠰᠦᠷᠴᠤ ᠪᠠᠢ᠌ᠨ᠎ᠠ ᠰᠢᠤ︕

《ᠭᠤᠯᠵᠢᠨ ᠣᠯᠠᠭᠠᠨ︕ ᠭᠤᠯᠵᠢᠨ ᠣᠯᠠᠭᠠᠨ ᠁》

ᠪᠣᠭᠤᠷᠤᠯ ᠭᠡᠵᠢᠭᠡᠳᠤ ᠳᠡᠭᠦᠨ ᠢ ᠰᠠᠢ᠌ᠬᠠᠨ ᠣᠭᠤᠷᠠᠭ ᠤᠨ ᠦᠨᠦᠷ ᠲᠤ ᠬᠤᠷᠮᠤᠢ ᠳᠠᠭᠠᠨ ᠠᠪᠴᠤ᠂ ᠡᠵᠢ ᠳᠠᠯ᠎ᠠ ᠨᠢ ᠭᠦᠷᠪᠡ᠃ ᠳᠠᠷᠠ᠂ ᠳᠠᠭᠢᠨ ᠡᠵᠢ ᠶᠢᠨ ᠣᠭᠤᠷᠠᠭ ᠢ ᠭᠤᠪᠰᠢᠨ ᠭᠦᠭᠦᠯ᠎ᠡ᠃

《ᠭᠤᠯᠵᠢᠨ ᠣᠯᠠᠭᠠᠨ︕ ᠭᠤᠯᠵᠢᠨ ᠣᠯᠠᠭᠠᠨ︕ ᠁》

ᠭᠤᠯᠵᠢᠨ ᠣᠯᠠᠭᠠᠨ ᠤ ᠭᠡᠳᠡᠰᠤ ᠴᠠᠳᠴᠤ᠂ ᠵᠤ᠋ ᠨᠢ ᠬᠠᠯᠠᠭᠤ ᠣᠷᠭᠢᠵᠤ ᠳᠠᠭᠢᠨ ᠣᠠᠳᠠᠯ᠎ᠠ᠃

      ᠬᠤᠶᠠᠷ

ᠰᠢᠯ ᠴᠤᠩᠬᠤ ᠪᠠᠷ ᠣᠷᠤᠬᠤ ᠨᠠᠷᠠᠨ ᠤ ᠢᠯᠴᠢ ᠣᠯᠠᠮ ᠬᠠᠯᠠᠪᠠ᠃ ᠵᠤ᠋ ᠨᠢ ᠪᠦᠷ ᠬᠠᠯᠠᠵᠤ ᠵᠠᠭᠠᠴᠢᠨᠠᠵᠤ (ᠵᠠᠭᠠᠳᠤᠨᠠᠵᠤ) ᠡᠭᠢᠯᠡᠯ᠎ᠡ᠃

ᠵᠠᠭᠠᠴᠢᠨᠠᠵᠤ ᠪᠠᠢ᠌ᠨ᠎ᠠ᠃ ᠪᠣᠭᠤᠷᠤᠯ ᠭᠡᠵᠢᠭᠡᠳᠤ ᠶᠢᠨ ᠳᠠᠭᠤᠨ ᠳᠠᠭᠢᠨ ᠰᠤᠨᠤᠰᠳᠠᠪᠠ᠄

《ᠭᠤᠯᠵᠢᠨ ᠣᠯᠠᠭᠠᠨ ᠁ ᠭᠤᠯᠵᠢᠨ ᠣᠯᠠᠭᠠᠨ ᠁》

ᠭᠦᠵᠦᠭᠦᠤ ᠨᠢᠷᠤᠭᠤ ᠶᠢ ᠨᠢ ᠮᠠᠭᠠᠵᠢᠵᠤ ᠪᠠᠢ᠌ᠨ᠎ᠠ᠃

ᠭᠤᠯᠵᠢᠨ ᠣᠯᠠᠭᠠᠨ ᠠᠩᠬ᠎ᠠ ᠣᠳᠠᠭ᠎ᠠ ᠠᠯᠠᠭ ᠠᠭᠤᠯᠠ᠂ ᠨᠤᠭᠤᠭᠠᠨ ᠳᠠᠯ᠎ᠠ ᠶᠢ ᠦᠵᠡᠵᠤ᠂ 《ᠭᠤᠯᠵᠢᠨ ᠣᠯᠠᠭᠠᠨ》 ᠭᠡᠵᠤ ᠨᠠᠷ᠎ᠠ ᠳᠠᠭᠤᠳᠠᠭᠤᠯᠤᠭᠰᠠᠨ ᠡᠳᠦᠷ ᠡᠴᠠ ᠡᠭᠢᠯᠡᠨ ᠡᠵᠢ ᠶᠢᠨ ᠵᠢᠠᠨ ᠰᠦ᠋ ᠭᠦᠭᠦᠵᠤ᠂ ᠪᠣᠭᠤᠷᠤᠯ ᠭᠡᠵᠢᠭᠡᠳᠤ ᠶᠢᠨ ᠬᠤᠷᠮᠤᠢ ᠡᠴᠠ ᠶᠠᠷᠤ ᠰᠠᠯᠤᠯ ᠦᠭᠡᠶ ᠳᠠᠭᠠᠭᠰᠠᠭᠠᠷ ᠪᠠᠢ᠌ᠵᠤ᠂ ᠬᠠᠯᠠᠭᠤᠨ ᠵᠤᠨ ᠲᠡᠶ ᠣᠴᠠᠷᠠᠵᠤ ᠪᠢᠯᠠ᠃

ᠬᠠᠶᠠ ᠪᠠᠰᠠ ᠭᠡᠷ ᠲᠤ ᠣᠷᠤᠵᠤ ᠰᠠᠪᠠ ᠲᠡᠶ ᠰᠦ᠋ ᠶᠢ ᠨᠢ ᠣᠤᠭᠤᠵᠤ᠂ ᠭᠦᠨᠦᠭ᠌ ᠲᠡᠶ ᠵᠥᠭᠡᠭᠡᠢ ᠶᠢ ᠠᠰᠬᠠᠵᠤ ᠭᠡᠷᠡᠭ᠌ ᠭᠠᠷᠭᠠᠵᠤ ᠶᠠᠪᠣᠯ᠎ᠠ᠃ ᠢᠩᠭᠢᠭᠦ ᠳᠤ ᠣᠯᠠᠭᠠᠨ ᠣᠷᠤᠭᠤᠯᠳᠤ ᠭᠠᠰᠢᠭᠤᠨ ᠳᠠᠭᠤᠳᠤ ᠪᠠᠷ ᠵᠤ᠋ ᠪᠠᠷ ᠨᠢ ᠮᠠᠯᠢᠶ᠎ᠠ ᠮᠤᠳᠤ ᠪᠠᠷ ᠬᠠᠶᠠ ᠴᠤᠭᠢᠵᠤ ᠪᠠᠢ᠌ᠭᠰᠠᠨ ᠣᠳᠠᠭ᠎ᠠ ᠶᠢ ᠭᠠᠷᠭᠠᠪᠠᠯ ᠭᠤᠯᠵᠢᠨ ᠣᠯᠠᠭᠠᠨ ᠰᠠᠢ᠌ᠷᠢ ᠳᠡᠭᠡᠷ᠎ᠡ ᠪᠠᠨ ᠰᠠᠯᠭᠢᠨ ᠡᠴᠠ ᠣᠠᠳᠤᠤ ᠶᠠᠭᠤᠮ᠎ᠠ ᠭᠦᠷᠭᠡᠯ ᠦᠭᠡᠶ ᠳᠠᠷᠠ ᠵᠢᠯ ᠶᠢᠡᠨ ᠪᠠᠷᠠᠵᠠᠢ᠃

ᠲ᠋ᠡᠭᠡᠭᠡᠳ ᠯᠠ ᠬᠤᠶᠠᠷ ᠴᠠᠰᠤ ᠬᠤᠶᠠᠷ ᠨᠤᠭᠤᠭ᠎ᠠ ᠦᠵᠡᠵᠤ ᠪᠠᠢ᠌ᠬᠤ ᠳᠤ᠂ ᠭᠡᠨᠡᠳᠲᠡ ᠣᠯᠠᠨ ᠭᠦᠮᠤᠨ ᠬᠤᠷᠠᠵᠤ᠂ ᠣᠭᠢᠯᠠᠵᠤ ᠪᠠᠷᠭᠢᠷᠠᠵᠤ᠂ ᠡᠵᠢ ᠶᠢᠨ ᠬᠢᠨᠢ ᠳᠤᠯᠤᠭᠠᠢ ᠶᠢ ᠪᠠᠶ᠎ᠠ ᠡᠴᠠ ᠨᠢ ᠰᠠᠯᠭᠠᠵᠤ᠂ ᠠᠷᠠᠰᠤ ᠶᠢ ᠨᠢ ᠬᠠᠰᠢᠶᠠᠨ ᠳᠡᠭᠡᠷ᠎ᠡ ᠳᠡᠯᠭᠡᠵᠤ᠂ ᠴᠢᠰᠤ ᠶᠢ ᠨᠢ ᠣᠷᠤᠰᠬᠠᠭᠰᠠᠨ ᠳᠤ᠂ ᠭᠤᠯᠵᠢᠨ ᠣᠯᠠᠭᠠᠨ ᠠᠩᠬ᠎ᠠ ᠣᠳᠠᠭ᠎ᠠ ᠶᠡᠭᠡ ᠭᠤᠮᠤᠳᠠᠵᠤ ᠡᠵᠢ ᠶᠢᠨ ᠶᠢᠡᠨ ᠴᠢᠰᠤᠨ ᠳᠡᠭᠡᠷ᠎ᠡ ᠣᠷᠭᠢᠷᠠᠵᠤ ᠰᠢᠷᠤᠢ ᠴᠠᠴᠤᠵᠤ ᠡᠴᠦᠰ ᠲᠡᠭᠡᠨ ᠴᠥᠭᠦᠷᠡᠪᠡ᠃ ᠳᠡᠭᠦᠨ ᠡᠴᠠ ᠡᠭᠢᠯᠡᠵᠤ᠂ ᠪᠣᠭᠤᠷᠤᠯ ᠭᠡᠵᠢᠭᠡᠳᠤ ᠴᠤ᠂ ᠡᠵᠢ ᠨᠢ ᠴᠤ ᠥᠵᠡᠭ᠍ᠳᠡᠭᠦ ᠪᠠᠨ ᠣᠭᠤᠷᠠᠪᠠ᠃ ᠪᠣᠭᠤᠷᠤᠯ ᠡᠵᠡᠨ ᠨᠢ ᠪᠣᠷᠬᠠᠨ ᠪᠣᠯᠤᠭᠰᠠᠨ ᠪᠠᠢ᠌ᠵᠠᠢ᠃ ᠪᠣᠶᠠᠨ ᠴᠠᠪ ᠲᠤᠨᠢ ᠭᠤᠯᠵᠢᠨ ᠣᠯᠠᠭᠠᠨ ᠤ ᠡᠭᠡ ᠶᠢ ᠭᠠᠷᠭᠠᠭᠰᠠᠨ ᠪᠠᠢ᠌ᠵᠠᠢ᠃ ᠡᠭᠦᠨ ᠢ ᠭᠤᠯᠵᠢᠨ ᠣᠯᠠᠭᠠᠨ ᠶᠠᠭᠠᠭᠢᠵᠤ ᠮᠡᠳᠡᠭᠦ ᠪᠣᠢ︖ ᠭᠡᠵᠢᠶ᠎ᠡ ᠬᠠᠮᠢᠭ᠎ᠠ ᠡᠴᠠ ᠪᠣᠭᠤᠷᠤᠯ ᠭᠡᠵᠢᠭᠡᠳᠤ ᠮᠢᠨᠢ᠂ ᠡᠵᠢ ᠶᠢ ᠮᠢᠨᠢ ᠭᠦᠳᠦᠯᠦᠭᠡᠳ ᠭᠦᠷᠦᠭᠡᠳ ᠢᠷᠡᠭᠦ ᠶᠤᠮ ᠳ᠋ᠠ ᠭᠡᠮᠡᠨ ᠰᠠᠳᠭᠢᠵᠤ᠂ ᠳᠦᠷᠪᠠᠨ ᠵᠥᠭ᠌ ᠢ ᠬᠠᠷᠠᠪᠰᠠᠯᠠᠨ ᠭᠡᠳᠤᠨ ᠡᠳᠦᠷ ᠮᠥᠭᠡᠷᠡᠵᠡᠢ᠃

ᠨᠠᠷᠠᠨ ᠭᠡᠳᠡᠭ᠌ ᠰᠤᠨᠢᠨ᠂ ᠬᠠᠯᠠᠭᠠᠤᠨ ᠢᠷᠡᠭᠦ ᠪᠠᠷ ᠵᠢᠠᠨ ᠭᠤᠯᠵᠢᠨ ᠣᠯᠠᠭᠠᠨ ᠤ ᠵᠤ᠋ ᠶᠢ ᠨᠢ ᠵᠠᠭᠠᠴᠢᠨᠠᠭᠤᠯᠵᠤ ᠪᠦᠷ ᠳᠠᠪᠭᠢᠮᠠᠷ ᠪᠣᠯᠳᠠᠭ᠃ ᠳᠡᠭᠡᠭᠡᠳ ᠯᠠ ᠭᠤᠯᠵᠢᠨ ᠣᠯᠠᠭᠠᠨ ᠳᠠᠪᠭᠢᠵᠤ᠂ ᠪᠣᠳᠠ ᠪᠣᠷᠭᠠᠰᠤ ᠪᠠᠷ ᠰᠢᠷᠭᠤᠨ᠎ᠠ᠃ ᠳᠠᠷᠠ ᠪᠠᠷ ᠭᠦᠢᠳᠡᠨ ᠪᠣᠯᠠᠭ ᠤᠨ ᠣᠰᠤᠨ᠂ ᠭᠦᠭᠡ ᠳᠡᠪᠠᠭᠡᠨ ᠤ ᠡᠪᠠᠰᠤᠨ ᠳᠡᠭᠡᠨ ᠭᠦᠷᠴᠤ ᠰᠠᠨᠠᠭ᠎ᠠ ᠠᠮᠠᠷᠠᠳᠠᠭ ᠪᠠᠢ᠌ᠯ᠎ᠠ᠃ ᠣᠷᠴᠢᠮ ᠳᠤ ᠪᠠᠬᠤᠤ ᠭᠦᠵᠦᠭᠦᠤ ᠲᠡᠶ ᠪᠣᠬ᠎ᠠ ᠨᠤᠭᠤᠳ ᠳᠡᠭᠦᠨ ᠢ ᠡᠷᠭᠢᠵᠤ ᠡᠭᠡᠷᠡᠵᠤ ᠠᠷᠭ᠎ᠠ ᠪᠠᠷᠠᠭᠳᠠᠭᠤᠯᠳᠠᠭ ᠪᠣᠯᠵᠠᠢ᠃

ᠪᠣᠬ᠎ᠠ ᠢᠷᠡᠭᠦᠯᠡᠷ ᠠᠶᠤᠳᠠᠰᠤ ᠨᠢ ᠴᠤ ᠭᠦᠷᠴᠤ ᠢᠴᠢᠰᠤ ᠨᠢ ᠴᠤ ᠭᠦᠷᠴᠤ ᠳᠤᠳᠠᠭᠠᠵᠤ ᠶᠠᠪᠣᠶ᠎ᠠ ᠭᠡᠵᠤ ᠪᠣᠳᠤᠳᠠᠭ ᠪᠢᠯᠠ᠃ ᠨᠢᠳᠤᠨᠤᠨ ᠪᠣᠯ ᠰᠢᠭᠤᠳ ᠯᠠ ᠳᠤᠳᠠᠭᠠᠵᠤ ᠶᠠᠪᠣᠳᠠᠭ ᠪᠠᠢ᠌ᠵᠠᠢ᠃ ᠡᠨᠡ ᠵᠢᠯ ᠪᠣᠯ ᠳᠠᠢ᠌ᠮᠤ ᠪᠢᠰᠢ᠃ ᠪᠣᠬ᠎ᠠ ᠨᠤᠭᠤᠳ ᠡᠴᠠ ᠰᠠᠩᠭᠢ ᠭᠡᠭᠦ ᠰᠤᠳᠤᠨ ᠰᠠᠢ᠌ᠬᠠᠨ ᠨᠢᠭᠡ ᠵᠣᠢ᠌ᠯ ᠤᠨ ᠦᠨᠦᠷ ᠳᠡᠭᠦᠨ ᠤ ᠬᠠᠮᠠᠷ ᠶᠢᠡᠷ ᠣᠷᠤᠮᠠᠭᠴᠠ ᠳᠠᠷᠠ ᠪᠠᠷ ᠳᠤᠳᠠᠭᠠᠬᠤ ᠪᠠᠨ ᠴᠤ ᠣᠷᠭᠢᠵᠤ᠂ ᠡᠵᠢ ᠪᠠᠨ᠂ ᠪᠣᠭᠤᠷᠤᠯ ᠭᠡᠵᠢᠭᠡᠳᠤ ᠪᠠᠨ ᠪᠦᠷ ᠮᠠᠷᠳᠠᠵᠤ᠂ ᠠᠳᠠᠭ ᠭᠡᠭᠦ ᠳᠤ ᠡᠪᠠᠰᠤ ᠨᠤᠭᠤᠭ᠎ᠠ ᠴᠤ ᠢᠳᠡᠭᠦ ᠳᠤᠷ᠎ᠠ ᠨᠢ ᠠᠯᠳᠠᠷᠠᠵᠤ᠂ ᠠᠮᠢᠰᠬᠤᠯ ᠨᠢ ᠳᠠᠪᠬᠤᠴᠠᠨ᠂ ᠵᠢᠷᠦᠭᠡ ᠨᠢ ᠳᠤᠭᠳᠤᠯᠵᠤ᠂ ᠭᠡᠢ ᠡᠷᠭᠢᠵᠤ ᠰᠡᠭᠦᠯ ᠶᠢᠡᠷ ᠶᠢᠡᠨ ᠵᠤᠭᠰᠤᠭ᠎ᠠ ᠵᠠᠢ ᠦᠭᠡᠶ ᠰᠠᠪᠠᠬᠤ ᠳᠤᠷ᠎ᠠ ᠨᠢ ᠭᠦᠷᠳᠡᠭ᠌ ᠠᠵᠠᠢ᠃

ᠭᠡᠷ ᠳᠠᠭᠢ ᠣᠯᠠᠭᠠᠨ ᠣᠷᠤᠭᠤᠯᠳᠤ ᠴᠤ ᠬᠠᠶᠠ ᠡᠷ᠎ᠡ ᠭᠦᠮᠦᠰ ᠢ ᠦᠵᠡᠪᠠᠯ ᠪᠠᠰᠠ ᠢᠩᠭᠢᠵᠤ ᠯᠠ᠂ ᠰᠡᠭᠦᠯ ᠰᠠᠪᠠᠬᠤ ᠶᠢᠨ ᠣᠷᠤᠨ ᠳᠤ ᠭᠦᠮᠦᠰᠭᠡ ᠪᠠᠨ 《ᠰᠠᠪᠠᠵᠤ》 ᠪᠠᠢ᠌ᠳᠠᠭ ᠢ ᠡᠨᠡ ᠦᠶ᠎ᠡ ᠳᠤ ᠭᠤᠯᠵᠢᠨ ᠣᠯᠠᠭᠠᠨ ᠴᠤᠬᠤᠰ ᠰᠠᠨᠠᠵᠤ᠂ 《ᠰᠡᠭᠦᠯ ᠦᠭᠡᠶ ᠪᠣᠯ ᠠᠷᠭ᠎ᠠ ᠦᠭᠡᠶ ᠳ᠋ᠠ》 ᠭᠡᠵᠤ ᠢᠨᠢᠶᠠᠳᠤ ᠨᠢ ᠭᠦᠷᠳᠡᠭ᠌ ᠠᠵᠠᠢ᠃

ᠨᠢᠭᠡ ᠬᠠᠯᠠᠭᠤᠨ ᠰᠠᠢ᠌ᠬᠠᠨ ᠡᠳᠦᠷ᠂ ᠭᠤᠯᠵᠢᠨ ᠣᠯᠠᠭᠠᠨ ᠤ ᠨᠢᠷᠤᠭᠤ ᠨᠢ ᠵᠠᠭᠠᠴᠢᠨᠠᠵᠤ ᠪᠠᠢ᠌ᠭᠰᠠᠨ ᠶᠢᠡᠨ ᠪᠦᠷ ᠬᠤᠠᠳᠤᠯᠠᠢ ᠳᠠᠰᠢ ᠪᠠᠨ ᠵᠠᠭᠠᠴᠢᠨᠠᠵᠤ᠂ ᠰᠡᠭᠦᠯ ᠳᠤᠤᠷ᠎ᠠ ᠨᠢ ᠬᠠᠯᠠᠭᠤ ᠣᠷᠭᠢᠵᠤ ᠴᠢᠭᠢᠭ᠍ᠳᠤᠷᠡᠵᠤ᠂ ᠡᠷᠡᠮ ᠦᠭᠡᠶ ᠡᠷᠪᠠᠯᠵᠡᠵᠤ᠂ ᠰᠡᠭᠦᠯ ᠤᠨ ᠳᠤᠤᠷ᠎ᠠ ᠪᠠᠶ᠎ᠠ ᠶᠢ ᠨᠢᠭᠡᠨ ᠬᠠᠳᠠᠭᠤ ᠵᠣᠢ᠌ᠯ ᠳᠤ ᠭᠦᠷᠭᠡᠮᠡᠷ ᠭᠦᠷᠭᠡᠮᠡᠷ ᠪᠣᠯᠵᠤ ᠳᠡᠰᠭᠦ ᠠᠯᠳᠠᠷᠠᠪᠠ᠃ ᠳᠡᠭᠡᠭᠦ ᠳᠤ ᠯᠠ ᠪᠣᠬ᠎ᠠ ᠨᠤᠭᠤᠳ ᠤᠨ ᠨᠥᠭᠦᠭᠡ ᠰᠤᠳᠤᠨ ᠦᠨᠦᠷ ᠥᠭᠡᠢ᠌ᠯᠡᠭ᠍ᠳᠡᠵᠤ᠂ ᠵᠤ᠋ ᠨᠢ ᠵᠠᠭᠠᠴᠢᠨᠠᠵᠤ᠂ ᠬᠤᠨᠳᠤᠯᠠᠢ ᠨᠢ ᠳᠤᠳᠤᠷ᠎ᠠ ᠡᠴᠠ ᠪᠠᠨ ᠵᠠᠭᠠᠴᠢᠨᠠᠵᠤ᠂ ᠪᠦᠭᠦ ᠪᠠᠶ᠎ᠠ ᠨᠢ ᠵᠠᠭᠠᠴᠢᠨᠠᠵᠤ᠂ ᠳᠦᠷᠪᠠᠨ ᠭᠦᠯ ᠨᠢ ᠭᠦᠩᠭᠡᠷᠡᠵᠤ᠂ ᠦᠪᠡᠷ ᠤᠨ ᠡᠷᠭᠡ ᠦᠭᠡᠶ ᠪᠣᠳᠠ ᠪᠣᠷᠭᠠᠰᠤ ᠣᠷᠤᠭᠤ᠂ ᠭᠤᠤᠯ ᠤᠨ ᠳᠤᠬᠤᠢ ᠣᠷᠤᠭᠤ ᠳᠠᠪᠭᠢᠯ᠎ᠠ᠃

ᠲ᠋ᠠᠠᠳᠠ ᠭᠤᠯᠵᠢᠨ ᠣᠯᠠᠭᠠᠨ ᠢ ᠠᠵᠠ ᠵᠢᠷᠭᠠᠯ ᠭᠦᠯᠢᠶᠡᠵᠤ ᠪᠠᠢ᠌ᠵᠠᠢ᠃ ᠱᠦᠷᠭᠦᠯᠳᠡᠭ᠍ᠰᠡᠭᠡᠷ ᠮᠦᠷᠭᠦᠯᠳᠡᠭ᠍ᠰᠡᠭᠡᠷ ᠣᠯᠠᠨ ᠪᠣᠬ᠎ᠠ ᠳᠡᠭᠦᠨ ᠢ ᠣᠭᠳᠤᠯ᠎ᠠ᠃ ᠭᠠᠵᠠᠷ ᠳᠡᠭᠡᠭᠡᠵᠤ᠂ ᠣᠷᠢᠮᠳᠠᠬᠤ (ᠣᠷᠭᠢᠷᠠᠬᠤ) ᠡᠨᠡ ᠰᠦᠷᠯᠢᠭ᠌ ᠡᠷᠡᠴᠦᠳ ᠡᠴᠠ ᠰᠡᠳᠭᠢᠯ ᠢ ᠳᠠᠳᠠᠬᠤ ᠰᠤᠳᠤᠨ ᠦᠨᠦᠷ ᠬᠠᠩᠬᠤᠯᠠᠵᠤ᠂ ᠭᠡᠪᠳᠡᠭᠡᠳ ᠠᠪᠬᠤ ᠴᠤ ᠳᠤᠷ᠎ᠠ ᠭᠦᠷᠦᠨ᠎ᠡ᠂ ᠪᠣᠰᠤᠭᠠᠤᠨ ᠣᠳᠬᠤ ᠴᠤ ᠳᠤᠷ᠎ᠠ ᠭᠦᠷᠦᠨ᠎ᠡ᠂ ᠭᠦᠶ‍ᠦᠭᠡᠳ ᠣᠷᠭᠢᠬᠤ ᠴᠤ ᠳᠤᠷ᠎ᠠ ᠭᠦᠷᠦᠨ᠎ᠡ᠃ ᠣᠯᠠᠨ ᠪᠣᠬ᠎ᠠ ᠦᠷᠢᠰᠤᠯᠳᠤᠵᠤ᠂ ᠳᠡᠭᠦᠨ ᠤ ᠰᠡᠭᠦᠯ ᠳᠠᠯ᠎ᠠ ᠡᠴᠠ ᠪᠣᠯᠢᠶᠠᠯᠳᠤᠨ ᠥᠨᠦᠷᠯᠡᠭᠦ ᠳᠤ ᠳᠠᠰᠴᠤ ᠶᠠᠳᠠᠨ ᠰᠢᠩᠭᠡᠨ ᠮᠦᠷ ᠶᠢᠡᠨ ᠠᠯᠳᠠᠪᠠ᠃ ᠪᠣᠬ᠎ᠠ ᠨᠤᠭᠤᠳ ᠣᠯᠠᠮ ᠱᠦᠷᠭᠦᠯᠳᠡᠵᠤ᠂ ᠰᠢᠩᠭᠡᠨ ᠮᠦᠷ ᠢ ᠨᠢ ᠬᠠᠮᠠᠷ ᠶᠢᠡᠷ ᠶᠢᠡᠨ ᠳᠤᠰᠴᠤ ᠰᠤᠷᠤᠭᠠᠤᠨ᠂ ᠦᠯᠢ᠌ᠵᠤ᠂ ᠳᠤᠯᠤᠭᠠᠢ ᠵᠠᠢ᠌ᠯᠠᠨ᠎ᠠ᠃ ᠶᠠᠭ ᠯᠠ ᠷᠠᠰᠢᠶᠠᠨ ᠣᠰᠤ ᠭᠦᠷᠳᠡᠵᠤ ᠳᠡᠭᠦᠨ ᠢ ᠪᠠᠨ ᠲ᠋ᠠᠷᠢᠭᠢ ᠳᠠᠭᠠᠨ ᠭᠦᠷᠳᠡᠯ᠎ᠡ ᠰᠢᠩᠭᠡᠭᠡᠭᠦ ᠪᠠᠷ ᠴᠢᠷᠮᠠᠢ᠌ᠵᠤ ᠪᠠᠢ᠌ᠬᠤ ᠮᠠᠳᠤ ᠠᠵᠤᠭᠤ᠃ ᠡᠨᠡ ᠪᠣᠯ ᠭᠦᠮᠤᠨ ᠤ ᠢᠨᠠᠭᠯᠠᠯᠴᠠᠨ ᠭᠡᠯᠡ ᠠᠮᠠ ᠪᠠᠨ ᠭᠦᠭᠦᠯᠴᠡᠭᠦ ᠲᠡᠶ ᠠᠳᠠᠯᠢ ᠬᠠᠪᠠ ᠵᠢᠷᠭᠠᠯ ᠪᠠᠢ᠌ᠵᠠᠢ᠃ ᠡᠨᠡ ᠪᠣᠯ ᠭᠤᠯᠵᠢᠨ ᠣᠯᠠᠭᠠᠨ ᠤ ᠪᠠᠶᠠᠷ ᠪᠠᠬ᠎ᠠ ᠶᠤᠮ᠃ ᠪᠣᠬ᠎ᠠ ᠨᠤᠭᠤᠳ ᠤᠨ ᠳᠤᠮᠳᠠ ᠭᠡᠳᠦᠢ ᠡᠷᠭᠢᠮ ᠪᠠᠢ᠌ᠭ᠎ᠠ ᠪᠠᠨ ᠳᠠᠷᠠ ᠡᠨᠡ ᠦᠶ᠎ᠡ ᠳᠤ ᠳᠦᠷᠤᠯᠭᠢ ᠣᠬᠠᠭᠠᠨ ᠶᠢᠡᠷ ᠶᠢᠡᠨ ᠮᠠᠳᠠᠷᠠᠵᠤ᠂ ᠳᠦᠷᠤᠯᠭᠢ ᠣᠷᠮ᠎ᠠ ᠪᠠᠷ ᠶᠢᠡᠨ ᠪᠠᠬᠠᠳᠤᠨ ᠪᠠᠶᠠᠷᠯᠠᠪᠠ᠃

ᠭᠤᠯᠵᠢᠨ ᠣᠯᠠᠭᠠᠨ ᠤ ᠵᠤ᠋ ᠳᠡᠭᠡᠷ᠎ᠡ ᠭᠠᠷᠬᠤ ᠪᠠᠷ ᠴᠢᠷᠮᠠᠢ᠌ᠬᠤ ᠳᠠᠷᠠ ᠣᠯᠠᠨ ᠪᠣᠬ᠎ᠠ ᠨᠢᠭᠡ ᠨᠢᠭᠡᠨ ᠳᠡᠭᠡᠨ ᠵᠠᠮ ᠦᠭ‍ᠭᠦ ᠪᠠᠢ᠌ᠳᠠᠯ ᠦᠭᠡᠶ᠃ ᠣᠷᠢᠮᠳᠠᠵᠤ᠂ ᠮᠦᠷᠭᠦᠯᠳᠡᠵᠤ᠂ ᠭᠠᠵᠠᠷ ᠳᠡᠭᠡᠭᠡᠵᠤ᠂ ᠰᠢᠷᠤᠢ ᠴᠠᠴᠤᠨ ᠰᠦᠷᠡᠭᠡᠢ ᠳᠠᠪᠴᠢᠶᠠᠨ ᠪᠣᠯᠪᠠ᠃ ᠡᠨᠡ ᠪᠣᠯ ᠥᠭᠡᠷ ᠭᠡᠭᠦ ᠠᠮᠢᠳᠠᠨ ᠤ ᠬᠤᠷᠢᠮ ᠊᠊᠊᠊᠊᠊᠊᠊᠊᠊᠊᠊᠊᠊᠊ ᠵᠢᠷᠭᠠᠯ ᠤᠨ ᠳᠡᠭᠡᠳᠤ ᠪᠣᠯᠵᠤ ᠪᠠᠢ᠌ᠭ᠎ᠠ ᠠᠵᠠᠢ᠃

ᠭᠤᠯᠵᠢᠨ ᠣᠯᠠᠭᠠᠨ ᠴᠤ ᠦᠬᠢᠨ ᠠᠮᠢᠳᠠᠨ ᠳᠤᠯᠡ ᠢᠴᠢᠭᠦ ᠣᠬᠠᠭᠠᠨ ᠲᠡᠶ ᠪᠦᠭᠡᠳ ᠪᠣᠶᠠᠠᠳᠤ ᠪᠣᠭᠤᠷᠤᠯ ᠤᠨ ᠭᠠᠷ ᠡᠴᠠ ᠪᠣᠯᠤᠭᠰᠠᠨ ᠬᠤᠭᠤᠯᠠ᠂ ᠰᠢᠭᠢᠷ ᠵᠢᠮᠢᠰ ᠢᠳᠠᠵᠤ ᠥᠰᠦᠭ᠍ᠰᠡᠨ ᠳᠤᠯᠠ ᠳᠤ ᠪᠠᠰᠠ ᠳᠡᠭᠦᠨ ᠡᠴᠠ ᠴᠤ ᠴᠠᠰᠢ ᠨᠠᠷᠢᠨ ᠣᠬᠠᠭ᠎ᠠ ᠲᠡᠶ ᠠᠵᠢ᠃ ᠳᠠᠷᠠ ᠪᠠᠷ ᠭᠦᠯ ᠨᠢ ᠬᠦᠩᠭᠡᠨ ᠰᠡᠳᠭᠢᠯ ᠨᠢ ᠦᠨᠳᠦᠷ᠃ ᠭᠡᠳᠤᠨ ᠡᠳᠦᠷ ᠪᠠᠶ᠎ᠠ ᠨᠢ ᠵᠠᠭᠠᠴᠢᠨᠠᠵᠤ᠂ ᠡᠪᠠᠰᠤ ᠣᠰᠤ ᠪᠠᠭ᠎ᠠ ᠭᠦᠷᠳᠡᠭ᠍ᠰᠡᠨ ᠶᠢᠡᠷ ᠪᠦᠷ ᠪᠠᠶ᠎ᠠ ᠨᠢ ᠳᠠᠭᠰᠢᠷᠠᠭᠰᠠᠨ ᠳᠤᠯᠠ᠄ 《ᠴᠢᠳᠠᠯ ᠲᠡᠶ ᠴᠢᠨᠢ ᠭᠦᠢᠴᠡᠭᠡᠳ ᠢᠷ᠎ᠠ》 ᠭᠡᠭᠦ ᠣᠬᠠᠭᠠᠨ ᠲᠡᠶ ᠪᠠᠷ ᠪᠣᠳᠠ ᠰᠤᠠᠳᠤᠤᠯᠠ ᠳᠠᠮᠵᠢᠨ ᠱᠤᠤᠭᠢᠵᠤ ᠠᠷᠢᠯᠵᠠᠢ᠃ ᠣᠯᠠᠨ ᠪᠣᠬ᠎ᠠ ᠴᠤ ᠠᠷᠤ ᠡᠴᠠ ᠨᠢ ᠢᠳᠠᠪᠭᠢᠯᠠᠵᠠᠢ᠃ ᠬᠠᠷᠠᠭᠠᠴᠢ (ᠲ᠋ᠤᠭᠤᠨᠤ) ᠡᠪᠠᠷ ᠲᠡᠶ ᠭᠦᠷᠡᠩ ᠬᠠᠮᠤᠭ ᠤᠨ ᠳᠡᠷᠢᠭᠦᠨ ᠳᠤ ᠨᠠᠰᠤᠨ ᠳᠠᠭᠠᠨ ᠳᠠᠷᠤᠭᠳᠠᠵᠤ ᠬᠤᠴᠤᠷᠪᠠ᠃ ᠭᠡᠳᠤᠨ ᠪᠣᠬ᠎ᠠ ᠴᠤ ᠵᠠᠮ ᠡᠴᠠ ᠣᠠᠳᠤᠤ ᠦᠨᠢᠶ᠎ᠡ ᠦᠨᠦᠷᠯᠠᠵᠤ ᠳᠦᠭᠡᠷᠢᠪᠡ᠃ ᠭᠠᠵᠠᠷ ᠳᠤᠷᠭᠢᠭᠤᠯᠤᠭᠰᠠᠨ ᠬᠠᠳᠠᠭᠤ ᠬᠠᠷ᠎ᠠ᠂ ᠭᠦᠷᠡᠩ ᠬᠠᠯᠵᠠᠨ᠂ ᠣᠮᠤᠭᠳᠤ ᠣᠯᠠᠭᠠᠨ ᠭᠤᠷᠪᠠ ᠯᠠ ᠰᠠᠯᠤᠯ ᠦᠭᠡᠶ ᠳᠠᠭᠠᠪᠠ᠃ ᠭᠡᠪᠠᠴᠤ ᠬᠤᠯᠠ ᠰᠢᠭ ᠬᠤᠴᠤᠷᠴᠠᠢ᠃ ᠳᠠᠷᠠ ᠠᠮᠢᠰᠬᠤᠯ ᠠᠪᠤᠨ ᠵᠤᠭᠰᠤᠪᠠ᠂ ᠡᠨᠡ ᠦᠶ᠎ᠡ ᠳᠤ ᠭᠤᠯᠵᠢᠨ ᠣᠯᠠᠭᠠᠨ ᠤ ᠪᠠᠶ᠎ᠠ ᠨᠢᠯᠭᠢᠨ ᠬᠠᠯᠠᠭᠤ ᠣᠷᠭᠢᠵᠤ ᠵᠠᠭᠠᠵᠢᠨᠠᠵᠤ ᠢᠷᠠᠪᠠ᠃ ᠪᠠᠰᠠ ᠯᠠ ᠳᠡᠰᠭᠦ ᠠᠯᠳᠠᠷᠠᠵᠤ ᠰᠢᠩᠭᠡᠨ ᠮᠦᠷ ᠠᠯᠳᠠᠪᠠ᠃ ᠭᠤᠷᠪᠠᠨ ᠪᠣᠬ᠎ᠠ ᠵᠡᠷᠭᠡ ᠭᠡᠮᠡᠷ ᠢᠷᠠᠵᠤ 《ᠷᠠᠰᠢᠶᠠᠨ》 ᠡᠴᠠ ᠭᠦᠷᠳᠡᠭᠦ ᠵᠠᠪ ᠲᠤ ᠣᠮᠤᠭᠳᠤ ᠣᠯᠠᠭᠠᠨ ᠭᠦᠷᠡᠩ ᠬᠠᠯᠵᠠᠨ ᠢ ᠰᠠᠷᠢᠰᠤᠨ ᠰᠤᠭᠤ ᠪᠠᠷ ᠨᠢ ᠬᠤᠷᠴᠠ ᠴᠠᠭᠠᠨ ᠡᠪᠠᠷ ᠶᠢᠡᠷ ᠶᠢᠡᠨ ᠨᠢᠭᠡ ᠰᠤᠭᠠᠢ᠌ᠳᠠᠵᠤ ᠭᠡᠪᠳᠡᠭᠦᠯᠵᠤ ᠣᠷᠭᠢᠪᠠ᠃ ᠭᠤᠯᠵᠢᠨ ᠣᠯᠠᠭᠠᠨ ᠪᠠᠰᠠ ᠯᠠ ᠳᠠᠪᠭᠢᠬᠤ ᠭᠡᠷᠡᠭ᠍ᠳᠡᠢ ᠪᠣᠯᠤᠯ᠎ᠠ᠃ ᠳᠠᠪᠭᠢᠭᠠᠤᠨ ᠪᠠᠢ᠌ᠪᠠ᠃ ᠳᠤᠪᠣ ᠳᠤᠯᠤᠭᠠᠢ ᠳᠠᠪᠠᠵᠤ᠂ ᠬᠠᠷ᠎ᠠ ᠭᠦᠯᠦᠰᠤ ᠨᠢ ᠠᠰᠠᠬᠠᠷᠠᠵᠤ᠂ ᠬᠠᠮᠤᠭ ᠪᠠᠶ᠎ᠠ ᠨᠢ ᠳᠠᠯᠪᠢᠭᠤᠷᠠᠵᠤ᠂ ᠰᠡᠭᠦᠳᠡᠷ ᠲᠡᠶ ᠣᠰᠤ ᠲᠡᠶ ᠭᠠᠵᠠᠷ ᠣᠴᠢᠮᠠᠷ ᠰᠠᠨᠠᠭᠳᠠᠪᠠ᠃ ᠬᠠᠳᠠᠭᠤ ᠬᠠᠷ᠎ᠠ ᠪᠣᠯᠤᠨ ᠣᠮᠤᠭᠳᠤ ᠣᠯᠠᠭᠠᠨ ᠬᠤᠶᠠᠷ ᠪᠠᠰᠠ ᠯᠠ ᠪᠣᠷᠪᠢᠳᠠᠵᠤ ᠠᠢ᠌ᠰᠤᠢ᠃

ᠭᠤᠯᠵᠢᠨ ᠣᠯᠠᠭᠠᠨ ᠮᠤᠳᠤ ᠳᠠᠭᠠᠵᠤ ᠭᠦᠶ‍ᠦᠭᠡᠳ ᠪᠣᠯᠠᠭ ᠤᠨ ᠡᠭᠢᠨ ᠳᠤ ᠢᠷᠠᠵᠤ᠂ ᠣᠰᠤ ᠣᠤᠭᠤᠯ᠎ᠠ᠃ ᠭᠦᠢᠴᠡᠵᠤ ᠢᠷᠡᠭ᠍ᠰᠡᠨ ᠬᠤᠶᠠᠷ ᠳᠠᠭᠢᠨ ᠳᠤᠮᠳᠠ ᠪᠠᠨ ᠮᠦᠷᠭᠦᠯᠳᠦᠪᠡ᠃ ᠣᠳᠠᠯ ᠦᠭᠡᠶ ᠣᠮᠤᠭᠳᠤ ᠣᠯᠠᠭᠠᠨ ᠬᠠᠳᠠᠭᠤ ᠬᠠᠷ᠎ᠠ ᠶᠢ ᠠᠶᠤᠯᠭᠠᠵᠤ᠂ ᠭᠦᠭᠡᠭᠡᠵᠤ᠂ ᠭᠦᠳᠦᠯ ᠳᠠᠪᠠᠭᠤᠯᠪᠠ᠃

ᠡᠨᠡ ᠦᠶ᠎ᠡ ᠳᠤ ᠡᠨᠡ ᠬᠠᠩᠭ᠋ᠠᠢ ᠳᠤ ᠭᠤᠯᠵᠢᠨ ᠣᠯᠠᠭᠠᠨ᠂ ᠣᠮᠤᠭᠳᠤ ᠣᠯᠠᠭᠠᠨ ᠬᠤᠶᠠᠷ ᠯᠠ ᠦᠯᠠᠳᠠᠪᠠ᠃ ᠣᠮᠤᠭᠳᠤ ᠣᠯᠠᠭᠠᠨ ᠣᠷᠢᠮᠳᠠᠨ ᠢᠷᠠᠵᠤ᠂ ᠭᠤᠯᠵᠢᠨ ᠣᠯᠠᠭᠠᠨ ᠤ ᠴᠠᠪᠢ ᠰᠠᠯᠳᠠᠭ᠎ᠠ ᠪᠠᠷ ᠦᠨᠦᠷᠯᠠᠵᠤ ᠡᠭᠢᠯᠡᠪᠡ᠃ ᠭᠤᠯᠵᠢᠨ ᠣᠯᠠᠭᠠᠨ ᠬᠠᠶᠠ ᠰᠡᠭᠦᠯ ᠶᠢᠡᠨ ᠰᠠᠪᠠᠬᠤ ᠡᠴᠠ ᠴᠠᠰᠢ ᠭᠦᠳᠡᠯᠭᠦ ᠣᠬᠠᠭᠠᠨ ᠪᠠᠢ᠌ᠭᠰᠠᠨ ᠦᠭᠡᠶ᠃ ᠶᠠᠳᠠᠷᠠᠭᠰᠠᠨ ᠳᠠᠭᠠᠨ ᠪᠢᠰᠢ᠂ ᠣᠮᠤᠭᠳᠤ ᠣᠯᠠᠭᠠᠨ ᠤ ᠬᠠᠯᠠᠭᠤᠨ ᠬᠤᠩᠰᠢᠶᠠᠷ ᠰᠠᠯᠳᠠᠭ᠎ᠠ ᠳ᠋ᠤᠨᠢ ᠭᠦᠷᠴᠤ᠂ ᠣᠷᠤᠮᠠᠭ ᠢ ᠨᠢ ᠥᠨᠦᠷᠯᠡᠭᠦ ᠳᠤ᠂ ᠭᠤᠯᠵᠢᠨ ᠣᠯᠠᠭᠠᠨ ᠤ ᠪᠦᠭᠦ ᠪᠠᠶ᠎ᠠ ᠪᠠᠷ ᠨᠢᠰᠸᠠᠨᠢᠰ ᠤᠨ ᠭᠠᠯ ᠭᠦᠶ‍ᠦᠵᠤ ᠶᠠᠷᠢᠭᠯᠠᠬᠤ ᠣᠬᠠᠭ᠎ᠠ ᠪᠠᠨ ᠠᠯᠳᠠᠵᠠᠢ᠃ ᠳᠠᠪᠴᠢᠶᠠᠷᠢ ᠥᠭᠡᠢ᠌ᠳᠡᠵᠤ᠂ ᠵᠥᠩᠳᠡᠭᠡᠨ ᠯᠠ ᠰᠢᠩᠭᠡᠨ ᠮᠦᠷ ᠬᠠᠷᠪᠣᠪᠠ᠃

ᠣᠳᠠᠯ ᠦᠭᠡᠶ᠂ ᠣᠮᠤᠭᠳᠤ ᠣᠯᠠᠭᠠᠨ ᠬᠦᠩᠭᠡᠨ ᠦᠰᠦᠷᠴᠤ᠂ ᠰᠠᠢ᠌ᠷᠢ ᠳᠡᠭᠡᠷ᠎ᠡ ᠨᠢ ᠡᠮᠦᠨ᠎ᠡ ᠬᠤᠶᠠᠷ ᠭᠦᠯ ᠶᠢᠡᠨ ᠠᠴᠠᠯᠠᠪᠠ᠃ ᠦᠬᠢᠨ ᠣᠷᠤᠮᠠᠭ ᠶᠢᠡᠷ ᠨᠢ ᠣᠮᠤᠭᠳᠤ ᠣᠯᠠᠭᠠᠨ ᠤ ᠬᠠᠯᠠᠭᠤᠨ ᠬᠠᠳᠠᠭᠤ ᠣᠮᠤᠭ 《ᠵᠢᠯᠢᠪᠭᠢᠨ》 ᠣᠷᠤᠯ᠎ᠠ᠃ 《ᠡᠵᠢ ᠡ︕》 ᠭᠡᠵᠤ ᠪᠠᠷᠭᠢᠷᠠᠮᠠᠷ᠂ 《ᠡᠮᠡᠭᠡᠨ ᠪᠣᠭᠤᠷᠤᠯ》 ᠵᠢᠡᠨ ᠳᠠᠭᠤᠳᠠᠵᠤ ᠣᠭᠢᠯᠠᠴᠢᠮᠠᠷ ᠴᠤ ᠪᠣᠯᠤᠭᠠᠤᠨ ᠣᠤᠠᠪᠠ᠃ ᠭᠡᠪᠠᠴᠤ ᠥᠭᠡᠷ ᠤᠨ ᠦᠷᠠᠨ ᠳᠤ ᠭᠡᠯᠡᠨ ᠪᠠᠢ᠌ᠬᠤ ᠶᠤᠮ ᠪᠢᠰᠢ᠂ ᠠᠷᠭ᠎ᠠ ᠦᠭᠡᠶ ᠪᠠᠢ᠌ᠪᠠ᠃ ᠭᠤᠶᠤ ᠪᠠᠢ᠌ᠳᠠᠯ᠎ᠠ ᠪᠠᠨ ᠶᠤᠤᠯᠠᠮᠠᠷ᠂ 《ᠶᠤᠬᠤ》 ᠭᠡᠭᠦ ᠳᠤ ᠳᠠᠩᠴᠤ ᠭᠤᠶᠤ︕ ᠥᠨᠡᠭᠡᠷ 《ᠭᠤᠶᠤ ᠶ‍ᠤ᠋ ᠶᠤᠬᠤ》 ᠪᠠᠢ᠌ᠯ᠎ᠠ᠃ ᠡᠵᠢ ᠶᠢᠨ ᠭᠢᠨᠢ ᠣᠭᠤᠷᠠᠭ ᠤᠨ ᠠᠮᠳᠠ ᠴᠤ ᠪᠢᠰᠢ᠂ ᠡᠮᠡᠭᠡᠨ ᠪᠣᠭᠤᠷᠤᠯ ᠤᠨ ᠰᠢᠭᠢᠷ ᠤᠨ ᠠᠮᠳᠠ ᠴᠤ ᠪᠢᠰᠢ᠂ ᠣᠷᠴᠢᠯᠠᠩ ᠳᠤ ᠣᠨᠤᠵᠤ ᠭᠡᠯᠡᠭᠦ ᠶᠢᠨ ᠠᠷᠭ᠎ᠠ ᠦᠭᠡᠶ ᠳᠠᠢ᠌ᠮᠤ ᠯᠠ ᠵᠣᠢ᠌ᠯ ᠣᠮᠤᠭᠳᠤ ᠣᠯᠠᠭᠠᠨ ᠤ ᠣᠮᠤᠭ ᠡᠴᠠ ᠵᠤᠭᠰᠤᠭ᠎ᠠ ᠵᠠᠢ ᠦᠭᠡᠶ ᠬᠠᠷᠪᠣᠵᠤ᠂ ᠭᠤᠯᠵᠢᠨ ᠣᠯᠠᠭᠠᠨ ᠤ ᠣᠩᠭ᠋ᠤᠨ ᠪᠠᠶ᠎ᠠ ᠳᠤ ᠠᠮᠢᠰᠬᠤᠬᠤ ᠶᠢᠨ ᠵᠠᠪ ᠦᠭᠡᠶ ᠰᠢᠩᠭᠡᠵᠤ ᠪᠠᠢ᠌ᠪᠠ᠃ ᠠᠮᠢᠰᠬᠤᠯ ᠠᠪᠬᠤ ᠶᠢ ᠴᠤ ᠳᠠᠷᠠ ᠭᠦᠰᠡᠭ᠍ᠰᠡᠨ ᠦᠭᠡᠶ᠂ ᠣᠮᠤᠭᠳᠤ ᠣᠯᠠᠭᠠᠨ ᠤ ᠠᠮᠢᠰᠬᠤᠯ ᠬᠤᠶᠠᠭᠤᠯᠠ ᠳ᠋ᠤᠨᠢ ᠪᠠᠷᠳᠠᠮ ᠭᠦᠷᠴᠤ ᠪᠠᠢ᠌ᠯ᠎ᠠ᠃

ᠭᠤᠯᠵᠢᠨ ᠣᠯᠠᠭᠠᠨ ᠨᠢᠳᠤ ᠪᠠᠨ ᠠᠨᠢᠵᠤ ᠴᠢᠭᠢ ᠪᠠᠨ ᠬᠤᠮᠢᠵᠤ᠂ ᠬᠣᠢ᠌ᠰᠢ ᠭᠦᠴᠦᠯᠡᠨ ᠳᠤᠯᠵᠤ ᠳᠠᠮᠰᠢᠶᠠᠯᠠᠨ ᠢᠷᠠᠭᠯᠠᠬᠤ ᠡᠴᠠ ᠪᠣᠰᠤ ᠮᠠᠷᠳᠠᠪᠠ᠃ ᠣᠮᠤᠭᠳᠤ ᠣᠯᠠᠭᠠᠨ ᠪᠣᠬ᠎ᠠ ᠶᠢᠨ ᠣᠮᠤᠭ ᠬᠠᠳᠠᠭᠤ᠃ ᠳᠡᠭᠦᠨ ᠢ ᠨᠢ ᠭᠤᠯᠵᠢᠨ ᠣᠯᠠᠭᠠᠨ ᠬᠠᠵᠠᠭᠠᠤᠨ ᠵᠠᠯᠭᠢᠴᠢᠬᠠᠮᠠᠷ ᠳᠤᠷᠠᠯᠠᠨ᠎ᠠ᠃ ᠭᠡᠪᠠᠴᠤ᠂ ᠳᠡᠭᠦᠨ ᠤ ᠣᠷᠤᠮᠠᠭ ᠲᠤ ᠰᠢᠳᠤᠨ ᠦᠭᠡᠶ ᠳᠤᠯᠠ᠂ ᠪᠦᠭᠦ ᠪᠣᠯᠴᠢᠩ ᠰᠢᠷᠪᠣᠰᠤ ᠪᠠᠨ ᠴᠢᠩᠭ᠋ᠠᠯᠠᠨ ᠪᠠᠢ᠌ᠬᠤ ᠭᠦᠴᠤ ᠪᠠᠷ ᠶᠢᠡᠨ ᠬᠠᠪᠴᠢᠵᠤ᠂ ᠵᠤᠭᠰᠤᠭ᠎ᠠ ᠵᠠᠢ ᠦᠭᠡᠶ ᠬᠠᠷᠪᠣᠬᠤ ᠶᠢ ᠨᠢ ᠵᠢᠷᠦᠭᠡ ᠪᠠᠷ ᠶᠢᠡᠨ ᠭᠦᠯᠢᠶᠡᠨ ᠳᠤᠰᠴᠤ ᠮᠠᠳᠠᠷᠠᠨ ᠰᠢᠩᠭᠡᠭᠡᠭᠦ ᠯᠠ ᠵᠢᠷᠭᠠᠯ ᠪᠠᠢ᠌ᠯ᠎ᠠ᠃ ᠳᠡᠭᠦᠨ ᠶᠢᠡᠷ ᠶᠢᠡᠨ ᠣᠮᠤᠭᠳᠤ ᠣᠯᠠᠭᠠᠨ ᠤ ᠳᠡᠷᠡᠭᠦ ᠰᠢᠳᠠᠳᠤ ᠦᠨᠦᠷ ᠳᠡᠭᠦᠨ ᠤ ᠪᠠᠶ᠎ᠠ ᠳᠤ ᠰᠢᠩᠭᠡᠵᠤ᠂ ᠳᠠᠷᠠ ᠪᠡᠷ ᠣᠮᠤᠭᠳᠤ ᠣᠯᠠᠭᠠᠨ ᠤ ᠭᠦᠵᠦᠭᠦᠤ ᠡᠴᠠ ᠣᠯᠠᠨ ᠡᠳᠦᠷ ᠳᠤᠯᠢᠶᠠᠵᠤ ᠶᠠᠪᠣᠵᠠᠢ᠃

ᠨᠠᠷᠠ ᠲᠡᠶ ᠶᠢᠷᠳᠢᠠᠴᠤ ᠳᠤ ᠢᠷᠡᠭ᠍ᠰᠡᠨ ᠡᠴᠠ ᠬᠣᠢ᠌ᠰᠢᠭᠢ ᠬᠠᠮᠤᠭ ᠤᠨ ᠳᠡᠭᠡᠳᠤ ᠵᠢᠷᠭᠠᠯ ᠢ ᠪᠠᠶᠠᠴᠢᠯᠠᠨ ᠡᠳ᠋ᠯᠡᠭ᠍ᠰᠡᠨ ᠶᠢᠡᠨ ᠭᠤᠯᠵᠢᠨ ᠣᠯᠠᠭᠠᠨ ᠮᠠᠳᠠᠷᠠᠵᠤ᠂ ᠡᠨᠡ ᠣᠷᠴᠢᠯᠠᠩ ᠳᠤ ᠢᠷᠡᠭ᠍ᠰᠡᠨ ᠳᠡᠭᠡᠨ ᠭᠢᠵᠠᠭᠠᠷ ᠦᠭᠡᠶ ᠪᠠᠬᠠᠳᠠᠵᠤ᠂ ᠣᠮᠤᠭᠳᠤ ᠣᠯᠠᠭᠠᠨ ᠲᠡᠶ ᠬᠠᠮᠳᠤ ᠣᠢ ᠳᠠᠢ᠌ᠭ᠎ᠠ ᠪᠠᠷ ᠭᠡᠳᠤᠨ ᠡᠳᠦᠷ ᠳᠠᠨᠤᠪᠠ᠃ ᠡᠪᠠᠰᠤ ᠢᠳᠡᠭ᠍ᠰᠡᠨ ᠦᠭᠡᠶ᠂ ᠣᠰᠤ ᠣᠤᠭᠤᠭᠰᠠᠨ ᠴᠤ ᠦᠭᠡᠶ᠂ ᠠᠯᠢᠪᠠ ᠰᠢᠮ᠎ᠠ ᠳᠡᠵᠢᠭᠡᠯ ᠮᠦᠨ ᠴᠤ ᠠᠮᠢᠰᠬᠤᠯ ᠭᠦᠷᠳᠡᠯ᠎ᠡ ᠣᠮᠤᠭᠳᠤ ᠣᠯᠠᠭᠠᠨ ᠡᠴᠠ ᠭᠦᠷᠳᠡᠵᠤ᠂ ᠳᠡᠭᠦᠨ ᠶᠢᠡᠷ ᠥᠨᠦᠷᠯᠡᠭᠦᠯᠵᠤ᠂ ᠳᠤᠯᠢᠶᠠᠯᠭᠠᠵᠤ᠂ ᠲᠦᠯᠦᠭᠡ ᠳ᠋ᠤᠨᠢ ᠪᠦᠭᠦᠯᠢ ᠮᠠᠬᠠᠪᠣᠤᠨ ᠶᠢᠡᠷ ᠶᠢᠡᠨ ᠡᠨᠡᠷᠢᠨ᠂ ᠰᠢᠩᠭᠡᠨ ᠮᠦᠷ ᠶᠢᠡᠨ ᠬᠠᠷᠠᠮ ᠦᠭᠡᠶ ᠷᠠᠰᠢᠶᠠᠯᠠᠨ ᠬᠠᠢ᠌ᠷᠠᠯᠠᠵᠤ ᠪᠠᠢ᠌ᠯ᠎ᠠ᠃

ᠡᠨᠡ ᠨᠠᠰᠤᠨ ᠳᠠᠭᠠᠨ ᠳᠠᠭᠢᠵᠤ ᠡᠨᠡ ᠵᠢᠷᠭᠠᠯ ᠢ ᠡᠳ᠋ᠯᠡᠭᠦ ᠡᠷᠭᠡ ᠴᠢᠯᠦᠭᠡ ᠶᠢ ᠭᠤᠯᠵᠢᠨ ᠣᠯᠠᠭᠠᠨ ᠠᠯᠳᠠᠵᠤ ᠬᠠᠭᠤᠷᠬᠤ ᠪᠠᠨ ᠳᠠᠷᠠ ᠴᠠᠭ ᠲᠤ ᠶᠠᠭᠠᠭᠢᠨ ᠮᠡᠳᠡᠭᠦ ᠪᠢᠯᠠ᠃ ᠡᠨᠡ ᠬᠠᠷ᠎ᠠ ᠭᠦᠭᠡ ᠳᠦᠷᠪᠠᠯᠵᠢᠨ ᠴᠢᠯᠠᠭᠤᠨ ᠳᠤ ᠣᠷᠤᠭᠰᠠᠨ ᠡᠴᠠ ᠨᠠᠰᠢ ᠣᠯᠠᠨ ᠴᠤ ᠣᠳᠠᠭ᠎ᠠ ᠪᠠᠶ᠎ᠠ ᠨᠢ ᠵᠠᠭᠠᠴᠢᠨᠠᠵᠤ᠂ ᠪᠦᠷ ᠬᠤᠨᠳᠤᠯᠢ ᠨᠢ ᠮᠠᠷᠵᠢᠩᠨᠠᠵᠤ᠂ ᠣᠷᠤᠮᠠᠭ ᠨᠢ ᠬᠠᠯᠠᠭᠤ ᠣᠷᠭᠢᠵᠤ ᠥᠵᠡᠭ᠍ᠰᠡᠨ᠃ ᠠᠷᠭ᠎ᠠ ᠠᠯᠳᠠᠨ ᠣᠯᠠᠨ ᠴᠤ ᠣᠳᠠᠭ᠎ᠠ ᠰᠢᠩᠭᠡᠨ ᠮᠦᠷ ᠶᠢᠡᠨ ᠦᠪᠡᠷ ᠤᠨ ᠡᠷᠭᠡ ᠦᠭᠡᠶ ᠠᠯᠳᠠᠵᠤ ᠥᠵᠡᠭ᠍ᠰᠡᠨ᠃ ᠡᠭᠦᠨ ᠤ ᠬᠠᠷᠢᠭᠤ ᠳᠤ ᠶᠠᠭᠤ ᠦᠵᠡᠯ᠎ᠠ ᠁

ᠴᠠᠰᠤᠨ ᠴᠠᠭᠠᠨ ᠳᠠᠪᠠᠯ ᠲᠡᠶ᠂ ᠢᠯᠭᠢᠨ ᠴᠢᠷᠠᠢ᠌ᠳᠤ ᠢᠷᠠᠵᠤ᠂ ᠵᠢᠩ ᠳᠠᠩ ᠭᠡᠵᠤ ᠳᠠᠮᠤᠷ ᠳᠤᠤᠭᠠᠷᠭᠠᠵᠤ ᠪᠠᠢ᠌ᠭᠠᠤᠨ᠂ ᠳᠠᠷᠠ ᠳᠠᠮᠤᠷ ᠶᠢᠡᠨ ᠣᠷᠤᠮᠠᠭ ᠶᠢᠡᠷ ᠨᠢ ᠰᠢᠭᠠᠵᠤ ᠣᠷᠭᠢᠳᠠᠭ ᠪᠠᠢ᠌ᠵᠠᠢ᠃ ᠭᠠᠯ ᠰᠢᠳᠠᠮᠠᠷ ᠬᠠᠯᠠᠭᠤᠨ ᠪᠠᠶ᠎ᠠ ᠪᠠᠷ ᠭᠦᠢᠳᠡᠨ ᠭᠦᠭᠡ ᠳᠠᠮᠤᠷ ᠭᠦᠴᠦᠯᠡᠨ ᠰᠢᠭᠠᠬᠤ ᠭᠡᠵᠤ ᠭᠡᠴᠡᠭᠦᠤ ᠪᠠᠢ᠌ᠯ᠎ᠠ᠃ ᠳᠡᠭᠡᠭᠡᠳ ᠴᠤ ᠵᠤᠭᠰᠤᠬᠤ ᠦᠭᠡᠶ ᠣᠷᠤᠭᠰᠠᠨ ᠳᠠᠮᠤᠷ ᠨᠢ ᠳᠤᠳᠤᠷ ᠭᠦᠷᠴᠤ ᠳᠤᠮᠤᠷᠠᠭᠠᠤᠨ᠂ ᠳᠠᠭᠢᠨ ᠭᠡᠪᠠᠯᠢ ᠶᠢᠨ ᠳᠠᠭ ᠲᠤ ᠵᠢᠩ ᠭᠡᠳᠡᠯ᠎ᠡ ᠨᠢᠭᠡ ᠳᠤᠰᠤᠯ ᠭᠦᠢᠳᠡᠨ ᠰᠢᠭᠦᠳᠡᠷᠢ ᠳᠤᠰᠬᠠᠵᠤ ᠭᠡᠷᠡᠭ᠌ ᠳᠡᠭᠦᠰᠴᠤ ᠣᠷᠭᠢᠳᠠᠭ᠃

ᠣᠮᠤᠭᠳᠤ ᠣᠯᠠᠭᠠᠨ ᠤ ᠵᠤᠭᠰᠤᠭ᠎ᠠ ᠵᠠᠢ ᠦᠭᠡᠶ ᠬᠠᠷᠪᠣᠬᠤ ᠳᠠᠷᠠ ᠵᠣᠢ᠌ᠯ ᠭᠦᠰᠡᠭᠳᠡᠪᠠᠴᠤ᠂ ᠳᠦᠷᠪᠠᠨ ᠭᠡᠷᠡᠮ ᠤᠨ ᠳᠤᠮᠳᠠ ᠬᠠᠳᠠᠭᠤ ᠨᠤᠭᠳᠤ ᠲᠡᠶ᠂ ᠳᠠᠮᠤᠷ ᠭᠢᠠᠵᠢ ᠪᠣᠷᠠᠠᠳᠠᠭ ᠲᠡᠶ ᠪᠠᠢ᠌ᠭ᠎ᠠ ᠳᠡᠭᠦᠨ ᠳᠤ ᠶᠠᠮᠠᠷ ᠴᠤ ᠠᠷᠭ᠎ᠠ ᠦᠭᠡᠶ᠃ ᠭᠡᠪᠠᠯᠢ ᠨᠢ ᠠᠭᠠᠵᠢᠮ ᠶᠢᠡᠷ ᠳᠤᠯᠠᠭᠠᠷᠠᠪᠠᠴᠤ ᠨᠥᠭᠦᠭᠡ ᠭᠠᠭᠴᠠ ᠳᠤᠰᠤᠯ ᠭᠦᠢᠳᠡᠨ ᠰᠢᠭᠦᠳᠡᠷᠢ ᠨᠢ ᠵᠢᠩ ᠳᠠᠳᠠᠵᠤ ᠭᠤᠤᠯ ᠭᠤᠷᠣᠢ᠌ᠯᠭᠠᠵᠤ ᠣᠷᠭᠢᠨ᠎ᠠ᠃ ᠳᠡᠭᠦᠨ ᠢ ᠨᠢ ᠭᠠᠷᠭᠠᠵᠤ ᠬᠠᠶᠠᠬᠤ ᠭᠡᠵᠤ ᠭᠡᠳᠦᠢ ᠲᠦᠯᠢᠪᠠᠴᠤ᠂ ᠬᠠᠷᠢᠭᠤ ᠦᠭᠡᠶ᠃

ᠨᠢᠭᠡ ᠣᠳᠠᠭ᠎ᠠ ᠶᠠᠭ ᠯᠠ ᠣᠷᠤᠮᠠᠭ ᠨᠢ ᠬᠠᠯᠠᠵᠤ ᠪᠦᠭᠦ ᠪᠠᠶ᠎ᠠ ᠨᠢ ᠵᠠᠭᠠᠴᠢᠨᠠᠵᠤ ᠪᠠᠢ᠌ᠬᠤ ᠳᠤ᠂ ᠪᠠᠷᠠᠭᠤᠨ ᠭᠡᠷᠡᠮ ᠪᠠᠯᠪᠠ ᠳᠤᠰᠴᠤ᠂ ᠰᠤᠭᠠᠢ ᠡᠪᠠᠷ ᠲᠡᠶ ᠰᠡᠷᠳᠡᠭᠡᠷ ᠴᠢᠭᠢ ᠲᠡᠶ ᠪᠦᠯᠳᠡᠭᠡᠷ ᠨᠢᠳᠤ ᠲᠡᠶ ᠰᠢᠷ᠎ᠠ ᠭᠦᠭᠡ ᠰᠤᠷ ᠲᠡᠶ ᠠᠮᠢᠳᠠᠨ ᠣᠷᠤᠵᠤ ᠢᠷᠠᠯ᠎ᠠ᠃ ᠭᠦᠷᠰᠢ ᠨᠢ ᠪᠣᠭᠤ ᠪᠠᠢ᠌ᠵᠠᠢ᠃ ᠳᠠᠷᠠ ᠪᠠᠷ ᠭᠡᠷᠡᠮ ᠤᠨ ᠴᠠᠭᠠᠨ᠎ᠠ ᠡᠴᠠ ᠡᠮ᠎ᠡ ᠠᠮᠢᠳᠠᠨ ᠤ ᠦᠨᠦᠷ ᠠᠪᠴᠤ᠂ ᠳᠠᠰᠴᠤ ᠴᠢᠳᠠᠯ ᠦᠭᠡᠶ ᠣᠷᠤᠮᠠᠭ ᠬᠠᠢ᠌ᠵᠤ᠂ ᠳᠠᠭᠠᠷᠢᠵᠤ ᠣᠷᠤᠵᠤ ᠢᠷᠡᠭ᠍ᠰᠡᠨ ᠪᠠᠢ᠌ᠵᠠᠢ᠃ ᠭᠡᠷᠡᠮ ᠨᠤᠷᠠᠬᠤ ᠴᠢᠮᠡᠭᠡ ᠪᠠᠷ ᠭᠡᠷ ᠤᠨ ᠡᠵᠡᠨ ᠶᠠᠰᠤᠨ ᠳᠤᠯᠤᠭᠠᠢ᠌ᠳᠤ ᠭᠡᠳᠤᠨ ᠭᠦᠮᠤ ᠲᠡᠶ ᠣᠷᠤᠵᠤ ᠢᠷᠡᠭᠡᠳ ᠮᠠᠭᠤ ᠵᠠᠶᠠᠭᠠᠳᠤ ᠪᠣᠭᠤ ᠶᠢ ᠴᠤᠭᠢᠵᠤ ᠣᠨᠠᠭᠠᠭᠠᠤᠨ ᠬᠤᠶᠠᠷ ᠨᠢᠳᠤ ᠶᠢ ᠨᠢ ᠰᠢᠪᠦᠭᠡᠯᠡᠨ ᠰᠤᠬᠤᠯᠠᠵᠤ᠂ ᠬᠠᠰᠢᠶᠠᠨ ᠳ᠋ᠤᠨᠢ ᠴᠢᠷᠴᠤ ᠭᠦᠷᠭᠡᠵᠡᠢ᠃

ᠡᠨᠡ ᠶᠠᠪᠣᠳᠠᠯ ᠳᠤ ᠭᠤᠯᠵᠢᠨ ᠣᠯᠠᠭᠠᠨ ᠬᠠᠷᠠᠮᠰᠠᠵᠠᠢ᠃ ᠭᠡᠳᠦᠢ ᠭᠡᠯᠡᠪᠠᠴᠤ᠂ ᠠᠴᠠ ᠳᠤᠭᠤᠷᠠᠢ ᠲᠡᠶ ᠡᠷ᠎ᠡ ᠶᠠᠭᠤᠮᠠᠨ ᠡᠰᠡ ᠪᠢᠯᠢᠤ᠃ ᠠᠮᠳᠠᠯᠠᠵᠤ᠂ ᠠᠮᠳᠠᠯᠠᠭᠤᠯᠵᠤ ᠪᠣᠯᠳᠠᠭ ᠦᠭᠡᠶ ᠪᠢᠯᠢᠤ ᠭᠡᠵᠤ ᠭᠤᠮᠤᠷᠬᠠᠵᠠᠢ᠃ ᠳᠡᠭᠡᠪᠠᠴᠤ ᠠᠷᠭ᠎ᠠ ᠦᠭᠡᠶ᠃ ᠬᠤᠶᠠᠷ ᠨᠢᠳᠤ ᠪᠠᠨ ᠰᠤᠬᠤᠯᠤᠭᠤᠯᠤᠭᠰᠠᠨ ᠪᠣᠭᠤ ᠣᠳᠤ ᠵᠥᠭ᠌ ᠴᠢᠭ᠌ ᠶᠢᠡᠨ ᠮᠡᠳᠡᠭᠦ ᠦᠭᠡᠶ ᠪᠣᠯᠵᠠᠢ᠃

      ᠭᠤᠷᠪᠠ

ᠠᠷᠢᠭᠢᠨ ᠤ ᠱᠠᠭ ᠰᠢᠭᠠᠷᠤ ᠢᠳᠠᠵᠤ ᠰᠤᠭᠳᠤᠭᠰᠠᠨ ᠭᠤᠯᠵᠢᠨ ᠣᠯᠠᠭᠠᠨ ᠣᠳᠤ ᠰᠡᠷᠭᠦᠪᠡ᠃ ᠰᠡᠷᠭᠦᠭᠡᠳ ᠯᠠ ᠢᠷᠡᠭᠦ ᠳᠤ ᠰᠠᠶ‍ᠢᠭᠢ ᠣᠩᠭ᠋ᠤᠴᠠ ᠳ᠋ᠠᠭᠢ ᠭᠦᠷᠡᠩ ᠢᠳᠡᠭᠡᠨ ᠤ ᠦᠨᠦᠷ ᠬᠠᠩᠭᠢ ᠳᠠᠳᠠᠵᠤ ᠵᠤᠪᠠᠭᠠᠪᠠ᠃ 《ᠡᠨ︕ ᠭᠦᠭᠡ ᠨᠤᠭᠤᠭ᠎ᠠ ᠶᠢ ᠭᠡᠯᠡ ᠪᠠᠷ ᠶᠢᠡᠨ ᠣᠷᠢᠶᠠᠵᠤ ᠪᠠᠢ᠌ᠭᠠᠤᠨ ᠳᠠᠰᠤᠯᠵᠤ ᠢᠳᠡᠭᠦ ᠶᠠᠮᠠᠷ ᠰᠠᠢ᠌ᠬᠠᠨ ᠪᠢᠯᠠ》 ᠭᠡᠵᠤ ᠪᠣᠳᠤᠪᠠ᠃ ᠳᠡᠭᠡᠳᠡᠯ᠎ᠡ᠂ ᠭᠤᠯᠭᠢᠪᠠ᠃ ᠭᠦᠵᠡᠭᠡᠨ ᠡᠴᠠ ᠨᠢ ᠭᠡᠵᠢᠶᠡᠩᠭᠢ ᠯᠠ ᠮᠠᠭᠤᠬᠠᠢ ᠦᠨᠦᠷᠳᠤ ᠭᠠᠷᠴᠤ ᠢᠷᠠᠪᠠ᠃ ᠳᠤᠷᠠᠳᠠᠢ ᠳᠤᠷ᠎ᠠ ᠦᠭᠡᠶ ᠭᠡᠪᠢᠪᠡ᠂ ᠡᠰᠡ ᠭᠡᠪᠢᠭᠦᠯ᠎ᠡ᠂ ᠰᠢᠩᠭᠡᠵᠤ ᠦᠭ‍ᠭᠦ ᠦᠭᠡᠶ ᠵᠤᠪᠠᠭᠠᠳᠠᠭ ᠠᠵᠢ᠃ 《ᠠᠢ︕ ᠰᠠᠢ᠌ᠬᠠᠨ ᠬᠠᠩᠭᠢ ᠳᠠᠳᠠᠭᠰᠠᠨ ᠦᠨᠦᠷ ᠲᠡᠶ ᠬᠠᠭᠳᠠ ᠦᠯᠦᠩ ᠢ ᠣᠷᠤᠢ ᠰᠦᠨᠢ ᠣᠳᠤᠳ ᠤᠨ ᠳᠤᠤᠷ᠎ᠠ ᠭᠤᠯᠭᠢᠵᠤ ᠭᠠᠷᠤᠭᠠᠤᠨ ᠭᠡᠪᠢᠵᠤ ᠭᠡᠪᠳᠡᠭᠦ ᠶᠠᠮᠠᠷ ᠪᠠᠬ᠎ᠠ ᠲᠡᠶ ᠪᠢᠯᠠ》 ᠭᠡᠵᠤ ᠪᠠᠰᠠ ᠬᠠᠷᠠᠮᠰᠠᠨ ᠪᠣᠳᠤᠪᠠ᠃ ᠡᠪᠦᠯ ᠪᠣᠯ ᠬᠠᠳᠠᠭᠤ ᠬᠠᠳᠠᠭᠤ ᠰᠢᠰᠢ ᠬᠤᠨᠤᠭ ᠤᠨ ᠡᠰᠢ᠂ ᠳᠠᠷᠢᠶᠠᠨ ᠤ ᠰᠦᠷᠠᠯ ᠢᠳᠠᠵᠤ᠂ ᠳᠠᠷᠠ ᠮᠤᠳᠤ ᠶᠢ ᠭᠤᠯᠭᠢᠵᠤ ᠭᠡᠪᠢᠭᠦ ᠭᠡᠳᠦᠢ ᠵᠤᠪᠠᠯᠠᠩ ᠪᠢᠯᠠ᠂ ᠡᠭᠦᠨ ᠤ ᠭᠡᠷᠡᠴᠢ ᠨᠢ ᠭᠤᠯᠵᠢᠨ ᠣᠯᠠᠭᠠᠨ ᠤ ᠰᠢᠳᠤ ᠨᠢ ᠪᠣᠢ᠌ᠯᠠ ᠲᠡᠶ ᠪᠠᠨ ᠳᠡᠭ᠍ᠰᠢᠷᠡᠭ᠍ᠰᠡᠨ ᠶᠠᠪᠣᠳᠠᠯ ᠪᠦᠯᠦᠭᠡ᠃

ᠲ᠋ᠠᠷᠠ ᠭᠡᠪᠢᠵᠤ ᠪᠠᠢ᠌ᠭ᠎ᠠ ᠵᠣᠢ᠌ᠯ ᠳᠡᠭᠡᠨ ᠶᠠᠷᠪᠠᠢ᠌ᠵᠤ ᠪᠣᠰᠪᠠ᠃ ᠳᠦᠷᠪᠠᠨ ᠭᠦᠯ ᠨᠢ ᠳᠠᠱ ᠳᠤᠱ ᠭᠡᠵᠤ ᠳᠤᠤᠭᠠᠷᠴᠤ ᠪᠠᠶ᠎ᠠ ᠶᠢ ᠠᠷᠠᠢ ᠳᠠᠭᠠᠭᠠᠨ᠎ᠠ᠃ ᠭᠡᠵᠢᠶᠡᠨ ᠤ ᠣᠮᠤᠭᠳᠤ ᠣᠯᠠᠭᠠᠨ ᠢ ᠭᠡᠳᠤᠨ ᠭᠦᠳᠦᠯ ᠳᠠᠪᠠᠭᠤᠯᠵᠤ ᠳᠠᠪᠭᠢᠵᠤ ᠪᠠᠢ᠌ᠭᠰᠠᠨ ᠭᠦᠯ ᠡᠨᠡ ᠭᠡᠭᠦ ᠳᠤ ᠢᠳᠡᠭᠡᠭᠦ ᠪᠠᠷᠭᠡ᠃ ᠳᠦᠷᠪᠠᠨ ᠭᠦᠯ ᠤᠨ ᠬᠢᠨᠢ ᠨᠢ᠋ᠮᠠᠨ ᠳᠤᠭᠤᠷᠠᠢ ᠦᠰᠴᠦ᠂ ᠶᠠᠰᠤᠨ ᠳᠤᠯᠤᠭᠠᠢ᠌ᠳᠤ ᠶᠢᠨ ᠪᠦᠰ ᠱᠠᠬᠠᠢ ᠮᠠᠳᠤ ᠪᠣᠯᠵᠠᠢ᠃ ᠬᠠᠪᠣᠷ ᠪᠣᠯ ᠨᠢᠭᠡ ᠣᠳᠠᠭ᠎ᠠ ᠡᠵᠡᠨ ᠨᠢ ᠭᠢᠮᠤᠰᠤ ᠶᠢ ᠨᠢ ᠠᠪᠴᠤ ᠥᠭ᠍ᠳᠡᠭ᠌ ᠪᠠᠢ᠌ᠭᠰᠠᠨ᠃ ᠡᠨᠡ ᠵᠢᠯ ᠮᠠᠷᠳᠠᠵᠠᠢ᠃

ᠲ᠋ᠤᠮᠤ ᠮᠤᠳᠤᠨ ᠣᠩᠭ᠋ᠤᠴᠠ ᠡᠴᠠ ᠰᠠᠶ‍ᠢᠭᠢ ᠯᠠ ᠮᠠᠭᠤᠬᠠᠢ ᠦᠨᠦᠷ ᠬᠠᠩᠬᠤᠯᠠᠨ᠎ᠠ᠃

ᠡᠨᠡ ᠦᠨᠦᠷ ᠢ ᠭᠤᠯᠵᠢᠨ ᠣᠯᠠᠭᠠᠨ ᠡ᠊ᠨᠳᠡ ᠢᠷᠡᠭᠦ ᠡᠴᠠ ᠪᠠᠨ ᠡᠮᠦᠨ᠎ᠡ ᠦᠨᠦᠷᠯᠠᠵᠤ ᠳᠠᠨᠢᠭᠰᠠᠨ ᠶᠤᠮ᠃ ᠭᠦᠮᠤᠨ ᠭᠡᠳᠡᠭ᠌ ᠠᠮᠢᠳᠠᠨ ᠤ ᠳᠤᠮᠳᠠ ᠡᠢ᠌ᠮᠤ ᠦᠨᠦᠷ ᠲᠡᠶ ᠨᠢ ᠶᠡᠭᠡ ᠮᠠᠭᠤ ᠵᠠᠩ ᠲᠡᠶ ᠪᠠᠢ᠌ᠳᠠᠭ ᠢ ᠳᠠᠷᠠ ᠮᠡᠳᠡᠳᠡᠭ᠌᠂ ᠣᠷᠢᠳᠤᠭᠢ ᠡᠵᠡᠨ ᠨᠢ ᠳᠠᠢ᠌ᠮᠤ ᠦᠨᠦᠷ ᠲᠡᠶ ᠪᠠᠢ᠌ᠵᠠᠢ᠃

ᠣᠤᠭᠠᠨ ᠦᠷ᠎ᠡ ᠪᠠᠨ ᠭᠡᠪᠠᠯᠢ ᠳᠡᠭᠡᠨ ᠱᠠᠯᠬᠠᠯᠵᠠᠭᠤᠯᠵᠤ ᠶᠠᠪᠣᠭᠰᠠᠨ ᠡᠪᠦᠯ᠂ ᠡᠵᠢ ᠨᠢ ᠪᠣᠯᠤᠨ ᠪᠣᠭᠤᠷᠤᠯ ᠭᠡᠵᠢᠭᠡᠳᠤ ᠪᠦᠷ ᠬᠠᠷᠢᠵᠤ ᠢᠷᠡᠭ᠍ᠰᠡᠨ ᠦᠭᠡᠶ᠃ ᠡᠵᠡᠨ ᠨᠢ ᠭᠡᠵᠤ ᠰᠦᠨᠢ ᠳᠡᠭᠡᠨ ᠮᠥᠭᠡᠷᠡᠵᠤ ᠬᠤᠨᠤᠳᠠᠭ᠃ ᠦᠷᠯᠦᠭᠡ ᠭᠡᠭᠦ ᠳᠤ ᠡᠨᠡ ᠮᠤᠳᠤᠨ ᠣᠩᠭ᠋ᠤᠴᠠ ᠳ᠋ᠠᠭᠢ ᠲᠡᠶ ᠠᠳᠠᠯᠢ ᠮᠠᠭᠤᠬᠠᠢ ᠦᠨᠦᠷ ᠰᠡᠩᠭᠢᠨᠡᠭᠦᠯᠵᠦ᠂ ᠠᠷᠠᠢ ᠭᠦᠳᠡᠯᠵᠤ᠂ ᠬᠠᠷᠢᠶᠠᠯ ᠳᠠᠯᠪᠢᠵᠤ ᠪᠠᠢ᠌ᠭᠠᠤᠨ ᠭᠡᠳᠤᠨ ᠮᠠᠯ ᠳᠠᠭᠠᠨ ᠪᠠᠬᠠᠨ ᠬᠠᠳᠠᠭᠰᠠᠨ ᠡᠪᠠᠰᠤ ᠬᠠᠶᠠᠵᠤ ᠦᠭ‍ᠭᠦᠭᠡᠳ ᠮᠤᠷᠳᠠᠵᠤ ᠠᠷᠢᠯᠳᠠᠭ᠃ ᠣᠯᠠᠭᠠᠨ ᠣᠷᠤᠭᠤᠯᠳᠤ ᠯᠠ ᠭᠠᠰᠢᠭᠤᠨ ᠳᠠᠭᠤ ᠪᠠᠷ ᠬᠠᠩᠭᠢ ᠳᠠᠳᠠᠵᠤ᠂ ᠮᠠᠯ ᠤᠨ ᠶᠢᠡᠨ ᠬᠤᠷᠤᠭ᠎ᠠ ᠬᠤᠳᠠ ᠶᠢ ᠴᠡᠪᠠᠷᠯᠡᠭᠦᠢᠴᠡ ᠪᠣᠯᠳᠠᠭ᠃

ᠡᠢ᠌ᠮᠤ ᠴᠠᠭ ᠲᠤ ᠪᠣᠭᠤᠷᠤᠯ ᠭᠡᠵᠢᠭᠡᠳᠤ ᠨᠢ ᠪᠠᠢ᠌ᠭᠰᠠᠨ ᠪᠣᠯ ᠠᠳᠬᠤ ᠠᠭᠠᠷᠤᠤᠯ ᠴᠢᠮᠭᠢ ᠳᠠᠪᠣᠰᠤ ᠴᠤ ᠭᠡᠰᠡᠨ ᠭᠠᠷᠭᠠᠵᠤ ᠳᠤᠯᠢᠶᠠᠯᠭᠠᠳᠠᠭ ᠪᠠᠢ᠌ᠵᠠᠢ᠃ ᠬᠠᠷᠢᠨ᠂ ᠣᠯᠠᠭᠠᠨ ᠣᠷᠤᠭᠤᠯᠳᠤ ᠪᠣᠯ ᠮᠤᠳᠤ ᠪᠠᠷᠢᠵᠤ ᠵᠢᠩᠭᠢᠷ ᠳᠠᠳᠠᠵᠤ᠂ ᠡᠰᠡ ᠪᠣᠯᠭᠤᠮᠵᠢᠯᠠᠪᠠᠯ ᠡᠪᠠᠷ ᠶᠢᠡᠷ ᠵᠢᠩ ᠭᠢᠯᠭᠡᠵᠤ ᠣᠷᠭᠢᠳᠠᠭ ᠪᠠᠢ᠌ᠵᠠᠢ᠃

ᠬᠠᠪᠣᠷ ᠤᠨ ᠬᠠᠳᠠᠭᠤ ᠶᠢ ᠡᠪᠦᠳᠦᠭ᠌ ᠶᠢᠡᠷ ᠮᠥᠭᠦᠳᠡᠵᠤ ᠭᠠᠷᠬᠤ ᠳᠤ ᠡᠵᠡᠨ ᠨᠢ ᠳᠡᠭᠦᠨ ᠳᠤ ᠬᠠᠭᠤᠴᠢᠨ ᠰᠢᠷ᠎ᠡ ᠢᠰᠡᠭᠡᠢ ᠨᠡᠮᠨᠡᠭᠡ ᠡᠴᠠ ᠣᠠᠳᠤᠤ ᠶᠠᠭᠤᠮ᠎ᠠ ᠱᠠᠩᠨᠠᠭᠰᠠᠨ ᠦᠭᠡᠶ᠃ ᠡᠨᠡ ᠬᠠᠪᠣᠷ ᠬᠤᠳᠠ ᠬᠤᠷᠤᠭ᠎ᠠ ᠡᠴᠠ ᠨᠢ ᠥᠭᠦᠵᠤ ᠴᠢᠷᠦᠭᠦᠯᠵᠤ ᠭᠠᠷᠤᠭᠰᠠᠨ ᠮᠠᠯ ᠣᠯᠠᠨ ᠪᠣᠯᠤᠭᠰᠠᠨ ᠡᠴᠠ ᠬᠠᠪᠣᠷ ᠣᠷᠢ ᠪᠣᠯᠬᠤ ᠳᠤ ᠡᠨᠡ ᠠᠢ᠌ᠯ ᠤᠨ ᠬᠤᠳᠠ ᠳᠤ ᠴᠥᠭᠡᠨ ᠭᠡᠳᠤᠨ ᠠᠷᠠᠭ᠎ᠠ ᠬᠠᠪᠢᠷᠤᠭᠰᠠᠨ ᠨᠢᠳᠤ ᠨᠢ ᠭᠦᠯᠢᠯᠵᠡᠭ᠍ᠰᠡᠨ ᠠᠮᠢᠳᠠᠨ ᠦᠯᠡᠳᠠᠵᠠᠢ᠃

ᠵᠤᠨ ᠪᠣᠯᠬᠤ ᠳᠤ ᠭᠤᠯᠵᠢᠨ ᠣᠯᠠᠭᠠᠨ ᠴᠤ ᠬᠠᠭᠵᠠ ᠪᠠᠨ ᠬᠠᠶᠠᠵᠤ ᠭᠤᠯᠵᠢ᠌ᠵᠤ᠂ ᠦᠰᠦ ᠨᠢ ᠭᠢᠯᠠᠯᠵᠠᠵᠤ ᠨᠢᠳᠤ ᠨᠢ ᠰᠡᠷᠭᠦᠵᠡᠢ᠃

ᠭᠦᠭᠦᠭᠡ ᠰᠢᠪᠠᠭᠤᠨ ᠳᠤᠩᠭ᠋ᠤᠳᠴᠤ᠂ ᠭᠦᠭᠡ ᠨᠤᠭᠤᠭᠠᠨ ᠤ ᠦᠨᠦᠷ ᠬᠠᠩᠭᠢ ᠳᠠᠳᠠᠭᠰᠠᠨ ᠡᠳᠦᠷ ᠭᠤᠯᠵᠢᠨ ᠣᠯᠠᠭᠠᠨ ᠣᠤᠭᠠᠨ ᠦᠷᠠᠨ ᠶᠢᠡᠨ ᠭᠠᠷᠭᠠᠬᠤ ᠳᠤ᠂ ᠦᠷᠠᠨ ᠤ ᠭᠢᠨᠢ ᠠᠮᠠᠨ ᠶᠢ ᠠᠷᠴᠢᠵᠤ ᠴᠢᠭᠢᠨ ᠶᠢᠡᠷ ᠨᠢ ᠦᠯᠢᠶᠡᠭᠰᠡᠨ ᠠᠴᠢᠯᠠᠯᠳᠤ ᠡᠵᠡᠨ ᠭᠠᠷᠤᠭᠰᠠᠨ ᠦᠭᠡᠶ᠃ ᠠᠰᠠᠭᠠᠨ ᠳᠠᠭᠠᠨ ᠪᠦᠳᠦᠵᠤ᠂ ᠳᠡᠯᠴᠢᠯᠡᠭᠦ ᠦᠷ᠎ᠡ ᠪᠠᠨ ᠳᠠᠷᠠ ᠪᠠᠷ ᠦᠪᠡᠷ ᠶᠢᠡᠨ ᠳᠤᠯᠢᠶᠠᠵᠤ᠂ ᠠᠮᠢᠰᠬᠤᠬ᠎ᠠ ᠠᠪᠤᠭᠤᠯᠵᠤ᠂ ᠴᠢᠭᠢ ᠣᠷᠤᠭᠤᠯᠵᠤ᠂ ᠨᠢᠳᠤ ᠨᠡᠭᠡᠭᠡᠯᠭᠡᠵᠤ᠂ ᠳᠡᠢ᠌ᠴᠢᠭᠦᠯᠤᠨ ᠪᠣᠰᠬᠠᠵᠤ ᠴᠢᠳᠠᠵᠠᠢ᠃

ᠭᠡᠵᠢᠶ᠎ᠡ ᠬᠣᠢ᠌ᠨ᠎ᠠ ᠨᠢ ᠣᠯᠠᠭᠠᠨ ᠣᠷᠤᠭᠤᠯᠳᠤ ᠵᠢᠩ ᠳᠠᠩ ᠭᠡᠵᠤ ᠮᠠᠭᠤᠬᠠᠢ ᠳᠠᠭᠤ ᠭᠠᠷᠴᠤ ᠰᠦᠯᠳᠡᠩᠨᠠᠨ ᠢᠷᠡᠭᠡᠳ ᠳᠤᠭᠤᠯ ᠢ ᠨᠢ ᠳᠠᠪᠠᠷᠢᠵᠤ ᠭᠡᠷ ᠳᠠᠯ᠎ᠠ ᠪᠠᠨ ᠭᠦᠶ‍ᠦᠵᠡᠢ᠃

ᠦᠷ᠎ᠡ ᠪᠠᠨ ᠭᠡᠵᠤ ᠡᠨᠡᠷᠢᠭ᠍ᠰᠡᠨ ᠭᠤᠯᠵᠢᠨ ᠣᠯᠠᠭᠠᠨ ᠤ ᠳᠠᠯᠠᠩ ᠨᠢ ᠴᠢᠨᠤᠵᠤ᠂ ᠠᠷᠭ᠎ᠠ ᠦᠭᠡᠶ ᠯᠠ ᠣᠯᠠᠭᠠᠨ ᠣᠷᠤᠭᠤᠯᠳᠤ ᠶᠢ ᠳᠠᠭᠠᠭᠠᠳ ᠮᠥᠭᠡᠷᠡᠨ ᠭᠦᠶ‍ᠦᠵᠡᠢ᠃ ᠣᠳᠠᠯ ᠦᠭᠡᠶ᠂ ᠰᠠᠪᠠ ᠰᠠᠭᠤᠯᠭ᠎ᠠ ᠬᠠᠩᠭᠢ ᠳᠠᠳᠠᠭᠤᠯᠤᠭᠰᠠᠨ ᠣᠯᠠᠭᠠᠨ ᠣᠷᠤᠭᠤᠯᠳᠤ᠂ ᠭᠦᠭᠡᠷᠦᠭᠦᠢ ᠨᠢᠯᠬ᠎ᠠ ᠳᠤᠭᠤᠯ ᠢ ᠨᠢ ᠡᠭᠡ ᠶᠢᠨ ᠬᠢᠨᠢ ᠭᠦᠭᠦᠨ ᠳᠤ ᠭᠦᠷᠭᠡᠵᠤ ᠠᠮᠠᠯᠠᠭᠤᠯᠪᠠ᠃

ᠲ᠋ᠤᠩᠭ᠋ᠤᠢ ᠡᠭᠡ ᠪᠣᠯᠤᠭᠰᠠᠨ ᠭᠤᠯᠵᠢᠨ ᠣᠯᠠᠭᠠᠨ᠂ ᠨᠢᠯᠬ᠎ᠠ ᠦᠷ᠎ᠡ ᠨᠢ ᠡᠭᠢᠯᠡᠨ ᠯᠠ ᠭᠦᠭᠦ ᠶᠢ ᠨᠢ ᠬᠠᠯᠠᠭᠤᠨ ᠬᠤᠰᠢᠭᠤ ᠪᠠᠷ ᠶᠢᠡᠨ ᠬᠠᠪᠯᠠᠨ ᠠᠪᠴᠤ ᠭᠤᠪᠰᠢᠬᠤ ᠳᠤ ᠰᠡᠭᠡᠷ ᠣᠭᠤᠴᠠ ᠡᠴᠠ ᠪᠠᠨ ᠡᠭᠢᠯᠡᠨ ᠮᠠᠷ ᠮᠠᠷ ᠭᠡᠵᠤ ᠴᠢᠨᠦᠭ᠍ᠰᠡᠨ ᠳᠠᠯᠠᠩ ᠨᠢ ᠢᠪᠢᠯᠵᠤ ᠡᠭᠢᠯᠡᠪᠡ᠃ ᠳᠤᠭᠤᠯ ᠨᠢ ᠭᠤᠪᠰᠢᠵᠤ᠂ ᠶᠡᠭᠡ ᠦᠯᠦᠨ ᠭᠦᠭᠦᠪᠡ᠃

ᠶᠠᠭ ᠡᠨᠡ ᠦᠶ᠎ᠡ ᠳᠤ᠂ ᠭᠦᠭᠡᠷᠦᠭᠦᠢ ᠨᠢᠯᠬ᠎ᠠ ᠦᠷ᠎ᠡ ᠶᠢ ᠨᠢ ᠣᠯᠠᠭᠠᠨ ᠣᠷᠤᠭᠤᠯᠳᠤ ᠳᠠᠳᠠᠵᠤ ᠬᠠᠶᠠᠭᠠᠤᠨ ᠦᠪᠡᠷ ᠶᠢᠡᠨ ᠭᠤᠯᠵᠢᠨ ᠣᠯᠠᠭᠠᠨ ᠤ ᠳᠦᠷᠪᠠᠨ ᠭᠦᠭᠦ ᠶᠢ ᠱᠤᠳᠤᠷᠤᠨ ᠳᠠᠰᠤᠴᠢᠨ ᠰᠠᠭᠠᠵᠤ ᠡᠭᠢᠯᠡᠪᠡ᠃ ᠭᠤᠯᠵᠢᠨ ᠣᠯᠠᠭᠠᠨ ᠠᠩᠭᠢᠷ ᠣᠭᠤᠷᠠᠭ ᠶᠢᠡᠨ ᠭᠡᠳᠦᠢ ᠪᠠᠷ ᠣᠯᠠᠭᠠᠨ ᠣᠷᠤᠭᠤᠯᠳᠤ ᠡᠴᠠ ᠬᠠᠷᠠᠮᠨᠠᠪᠠᠴᠤ᠂ ᠨᠢᠭᠡᠨᠲᠡ ᠢᠪᠢᠯᠦᠭ᠍ᠰᠡᠨ ᠳᠠᠯᠠᠩ ᠢ ᠪᠣᠭᠤᠬᠤ ᠠᠷᠭ᠎ᠠ ᠦᠭᠡᠶ ᠪᠣᠯᠪᠠ᠂ ᠵᠠᠶᠠᠭᠠᠴᠢ ᠡᠴᠠ ᠦᠷᠠᠨ ᠳ᠋ᠤᠨᠢ ᠪᠠᠯᠡᠭᠯᠡᠭ᠍ᠰᠡᠨ ᠠᠷᠢᠭᠤᠨ ᠣᠭᠤᠷᠠᠭ ᠢ ᠣᠯᠠᠭᠠᠨ ᠣᠷᠤᠭᠤᠯᠳᠤ ᠢᠩᠭᠢᠵᠤ ᠪᠣᠯᠢᠶᠠᠵᠤ ᠠᠪᠣᠯ᠎ᠠ᠃ ᠣᠭᠤᠷᠠᠭ ᠲᠠᠭᠠᠨ ᠴᠠᠳᠤᠭᠰᠠᠨ ᠦᠭᠡᠶ ᠭᠦᠭᠡᠷᠦᠭᠦᠢ ᠳᠤᠭᠤᠯ ᠨᠢ ᠭᠤᠯᠵᠢᠨ ᠣᠯᠠᠭᠠᠨ ᠰᠢᠭ ᠴᠠᠬᠤ ᠳᠦᠷᠪᠠᠨ ᠭᠦᠯ ᠲᠡᠶ᠂ ᠴᠠᠯᠭᠢᠭᠰᠠᠨ ᠭᠠᠯᠪᠢᠷ ᠪᠠᠶ᠎ᠠ ᠲᠡᠶ ᠪᠣᠯᠵᠤ ᠲᠦᠯᠵᠢᠭ᠍ᠰᠡᠨ ᠦᠭᠡᠶ᠃ ᠣᠶᠠᠭᠠᠨ ᠳᠠᠭᠠᠨ ᠳᠡᠮᠳᠡᠷᠢᠭ᠍ᠰᠡᠨ ᠠᠮᠢᠳᠠᠨ ᠪᠣᠯᠪᠠ᠃ ᠣᠯᠠᠭᠠᠨ ᠣᠷᠤᠭᠤᠯᠳᠤ ᠴᠤ᠂ ᠭᠤᠯᠵᠢᠨ ᠣᠯᠠᠭᠠᠨ ᠤ ᠳᠠᠯᠠᠩ ᠢ ᠳᠠᠰᠤᠯᠵᠤ ᠠᠪᠬᠤ ᠶᠢᠨ ᠨᠠᠭᠠᠭᠤᠷ ᠪᠣᠯᠪᠠ᠃ ᠠᠢ᠌ᠯ ᠤᠨ ᠳᠤᠭᠤᠯ ᠤᠳ ᠪᠠᠯᠴᠢᠭᠡᠷ ᠲᠤ ᠳᠤᠭᠯᠠᠬᠤ ᠳᠤ ᠭᠤᠯᠵᠢᠨ ᠣᠯᠠᠭᠠᠨ ᠤ ᠳᠤᠭᠤᠯ ᠵᠠᠯ᠎ᠠ ᠳᠡᠭᠡᠨ ᠬᠠᠳᠠᠨ᠎ᠠ᠃

ᠡᠵᠡᠨ ᠤ ᠭᠢᠨᠢ ᠮᠠᠭᠤᠬᠠᠢ ᠦᠨᠦᠷ ᠣᠯᠠᠮ ᠶᠡᠭᠡᠳᠪᠡ᠃ ᠣᠯᠠᠭᠠᠨ ᠣᠷᠤᠭᠤᠯᠳᠤ ᠴᠤ 《ᠮᠠᠭᠤᠬᠠᠢ ᠦᠨᠦᠷ》 ᠲᠡᠶ ᠪᠣᠯᠵᠤ ᠡᠭᠢᠯᠡᠪᠡ᠃

ᠵᠤᠨ ᠤ ᠬᠠᠯᠠᠭᠤᠨ ᠡᠳᠦᠷ᠂ ᠨᠢᠷᠤᠭᠤ ᠨᠢ ᠵᠠᠭᠠᠴᠢᠨᠠᠵᠤ ᠳᠠᠪᠭᠢᠭᠠᠤᠨ ᠬᠤᠳᠠᠨ ᠳᠠᠭᠠᠨ ᠢᠷᠡᠭᠦ ᠳᠤ ᠣᠶᠠᠭᠠᠨ ᠳ᠋ᠠᠭᠢ ᠳᠤᠭᠤᠯ ᠨᠢ ᠭᠡᠪᠳᠡᠭ᠍ᠰᠡᠨ ᠭᠠᠵᠠᠷ ᠶᠢᠡᠨ ᠨᠠᠮ ᠣᠨᠠᠭᠰᠠᠨ ᠢ ᠡᠭᠡ ᠪᠣᠯᠤᠭᠰᠠᠨ ᠭᠤᠯᠵᠢᠨ ᠤᠯᠠᠭᠠᠨ ᠥᠵᠡᠭᠡᠳ ᠨᠢᠳᠤᠨ ᠤ ᠪᠠᠨ ᠨᠢᠯᠪᠣᠰᠤ ᠵᠢ ᠠᠰᠠᠬᠠᠷᠠᠭᠤᠯᠤᠨ ᠲ᠋ᠤᠭᠤᠯ ᠢ ᠳᠤᠯᠢᠶᠠᠵᠤ ᠬᠤᠰᠢᠭᠤ ᠪᠠᠷ ᠶᠢᠡᠨ ᠨᠤᠳᠤᠷᠴᠤ ᠪᠣᠰᠬᠠᠵᠤ ᠶᠠᠳᠠᠵᠠᠢ᠃

ᠲ᠋ᠡᠭᠦᠨ ᠡᠴᠠ ᠬᠣᠢ᠌ᠰᠢ᠂ ᠳᠤᠭᠤᠯ ᠨᠢ ᠳᠤᠯᠤᠭᠠᠢ ᠦᠭᠡᠶ᠂ ᠰᠢᠭᠡᠷ᠎ᠡ ᠦᠭᠡᠶ ᠪᠣᠯᠵᠤ ᠦᠨᠦᠷ ᠨᠢ ᠴᠤ ᠬᠤᠪᠢᠷᠠᠵᠠᠢ᠃ ᠣᠯᠠᠭᠠᠨ ᠣᠷᠤᠭᠤᠯᠳᠤ ᠯᠠ ᠳᠤᠭᠤᠯ ᠢ ᠨᠢ ᠳᠠᠪᠠᠷᠢᠵᠤ ᠢᠷᠡᠭᠡᠳ ᠥᠨᠦᠷᠯᠡᠭᠦᠯᠤᠨ᠎ᠡ᠂᠂ ᠦᠷ᠎ᠡ ᠪᠠᠨ ᠦᠨᠦᠷᠯᠠᠵᠤ (ᠦᠨᠡᠨ ᠳᠡᠭᠡᠨ ᠥᠭᠦᠭ᠍ᠰᠡᠨ ᠳᠤᠭᠤᠯ ᠤᠨ ᠶᠢᠠᠨ ᠠᠷᠠᠰᠤ ᠶᠢ ᠦᠨᠦᠷᠯᠠᠵᠤ)᠂ ᠰᠡᠳᠭᠢᠯ ᠨᠢ ᠣᠶᠠᠷᠠᠵᠤ ᠳᠠᠯᠠᠩ ᠨᠢ ᠮᠠᠷᠵᠢᠩᠨᠠᠨ ᠢᠪᠢᠯᠭᠦ ᠳᠤ᠂ ᠵᠠᠪᠰᠢᠶᠠᠨ ᠢ ᠳᠠᠯᠢᠮᠳᠠᠭᠤᠯᠤᠨ᠂ ᠣᠯᠠᠭᠠᠨ ᠣᠷᠤᠭᠤᠯᠳᠤ ᠳᠠᠯᠠᠩ ᠳ᠋ᠠᠭᠢ ᠴᠠᠭᠠᠨ ᠰᠦ᠋ ᠶᠢ ᠨᠢ ᠰᠢᠯᠠᠮ᠎ᠠ ᠥᠯᠡᠳᠡᠭᠡᠯ ᠦᠭᠡᠶ ᠰᠢᠪᠬᠠᠵᠤ ᠠᠪᠳᠠᠭ ᠠᠵᠤᠭᠤ᠃

ᠡᠭᠦᠨ ᠳᠤ ᠭᠤᠯᠵᠢᠨ ᠣᠯᠠᠭᠠᠨ ᠭᠢᠵᠠᠭᠠᠷ ᠦᠭᠡᠶ ᠭᠤᠮᠤᠳᠠᠵᠤ ᠬᠠᠶᠠ ᠬᠠᠢ᠌ᠷᠴᠤ ᠳᠠᠢ᠌ᠷᠪᠠᠴᠤ ᠣᠯᠠᠭᠠᠨ ᠣᠷᠤᠭᠤᠯᠳᠤ ᠠᠷᠤ ᠬᠤᠶᠠᠷ ᠭᠦᠯ ᠢ ᠨᠢ ᠳᠠᠭᠢᠮ ᠶᠢᠡᠷ ᠨᠢ ᠳᠠᠰᠤ ᠬᠤᠯᠪᠣᠵᠤ ᠳᠤᠱᠠᠵᠤ ᠣᠷᠭᠢᠳᠠᠭ ᠳᠤᠯᠠ ᠶᠠᠭᠠᠭᠢᠵᠤ ᠴᠤ ᠴᠢᠳᠠᠬᠤ ᠦᠭᠡᠶ ᠪᠠᠢ᠌ᠵᠠᠢ᠃

ᠨᠢᠭᠡ ᠰᠠᠯᠭᠢ ᠲᠡᠶ ᠣᠷᠤᠢ᠃ ᠦᠳᠡ ᠡᠴᠠ ᠡᠭᠢᠯᠡᠨ ᠮᠥᠭᠡᠷᠡᠯᠳᠦᠭ᠍ᠰᠡᠨ ᠣᠯᠠᠭᠠᠨ ᠣᠷᠤᠭᠤᠯᠳᠤ 《ᠮᠠᠭᠤᠬᠠᠢ ᠦᠨᠦᠷ》 ᠠᠩᠭᠢᠨᠠᠭᠤᠯᠤᠨ᠂ ᠳᠠᠮᠤᠷ ᠰᠠᠭᠤᠯᠭ᠎ᠠ ᠬᠠᠷᠵᠢᠭᠢᠨᠠᠭᠤᠯᠤᠨ ᠭᠠᠷᠴᠤ᠂ ᠳᠠᠮᠳᠠᠷᠢᠨ ᠢᠷᠠᠵᠤ᠂ ᠭᠤᠯᠵᠢᠨ ᠣᠯᠠᠭᠠᠨ ᠢ ᠰᠠᠭᠠᠬᠤ ᠪᠣᠯᠵᠠᠢ᠃

ᠣᠯᠠᠭᠠᠨ ᠣᠷᠤᠭᠤᠯᠳᠤ ᠪᠡᠷ ᠡᠪᠠᠰᠤ ᠴᠢᠭᠢᠭ᠍ᠰᠡᠨ ᠳᠤᠭᠤᠯ ᠤᠨ ᠠᠷᠠᠰᠤ ᠶᠢ ᠠᠪᠴᠤ ᠢᠷᠡᠭᠦ ᠳᠤ ᠰᠠᠯᠭᠢᠨ ᠳᠤ ᠴᠤᠭᠢᠭᠳᠠᠨ ᠳᠤᠭᠤᠯ ᠤᠨ ᠠᠷᠠᠰᠤᠨ ᠭᠠᠵᠠᠷ ᠲᠤ ᠣᠨᠠᠵᠤ ᠳᠤᠭᠤᠯ ᠤᠨ ᠠᠷᠠᠰᠤᠨ ᠳᠤᠳᠤᠷᠠᠭᠢ ᠰᠢᠷ᠎ᠠ ᠦᠯᠦᠩ ᠡᠪᠠᠰᠤᠨ ᠪᠣᠳᠠᠷᠠᠵᠠᠢ᠃ ᠳᠤᠭᠤᠯ ᠤᠨ ᠬᠢᠨᠢ ᠠᠷᠠᠰᠤᠨ ᠳᠤ ᠡᠪᠠᠰᠤ ᠴᠢᠭᠢᠵᠤ ᠪᠠᠶ᠎ᠠ ᠶᠢ ᠨᠢ ᠬᠠᠭᠤᠷᠠᠭᠰᠠᠨ ᠢ ᠮᠡᠳᠡᠭᠡᠳ ᠭᠤᠯᠵᠢᠨ ᠣᠯᠠᠭᠠᠨ ᠠᠭᠤᠷᠯᠠᠵᠤ᠂ ᠡᠭᠡ ᠶᠢᠨ ᠬᠢᠨᠢ ᠠᠷᠠᠰᠤ ᠶᠢ ᠬᠠᠰᠢᠶᠠᠨ ᠳᠤ ᠳᠤᠬᠤᠭᠰᠠᠨ ᠢ ᠨᠠᠮᠠᠨ ᠰᠠᠨᠠᠵᠤ ᠭᠢᠵᠠᠭᠠᠷ ᠦᠭᠡᠶ ᠭᠤᠮᠤᠳᠠᠵᠤ ᠭᠦᠯ ᠢ ᠨᠢ ᠳᠤᠱᠠᠬᠤ ᠪᠠᠷ ᠢᠷᠡᠭ᠍ᠰᠡᠨ ᠣᠯᠠᠭᠠᠨ ᠣᠷᠤᠭᠤᠯᠳᠤ ᠶᠢ ᠴᠢᠮᠦᠭᠡᠨ ᠳᠤᠰ ᠶᠢᠡᠷ ᠨᠢ ᠳᠠᠱ ᠭᠢᠯᠭᠡᠵᠤ ᠬᠠᠢ᠌ᠷᠴᠤ ᠣᠨᠠᠭᠠᠪᠠ᠃

ᠲ᠋ᠠᠱ ᠭᠡᠭᠦ ᠳᠠᠭᠤ ᠲᠡᠶ ᠬᠠᠮᠳᠤ ᠣᠯᠠᠭᠠᠨ ᠣᠷᠤᠭᠤᠯᠳᠤ ᠶᠢᠨ ᠮᠠᠭᠤᠬᠠᠢ ᠳᠠᠭᠤ ᠵᠢᠩᠭᠢᠷᠳᠡᠭᠦ ᠳᠤ ᠭᠤᠯᠵᠢᠨ ᠣᠯᠠᠭᠠᠨ ᠴᠤᠴᠢᠵᠤ ᠭᠤᠤᠯ ᠤᠨ ᠳᠤᠬᠤᠢ ᠵᠥᠭ᠌ ᠳᠦᠴᠢᠭᠢᠨᠠᠨ ᠳᠠᠪᠭᠢᠵᠠᠢ᠃

ᠲ᠋ᠠᠭᠢᠵᠤ ᠳᠡᠭᠦᠨ ᠢ ᠳᠤᠱᠠᠵᠤ᠂ ᠳᠤᠭᠤᠯ ᠤᠨ ᠬᠢᠨᠢ ᠠᠷᠠᠰᠤ ᠪᠠᠷ ᠮᠡᠭᠡᠯᠡᠭ᠍ᠰᠡᠨ ᠭᠦᠮᠤᠨ ᠭᠠᠷᠤᠭᠰᠠᠨ ᠦᠭᠡᠶ᠂ ᠳᠠᠯᠠᠩ ᠨᠢ ᠭᠡᠳᠤᠨ ᠡᠳᠦᠷ ᠴᠢᠨᠤᠵᠤ᠂ ᠳᠠᠷᠠ ᠵᠤᠪᠠᠯᠠᠩ ᠳᠠᠭᠠᠨ ᠭᠤᠯᠵᠢᠨ ᠣᠯᠠᠭᠠᠨ ᠤ ᠬᠤᠶᠠᠷ ᠨᠢᠳᠤᠨ ᠪᠣᠯᠠᠭ ᠪᠣᠯᠵᠤ ᠶᠠᠪᠣᠭᠰᠠᠭᠠᠷ ᠨᠢᠭᠡ ᠮᠡᠳᠡᠭᠦ ᠳᠤ ᠳᠦᠷᠪᠠᠨ ᠭᠦᠭᠦ ᠨᠢ ᠪᠣᠷᠴᠠᠭ ᠪᠣᠯᠤᠨ ᠳᠠᠯᠠᠩ ᠨᠢ ᠰᠢᠷᠭᠢᠵᠠᠢ᠃

      ᠳᠦᠷᠪᠠ

ᠴᠢᠯᠠᠭᠤᠨ ᠭᠡᠷ ᠤᠨ ᠳᠠᠮᠤᠷ ᠡᠭᠦᠳᠡᠨ ᠣᠩᠭ᠋ᠣᠢ᠌ᠵᠤ᠂ ᠶᠠᠰᠤᠨ ᠳᠤᠯᠤᠭᠠᠢ ᠣᠷᠤᠵᠤ ᠢᠷᠠᠪᠠ᠃ ᠣᠰᠤ ᠠᠪᠴᠢᠷᠠᠵᠠᠢ᠃ ᠬᠠᠯᠠᠭᠤᠨ ᠡᠳᠦᠷ ᠪᠢᠳᠡᠭᠦᠤ ᠪᠠᠢ᠌ᠰᠢᠩ ᠳᠤ ᠭᠦᠡᠳᠤ ᠠᠭᠠᠷ᠂ ᠭᠦᠡᠳᠤ ᠪᠣᠳᠤᠯ ᠬᠤᠶᠠᠷ ᠲᠤ ᠳᠠᠷᠤᠭᠳᠠᠵᠤ ᠪᠠᠢ᠌ᠭᠰᠠᠨ ᠭᠤᠯᠵᠢᠨ ᠣᠯᠠᠭᠠᠨ ᠴᠠᠩ ᠭᠡᠰᠡᠨ ᠭᠦᠢᠳᠡᠨ ᠣᠰᠤ ᠶᠢ ᠴᠢᠨᠡᠭᠡ ᠮᠠᠳᠠᠨ ᠰᠤᠷᠤᠪᠠ᠃

ᠣᠳᠠᠯ ᠦᠭᠡᠶ ᠣᠰᠤ ᠪᠠᠷᠠᠭᠳᠠᠵᠤ᠂ ᠶᠠᠰᠤᠨ ᠳᠤᠯᠤᠭᠠᠢ ᠰᠠᠭᠤᠯᠭ᠎ᠠ ᠬᠠᠷᠵᠢᠭᠢᠨᠠᠭᠤᠯᠤᠨ ᠭᠠᠷᠴᠤ ᠠᠷᠢᠯᠪᠠ᠃ ᠭᠦᠢᠳᠡᠨ ᠰᠠᠢ᠌ᠬᠠᠨ ᠣᠰᠤ ᠪᠠᠷ ᠭᠤᠯᠵᠢᠨ ᠣᠯᠠᠭᠠᠨ ᠭᠡᠭᠡᠷᠡᠭᠦ ᠳᠤ ᠵᠤᠨ ᠤ ᠬᠠᠯᠠᠭᠤᠨ ᠡᠴᠠ ᠳᠠᠯᠳᠠᠯᠠᠬᠤ ᠬᠠᠩᠭ᠋ᠠᠢ ᠰᠠᠢ᠌ᠬᠠᠨ ᠨᠤᠳᠤᠭ ᠤᠨ ᠬᠢᠨᠢ ᠭᠤᠤᠯ ᠤᠨ ᠳᠤᠬᠤᠢ ᠰᠠᠨᠠᠭᠳᠠᠵᠤ᠂ ᠰᠡᠳᠭᠢᠯ ᠳ᠋ᠤᠨᠢ ᠪᠣᠯᠠᠭ ᠪᠣᠷᠭᠢᠯᠵᠤ᠂ ᠭᠦᠭᠦᠭᠡ ᠳᠤᠩᠭ᠋ᠤᠳᠴᠤ ᠡᠭᠢᠯᠡᠪᠡ᠃ ᠬᠤᠯᠠ ᠡᠴᠠ ᠣᠯᠠᠨ ᠪᠣᠬ᠎ᠠ ᠶᠢᠨ ᠣᠷᠢᠮᠳᠤᠯᠭ᠎ᠠ ᠰᠤᠨᠤᠰᠳᠠᠪᠠ᠃

ᠭᠤᠯᠵᠢᠨ ᠣᠯᠠᠭᠠᠨ ᠳᠤᠯᠤᠭᠠᠢ ᠪᠠᠨ ᠰᠡᠭ᠍ᠰᠦᠷᠴᠤ᠂ ᠣᠮᠤᠭᠳᠤ ᠣᠯᠠᠭᠠᠨ ᠪᠣᠬ᠎ᠠ ᠪᠠᠨ ᠰᠠᠨᠠᠪᠠ᠃ ᠳᠠᠭᠠᠭᠤᠯᠢ ᠪᠡᠷ ᠨᠢᠷᠤᠭᠤ ᠨᠢ ᠡᠭᠢᠯᠡᠨ ᠵᠠᠭᠠᠴᠢᠨᠠᠵᠤ᠂ ᠵᠤ᠋ ᠨᠢ ᠳᠠᠨᠢ᠌ᠵᠤ᠂ ᠬᠤᠠᠳᠤᠯᠠᠢ ᠨᠢ ᠵᠦᠭᠡᠯᠡᠷᠡᠵᠤ᠂ ᠣᠷᠤᠮᠠᠭ ᠨᠢ ᠬᠠᠯᠠᠭᠤ ᠣᠷᠭᠢᠪᠠ᠃ ᠠᠮᠢᠳᠤ ᠠᠮᠢᠳᠠᠨ ᠤ ᠬᠠᠮᠤᠭ ᠤᠨ ᠳᠡᠭᠡᠳᠤ ᠡᠷᠭᠢᠮ ᠮᠠᠬᠠᠪᠣᠤᠨ ᠤᠨ ᠵᠢᠷᠭᠠᠯ ᠰᠠᠨᠠᠭᠳᠠᠪᠠ᠃ ᠡᠨᠡ ᠵᠢᠷᠭᠠᠯ ᠢ ᠭᠠᠭᠴᠠᠬᠠᠨ ᠣᠳᠠᠭ᠎ᠠ ᠡᠳ᠋ᠯᠡᠭ᠍ᠰᠡᠨ ᠨᠢ ᠳᠠᠢ᠌ᠮᠤ ᠯᠠ ᠬᠤᠮᠰᠠ ᠰᠠᠨᠠᠭᠳᠠᠪᠠ᠃ ᠬᠤᠶᠠᠳᠠᠭᠢ ᠣᠳᠠᠭ᠎ᠠ ᠳᠠᠷᠠ ᠪᠠᠷ ᠡᠨᠡ ᠵᠢᠷᠭᠠᠯ ᠢ ᠶᠠᠭᠠᠭᠢᠵᠤ ᠶᠡᠭᠡ ᠭᠦᠰᠡᠯ ᠪᠣᠯᠤᠨ ᠭᠦᠴᠤ ᠡᠷᠴᠢᠯᠡᠵᠤ ᠬᠠᠢ᠌ᠭᠰᠠᠨ ᠶᠢᠡᠨ ᠰᠠᠨᠠᠪᠠ᠃

ᠲ᠋ᠠᠷᠠ ᠨᠢ ᠳᠤᠭᠤᠯ ᠶᠢᠡᠨ ᠠᠯᠳᠠᠵᠤ᠂ ᠣᠯᠠᠭᠠᠨ ᠣᠷᠤᠭᠤᠯᠳᠤ ᠶᠢ ᠬᠠᠢ᠌ᠷᠴᠤ ᠣᠨᠠᠭᠠᠭᠠᠤᠨ ᠣᠢ᠌ᠯᠠᠵᠤ ᠶᠠᠪᠣᠭᠰᠠᠨ ᠳᠠᠷᠠ ᠦᠶ᠎ᠡ ᠪᠢᠯᠠ᠃ ᠭᠤᠯᠵᠢᠨ ᠣᠯᠠᠭᠠᠨ ᠳᠠᠯᠠᠩ ᠴᠢᠨᠦᠭᠦ ᠶᠢᠨ ᠵᠤᠪᠠᠯᠠᠩ ᠡᠴᠠ ᠭᠡᠳᠦᠯᠵᠤ ᠪᠠᠢ᠌ᠭᠰᠠᠨ ᠦᠶ᠎ᠡ ᠪᠢᠯᠠ᠃ ᠡᠪᠠᠰᠤ ᠣᠰᠤᠨ ᠳ᠋ᠤ ᠡᠰᠡ ᠳᠤᠷᠠᠯᠠᠨ᠂ ᠬᠤᠯᠠ ᠶᠢᠨ ᠪᠠᠷ᠎ᠠ ᠬᠠᠷᠠᠪᠰᠠᠯᠠᠨ ᠰᠡᠭᠦᠯ ᠶᠢᠡᠨ ᠵᠤᠭᠰᠤᠭ᠎ᠠ ᠵᠠᠢ ᠦᠭᠡᠶ ᠰᠠᠪᠠᠵᠤ᠂ ᠬᠠᠶᠠ ᠬᠠᠶᠠ ᠵᠠᠶᠠᠭ ᠠᠯᠳᠠᠵᠤ ᠰᠢᠩᠭᠡᠨ ᠮᠦᠷ ᠠᠯᠳᠠᠨ᠎ᠠ᠂ ᠭᠦᠳᠦᠯ ᠬᠠᠩᠭ᠋ᠠᠢ ᠪᠠᠷ ᠶᠠᠮᠠᠷ ᠨᠢᠭᠡᠨ ᠵᠣᠢ᠌ᠯ ᠢ ᠭᠦᠰᠡᠨ ᠳᠠᠨᠤᠵᠤ ᠶᠠᠪᠣᠯ᠎ᠠ᠃

ᠲ᠋ᠡᠭᠡᠳᠡᠯ᠎ᠡ ᠬᠤᠯᠠ ᠡᠴᠠ ᠬᠤᠩᠭ᠋ᠤᠷᠠᠬᠠᠨ ᠣᠷᠢᠮᠳᠤᠯᠭ᠎ᠠ ᠠᠶᠠᠯᠠᠭᠤᠯᠤᠨ ᠣᠮᠤᠭᠳᠤ ᠣᠯᠠᠭᠠᠨ ᠭᠦᠷᠦᠭᠡᠳ ᠢᠷᠠᠯ᠎ᠠ᠃ ᠭᠦᠰᠡᠭ᠍ᠰᠡᠨ ᠵᠣᠢ᠌ᠯ ᠪᠠᠶᠡᠯᠡᠭᠦ ᠶᠢᠨ ᠡᠭᠢᠨ ᠳᠤ ᠪᠠᠶᠠᠷ ᠤᠨ ᠮᠠᠩᠨᠠᠢ ᠬᠠᠭᠠᠷᠠᠵᠤ᠂ ᠣᠷᠢᠳᠠᠭᠢ ᠮᠠᠳᠤ ᠠᠯᠢᠶᠠᠵᠤ ᠳᠤᠪᠣ ᠳᠤᠯᠤᠭᠠᠢ᠂ ᠭᠦᠳᠦᠯ ᠳᠠᠪᠠᠭ᠎ᠠ ᠳᠠᠪᠠᠵᠤ ᠳᠠᠪᠭᠢᠭᠰᠠᠨ ᠦᠭᠡᠶ ᠪᠠᠷ ᠭᠤᠯᠵᠢᠨ ᠣᠯᠠᠭᠠᠨ ᠡᠦᠶᠡᠬᠠᠨ ᠮᠥᠭᠡᠷᠡᠵᠤ ᠣᠮᠤᠭᠳᠤ ᠣᠯᠠᠭᠠᠨ ᠢ ᠳᠤᠰᠴᠤ ᠭᠦᠷᠦᠭᠡᠳ ᠭᠦᠵᠦᠭᠦᠨ ᠡᠴᠠ ᠨᠢ ᠦᠨᠦᠷᠯᠠᠯ᠎ᠠ᠃ ᠬᠠᠯᠠᠭ ᠮᠢᠨᠢ︕ ᠣᠷᠢᠳᠤᠭᠢ ᠳᠠᠷᠠ ᠰᠠᠢ᠌ᠬᠠᠨ ᠦᠨᠦᠷ ᠨᠢ ᠦᠭᠡᠶ᠂ ᠣᠷᠢᠳᠤᠭᠢ ᠳᠠᠷᠠ ᠣᠮᠤᠭ ᠣᠷᠤᠭ᠎ᠠ ᠨᠢ ᠴᠤ ᠦᠭᠡᠶ ᠪᠣᠯᠤᠭᠰᠠᠨ ᠣᠮᠤᠭᠳᠤ ᠣᠯᠠᠭᠠᠨ ᠰᠡᠳᠭᠢᠯ ᠤᠨ ᠊ᠭ᠍‍ᠬᠢᠷ ᠲᠡᠶ ᠣᠶᠠᠩᠭ᠋ᠠᠯᠠᠨ ᠣᠷᠢᠮᠳᠠᠵᠤ᠂ ᠭᠤᠯᠵᠢᠨ ᠣᠯᠠᠭᠠᠨ ᠤ ᠬᠠᠮᠢᠭ᠎ᠠ ᠭᠠᠵᠠᠷ ᠡᠴᠠ ᠨᠢ ᠦᠨᠦᠷᠯᠠᠵᠤ᠂ ᠳᠤᠯᠢᠶᠠᠵᠤ᠂ ᠰᠢᠩᠭᠡᠨ ᠮᠦᠷ ᠢ ᠨᠢ ᠠᠯᠳᠠᠭᠤᠯᠵᠤ ᠪᠠᠢ᠌ᠪᠠᠴᠤ ᠶᠤᠰᠤ ᠭᠢᠭᠦ ᠳᠤ ᠶᠡᠭᠡ ᠣᠳᠠᠭᠠᠨ ᠪᠠᠢ᠌ᠪᠠ᠃ ᠭᠡᠳᠤᠨ ᠣᠳᠠᠭ᠎ᠠ ᠠᠷᠠᠢ ᠴᠡᠭᠡᠵᠢ ᠪᠠᠨ ᠡᠷᠭᠢᠵᠤ ᠭᠤᠯᠵᠢᠨ ᠣᠯᠠᠭᠠᠨ ᠤ ᠰᠠᠢ᠌ᠷᠢ ᠳᠡᠭᠡᠷ᠎ᠡ ᠨᠢ ᠭᠠᠷᠤᠭᠰᠠᠨ ᠪᠣᠯᠪᠠᠴᠤ ᠣᠮᠤᠭᠳᠠᠵᠤ ᠶᠠᠷᠤ ᠴᠢᠳᠠᠭᠰᠠᠨ ᠦᠭᠡᠶ᠂ ᠬᠠᠷᠠᠮᠰᠠᠯ ᠲᠡᠶ ᠭᠢᠢᠨᠠᠵᠤ ᠪᠠᠭᠤᠭᠠᠤᠨ ᠯᠠ ᠬᠤᠴᠤᠷᠤᠨ᠎ᠠ᠃ ᠭᠤᠷᠪᠠᠨ ᠡᠳᠦᠷ ᠭᠡᠭᠦ ᠳᠤ᠂ ᠣᠮᠤᠭᠳᠤ ᠣᠯᠠᠭᠠᠨ ᠨᠢᠳᠤᠨ ᠳᠡᠭᠡᠨ ᠨᠢᠯᠪᠣᠰᠤᠳᠠᠢ ᠪᠠᠷ ᠰᠢᠯᠤᠰᠤ ᠰᠠᠪᠢᠷᠠᠭᠤᠯᠤᠭᠰᠠᠭᠠᠷ ᠭᠠᠵᠠᠷ ᠳᠡᠭᠡᠭᠡᠵᠤ ᠣᠶᠠᠷᠠᠯᠳᠠᠢ ᠮᠥᠭᠡᠷᠡᠵᠤ ᠬᠤᠯᠠᠵᠢᠵᠠᠢ᠃

ᠭᠦᠰᠡᠯ ᠊᠊᠊᠊᠊᠊᠊᠊᠊᠊᠊᠊᠊᠊᠊ ᠠᠮᠢᠳᠤ ᠶᠢᠨ ᠵᠢᠷᠭᠠᠯ ᠡᠳ᠋ᠯᠡᠭᠦ ᠭᠦᠰᠡᠯ ᠭᠤᠯᠵᠢᠨ ᠣᠯᠠᠭᠠᠨ ᠢ ᠭᠦᠳᠦᠯᠵᠤ ᠵᠤᠠᠵᠢᠨ ᠳᠡᠨᠦᠭᠦᠯᠪᠡ᠃ ᠣᠯᠠᠨ ᠴᠤ ᠪᠣᠬ᠎ᠠ ᠲᠡᠶ ᠣᠴᠠᠷᠠᠭᠰᠠᠨ ᠪᠣᠯᠪᠠᠴᠤ᠂ ᠭᠦᠰᠡᠯ ᠬᠠᠩᠭ᠋ᠠᠬᠤ ᠡᠷᠳᠡᠨᠢ ᠳᠠᠳᠠᠨ ᠳᠤ ᠶᠠᠷᠤ ᠪᠠᠢ᠌ᠭᠰᠠᠨ ᠦᠭᠡᠶ᠃ ᠦᠵᠡᠰᠠ︕ ᠳᠠᠷᠠ ᠵᠢᠯ 《ᠰᠠᠢ᠌ᠨ ᠡᠭᠦᠯᠳᠡᠷ ᠤᠨ ᠥᠭᠡᠷ ᠦᠷᠡᠵᠢᠭᠦᠯᠭᠦ》 ᠭᠡᠵᠤ ᠨᠤᠳᠤᠭ ᠤᠨ ᠪᠣᠬ᠎ᠠ ᠪᠦᠭᠦᠨ ᠢ ᠴᠢᠮᠭᠢᠭ᠍ᠰᠡᠨ ᠪᠠᠢ᠌ᠵᠠᠢ᠃ ᠡᠭᠦᠨ ᠢ ᠭᠤᠯᠵᠢᠨ ᠣᠯᠠᠭᠠᠨ ᠶᠠᠭᠠᠭᠢᠵᠤ ᠮᠡᠳᠡᠭᠦ ᠪᠢᠯᠠ᠂ ᠭᠦᠭᠡᠷᠦᠭᠦᠢ︕

ᠨᠢᠭᠡ ᠡᠳᠦᠷ᠂ 《ᠮᠠᠭᠤᠬᠠᠢ ᠦᠨᠦᠷᠳᠤ》 ᠡᠵᠡᠨ ᠨᠢ ᠭᠡᠳᠤᠨ ᠭᠦᠮᠤ ᠲᠡᠶ ᠢᠷᠠᠵᠤ ᠳᠡᠭᠦᠨ ᠢ ᠴᠠᠯᠮᠠᠳᠠᠨ ᠪᠠᠷᠢᠵᠠᠢ᠃ ᠨᠢᠭᠡ ᠶᠠᠰᠤᠨ ᠳᠤᠯᠤᠭᠠᠢ᠌ᠳᠤ ᠭᠦᠮᠤᠨ᠂ ᠭᠤᠯᠵᠢᠨ ᠣᠯᠠᠭᠠᠨ ᠤ ᠰᠡᠭᠡᠷ ᠭᠦᠵᠦᠭᠦᠤ ᠶᠢ ᠢᠯᠢᠵᠤ ᠨᠢᠮᠭᠡᠨ ᠴᠠᠪᠢ ᠶᠢ ᠨᠢ ᠴᠢᠮᠭᠢᠵᠤ ᠪᠠᠢ᠌ᠭᠠᠤᠨ ᠯᠠ ᠣᠳᠤᠭ᠎ᠠ ᠣᠩᠭ᠋ᠤᠳᠠᠭ ᠳᠠᠮᠤᠷ ᠠᠮᠢᠳᠠᠨ ᠳᠡᠭᠡᠷ᠎ᠡ ᠪᠠᠨ ᠠᠴᠢᠵᠤ ᠡᠨᠡ ᠭᠠᠵᠠᠷ ᠠᠪᠴᠢᠷᠠᠵᠠᠢ᠃ ᠳᠡᠭᠡᠭᠡᠳ ᠯᠠ ᠣᠷᠤᠮᠠᠭ ᠶᠢᠡᠷ ᠨᠢ ᠳᠠᠮᠤᠷ ᠰᠢᠷᠭᠤᠭᠤᠯᠵᠤ᠂ ᠮᠦᠰᠤ ᠳᠤᠰᠤᠭᠠᠵᠤ᠂ ᠭᠤᠯᠵᠢᠨ ᠣᠯᠠᠭᠠᠨ ᠤ ᠬᠠᠯᠠᠭᠤᠨ ᠭᠦᠰᠡᠯ ᠢ ᠬᠤᠭᠤᠯᠵᠤ ᠴᠢᠳᠠᠵᠠᠢ᠃

      ᠲ᠋ᠠᠪᠣ

ᠬᠠᠪᠣᠷ ᠤᠨ ᠣᠷᠳᠤ ᠡᠳᠦᠷ ᠨᠤᠵᠤᠭᠤᠷᠠᠨ᠎ᠠ᠃ ᠭᠤᠯᠵᠢᠨ ᠣᠯᠠᠭᠠᠨ ᠤ ᠭᠦᠯ ᠨᠢ ᠴᠢᠨᠤᠵᠤ ᠭᠡᠪᠳᠡᠯ᠎ᠡ᠃ ᠭᠡᠪᠳᠡᠮᠡᠭ᠍ᠴᠡ ᠯᠠ ᠳᠠᠪᠠ ᠠᠯᠳᠠᠪᠠ᠃ ᠠᠭᠠᠷ ᠭᠡᠳᠦᠢ ᠳᠤᠯᠠᠭᠠᠷᠠᠵᠤ ᠬᠤᠷᠤᠭ᠎ᠠ ᠶᠢᠨ ᠬᠢᠨᠢ ᠳᠤᠳᠤᠷᠠᠭᠢ ᠬᠠᠯᠠᠵᠤ ᠪᠠᠢ᠌ᠪᠠᠴᠤ᠂ ᠭᠠᠵᠠᠷ ᠤᠨ ᠡᠯᠢᠭᠡᠨ ᠭᠦᠢᠳᠡᠨ ᠭᠡᠪ ᠶᠢᠡᠷ ᠶᠢᠡᠨ ᠪᠠᠢ᠌ᠭ᠎ᠠ ᠨᠢ ᠮᠡᠳᠡᠭ᠍ᠳᠡᠵᠡᠢ᠃ ᠭᠡᠳᠤ ᠭᠡᠳᠤᠨ ᠵᠢᠯ ᠬᠠᠭᠢᠷ ᠡᠪᠦᠯ ᠢ ᠡᠨᠡᠭᠦ ᠬᠠᠷ᠎ᠠ ᠭᠦᠭᠡ ᠼᠸᠮᠤᠠᠲ᠋ ᠪᠠᠷ ᠪᠦᠳᠦᠭ᠍ᠰᠡᠨ ᠪᠠᠢ᠌ᠰᠢᠩ ᠤᠨ ᠭᠦᠢᠳᠡᠨ ᠭᠦᠭᠡ ᠴᠢᠯᠠᠭᠤᠨ ᠱᠠᠯᠠ ᠳᠡᠭᠡᠷ᠎ᠡ ᠥᠩᠭᠡᠷᠡᠭᠦᠯᠦᠭ᠍ᠰᠡᠨ ᠳᠤᠯᠠ ᠳᠦᠷᠪᠠᠨ ᠮᠦᠴᠢ ᠨᠢ ᠭᠦᠳᠡᠯᠭᠦ ᠪᠦᠷᠢ ᠱᠠᠷᠭᠢᠵᠤ ᠳᠠᠴᠢᠭᠢᠨᠠᠵᠤ᠂ ᠵᠢᠩᠭᠢᠨᠠᠵᠤ ᠱᠠᠷᠭᠢᠯᠠᠵᠤ ᠪᠠᠢ᠌ᠳᠠᠭ ᠪᠣᠯᠤᠭᠰᠠᠨ ᠨᠢ ᠰᠤᠨᠢᠨ ᠪᠢᠰᠢ᠃ ᠡᠭᠦᠨ ᠢ ᠭᠡᠯᠡᠭᠡᠳ ᠶᠠᠭᠠᠭᠢᠬᠤ ᠪᠣᠢ᠃ ᠬᠠᠷᠢᠨ ᠭᠤᠯᠵᠢᠨ ᠣᠯᠠᠭᠠᠨ ᠤ ᠳᠠᠯᠠᠩ ᠪᠣᠯ ᠡᠨᠡ ᠭᠦᠢᠳᠡᠨ ᠭᠦᠭᠡ ᠱᠠᠯᠠ ᠳᠤ ᠭᠦᠷᠭᠦ ᠲᠡᠶ ᠵᠡᠷᠭᠡ ᠵᠢᠩ ᠭᠡᠵᠤ ᠭᠦᠢᠳᠡ ᠳᠠᠳᠠᠳᠠᠭ ᠪᠣᠯᠵᠠᠢ᠃

ᠲ᠋ᠠᠯᠠᠩ ᠭᠦᠭᠦ ᠭᠡᠳᠡᠭ᠌ ᠪᠣᠯ ᠡᠮ᠎ᠡ ᠳᠦᠷᠤᠯᠭᠢ ᠲᠡᠶ ᠠᠮᠢᠳᠠᠨ ᠤ ᠬᠠᠮᠤᠭ ᠤᠨ ᠬᠤᠷᠢᠭ ᠨᠠᠠᠳᠢᠨ ᠡᠷᠭᠡᠳᠡᠨ ᠶᠤᠮ᠂ ᠭᠦᠭᠦ ᠳᠠᠯᠠᠩ ᠨᠢ ᠠᠷᠤ ᠦᠷ᠎ᠡ ᠶᠢ ᠨᠢ ᠠᠰᠠᠷᠠᠵᠤ ᠪᠣᠢ᠌ᠵᠢᠭᠤᠯᠬᠤ ᠠᠷᠢᠭᠤᠨ ᠣᠭᠤᠷᠠᠭ ᠶᠢᠡᠨ ᠣᠠᠳᠤᠷᠤᠭᠤᠯᠳᠠᠭ ᠠᠭᠤᠤ ᠡᠷᠭᠡᠳᠡᠨ ᠭᠡᠭᠦ ᠨᠢ ᠭᠠᠷᠴᠠᠭᠠᠨ ᠦᠭᠡᠶ ᠦᠨᠡᠨ ᠪᠠᠢ᠌ᠵᠤ᠂ ᠡᠨᠡ ᠡᠷᠭᠡᠳᠡᠨ ᠨᠢ ᠡᠵᠡᠨ ᠤ ᠪᠠᠨ ᠰᠡᠳᠭᠢᠯ᠂ ᠮᠠᠳᠠᠷᠠᠯ ᠲᠡᠶ ᠰᠢᠭᠤᠳ ᠪᠦᠭᠡᠳ ᠬᠤᠷᠴᠠ ᠬᠤᠯᠪᠣᠭᠳᠠᠳᠠᠭ ᠠᠵᠠᠢ᠃ ᠳᠠᠢ᠌ᠮᠤ ᠡᠴᠠ ᠭᠦᠭᠦᠯ ᠭᠦᠭᠦ ᠳᠡᠢ ᠡᠮᠡᠭ᠍ᠳᠡᠢ᠌ᠴᠦᠳ᠂ ᠭᠦᠮᠤᠨ ᠤ ᠪᠠᠯᠡᠭ᠌ ᠪᠣᠶᠤ ᠪᠠᠯᠠᠨ ᠬᠤᠭᠤᠯᠠ᠂ ᠰᠤᠨᠢᠨ ᠰᠡᠪᠠᠭᠦᠨ ᠠᠮᠳᠠᠳᠠᠨ ᠢᠳᠡᠭᠡᠨ ᠡᠴᠠ ᠢᠳᠡᠭᠦ ᠶᠢ ᠭᠤᠷᠢᠯᠠᠵᠤ᠂ ᠳᠡᠭᠦᠨ ᠳ᠋ᠤᠨᠢ ᠵᠢᠯᠢᠪᠳᠠᠵᠤ᠂ ᠥᠩᠭᠡᠢ᠌ᠵᠤ᠂ ᠬᠠᠯᠢᠶᠠᠵᠤ᠂ ᠭᠦᠷᠳᠡᠵᠤ ᠡᠰᠡ ᠴᠢᠳᠠᠪᠠᠯ ᠭᠦᠭᠦ ᠨᠢ ᠬᠠᠪᠣᠳᠴᠤ ᠶᠠᠷᠰᠢᠭ ᠪᠣᠯᠳᠠᠭ ᠪᠦᠭᠡᠳ ᠭᠦᠰᠡᠭ᠍ᠰᠡᠨ ᠵᠣᠢ᠌ᠯ ᠢ ᠨᠢ ᠭᠦᠷᠳᠡᠭᠡᠭᠡᠳ ᠣᠷᠭᠢᠪᠠᠯ ᠡᠨᠡ ᠡᠪᠡᠳᠴᠢᠨ ᠴᠤ ᠳᠤᠤᠷ᠎ᠠ ᠪᠠᠨ ᠢᠯᠠᠷᠢ ᠪᠣᠯᠳᠠᠭ ᠪᠠᠢ᠌ᠨ᠎ᠠ᠃ ᠡᠮ᠎ᠡ ᠠᠮᠢᠳᠠᠨ ᠤ ᠬᠤᠪᠢ ᠳᠤ (ᠭᠦᠮᠤᠨ ᠳᠤ ᠴᠤ ᠠᠳᠠᠯᠢ) ᠭᠦᠭᠦᠨ ᠳᠠᠯᠠᠩ ᠪᠣᠯ ᠮᠠᠳᠠᠷᠠᠯ ᠶᠢᠡᠷ ᠬᠠᠮᠤᠭ ᠤᠨ ᠰᠡᠷᠭᠡᠭ᠌ ᠪᠦᠭᠡᠳ ᠰᠡᠷᠢᠭᠦ ᠨᠢ ᠬᠤᠷᠳᠤᠨ᠂ ᠨᠠᠷᠢᠨ ᠪᠠᠢ᠌ᠵᠤ᠂ ᠪᠠᠷᠤᠭ ᠨᠢᠭᠡ ᠨᠠᠰᠤᠨ ᠳᠤ ᠬᠠᠮᠤᠭ ᠤᠨ ᠰᠡᠷᠭᠡᠭ᠌ ᠡᠷᠭᠡᠳᠡᠨ ᠭᠡᠪ ᠶᠢᠡᠷ ᠶᠢᠡᠨ ᠪᠠᠢ᠌ᠳᠠᠭ ᠶᠤᠮ᠃

ᠭᠦᠭᠦᠨ ᠭᠡᠳᠡᠭ᠌ ᠡᠷᠭᠡᠳᠡᠨ ᠭᠦᠭᠡᠷᠦᠭᠦᠢ᠂ ᠡᠢ᠌ᠮᠤ ᠰᠡᠷᠭᠡᠭ᠌ ᠲᠡᠭᠡᠨ ᠣᠯᠠᠨ ᠴᠤ ᠰᠠᠳᠡᠯᠳᠠ ᠭᠦᠷᠳᠡᠵᠤ᠂ ᠥᠵᠡᠭᠦ ᠵᠤᠪᠠᠯᠠᠩ ᠪᠠ ᠵᠢᠷᠭᠠᠯ ᠨᠢ ᠭᠦᠮᠤᠨ ᠠᠮᠢᠳᠠᠨ ᠤ ᠪᠣᠰᠤᠳ ᠡᠷᠭᠡᠳᠡᠨ ᠡᠴᠠ ᠶᠡᠭᠡ ᠪᠠᠢ᠌ᠳᠠᠭ ᠠᠵᠠᠢ᠃

ᠭᠤᠯᠵᠢᠨ ᠣᠯᠠᠭᠠᠨ ᠤ ᠭᠦᠭᠦ ᠶᠢᠨ ᠬᠤᠪᠢ ᠳᠤ ᠠᠪᠴᠤ ᠭᠡᠯᠡᠪᠠᠯ᠂ ᠵᠤᠪᠠᠯᠠᠩ ᠨᠢ ᠵᠢᠷᠭᠠᠯ ᠡᠴᠠ ᠨᠢ ᠶᠡᠭᠡ ᠪᠣᠯᠵᠠᠢ᠃ ᠠᠩᠬ᠎ᠠ ᠣᠳᠠᠭ᠎ᠠ ᠶᠢᠨ ᠥᠵᠡᠭ᠍ᠰᠡᠨ ᠵᠤᠪᠠᠯᠠᠩ ᠪᠣᠯ ᠳᠤᠭᠤᠯ ᠨᠢ ᠭᠠᠷᠬᠤ ᠳᠤ ᠣᠯᠠᠭᠠᠨ ᠣᠷᠤᠭᠤᠯᠳᠤ ᠳᠤᠭᠤᠯ ᠢ ᠨᠢ ᠳᠤᠳᠠᠭᠤ ᠭᠦᠭᠦᠭᠦᠯᠵᠤ᠂ ᠠᠩᠬᠠᠨ ᠤ ᠣᠭᠤᠷᠠᠭ ᠢ ᠨᠢ ᠦᠪᠡᠷ ᠶᠢᠡᠨ ᠰᠠᠭᠠᠵᠤ ᠠᠪᠣᠭᠰᠠᠨ ᠶᠠᠪᠣᠳᠠᠯ ᠪᠠᠢ᠌ᠵᠠᠢ᠃

ᠲ᠋ᠠᠷᠠᠭ᠎ᠠ ᠨᠢ ᠭᠤᠯᠵᠢᠨ ᠣᠯᠠᠭᠠᠨ ᠤ ᠳᠠᠯᠠᠩ ᠴᠤ ᠣᠯᠠᠨ ᠭᠤᠮᠤᠳᠠᠵᠠᠢ᠃ ᠳᠤᠭᠤᠯ ᠤᠨ ᠬᠢᠨᠢ ᠠᠷᠠᠰᠤᠨ ᠳᠤ ᠡᠪᠠᠰᠤ ᠴᠢᠭᠢᠵᠤ᠂ ᠳᠡᠭᠦᠨ ᠢ ᠮᠡᠭᠡᠯᠡᠭᠡᠳ ᠰᠦ᠋ ᠶᠢ ᠨᠢ ᠰᠠᠭᠠᠵᠤ ᠠᠪᠴᠤ ᠪᠠᠢ᠌ᠭᠰᠠᠨ ᠨᠢ ᠪᠠᠭ᠎ᠠ ᠭᠡᠷᠡᠭ᠌ ᠪᠠᠢ᠌ᠵᠠᠢ᠂ ᠠᠮᠢᠳᠤ ᠪᠠᠶ᠎ᠠ ᠪᠠᠷ ᠨᠢ ᠭᠦᠢᠳᠡᠨ ᠳᠠᠮᠤᠷ ᠰᠢᠭᠠᠵᠤ᠂ ᠭᠦᠭᠡ ᠮᠦᠰᠤᠨ ᠰᠢᠭᠦᠳᠡᠷᠢ ᠶᠢ ᠬᠠᠯᠠᠭᠤᠨ ᠭᠡᠪᠠᠯᠢ ᠳᠤ ᠳᠤᠰᠤᠭᠠᠵᠤ ᠣᠷᠭᠢᠬᠤ ᠳᠤ ᠭᠦᠬᠦ ᠨᠢ ᠭᠡᠳᠤᠨ ᠡᠳᠦᠷ ᠰᠠᠯᠭᠢ ᠳᠠᠳᠠᠵᠤ ᠶᠠᠩᠭᠢᠨᠠᠭᠰᠠᠨ ᠪᠠᠢ᠌ᠵᠠᠢ᠃ ᠳᠠᠷᠠ ᠡᠮᠵᠡᠭᠯᠡᠯ ᠴᠤ ᠪᠠᠭ᠎ᠠ ᠭᠡᠷᠡᠭ᠌ ᠲᠤ ᠳᠤᠭᠠᠴᠢᠭᠳᠠᠬᠤ ᠠᠵᠢ᠃ ᠡᠨᠡ ᠽᠢᠮᠤᠠᠲ᠋ ᠬᠠᠰᠢᠶᠠᠨ ᠳᠤ ᠢᠷᠡᠭ᠍ᠰᠡᠨ ᠤ ᠳᠠᠷᠠᠭᠠᠭᠢ ᠬᠠᠪᠣᠷ ᠳᠤᠯᠠᠭᠠᠨ ᠣᠷᠤᠬᠤ ᠡᠴᠠ ᠡᠭᠢᠯᠡᠨ ᠳᠠᠯᠠᠩ ᠨᠢ ᠳᠤᠮᠤᠷᠠᠵᠤ᠂ ᠭᠦᠡᠳᠦᠷᠡᠵᠤ᠂ ᠬᠠᠯᠠᠭᠤ ᠣᠷᠭᠢᠨ ᠴᠢᠨᠤᠵᠤ᠂ ᠵᠠᠭᠠᠳᠤᠨᠠᠵᠤ ᠪᠠᠢ᠌ᠭᠰᠠᠭᠠᠷ᠂ ᠨᠢᠭᠡ ᠡᠳᠦᠷ ᠬᠠᠯᠬᠠᠯᠵᠠᠭᠰᠠᠨ ᠭᠡᠳᠡᠰᠤ ᠨᠢ ᠮᠤᠰᠭᠢᠯᠠᠵᠤ ᠡᠭᠢᠯᠡᠵᠡᠢ᠃

ᠭᠤᠯᠵᠢᠨ ᠣᠯᠠᠭᠠᠨ ᠤ ᠰᠡᠳᠭᠢᠯ ᠭᠡᠢ᠌ᠰᠴᠤ᠂ ᠪᠠᠶ᠎ᠠ ᠭᠦᠩᠭᠡᠷᠡᠵᠤ᠂ ᠶᠠᠪᠣᠮᠠᠷ᠂ ᠳᠠᠪᠭᠢᠮᠠᠷ᠂ ᠬᠤᠯᠠ ᠶᠢᠨ ᠬᠤᠯᠠ ᠳᠤ᠂ ᠭᠦᠮᠤᠨ ᠠᠮᠢᠳᠠᠨ ᠦᠭᠡᠶ ᠭᠠᠵᠠᠷ ᠣᠴᠢᠮᠠᠷ ᠰᠠᠨᠠᠭᠳᠠᠨ ᠰᠡᠳᠭᠢᠯ ᠭᠦᠭ᠍ᠰᠡᠵᠤ ᠳᠤᠭᠳᠠᠪᠣᠷᠢ ᠠᠯᠳᠠᠵᠤ ᠡᠭᠢᠯᠡᠪᠡ᠃ ᠡᠨᠡ ᠪᠣᠯ ᠦᠷ᠎ᠡ ᠲᠡᠶ ᠪᠣᠯᠬᠤ ᠶᠢᠨ ᠡᠭᠢᠨ ᠤ ᠭᠡᠢ᠌ᠷᠭᠡᠯ ᠊᠊᠊᠊᠊᠊᠊᠊᠊᠊᠊᠊᠊᠊᠊ ᠰᠢᠯᠢᠷᠠᠵᠤ ᠪᠠᠢ᠌ᠬᠤ ᠶᠠᠪᠣᠳᠠᠯ ᠠᠵᠠᠢ᠂ ᠰᠢᠯᠢᠷᠠᠨ᠎ᠠ ᠭᠡᠳᠡᠭ᠌ ᠪᠣᠯ ᠰᠢᠯᠢ ᠨᠢᠷᠤᠭᠤ ᠪᠠᠷ ᠭᠦᠶ‍ᠦᠵᠤ ᠭᠦᠩᠭᠡᠵᠢᠭᠦ ᠦᠶ᠎ᠡ ᠶᠢᠨ ᠴᠤᠴᠢᠭ᠎ᠠ ᠪᠠᠨ ᠭᠠᠷᠭᠠᠨ᠎ᠠ ᠭᠡᠰᠡᠨ ᠥᠭᠡ ᠪᠠᠢ᠌ᠵᠠᠢ᠃ ᠭᠡᠪᠠᠴᠤ ᠭᠢᠠᠳᠠᠨ ᠪᠣᠯᠤᠭᠰᠠᠨ ᠡᠨᠡ ᠭᠦᠭᠡ ᠽᠢᠮᠤᠠᠲ᠋ ᠪᠠᠢ᠌ᠰᠢᠩ ᠳᠡᠭᠦᠨ ᠳᠤ ᠡᠢ᠌ᠮᠤ ᠡᠷᠭᠡ ᠴᠢᠯᠦᠭᠡ ᠦᠭ‍ᠭᠦ ᠦᠭᠡᠶ᠃ ᠡᠵᠡᠨ ᠨᠢ ᠪᠣᠯᠬᠤ ᠶᠠᠰᠤᠨ ᠳᠤᠯᠤᠭᠠᠢ᠌ᠳᠤ ᠴᠤ ᠠᠮᠢᠳᠠᠨ ᠤ ᠰᠢᠯᠢᠷᠡᠭᠦ ᠶᠤᠰᠤ ᠶᠢ ᠮᠡᠳᠡᠭᠦ ᠦᠭᠡᠶ᠃ ᠳᠡᠭᠡᠭᠡᠳ ᠯᠠ ᠭᠤᠯᠵᠢᠨ ᠣᠯᠠᠭᠠᠨ ᠥᠡᠵᠢᠭᠦᠳᠡ ᠪᠡᠷ ᠡᠪᠠᠰᠤ ᠣᠰᠤᠨ ᠡᠴᠠ ᠭᠠᠷᠴᠤ᠂ ᠵᠠᠩ ᠳᠤᠭᠰᠢᠷᠠᠵᠤ᠂ ᠡᠵᠡᠨ ᠶᠢᠡᠷ ᠶᠢᠡᠨ ᠭᠡᠳᠤᠨ ᠴᠤ ᠣᠳᠠᠭ᠎ᠠ ᠡᠪᠠᠷ ᠶᠢᠡᠨ ᠴᠤᠭᠢᠭᠤᠯᠤᠨ ᠪᠠᠢ᠌ᠵᠤ᠂ ᠨᠢᠭᠡ ᠦᠷᠯᠦᠭᠡ ᠬᠠᠬᠤᠨᠠᠭ ᠨᠢ ᠬᠠᠭᠠᠷᠠᠵᠠᠢ᠃

ᠬᠠᠬᠤᠨᠠᠭ ᠨᠢ ᠬᠠᠭᠠᠷᠠᠵᠤ ᠱᠠᠯᠠ ᠳᠦᠭᠦᠷᠡᠩ ᠱᠠᠯ ᠣᠰᠤᠨ ᠪᠣᠯᠬᠤ ᠳᠤ ᠰᠠᠶ‍ᠢ᠂ ᠮᠠᠭᠤ ᠡᠵᠡᠨ ᠨᠢ ᠳᠡᠭᠦᠨ ᠤ ᠳᠦᠷᠦᠭᠦ ᠪᠠᠷ ᠪᠠᠢ᠌ᠭ᠎ᠠ ᠶᠢ ᠮᠠᠳᠠᠵᠤ ᠭᠠᠵᠠᠷ ᠢ ᠨᠢ ᠬᠠᠭᠤᠷᠠᠢ᠌ᠯᠠᠵᠠᠢ᠃

ᠥᠢᠳᠡᠭᠡᠨ ᠪᠠᠢ᠌ᠰᠢᠩ ᠳᠤ ᠪᠣᠷᠤᠭᠤ ᠡᠷᠭᠢᠨ ᠭᠡᠪᠳᠡᠵᠤ ᠭᠤᠯᠵᠢᠨ ᠣᠯᠠᠭᠠᠨ ᠬᠤᠶᠠᠳᠠᠭᠴᠢ ᠦᠷ᠎ᠡ ᠪᠠᠨ ᠭᠠᠷᠭᠠᠵᠠᠢ᠃ ᠶ‍ᠢᠷᠳᠢᠠᠴᠤ ᠳᠤ ᠰᠢᠨ᠎ᠠ ᠢᠷᠡᠭ᠍ᠰᠡᠨ ᠠᠯᠠᠭ ᠦᠷ᠎ᠡ ᠨᠢ ᠠᠰᠠᠭ᠎ᠠ ᠲᠡᠶ ᠪᠠᠨ ᠳᠠᠯᠴᠢᠯᠠᠨ᠎ᠠ᠃ ᠳᠡᠭᠦᠨ ᠤ ᠭᠢᠨᠢ ᠣᠷᠤᠭᠤᠯ ᠠᠮᠠᠨ ᠢ ᠠᠷᠴᠢᠵᠤ᠂ ᠴᠢᠭᠢᠨ ᠪᠠᠷ ᠨᠢ ᠦᠯᠢᠶᠠᠵᠤ ᠦᠭ‍ᠭᠦ ᠭᠦᠮᠤᠨ ᠪᠠᠢ᠌ᠳᠠᠭ ᠦᠭᠡᠶ᠃ ᠭᠤᠯᠵᠢᠨ ᠣᠯᠠᠭᠠᠨ ᠪᠣᠰᠴᠤ᠂ ᠦᠷᠠᠨ ᠶᠢᠡᠨ ᠳᠤᠯᠢᠶᠠᠵᠤ ᠬᠠᠭᠤᠷᠠᠢ᠌ᠯᠠᠶ᠎ᠠ ᠭᠡᠭᠦ ᠳᠤ ᠴᠢᠨᠡᠭᠡᠨ ᠪᠠᠢ᠌ᠬᠤ ᠦᠭᠡᠶ᠃ ᠰᠢᠯᠢᠷᠡᠭᠦ ᠶᠤᠰᠤ ᠶᠢ ᠦᠯ ᠵᠠᠷᠯᠠᠬᠤ ᠭᠡᠯᠪᠠᠷᠢ ᠪᠠᠷ ᠭᠦᠢᠴᠡᠳᠭᠡᠭᠰᠡᠨ ᠪᠡ ᠡᠪᠦᠯ ᠤᠨ ᠳᠠᠭᠤᠰᠤᠨ ᠰᠦᠷᠠᠯ ᠢᠳᠡᠭ᠍ᠰᠡᠨ ᠡᠴᠠ ᠳᠤᠷᠠᠰᠬ᠎ᠠ ᠪᠣᠯᠤᠭᠰᠠᠨ ᠪᠠᠶ᠎ᠠ ᠪᠠᠨ ᠳᠠᠭᠠᠭᠠᠵᠤ ᠪᠣᠰᠴᠤ ᠴᠢᠳᠠᠭᠰᠠᠨ ᠦᠭᠡᠶ᠃ ᠦᠷᠠᠨ ᠤ ᠦᠨᠦᠷ ᠲᠡᠶ ᠠᠰᠠᠭ᠎ᠠ ᠶᠢ ᠳᠤᠯᠢᠶᠠᠬᠤ ᠪᠣᠯ ᠳᠡᠭᠦᠨ ᠤ ᠬᠠᠮᠤᠭ ᠤᠨ ᠳᠡᠭᠡᠳᠤ ᠭᠦᠰᠡᠯ ᠪᠠᠢ᠌ᠯ᠎ᠠ᠃ ᠡᠨᠡᠭᠦ ᠭᠦᠰᠡᠯ ᠤᠨ ᠭᠦᠴᠤ ᠪᠠᠷ ᠭᠤᠯᠵᠢᠨ ᠣᠯᠠᠭᠠᠨ ᠭᠢᠢᠨᠡᠵᠤ᠂ ᠵᠢᠦᠡᠭᠦᠵᠤ ᠪᠠᠢ᠌ᠳᠠᠯ᠎ᠠ᠂ ᠡᠨᠡ ᠴᠢᠮᠡᠭᠡ ᠪᠠᠷ ᠶᠠᠰᠤᠨ ᠳᠤᠯᠤᠭᠠᠢ᠌ᠳᠤ ᠣᠷᠤᠵᠤ ᠢᠷᠡᠭᠡᠳ ᠪᠠᠶᠠᠷᠯᠠᠨ ᠢᠨᠢᠶᠠᠵᠤ ᠨᠢᠯᠬ᠎ᠠ ᠦᠷ᠎ᠡ ᠶᠢ ᠨᠢ ᠠᠰᠠᠭ᠎ᠠ ᠲᠡᠶ ᠨᠢ ᠳᠠᠪᠠᠷᠢᠵᠤ ᠠᠪᠣᠭᠠᠤᠨ ᠭᠠᠷᠴᠤ ᠠᠷᠢᠯᠤᠯ᠎ᠠ᠃ ᠣᠳᠠᠯ ᠦᠭᠡᠶ ᠳᠠᠷᠢᠶᠠᠨ ᠤ ᠱᠠᠭ᠂ ᠬᠤᠨᠤᠭ ᠤᠨ ᠵᠠᠷᠮ᠎ᠠ ᠮᠠᠳᠤ ᠶᠢᠨ ᠭᠦᠴᠦᠳᠡᠢ ᠢᠳᠠᠰᠢ ᠪᠠ ᠳᠠᠪᠣᠰᠤ ᠲᠡᠶ ᠣᠰᠤᠨ ᠭᠤᠯᠵᠢᠨ ᠣᠯᠠᠭᠠᠨ ᠤ ᠡᠮᠦᠨ᠎ᠡ ᠢᠷᠡᠭ᠍ᠰᠡᠨ ᠪᠣᠯᠪᠠᠴᠤ᠂ ᠨᠢᠯᠬ᠎ᠠ ᠦᠷᠠᠨ ᠤ ᠪᠠᠨ ᠠᠰᠠᠭ᠎ᠠ ᠶᠢ ᠳᠤᠯᠢᠶᠠᠬᠤ ᠭᠦᠰᠡᠯ ᠢ ᠬᠤᠪᠢᠷᠠᠭᠤᠯᠵᠤ ᠴᠢᠳᠠᠭᠰᠠᠨ ᠦᠭᠡᠶ᠃ ᠡᠨᠡ ᠭᠦᠰᠡᠯ ᠨᠢ ᠳᠡᠭᠦᠨ ᠢ ᠮᠥᠭᠡᠷᠡᠭᠦᠯᠵᠤ᠂ ᠳᠠᠯᠠᠩ ᠢ ᠨᠢ ᠰᠡᠷᠡᠢ᠌ᠯᠭᠡᠵᠤ᠂ ᠠᠩᠭᠢᠷ ᠰᠢᠷ᠎ᠠ ᠣᠭᠤᠷᠠᠭ ᠨᠢ ᠦᠪᠡᠷ ᠤᠨ ᠡᠷᠭᠡ ᠦᠭᠡᠶ ᠭᠤᠭᠤᠵᠢᠪᠠ᠃ ᠣᠭᠤᠷᠠᠭ ᠥᠵᠡᠭ᠍ᠰᠡᠨ ᠶᠠᠰᠤᠨ ᠳᠤᠯᠤᠭᠠᠢ ᠶᠢᠨ ᠢᠨᠢᠶᠠᠳᠤ ᠬᠤᠩᠭ᠋ᠤᠷᠳᠠᠵᠤ᠂ ᠣᠳᠠᠵᠤ ᠳᠦᠳᠠᠯ ᠦᠭᠡᠶ ᠰᠠᠭᠠᠯᠢ ᠶᠢᠨ ᠰᠠᠭᠤᠯᠠᠭ᠎ᠠ᠂ ᠠᠭᠤᠷ ᠪᠠᠭᠠᠭᠢᠭᠰᠠᠨ ᠪᠠᠭᠪᠣᠷ ᠡᠷᠭᠦᠵᠤ ᠣᠷᠤᠵᠤ ᠢᠷᠠᠪᠠ᠃ ᠭᠤᠯᠵᠢᠨ ᠣᠯᠠᠭᠠᠨ ᠣᠳᠤ ᠯᠠ ᠳᠤᠭᠤᠯ ᠵᠢᠠᠨ ᠣᠭᠤᠷᠠᠭ ᠶᠢᠠᠷ ᠴᠠᠳᠬᠠᠬᠤ ᠭᠦᠰᠡᠯ ᠲᠡᠶ ᠪᠣᠰᠬᠤ ᠳᠤ ᠭᠦᠯ ᠨᠢ ᠪᠣᠷᠪᠢ ᠪᠠᠷ ᠶᠢᠡᠨ ᠳᠤᠱᠠᠭᠳᠠᠪᠠ᠃ ᠳᠤᠭᠤᠯ ᠢ ᠨᠢ ᠣᠷᠤᠭᠤᠯᠵᠤ ᠢᠷᠡᠭ᠍ᠰᠡᠨ ᠦᠭᠡᠶ᠃ ᠪᠠᠭᠪᠣᠷ ᠡᠴᠠ ᠬᠠᠯᠠᠭᠤᠨ ᠪᠦᠰ ᠭᠠᠷᠭᠠᠵᠤ ᠳᠠᠯᠠᠩ ᠢ ᠨᠢ ᠪᠠᠭᠯᠠᠪᠠ᠃

ᠠᠢ︕ ᠪᠣᠷᠬᠠᠨ ᠮᠢᠨᠢ︕ ᠰᠢᠨᠡᠭᠡᠨ ᠭᠠᠷᠤᠭᠰᠠᠨ ᠨᠢᠯᠬ᠎ᠠ ᠦᠷ᠎ᠡ ᠪᠠᠨ ᠠᠩᠭᠢᠷ ᠰᠢᠷ᠎ᠠ ᠣᠭᠤᠷᠠᠭ ᠶᠢᠡᠷ ᠶᠢᠡᠨ ᠴᠠᠳᠬᠠᠬᠤ ᠭᠦᠰᠡᠯ ᠪᠣᠯᠵᠤ ᠴᠢᠨᠤᠵᠤ ᠠᠷᠠᠢ ᠳᠠᠰᠴᠤ ᠪᠠᠢ᠌ᠭᠰᠠᠨ ᠭᠦᠭᠦ ᠶᠢ ᠬᠠᠯᠠᠭᠤᠨ ᠪᠦᠰ ᠶᠢᠡᠷ ᠣᠷᠢᠶᠠᠬᠤ ᠳᠤ ᠦᠪᠡᠷ ᠤᠨ ᠡᠷᠭᠡ ᠦᠭᠡᠶ ᠢᠪᠢᠯᠵᠤ ᠣᠭᠤᠷᠠᠭ ᠨᠢ ᠳᠦᠷᠪᠠᠨ ᠭᠦᠭᠦ ᠡᠴᠠ ᠨᠢ ᠰᠠᠷᠭᠢᠨ ᠭᠤᠭᠤᠵᠢᠬᠤ ᠠᠵᠢ᠃ ᠮᠡᠭᠡ ᠶᠢᠨ ᠳᠤᠯᠤᠮ ᠪᠣᠯᠤᠭᠰᠠᠨ ᠶᠠᠰᠤᠨ ᠳᠤᠯᠤᠭᠠᠢ᠌ᠳᠤ ᠡᠨᠡ ᠵᠠᠪᠰᠢᠶᠠᠨ ᠳᠤ ᠳᠠᠯᠠᠩ ᠢ ᠨᠢ ᠬᠠᠶᠠ ᠬᠤᠢ ᠶᠢᠨ ᠬᠤᠷᠤᠮ ᠳᠤ ᠬᠤᠭᠤᠰᠤᠯᠠᠵᠤ ᠠᠮᠵᠢᠭᠠᠤᠨ᠂ ᠰᠠᠭᠤᠯᠭ᠎ᠠ ᠳᠦᠭᠦᠷᠡᠩ ᠣᠭᠤᠷᠠᠭ ᠴᠠᠯᠭᠢᠯᠭᠤᠯᠤᠨ᠂ ᠳᠠᠴᠢᠭᠢᠨᠠᠨ ᠢᠨᠢᠶᠠᠵᠤ ᠭᠠᠷᠴᠤ ᠠᠷᠢᠯᠳᠠᠭ ᠶᠤᠮ ᠪᠠᠢ᠌ᠨ᠎ᠠ᠃

ᠭᠦᠮᠤᠨ ᠤ ᠡᠷᠭᠡ ᠳᠤ᠂ ᠬᠤᠶᠠᠷ ᠭᠦᠯ ᠲᠡᠶ ᠬᠤᠭᠢᠮᠠᠢ ᠶᠢᠨ ᠳᠠᠷᠤᠮᠳᠠ ᠳᠤ ᠦᠷ᠎ᠡ ᠪᠠᠨ ᠳᠡᠵᠢᠭᠡᠭᠦ ᠭᠡᠰᠡᠨ ᠶᠠᠷᠤ ᠶᠢᠨ ᠭᠦᠰᠡᠯ ᠳᠡᠭᠡᠨ ᠭᠦᠷᠴᠤ ᠶᠠᠳᠠᠭᠰᠠᠨ ᠭᠤᠯᠵᠢᠨ ᠣᠯᠠᠭᠠᠨ᠂ ᠡᠭᠡ ᠶᠢᠨ ᠶᠤᠰᠤᠭᠠᠷ ᠭᠤᠳᠤᠷᠠᠨ ᠭᠤᠮᠳᠠᠬᠤ ᠵᠦᠢ ᠪᠣᠰᠤ ᠦᠦ︖

ᠲ᠋ᠠᠷᠠ ᠦᠶ᠎ᠡ ᠪᠠᠷ ᠨᠢᠳᠤ ᠠᠨᠢᠬᠤ ᠪᠦᠷᠢ ᠪᠣᠭᠤᠷᠤᠯ ᠭᠡᠵᠢᠭᠡᠳᠤ ᠨᠢ ᠪᠦᠷᠳᠦᠯᠵᠡᠨ ᠥᠵᠡᠭ᠍ᠳᠡᠵᠤ᠂ ᠳᠠᠯᠠᠩ ᠭᠦᠭᠦ ᠶᠢ ᠨᠢ ᠢᠯᠢᠵᠤ ᠥᠭ᠍ᠴᠤ ᠪᠠᠢ᠌ᠬᠤ ᠮᠠᠳᠤ ᠵᠡᠭᠦᠳᠤ ᠪᠠᠷᠢᠳᠠᠭ ᠪᠣᠯᠤᠭᠰᠠᠨ ᠳᠤᠯᠠ ᠭᠤᠯᠵᠢᠨ ᠣᠯᠠᠭᠠᠨ ᠡᠨᠡ ᠵᠡᠭᠦᠳᠤᠨ ᠳᠡᠭᠡᠨ ᠢᠳᠡᠭᠡᠵᠤ᠂ ᠨᠢᠭᠡᠨ ᠡᠳᠦᠷ ᠳᠤᠭᠤᠯ ᠨᠢ ᠢᠷᠠᠵᠤ᠂ ᠭᠦᠭᠦ ᠶᠢ ᠨᠢ ᠭᠤᠪᠰᠢᠵᠤ᠂ ᠣᠭᠤᠴᠤ ᠪᠠᠷ ᠶᠢᠡᠨ ᠰᠢᠷᠭᠠᠯ ᠭᠦᠭᠡᠰᠤ ᠰᠠᠬᠠᠷᠠᠭᠤᠯᠵᠤ᠂ ᠵᠢᠵᠢᠭ᠍‍ᠬᠡᠨ ᠰᠡᠭᠦᠯ ᠶᠢᠡᠨ ᠭᠤᠳᠤᠯᠵᠠᠭᠤᠯᠤᠨ ᠪᠠᠶ᠎ᠠ ᠶᠢ ᠨᠢ ᠪᠠᠶᠠᠷᠯᠠᠭᠤᠯᠤᠨ᠎ᠠ ᠭᠡᠮᠡᠨ ᠭᠤᠷᠢᠯᠠᠵᠤ ᠪᠠᠢ᠌ᠵᠠᠢ᠃ ᠦᠨᠡᠨ ᠳᠡᠭᠡᠨ ᠭᠦᠴᠦᠳᠡᠢ ᠳᠡᠵᠢᠭᠡᠪᠦᠷᠢ ᠪᠣᠷᠳᠤᠭ᠎ᠠ ᠳᠤ ᠰᠥ᠋ ᠨᠡᠮᠡᠭ᠍ᠳᠡᠭᠦᠯᠭᠦ ᠡᠮ ᠳᠠᠩ ᠬᠤᠯᠢᠵᠤ ᠥᠭ᠍ᠴᠤ ᠳᠡᠭᠦᠨ ᠢ ᠢᠩᠭᠢᠵᠤ ᠵᠡᠭᠦᠳᠦᠯᠡᠭᠦᠯᠵᠤ ᠪᠠᠢ᠌ᠬᠤ ᠵᠢ ᠲ᠋ᠠᠷᠠ ᠶᠠᠭᠠᠭᠢᠵᠤ ᠮᠡᠳᠡᠭᠦ ᠪᠢᠯᠠ᠃ ᠡᠨᠡ ᠪᠠᠢ᠌ᠳᠠᠯ ᠣᠳᠠᠭᠠᠨ ᠦᠷᠭᠦᠯᠵᠢᠯᠡᠪᠡ᠃ ᠪᠦᠷ ᠡᠴᠦᠰ ᠲ᠋ᠡᠭᠡᠨ ᠶᠠᠰᠤᠨ ᠳᠤᠯᠤᠭᠠᠢ᠌ᠳᠤ ᠶᠢᠨ ᠬᠠᠯᠠᠭᠤᠨ ᠪᠦᠰ ᠲᠤ ᠳᠠᠰᠴᠤ ᠡᠭᠢᠯᠡᠪᠡ᠃ ᠭᠡᠪᠠᠴᠤ᠂ ᠡᠯᠢᠭᠡᠨ ᠤ ᠡᠮᠳᠡᠷᠭᠡᠢ ᠪᠣᠯᠤᠭᠰᠠᠨ ᠠᠯᠠᠭ ᠦᠷ᠎ᠡ ᠪᠠᠨ ᠮᠠᠷᠳᠠᠭᠰᠠ ᠦᠭᠡᠶ᠃ ᠣᠴᠠᠷᠠᠬᠤ ᠶᠢᠨ ᠳᠠᠷᠠ ᠡᠳᠦᠷ ᠢ ᠭᠦᠯᠢᠶᠡᠪᠡ᠃

ᠣᠯᠠᠨ ᠬᠤᠨᠤᠭ ᠥᠩᠭᠡᠷᠡᠵᠤ᠂ ᠭᠦᠭᠦᠭᠡ ᠶᠢᠨ ᠳᠠᠭᠤ ᠰᠥᠭᠡᠭᠦ ᠦᠶ᠎ᠡ ᠪᠠᠷ ᠭᠡᠨᠡᠳᠳᠡ ᠶᠠᠰᠤᠨ ᠳᠤᠯᠤᠭᠠᠢ᠌ᠳᠤ᠂ ᠤᠯᠦᠰᠤᠨ ᠭᠦᠵᠦᠭᠦᠪᠴᠢ ᠲᠡᠶ ᠪᠠᠯᠳᠠᠷ ᠪᠠᠶ᠎ᠠ ᠲᠡᠶ ᠴᠠᠭᠠᠨ ᠬᠠᠯᠳᠠᠷ ᠳᠤᠭᠤᠯ ᠭᠦᠳᠦᠯᠦᠨ ᠣᠷᠤᠵᠤ ᠢᠷᠠᠪᠠ᠃ ᠭᠤᠯᠵᠢᠨ ᠣᠯᠠᠭᠠᠨ ᠥᠵᠡᠩᠭᠦᠳᠡ ᠲ᠋ᠦᠭᠤᠯ ᠶᠢᠡᠨ ᠳᠠᠨᠢᠵᠤ᠂ ᠳᠠᠮᠤᠷ ᠪᠣᠷᠠᠠᠳᠠᠭ ᠱᠠᠷᠭᠢᠭᠤᠯᠤᠨ ᠳᠤᠭᠤᠯ ᠳᠠᠯ᠎ᠠ ᠪᠠᠨ ᠭᠢᠢᠨᠡᠨ ᠵᠢᠦᠡᠭᠦᠪᠡ᠃ ᠡᠨᠡ ᠰᠡᠳᠭᠢᠯ ᠤᠨ ᠬᠠᠷᠢᠭᠤ ᠳᠤ ᠳᠤᠭᠤᠯ ᠨᠢ ᠳᠠᠨᠢᠬᠤ ᠦᠭᠡᠶ ᠠᠮᠢᠳᠠᠨ ᠥᠵᠡᠭ᠍ᠰᠡᠨ ᠮᠠᠳᠤ ᠮᠡᠯᠡᠷᠡᠭᠦ ᠠᠵᠢ᠃

ᠲ᠋ᠠᠷᠠ ᠡᠳᠦᠷ ᠡᠴᠠ ᠡᠭᠢᠯᠡᠨ᠂ ᠽᠢᠮᠤᠠᠲ᠋ ᠪᠠᠢ᠌ᠰᠢᠩ ᠳᠠᠭᠠᠨ ᠳᠤᠭᠤᠯ ᠲᠡᠶ ᠪᠠᠨ ᠬᠠᠮᠳᠤ ᠵᠤᠠᠵᠢᠨ ᠪᠠᠢ᠌ᠭᠰᠠᠨ ᠪᠣᠯᠪᠠᠴᠤ᠂ ᠭᠠᠷᠤᠭᠰᠠᠨ ᠦᠷ᠎ᠡ ᠨᠢ ᠪᠣᠯᠤᠭᠰᠠᠨ ᠭᠦᠭᠡᠷᠦᠭᠦᠢ ᠳᠤᠭᠤᠯ ᠨᠢ ᠡᠭᠡ ᠪᠠᠨ ᠭᠦᠭᠦᠨ᠎ᠡ ᠪᠢᠰᠢ᠂ ᠤᠢ᠌ᠷ᠎ᠡ ᠨᠢ ᠢᠷᠠᠵᠤ ᠦᠨᠦᠷᠯᠠᠵᠤ ᠥᠨᠦᠷᠯᠡᠭᠦᠯᠵᠤ ᠴᠤ ᠥᠵᠡᠭ᠍ᠰᠡᠨ ᠦᠭᠡᠶ᠃ ᠬᠠᠷᠢᠨ᠂ ᠡᠭᠡ ᠡᠴᠡ ᠪᠠᠨ ᠭᠢᠷᠪᠢᠰᠢᠵᠤ᠂ ᠠᠶᠤᠵᠤ ᠰᠡᠵᠢᠭᠯᠡᠵᠤ᠂ ᠵᠠᠢ᠌ᠳᠠᠢ ᠭᠠᠵᠠᠷ ᠡᠷᠭᠢᠴᠡᠭᠦ ᠠᠵᠢ᠃

ᠠᠢ︕ ᠭᠦᠮᠤᠨ ᠭᠡᠳᠡᠭ᠌︕ ᠦᠷᠠᠨ ᠳᠤ ᠮᠢᠨᠢ ᠡᠭᠡ ᠪᠠᠨ ᠭᠦᠭᠦᠭᠦ ᠶᠢ ᠭᠦᠷᠳᠡᠯ᠎ᠡ ᠮᠠᠷᠳᠠᠭᠤᠯᠵᠤ ᠴᠢᠳᠠᠭᠰᠠᠨ ᠶᠠᠮᠠᠷ ᠰᠢᠤ ᠮᠠᠭᠤᠬᠠᠢ ᠮᠡᠭᠡ ᠲᠡᠶ ᠠᠮᠢᠳᠠᠨ ᠪᠣᠢ ᠭᠡᠭᠦ ᠡᠴᠠ ᠭᠤᠯᠵᠢᠨ ᠣᠯᠠᠭᠠᠨ ᠤ ᠬᠤᠶᠠᠷ ᠨᠢᠳᠤ ᠨᠢ ᠪᠣᠯᠠᠭ ᠪᠣᠯᠵᠤ ᠳᠠᠯᠠᠩ ᠨᠢ ᠮᠠᠷ ᠮᠠᠷ ᠭᠡᠳᠡᠭ᠌ ᠪᠠᠢ᠌ᠵᠠᠢ᠃ ᠭᠤᠯᠵᠢᠨ ᠣᠯᠠᠭᠠᠨ ᠳᠤ ᠣᠠᠳᠤᠤ ᠴᠤ ᠠᠷᠭ᠎ᠠ ᠪᠠᠢ᠌ᠭᠰᠠᠨ ᠦᠭᠡᠶ᠃ ᠶᠠᠰᠤᠨ ᠳᠤᠯᠤᠭᠠᠢ᠌ᠳᠤ ᠬᠠᠯᠠᠭᠤᠨ ᠪᠦᠰ ᠶᠢᠡᠷ ᠳᠠᠯᠠᠩ ᠢ ᠨᠢ ᠵᠢᠩᠨᠠᠵᠤ᠂ ᠴᠠᠭᠠᠨ ᠰᠦ᠋ ᠶᠢ ᠨᠢ ᠰᠠᠭᠤᠯᠭ᠎ᠠ ᠰᠠᠭᠤᠯᠭ᠎ᠠ ᠪᠠᠷ ᠡᠳᠦᠷ ᠲᠤ ᠬᠤᠶᠠᠷ ᠣᠳᠠᠭ᠎ᠠ ᠴᠦᠯᠪᠠᠵᠤ ᠪᠠᠢ᠌ᠪᠠᠴᠤ᠂ ᠦᠷᠠᠨ ᠳ᠋ᠤᠨᠢ ᠨᠢᠭᠦᠯ ᠪᠣᠳᠤᠵᠤ ᠠᠮᠰᠠᠭᠤᠯᠤᠭᠰᠠᠨ ᠦᠭᠡᠶ᠃

ᠠᠳᠠᠭ ᠲᠠᠭᠠᠨ ᠭᠤᠯᠵᠢᠨ ᠣᠯᠠᠭᠠᠨ ᠨᠢᠭᠡ ᠶᠤᠰᠤ ᠶᠢ ᠣᠬᠠᠭᠠᠷᠠᠪᠠ᠃ ᠡᠨᠡ ᠳᠠᠯᠠᠩ᠂ ᠮᠢᠨᠤ ᠳᠠᠯᠠᠩ ᠪᠢᠰᠢ᠂ ᠶᠠᠰᠤᠨ ᠳᠤᠯᠤᠭᠠᠢ᠌ᠳᠤ ᠶᠢᠨ ᠳᠠᠯᠠᠩ ᠠᠵᠢ ᠭᠡᠵᠤ ᠪᠠᠳᠤ ᠣᠬᠠᠭᠠᠷᠠᠪᠠ᠃ ᠳᠠᠭᠠᠭᠤᠯᠢ ᠪᠡᠷ ᠶᠢᠡᠨ ᠣᠴᠢᠷ ᠳᠦᠭᠦᠮ ᠪᠣᠯᠵᠤ ᠡᠳᠦᠷ ᠤᠨ ᠬᠤᠶᠠᠷ ᠣᠳᠠᠭ᠎ᠠ ᠮᠸᠬᠠᠨᠢᠭ ᠰᠢᠠᠵᠢᠳᠠᠢ ᠪᠠᠷ ᠢᠪᠢᠯᠵᠤ ᠳᠠᠯᠠᠩ ᠶᠢᠡᠨ ᠬᠤᠭᠤᠰᠤᠯᠠᠵᠤ ᠡᠵᠡᠨ ᠦᠨᠢᠶ᠎ᠡ ᠬᠤᠶᠠᠷ ᠰᠠᠨᠠᠭ᠎ᠠ ᠠᠮᠠᠷᠠᠵᠤ ᠪᠠᠢ᠌ᠪᠠ᠃ ᠪᠦᠷ ᠡᠴᠦᠰ ᠲᠡᠭᠡᠨ ᠭᠤᠯᠵᠢᠨ ᠣᠯᠠᠭᠠᠨ ᠳᠤ ᠳᠠᠯᠠᠩ ᠨᠢ ᠪᠠᠶ᠎ᠠ ᠶᠢᠨ ᠬᠢᠨᠢ ᠣᠷᠭᠤᠭᠰᠠᠨ ᠮᠢᠬᠠᠨ ᠪᠢᠰᠢ ᠰᠢᠭ᠌ ᠪᠣᠳᠤᠭᠳᠠᠵᠤ᠂ ᠳᠦᠷᠪᠠᠨ ᠮᠥᠩᠭᠡ ᠳᠤ᠂ ᠡᠳᠦᠷ ᠤᠨ ᠬᠤᠶᠠᠷ ᠣᠳᠠᠭ᠎ᠠ ᠶᠠᠰᠤᠨ ᠳᠤᠯᠤᠭᠠᠢ᠌ᠳᠤ ᠶᠢᠨ ᠬᠠᠯᠠᠭᠤᠨ ᠪᠦᠰ ᠲᠤ ᠢᠪᠢᠯᠵᠤ ᠦᠭ‍ᠭᠦ ᠵᠠᠩᠰᠢᠯ ᠲᠡᠶ ᠪᠣᠯᠪᠠ᠃ ᠭᠡᠭᠡᠯ ᠨᠢ ᠳᠦᠭᠦᠷᠴᠤ᠂ ᠣᠷᠤᠮᠠᠭ ᠨᠢ ᠣᠠᠵᠢᠵᠤ᠂ ᠪᠦᠭᠡᠷ᠎ᠡ ᠨᠢ ᠣᠩᠭ᠋ᠣᠢ᠌ᠵᠤ᠂ ᠳᠦᠷᠦᠭᠦ ᠪᠠᠷ ᠪᠠᠢ᠌ᠬᠤ ᠳᠠᠭᠠᠨ ᠴᠤ ᠶᠠᠰᠤᠨ ᠳᠤᠯᠤᠭᠠᠢ᠌ᠳᠤ ᠶᠢᠨ ᠬᠠᠯᠠᠭᠤᠨ ᠪᠦᠰ ᠢᠷᠠᠪᠠᠯ ᠢᠪᠢᠯᠵᠤ ᠰᠠᠭᠤᠯᠭ᠎ᠠ ᠶᠢ ᠨᠢ ᠳᠡᠭᠦᠷᠭᠡᠵᠤ ᠣᠷᠭᠢᠳᠠᠭ ᠪᠣᠯᠪᠠ᠃

ᠣᠯᠠᠨ ᠴᠤ ᠳᠤᠭᠤᠯ ᠭᠠᠷᠭᠠᠪᠠ᠂ ᠨᠢᠭᠡ ᠶᠢ ᠨᠢ ᠴᠤ ᠳᠤᠯᠢᠶᠠᠵᠤ᠂ ᠦᠨᠦᠷᠯᠠᠵᠤ᠂ ᠭᠦᠭᠦᠭᠦᠯᠵᠤ ᠥᠵᠡᠭ᠍ᠰᠡᠨ ᠦᠭᠡᠶ᠂ ᠳᠤᠭᠤᠯ ᠤᠳ ᠨᠢ ᠴᠤ ᠡᠭᠡ ᠳᠡᠭᠡᠨ ᠨᠢᠭᠡ ᠴᠤ ᠡᠨᠡᠷᠢᠭ᠍ᠰᠡᠨ ᠦᠭᠡᠶ᠂ ᠮᠡᠯᠡᠷᠡᠭ᠍ᠰᠡᠨ ᠰᠠᠷᠠᠯ ᠠᠮᠢᠳᠠᠨ ᠣᠷᠤᠵᠤ ᠢᠷᠠᠨ᠎ᠠ᠂ ᠮᠡᠯᠡᠷᠡᠭ᠍ᠰᠡᠨ ᠭᠡᠪ ᠶᠢᠡᠷ ᠶᠢᠡᠨ ᠭᠠᠷᠴᠤ ᠠᠷᠢᠯᠤᠨ᠎ᠠ᠃ ᠢᠩᠭᠢᠭᠦᠯ᠎ᠡ᠂ ᠭᠤᠯᠵᠢᠨ ᠣᠯᠠᠭᠠᠨ ᠦᠷᠠᠨ ᠳᠡᠭᠡᠨ ᠴᠤ ᠴᠥᠭᠦᠷᠡᠪᠡ᠃ ᠳᠠᠮᠤᠷ ᠣᠮᠤᠭ ᠶᠢᠡᠷ ᠢᠷᠡᠭ᠍ᠰᠡᠨ ᠮᠦᠰᠤᠨ ᠰᠢᠭᠦᠳᠡᠷᠢ ᠪᠠᠷ ᠣᠯᠳᠠᠭᠰᠠᠨ ᠳᠤᠭᠤᠯ ᠳᠠᠭᠠᠨ ᠳᠠᠷᠠ ᠢᠳᠡᠭᠡᠯ ᠠᠯᠳᠠᠪᠠ᠃ ᠯᠠᠪ ᠥᠭᠡᠷ ᠤᠨ ᠭᠦᠤ ᠪᠢᠰᠢ ᠭᠡᠵᠤ ᠪᠣᠳᠤᠪᠠ᠃ ᠳᠠᠭᠠᠭᠤᠯ᠎ᠡ ᠳᠠᠯᠠᠩ ᠨᠢ ᠣᠯᠠᠮ ᠱᠠᠷᠭᠢᠷᠠᠬᠤ ᠪᠣᠯᠵᠠᠢ᠃

ᠭᠦᠮᠤᠨ ᠤ ᠭᠦᠰᠡᠯ᠂ ᠬᠠᠢ᠌ᠷ᠎ᠠ᠂ ᠢᠳᠡᠭᠡᠯ᠂ ᠡᠨᠡᠷᠢᠯ ᠪᠦᠷ ᠠᠷᠢᠯᠪᠠᠯ᠂ ᠯᠠᠪ ᠠᠰᠠᠷ ᠡᠴᠠ ᠦᠰᠦᠷᠴᠤ ᠥᠭᠦᠭᠦ ᠶᠤᠮ ᠦᠦ᠂ ᠬᠤᠤᠷ ᠢᠳᠠᠵᠤ ᠥᠭᠦᠭᠦ ᠶᠤᠮ ᠦᠦ᠂ ᠯᠠᠪ ᠥᠭᠦᠨ᠎ᠡ᠃ ᠥᠭᠡᠷ ᠴᠤ ᠳᠠᠢ᠌ᠮᠤ ᠪᠠᠢ᠌ᠬᠤ ᠵᠣᠢ᠌ᠳᠠᠢ᠂ ᠭᠡᠪᠠᠴᠤ ᠭᠤᠯᠵᠢᠨ ᠣᠯᠠᠭᠠᠨ ᠳᠤ ᠡᠵᠡᠨ ᠨᠢ ᠥᠭᠦᠭᠦ ᠵᠠᠪ ᠣᠯᠭᠤᠭᠰᠠᠨ ᠦᠭᠡᠶ᠃ ᠴᠢᠯᠠᠭᠤᠨ ᠪᠠᠢ᠌ᠰᠢᠩ᠂ ᠭᠠᠭᠴᠠ ᠣᠩᠭ᠋ᠤᠴᠠ᠂ ᠣᠯᠤᠰᠤᠨ ᠨᠤᠭᠳᠤ᠂ ᠳᠠᠮᠤᠷ ᠭᠢᠠᠵᠢ ᠪᠣᠷᠠᠠᠳᠠᠭ ᠳᠡᠭᠦᠨ ᠢ ᠶᠠᠷᠤ ᠭᠦᠳᠡᠯᠭᠡᠭ᠍ᠰᠡᠨ ᠦᠭᠡᠶ᠃ ᠭᠦᠴᠦᠳᠡᠢ ᠳᠡᠵᠢᠭᠡᠪᠦᠷᠢ ᠳᠤ ᠡᠪᠦᠯ ᠤᠨ ᠰᠡᠭᠦᠯ ᠰᠠᠷ᠎ᠠ ᠳᠤ ᠬᠠᠭᠵᠠ ᠬᠠᠶᠠᠵᠤ ᠨᠢᠴᠦᠭᠦᠷᠡᠵᠤ᠂ ᠮᠥᠭᠡᠷᠡᠭᠦ ᠡᠴᠠ ᠣᠠᠳᠤᠤ ᠡᠷᠭᠡ ᠴᠢᠯᠦᠭᠡ ᠦᠭᠡᠶ ᠪᠠᠢ᠌ᠬᠤ ᠭᠤᠯᠵᠢᠨ ᠣᠯᠠᠭᠠᠨ ᠬᠠᠶᠠ ᠨᠢᠭᠡ ᠪᠣᠭᠤᠷᠤᠯ ᠭᠡᠵᠢᠭᠡᠳᠤ ᠲᠡᠶ ᠪᠠᠨ ᠵᠡᠭᠦᠳᠤ ᠪᠠᠷ ᠣᠴᠠᠷᠠᠬᠤ ᠡᠴᠠ ᠣᠠᠳᠤᠤ ᠴᠢᠳᠠᠯ ᠦᠭᠡᠶ ᠪᠠᠢ᠌ᠪᠠ᠃

ᠥᠩᠭᠡᠷᠡᠭ᠍ᠰᠡᠨ ᠡᠪᠦᠯ ᠤᠨ ᠭᠦᠢᠳᠡᠨ ᠨᠢᠭᠡ ᠰᠦᠨᠢ ᠪᠠᠢ᠌ᠵᠠᠢ᠃ ᠬᠠᠯᠠᠭᠤᠨ ᠳᠡᠵᠢᠭᠡᠪᠦᠷᠢ ᠢᠳᠠᠵᠤ᠂ ᠳᠡᠭᠦᠨ ᠳᠡᠭᠡᠨ ᠴᠦᠯᠠᠳᠠᠵᠤ᠂ ᠬᠤᠶᠠᠷ ᠴᠤ ᠰᠠᠭᠤᠯᠭ᠎ᠠ ᠣᠰᠤ ᠣᠤᠭᠤᠭᠰᠠᠨ ᠭᠤᠯᠵᠢᠨ ᠣᠯᠠᠭᠠᠨ ᠳᠠᠷᠠ ᠰᠦᠨᠢ ᠶᠢᠨ ᠭᠦᠢᠳᠡᠨ ᠳᠤ ᠣᠯᠠᠨ ᠴᠤ ᠣᠳᠠᠭ᠎ᠠ ᠰᠢᠩᠭᠡᠨ ᠮᠦᠷ ᠠᠯᠳᠠᠵᠠᠢ᠃ ᠰᠢᠩᠭᠡᠨ ᠮᠦᠷ ᠨᠢ ᠳᠤᠯᠠᠭᠠᠨ ᠴᠠᠭ ᠲᠤ ᠪᠣᠯ ᠨᠠᠷᠢᠨ ᠰᠤᠪᠠᠭ ᠶᠢᠡᠷ ᠣᠷᠤᠰᠴᠤ ᠠᠷᠢᠯᠳᠠᠭ ᠪᠠᠢ᠌ᠭᠰᠠᠨ ᠪᠣᠯ ᠡᠨᠡ ᠰᠦᠨᠢ ᠶᠢᠨ ᠭᠦᠢᠳᠡᠨ ᠳᠤ ᠳᠤᠤᠷ᠎ᠠ ᠪᠠᠨ ᠮᠦᠰᠤᠨ ᠪᠣᠯᠤᠨ ᠴᠠᠷᠴᠠᠭᠠᠤᠨ ᠪᠠᠢ᠌ᠵᠠᠢ᠃ ᠭᠦᠴᠦᠳᠡᠢ ᠪᠣᠷᠳᠤᠭᠤᠨ ᠳᠤ ᠪᠠᠶ᠎ᠠ ᠨᠤᠵᠤᠭᠤᠷᠠᠭᠰᠠᠨ ᠭᠤᠯᠵᠢᠨ ᠣᠯᠠᠭᠠᠨ ᠴᠤ ᠴᠢᠯᠠᠭᠤᠨ ᠱᠠᠯᠠ ᠳᠡᠭᠡᠷ᠎ᠡ ᠣᠷᠢᠳᠠ ᠶᠢᠨ ᠶᠤᠰᠤ ᠪᠠᠷ ᠭᠡᠪᠳᠡᠵᠤ ᠣᠠᠳᠠᠵᠠᠢ᠃

ᠭᠦᠭᠦ ᠶᠢᠨ ᠬᠢᠨᠢ ᠣᠴᠤ (ᠥᠵᠦᠭᠦᠷ) ᠡᠴᠠ ᠡᠭᠢᠯᠡᠨ ᠵᠢᠩᠭᠢᠨᠡᠭᠦ ᠳᠤ ᠳᠡᠭᠦᠨ ᠤ ᠤᠢ᠌ᠷ᠎ᠡ ᠪᠣᠭᠤᠷᠤᠯ ᠭᠡᠵᠢᠭᠡᠳᠤ ᠢᠷᠠᠵᠤ ᠭᠦᠭᠦ ᠶᠢ ᠨᠢ ᠢᠮᠠᠷᠴᠤ᠂ ᠭᠦᠵᠦᠭᠦᠤ ᠡᠴᠠ ᠨᠢ ᠮᠠᠭᠠᠵᠢᠵᠤ᠄ 《ᠭᠦᠭᠦ ᠴᠢᠨᠢ ᠪᠠᠬᠠᠨ ᠵᠢᠩᠨᠠᠵᠤ ᠪᠠᠢ᠌ᠨ᠎ᠠ᠂ ᠪᠣᠰ︕ ᠭᠦᠯᠳᠡᠵᠤ ᠣᠳᠤᠭᠤᠵᠠᠢ》 ᠭᠡᠵᠡᠢ᠃ ᠭᠡᠪᠠᠴᠤ᠂ ᠭᠤᠯᠵᠢᠨ ᠣᠯᠠᠭᠠᠨ ᠪᠣᠰᠤᠭᠰᠠᠨ ᠦᠭᠡᠶ᠂ ᠪᠠᠬᠠᠨ ᠴᠤ ᠭᠡᠰᠡᠨ ᠭᠦᠵᠦᠭᠦᠤ ᠪᠠᠨ ᠮᠠᠭᠠᠵᠢᠭᠤᠯᠵᠤ ᠭᠡᠪᠳᠡᠭᠦ ᠳᠡᠭᠦᠨ ᠤ ᠬᠤᠪᠢ ᠳᠤ ᠵᠢᠷᠭᠠᠯ ᠪᠠᠢ᠌ᠵᠠᠢ᠃ ᠳᠡᠭᠡᠳᠡᠯ᠎ᠡ ᠭᠦᠭᠦ ᠨᠢ ᠳᠠᠱ ᠭᠡᠳ ᠳᠠᠭᠤ ᠭᠠᠷᠬᠤ ᠳᠤ ᠭᠤᠯᠵᠢᠨ ᠣᠯᠠᠭᠠᠨ ᠨᠣᠢ᠌ᠷ ᠡᠴᠠ ᠪᠠᠨ ᠰᠠᠷᠠᠵᠤ᠂ ᠦᠰᠦᠷᠤᠨ ᠪᠣᠰᠴᠠᠢ᠃

ᠵᠢᠩᠭᠢᠨᠠᠵᠤ ᠪᠠᠢ᠌ᠭᠰᠠᠨ ᠭᠦᠭᠦ ᠨᠢ ᠭᠠᠯ ᠰᠢᠳᠠᠵᠤ᠂ ᠰᠢᠩᠭᠡᠨ ᠶᠠᠭᠤᠮᠠᠨ ᠰᠢᠪ ᠰᠢᠪ ᠳᠤᠰᠤᠯᠵᠤ ᠶᠠᠪᠣᠭᠠᠨ ᠳᠠᠭᠠᠨ ᠳᠦᠷᠪᠠᠨ ᠭᠦᠭᠦ ᠨᠢ ᠭᠡᠴᠡᠭᠦᠤ ᠯᠤᠭᠰᠢᠨ ᠡᠪᠡᠳᠴᠤ ᠡᠭᠢᠯᠡᠵᠡᠢ᠃ ᠬᠠᠷᠠᠩᠭ᠋ᠤᠢ ᠳᠤ ᠶᠠᠭᠤ ᠴᠤ ᠥᠵᠡᠭ᠍ᠳᠡᠭᠦ ᠦᠭᠡᠶ᠃ ᠰᠥ᠋ ᠭᠤᠭᠤᠵᠢᠵᠤ ᠪᠠᠢ᠌ᠨ᠎ᠠ ᠭᠡᠭᠦ ᠳᠤ ᠪᠢᠰᠢ︕ ᠡᠵᠢ ᠶᠢᠨ ᠬᠢᠨᠢ ᠳᠤᠯᠤᠭᠠᠢ ᠶᠢ ᠪᠠᠶ᠎ᠠ ᠡᠴᠠ ᠨᠢ ᠰᠠᠯᠭᠠᠵᠤ᠂ ᠠᠷᠠᠰᠤ ᠶᠢ ᠨᠢ ᠬᠠᠰᠢᠶᠠᠨ ᠳᠡᠭᠡᠷ᠎ᠡ ᠳᠤᠬᠤᠬᠤ ᠳᠤ ᠭᠠᠷᠤᠭᠰᠠᠨ ᠳᠠᠷᠠ ᠦᠨᠦᠷ ᠭᠠᠷᠴᠠᠢ᠃ ᠡ︕ ᠭᠦᠭᠦ ᠡᠴᠠ ᠮᠢᠨᠢ ᠴᠢᠰᠤᠨ ᠭᠤᠭᠤᠵᠢᠵᠤ ᠪᠠᠢ᠌ᠳᠠᠭ ᠪᠠᠢ᠌ᠨ᠎ᠠ ᠭᠡᠵᠤ ᠭᠤᠯᠵᠢᠨ ᠣᠯᠠᠭᠠᠨ ᠪᠣᠳᠤᠬᠤ ᠳᠤ ᠵᠢᠷᠦᠭᠡ ᠨᠢ ᠱᠠᠷᠭᠢᠷᠠᠵᠠᠢ᠃ 《ᠳᠠᠷᠠ ᠭᠦᠭᠦ ᠶᠠᠰᠤᠨ ᠳᠤᠯᠤᠭᠠᠢ᠌ᠳᠤ ᠳᠤ ᠯᠠ ᠭᠡᠷᠡᠭ᠍ᠳᠡᠢ ᠡᠴᠠ ᠪᠢᠰᠢ᠂ ᠨᠠᠳᠠᠳᠤ ᠶᠠᠮᠠᠷ ᠭᠡᠷᠡᠭ᠌ ᠪᠠᠢ᠌ᠨ᠎ᠠ》 ᠭᠡᠵᠤ ᠪᠠᠶ᠎ᠠ ᠪᠠᠨ ᠬᠠᠭᠤᠷᠠᠨ ᠪᠣᠳᠤᠪᠠᠴᠤ ᠡᠪᠠᠳᠭᠦ ᠨᠢ ᠶᠠᠷᠤ ᠳᠠᠷᠤᠭᠳᠠᠭᠰᠠᠨ ᠦᠭᠡᠶ᠂ ᠪᠠᠶ᠎ᠠ ᠨᠢ ᠴᠤ ᠳᠠᠢ᠌ᠪᠣᠰᠢᠷᠠᠭᠰᠠᠨ ᠦᠭᠡᠶ᠃ ᠭᠡᠪᠳᠡᠵᠤ ᠪᠣᠰᠴᠤ᠂ ᠪᠣᠰᠴᠤ ᠭᠡᠪᠳᠡᠵᠤ ᠪᠠᠢ᠌ᠭᠰᠠᠭᠠᠷ ᠦᠣᠷ ᠴᠠᠢ᠌ᠯᠭᠠᠬᠤ ᠳᠤ᠂ ᠶᠠᠰᠤᠨ ᠳᠤᠯᠤᠭᠠᠢ᠌ᠳᠤ ᠬᠠᠯᠠᠭᠤᠨ ᠪᠦᠰ ᠬᠠᠷ᠎ᠠ ᠰᠠᠭᠤᠯᠭ᠎ᠠ ᠪᠠᠨ ᠠᠪᠴᠤ ᠣᠷᠤᠵᠤ ᠢᠷᠡᠭ᠍ᠰᠡᠨ ᠶᠢᠡᠨ ᠳᠠᠮᠤᠷ ᠤᠨ ᠳᠠᠭᠤ ᠪᠠᠷ ᠵᠢᠩᠭᠢᠨᠠᠨ ᠶᠠᠭᠠᠭᠢᠯᠠᠯᠠᠵᠠᠢ᠃ ᠦᠵᠡᠰᠠ︕ ᠭᠤᠯᠵᠢᠨ ᠣᠯᠠᠭᠠᠨ ᠤ ᠳᠦᠷᠪᠠᠨ ᠭᠦᠭᠦ ᠨᠢ ᠮᠦᠰᠤᠨ ᠱᠠᠯᠠ ᠳᠤ ᠨᠠᠭᠠᠯᠳᠤᠵᠤ ᠳᠠᠠᠳᠠ ᠪᠠᠨ ᠬᠤᠴᠤᠷᠤᠭᠰᠠᠨ ᠪᠠᠢ᠌ᠵᠠᠢ᠃ ᠳᠠᠷᠠ ᠡᠳᠦᠷ ᠡᠴᠠ ᠡᠭᠢᠯᠡᠨ ᠭᠤᠯᠵᠢᠨ ᠣᠯᠠᠭᠠᠨ ᠤ ᠳᠠᠯᠠᠩ ᠬᠠᠪᠣᠳᠴᠤ ᠵᠤᠪᠠᠭᠠᠵᠤ᠂ ᠡᠮ ᠳᠤᠮ ᠭᠢᠵᠤ ᠠᠷᠠᠢ ᠡᠳᠡᠭᠡᠭ᠍ᠰᠡᠨ ᠪᠣᠯᠪᠠᠴᠤ ᠰᠥ᠋ ᠭᠠᠷᠬᠤ ᠪᠠᠨ ᠠᠭᠤᠷᠴᠠᠢ᠃ ᠭᠤᠯᠵᠢᠨ ᠣᠯᠠᠭᠠᠨ ᠭᠦᠭᠦᠨ ᠤ ᠬᠠᠪᠣᠳᠤᠭᠤᠷᠢ ᠶᠢᠨ ᠡᠮᠵᠡᠭᠯᠡᠯ ᠡᠴᠠ ᠪᠣᠯᠵᠤ᠂ ᠭᠦᠢᠳᠡᠨ ᠡᠪᠦᠯ ᠤᠨ ᠮᠦᠰᠤᠨ ᠳᠡᠭᠡᠷ᠎ᠡ ᠨᠢᠴᠦᠭᠦᠨ ᠭᠦᠭᠡ ᠳᠤᠭᠤᠯ ᠶᠢᠡᠷ ᠭᠡᠭᠡᠯ ᠬᠠᠶᠠᠵᠠᠢ᠃

ᠵᠨ︕ ᠪᠣᠯᠤᠭᠰᠠᠨ ᠭᠡᠷᠡᠭ᠌ ᠪᠣᠯᠪᠠ ᠭᠡᠳᠡᠭ᠌ ᠡᠨᠡ︕ ᠳᠠᠷᠠ ᠡᠳᠦᠷ ᠡᠴᠠ ᠡᠭᠢᠯᠡᠨ ᠭᠤᠯᠵᠢᠨ ᠣᠯᠠᠭᠠᠨ ᠤ ᠡᠮᠦᠨᠡᠭᠢ ᠣᠩᠭ᠋ᠤᠴᠠ ᠳᠤ ᠥᠮᠡᠭᠡᠢ ᠦᠨᠦᠷᠳᠤ ᠠᠷᠢᠭᠢ ᠶᠢᠨ ᠰᠢᠭᠠᠷᠤ ᠳᠦᠭᠦᠷᠴᠤ ᠳᠠᠷᠠ ᠪᠠᠷ ᠡᠳᠦᠷ ᠤᠨ ᠭᠤᠷᠪᠠ ᠰᠤᠭᠳᠤᠵᠤ ᠪᠠᠢ᠌ᠬᠤ ᠪᠣᠯᠪᠠ᠃

       ᠵᠢᠷᠭᠤᠭ᠎ᠠ

ᠳᠦᠷᠪᠠᠨ ᠭᠡᠷᠡᠮ ᠨᠢ ᠬᠠᠷ᠎ᠠ ᠭᠦᠭᠡ ᠽᠢᠮᠤᠠᠲ᠋᠂ ᠱᠠᠯᠠ ᠨᠢ ᠴᠤ ᠠᠳᠠᠯᠢᠬᠠᠨ ᠬᠠᠷ᠎ᠠ ᠭᠦᠭᠡ ᠽᠢᠮᠤᠠᠲ᠋᠃ ᠡᠨᠡ ᠪᠠᠢ᠌ᠰᠢᠩ ᠳᠤ ᠭᠤᠯᠵᠢᠨ ᠣᠯᠠᠭᠠᠨ ᠭᠡᠪᠳᠡᠵᠤ᠂ ᠥᠯᠦᠰᠭᠦ ᠶᠢᠨ ᠡᠷᠭᠡ ᠳᠤ ᠡᠮᠦᠨ᠎ᠡ ᠨᠢ ᠪᠠᠢ᠌ᠭ᠎ᠠ ᠣᠩᠭ᠋ᠤᠴᠠ ᠳ᠋ᠠᠭᠢ ᠭᠦᠷᠡᠩ ᠥᠩᠭᠡ ᠲᠡᠶ ᠥᠮᠦᠭᠡᠢ ᠱᠠᠭ ᠡᠴᠠ ᠢᠳᠠᠵᠤ᠂ ᠳᠡᠭᠦᠨ ᠳᠡᠭᠡᠨ ᠰᠤᠭᠳᠤᠵᠤ ᠪᠦᠭᠦ ᠪᠠᠶ᠎ᠠ ᠨᠢ ᠮᠠᠨᠠᠷᠠᠵᠤ ᠪᠠᠢ᠌ᠭᠰᠠᠭᠠᠷ ᠨᠢᠭᠡ ᠮᠡᠳᠡᠭᠦ ᠳᠤ ᠪᠦᠭᠦ ᠪᠠᠶ᠎ᠠ ᠨᠢ ᠣᠷᠠᠬᠠᠢ᠌ᠵᠤ ᠵᠤᠵᠠᠭᠠᠷᠠᠵᠤ᠂ ᠭᠦᠳᠡᠯᠵᠤ ᠪᠠᠷᠢᠬᠤ ᠳᠤ ᠡᠪ ᠦᠭᠡᠶ ᠭᠦᠡᠳᠤ ᠪᠣᠯᠵᠤ ᠢᠷᠠᠪᠠ᠃ ᠡᠨᠡ ᠨᠢ ᠳᠠᠷᠭᠤᠯᠠᠵᠤ ᠪᠠᠢ᠌ᠬᠤ ᠪᠣᠯᠵᠤ ᠶᠠᠰᠤᠨ ᠳᠤᠯᠤᠭᠠᠢ᠌ᠳᠤ ᠶᠢ ᠪᠠᠶᠠᠷᠯᠠᠭᠤᠯᠵᠠᠢ᠃

ᠡᠭᠦᠳᠡ ᠨᠡᠭᠡᠭᠡᠭ᠍ᠳᠡᠵᠡᠢ᠂ ᠶᠠᠰᠤᠨ ᠳᠤᠯᠤᠭᠠᠢ ᠣᠷᠤᠵᠤ ᠢᠷᠠᠵᠤ᠂ ᠭᠤᠯᠵᠢᠨ ᠣᠯᠠᠭᠠᠨ ᠤ ᠪᠣᠷᠤᠠᠳᠠᠭ ᠢ ᠳᠠᠢ᠌ᠯᠪᠠ᠃ ᠭᠠᠳᠠᠭᠰᠢ ᠭᠦᠳᠦᠯᠪᠡ᠃ ᠭᠠᠳᠠᠨ᠎ᠠ ᠭᠠᠷᠬᠤ ᠵᠠᠶᠠᠭᠠᠨ ᠨᠢᠭᠡ ᠢᠷᠡᠭᠦ ᠳᠤ ᠪᠠᠶᠠᠷᠯᠠᠭᠰᠠᠨ ᠭᠤᠯᠵᠢᠨ ᠣᠯᠠᠭᠠᠨ ᠡᠭᠦᠳᠡᠨ ᠳᠠᠯ᠎ᠠ ᠵᠢᠦᠡᠭᠦᠭ᠍ᠰᠡᠨ ᠪᠣᠯᠪᠠᠴᠤ ᠳᠦᠷᠪᠠᠨ ᠭᠦᠯ ᠨᠢ ᠰᠠᠨᠠᠭ᠎ᠠ ᠪᠠᠷ ᠨᠢ ᠪᠣᠯᠤᠭᠰᠠᠨ ᠦᠭᠡᠶ ᠮᠠᠢ᠌ᠮᠠᠷᠠᠵᠤ ᠪᠠᠢ᠌ᠪᠠ᠃ ᠮᠠᠢ᠌ᠮᠠᠷᠠᠪᠠᠴᠤ ᠶᠠᠭᠠᠭᠢᠬᠤ ᠪᠣᠢ ᠭᠠᠳᠠᠨ᠎ᠠ ᠭᠠᠷᠬᠤ ᠯᠠ ᠭᠦᠰᠡᠯ ᠳᠤ ᠭᠦᠳᠦᠯᠦᠭ᠍ᠳᠡᠨ ᠵᠢᠦᠡᠭᠦᠵᠤ ᠪᠠᠢ᠌ᠵᠤ ᠭᠠᠷᠪᠠ᠃

ᠵᠤᠨ ᠤ ᠨᠠᠷᠠ ᠨᠢᠳᠤ ᠭᠢᠯᠢᠪᠭᠢᠭᠦᠯᠵᠤ ᠬᠤᠯᠠ ᠶᠢᠨ ᠪᠠᠷ᠎ᠠ ᠡᠰᠡ ᠥᠵᠡᠭ᠍ᠳᠡᠨ᠎ᠡ᠃ ᠭᠠᠭᠴᠠᠬᠦ ᠬᠤᠯᠠ ᠳᠤ ᠭᠦᠭᠦᠭᠡ ᠳᠤᠩᠭ᠋ᠤᠳᠴᠤ᠂ ᠤᠢ᠌ᠷ᠎ᠡ ᠳᠤ ᠮᠠᠰᠢᠨ ᠣᠷᠭᠢᠯᠠᠨ᠎ᠠ᠃ ᠣᠳᠠᠯ ᠦᠭᠡᠶ᠂ ᠳᠦᠷᠪᠠᠨ ᠭᠦᠮᠤᠨ ᠴᠢᠷᠴᠤ ᠲᠦᠯᠭᠢᠵᠤ᠂ ᠭᠤᠯᠵᠢᠨ ᠣᠯᠠᠭᠠᠨ ᠢ ᠠᠴᠢᠶᠠᠨ ᠤ ᠮᠠᠰᠢᠨ ᠳᠤ ᠭᠠᠷᠭᠠᠪᠠ᠃

ᠮᠠᠰᠢᠨ ᠬᠤᠯᠠᠵᠢᠬᠤ ᠳᠤ᠂ ᠭᠤᠯᠵᠢᠨ ᠣᠯᠠᠭᠠᠨ ᠢ ᠰᠠᠯᠭᠢᠨ ᠴᠤᠭᠢᠵᠤ ᠴᠡᠭᠡᠵᠢ ᠨᠢ ᠣᠩᠭ᠋ᠣᠢ᠌ᠪᠠ᠃ ᠭᠡᠪᠠᠴᠤ᠂ ᠭᠠᠰᠢᠭᠤ ᠲᠡᠶ ᠣᠷᠢᠮᠳᠠᠬᠤ ᠰᠤᠬᠤᠷ ᠪᠣᠭᠤ ᠶᠢᠨ ᠳᠠᠭᠤᠨ ᠰᠤᠨᠤᠰᠳᠠᠵᠤ ᠡᠯᠢᠭᠡ ᠨᠢ ᠡᠮᠳᠡᠷᠡᠪᠡ᠃ ᠣᠳᠠᠵᠤ ᠳᠤᠳᠠᠯ ᠦᠭᠡᠶ ᠮᠠᠰᠢᠨ ᠶᠢᠡᠷ ᠳᠠᠪᠭᠢᠨ ᠢᠷᠠᠵᠤ ᠶᠠᠷᠭ᠎ᠠ ᠬᠠᠰᠢᠶᠠᠨ ᠳᠤ ᠪᠠᠭᠤᠭᠠᠤᠨ ᠣᠯᠠᠨ ᠥᠭᠡᠷ ᠤᠨ ᠳᠤᠮᠳᠠ ᠣᠷᠤᠪᠠ᠃ ᠡᠵᠢ ᠪᠠᠨ ᠳᠠᠨᠢᠭᠰᠠᠨ ᠦᠭᠡᠶ ᠥᠩᠭᠡᠷᠡᠭ᠍ᠰᠡᠨ ᠣᠯᠠᠨ ᠳᠤᠭᠤᠯ ᠶᠢᠡᠨ ᠬᠠᠢ᠌ᠵᠤ ᠦᠵᠡᠪᠠ᠂ ᠣᠮᠤᠭᠳᠤ ᠣᠯᠠᠭᠠᠨ ᠶᠢᠡᠨ ᠴᠤ ᠬᠠᠢ᠌ᠪᠠ᠂ ᠡᠵᠢ ᠨᠢ ᠪᠣᠯᠤᠨ ᠪᠣᠭᠤᠷᠤᠯ ᠭᠡᠵᠢᠭᠡᠳᠤ ᠪᠠᠨ ᠴᠤ ᠬᠠᠢ᠌ᠪᠠ᠃ ᠨᠢᠭᠡ ᠨᠢ ᠴᠤ ᠡᠨᠡ ᠣᠯᠠᠨ ᠠᠮᠢᠳᠠᠨ ᠤ ᠳᠤᠮᠳᠠ ᠪᠠᠢ᠌ᠭᠰᠠᠨ ᠦᠭᠡᠶ᠃ ᠱᠦᠷᠭᠦᠯᠳᠦᠵᠤ᠂ ᠮᠦᠷᠭᠦᠭ᠍ᠳᠡᠵᠤ ᠮᠠᠢ᠌ᠮᠠᠷᠠᠭᠰᠠᠭᠠᠷ ᠭᠤᠯᠵᠢᠨ ᠣᠯᠠᠭᠠᠨ ᠶᠡᠭᠡ ᠰᠠᠷᠠᠪᠴᠢ (ᠫᠧᠩ) ᠪᠠᠷ ᠣᠯᠠᠨ ᠥᠭᠡᠷ ᠲᠡᠶ ᠬᠠᠮᠳᠤ ᠣᠷᠤᠵᠤ ᠢᠷᠠᠪᠠ᠃ ᠡᠵᠢ ᠶᠢᠨ ᠬᠢᠨᠢ ᠴᠢᠰᠤᠨ ᠤ ᠦᠨᠦᠷ ᠡᠨᠡ ᠰᠠᠷᠠᠪᠴᠢ ᠪᠠᠷ ᠳᠦᠭᠦᠷᠡᠩ ᠪᠠᠢ᠌ᠵᠠᠢ᠃

《ᠡ︕ ᠣᠳᠤ ᠯᠠ ᠡᠵᠢ ᠶᠢᠨ ᠶᠢᠡᠨ ᠪᠠᠷ᠎ᠠ ᠬᠠᠷᠠᠳᠠᠭ ᠴᠠᠭ ᠪᠣᠯᠵᠠᠢ》 ᠭᠡᠵᠤ ᠪᠣᠳᠤᠭᠰᠠᠨ ᠭᠤᠯᠵᠢᠨ ᠣᠯᠠᠭᠠᠨ ᠣᠯᠠᠮ ᠭᠦᠴᠦᠯᠡᠨ ᠣᠷᠤᠭᠰᠢᠯᠠᠪᠠ᠃ ᠳᠡᠭᠡᠳᠡᠯ᠎ᠡ᠂ ᠭᠢᠰᠠᠯ ᠳᠠᠮᠤᠷ ᠲᠤ ᠬᠠᠪᠴᠢᠭᠳᠠᠨ ᠰᠠᠷᠪᠠᠯᠵᠠᠨ ᠱᠤᠤᠭᠢᠵᠤ ᠶᠠᠪᠣᠪᠠ᠃ ᠣᠳᠠᠯ ᠦᠭᠡᠶ ᠠᠷᠤ ᠬᠤᠶᠠᠷ ᠭᠦᠯ ᠨᠢ ᠡᠷᠭᠦᠭ᠍ᠳᠡᠨ ᠪᠣᠷᠪᠢ ᠪᠠᠷ ᠶᠢᠡᠨ ᠡᠯᠭᠦᠭ᠍ᠳᠡᠵᠤ ᠭᠡᠢ ᠰᠠᠷᠪᠠᠯᠵᠠᠨ ᠣᠯᠠᠮ ᠴᠠᠰᠢ ᠶᠠᠪᠣᠪᠠ᠃ ᠳᠠᠮᠤᠷ ᠭᠡᠷᠡᠰᠭᠡ ᠶᠢᠨ ᠴᠠᠭᠠᠨ᠎ᠠ ᠡᠴᠠ ᠶᠠᠰᠤᠨ ᠳᠤᠯᠤᠭᠠᠢ᠌ᠳᠤ ᠬᠤᠩᠭ᠋ᠤᠷᠬᠠᠨ ᠢᠨᠢᠶᠠᠵᠤ ᠣᠯᠠᠭᠠᠨ ᠠᠯᠠᠭ ᠴᠠᠭᠠᠰᠤ ᠳᠤᠭᠠᠯᠠᠵᠤ ᠵᠤᠭᠰᠤᠨ᠎ᠠ᠃ ᠳᠠᠷᠠ ᠪᠠᠷ ᠭᠤᠯᠵᠢᠨ ᠣᠯᠠᠭᠠᠨ ᠢ ᠬᠠᠷᠠᠵᠤ ᠴᠢᠷᠠᠢ ᠭᠡᠷᠡᠯᠳᠤᠨ ᠢᠨᠢᠶᠠᠵᠤ ᠪᠠᠢ᠌ᠨ᠎ᠠ᠃ ᠳᠤᠤᠷ᠎ᠠ ᠨᠢ ᠰᠤᠪᠠᠭ ᠶᠢᠡᠷ ᠣᠯᠠᠭᠠᠨ ᠴᠢᠰᠤᠨ ᠣᠷᠤᠰᠴᠤ ᠪᠠᠢ᠌ᠨ᠎ᠠ᠃ ᠣᠯᠠᠨ ᠭᠦᠮᠤᠨ ᠪᠠᠷᠭᠢᠷᠠᠨ ᠬᠠᠰᠭᠢᠴᠢᠵᠤ ᠶᠠᠮᠠᠷ ᠨᠢᠭᠡᠨ ᠵᠣᠢ᠌ᠯ ᠳᠤ ᠪᠠᠬᠠᠳᠤᠵᠤ ᠪᠠᠢ᠌ᠨ᠎ᠠ᠃ ᠡᠭᠦᠨ ᠳᠤᠮᠳᠠ ᠶᠠᠰᠤᠨ ᠳᠤᠯᠤᠭᠠᠢ᠌ᠳᠤ ᠶᠢᠨ ᠳᠠᠭᠤᠨ ᠣᠠᠴᠠᠭᠠᠢ ᠳᠤᠳᠤ᠃ ᠳᠠᠳᠠᠨ ᠤ ᠥᠩᠭᠡ ᠴᠢᠷᠠᠢ ᠬᠤᠪᠴᠠᠰᠤ ᠬᠤᠨᠠᠷ ᠪᠦᠭᠦ ᠪᠠᠶ᠎ᠠ ᠨᠢ ᠣᠯᠠᠭᠠᠨ ᠪᠣᠯᠵᠤ ᠭᠤᠯᠵᠢᠨ ᠣᠯᠠᠭᠠᠨ ᠤ ᠵᠢᠷᠦᠭᠡ ᠶᠢ ᠱᠠᠷᠭᠢᠷᠠᠭᠤᠯᠵᠤ ᠵᠢᠭ᠍ᠵᠢᠭᠡᠷ ᠢ ᠨᠢ ᠭᠦᠷᠭᠡᠨ᠎ᠡ᠃

ᠴᠢᠰᠤᠨ ᠪᠣᠯᠤᠭᠰᠠᠨ ᠬᠤᠶᠠᠷ ᠭᠤᠳᠤᠯ ᠤᠢ᠌ᠷᠠᠳᠤᠵᠤ ᠢᠷᠡᠭᠦ ᠳᠤ ᠴᠢᠰ ᠭᠡᠳ ᠯᠠ ᠬᠤᠭᠤᠯᠠᠢ ᠪᠠᠷ ᠨᠢ ᠳᠠᠮᠤᠷ ᠤᠨ ᠳᠠᠭᠤ ᠭᠠᠷᠬᠤ ᠳᠤ ᠭᠤᠯᠵᠢᠨ ᠣᠯᠠᠭᠠᠨ ᠤ ᠭᠤᠤᠯ ᠨᠢ ᠳᠠᠳᠠᠭᠳᠠᠵᠤ ᠳᠤᠯᠤᠭᠠᠢ ᠨᠢ ᠰᠤᠯᠠᠳᠤᠪᠠ᠃ ᠭᠦᠷᠡᠭᠡ ᠡᠴᠠ ᠨᠢ ᠱᠤᠤᠭᠢᠵᠤ ᠭᠠᠷᠬᠤ ᠴᠢᠰᠤᠨ ᠨᠢᠳᠤ ᠶᠢ ᠨᠢ ᠪᠦᠷᠭᠦᠵᠤ᠂ ᠶ‍ᠢᠷᠳᠢᠠᠴᠤ ᠪᠦᠷ ᠴᠢᠰ ᠣᠯᠠᠭᠠᠨ ᠪᠣᠯᠪᠠ᠃ ᠬᠤᠶᠠᠷ ᠳᠠᠯ᠎ᠠ ᠪᠠᠷ ᠨᠢ ᠬᠠᠰᠭᠢᠷᠤᠯᠳᠠᠨ ᠰᠠᠷᠪᠠᠯᠵᠠᠬᠤ ᠬᠤᠶᠠᠷ ᠭᠦᠯ ᠲᠡᠶ ᠬᠤᠭᠢᠮᠠᠢ ᠨᠡᠷ ᠪᠦᠷ ᠭᠠᠯ ᠣᠯᠠᠭᠠᠨ ᠪᠣᠯᠵᠤ ᠬᠤᠪᠢᠷᠠᠪᠠ᠃

《ᠡ︕ ᠮᠢᠨᠤ ᠳᠤᠯᠤᠭᠠᠢ ᠶᠢ ᠪᠠᠰᠠ ᠰᠠᠯᠭᠠᠵᠤ ᠬᠠᠶᠠᠬᠤ ᠪᠣᠯᠵᠤ ᠪᠠᠢ᠌ᠳᠠᠭ ᠠᠵᠢ︕ ᠳᠡᠭᠡᠪᠠᠯ ᠡᠵᠢ ᠳᠡᠭᠡᠨ ᠭᠦᠷᠴᠤ᠂ ᠪᠣᠭᠤᠷᠤᠯ ᠭᠡᠵᠢᠭᠡᠳᠤ ᠡᠴᠠ ᠪᠠᠨ ᠪᠣᠷᠠᠮ ᠰᠢᠭᠢᠷ ᠢᠳᠡᠭᠦ ᠶᠤᠮ ᠪᠠᠢ᠌ᠨ᠎ᠠ》 ᠭᠡᠵᠤ ᠭᠤᠯᠵᠢᠨ ᠣᠯᠠᠭᠠᠨ ᠪᠣᠳᠤᠪᠠ᠃

ᠭᠤᠯᠵᠢᠨ ᠣᠯᠠᠭᠠᠨ ᠡᠨᠡᠭᠦ ᠪᠣᠳᠤᠯ ᠳᠠᠭᠠᠨ ᠠᠭᠠᠳᠠᠷᠠᠭᠰᠠᠨ ᠭᠡᠪ ᠶᠢᠡᠷ ᠶᠢᠡᠨ ᠭᠢᠳᠤᠭ᠎ᠠ ᠡᠴᠠ ᠭᠢᠳᠤᠭ᠎ᠠ ᠳᠠᠮᠵᠢᠨ ᠠᠷᠠᠰᠤ ᠮᠢᠬ᠎ᠠ ᠦᠶ᠎ᠡ ᠭᠡᠰᠢᠭᠦᠤ ᠰᠠᠯᠵᠤ ᠪᠠᠢ᠌ᠪᠠ᠃ ᠡᠨᠡ ᠴᠤ ᠭᠤᠯᠵᠢᠨ ᠣᠯᠠᠭᠠᠨ ᠤ ᠬᠤᠪᠢ ᠳᠤ ᠵᠢᠷᠭᠠᠯ ᠪᠠᠢ᠌ᠪᠠ᠃


   2008 ᠣᠨ ᠤ 5 ᠰᠠᠷ᠎ᠠ ᠵᠢᠨ 8 ᠊ᠤ ᠰᠦᠨᠢ  ᠦᠷᠤᠮᠴᠢ ᠳ᠋ᠤ


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠤᠨ ᠦᠷᠤᠮᠴᠢ

ᠵᠤᠬᠢᠶᠠᠭᠴᠢ᠄ ᠪᠠ᠊·ᠵᠠᠰᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 2505
ᠴᠠᠭ᠄ 2011 ᠤᠨ ᠤ 01 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁