ᠥᠭᠡᠯᠡᠳᠴᠥᠳ ᠤᠨ ᠣᠷᠤᠭ ᠬᠤᠷᠢᠮ ᠤᠨ ᠶᠤᠰᠤ


ᠨᠢᠭᠡ᠂ ᠭᠡᠦᠭᠡᠨ ᠭᠤᠶᠤᠬᠤ (ᠬᠠᠳᠠᠮᠠᠤᠨ ᠬᠠᠢ᠌ᠬᠤ)


1. ᠮᠠᠠᠳᠤ ᠶᠢᠨ ᠠᠷᠢᠭᠢ (ᠠᠢ᠌ᠯᠴᠢᠨ ᠠᠷᠢᠭᠢ ᠴᠤ ᠭᠡᠳᠡᠭ᠌)


ᠭᠦᠪᠠᠭᠦᠨ ᠲᠡᠶ ᠠᠢ᠌ᠯ ᠤᠨ ᠭᠦᠤ ᠨᠢ ᠥᠰᠦᠭᠡᠳ ᠨᠠᠰᠤᠨ ᠳᠤ ᠭᠦᠷᠪᠠᠯ ᠭᠦᠪᠠᠭᠦᠨ ᠤ ᠡᠴᠢᠭᠡ ᠡᠭᠡ ᠨᠢ᠄

《ᠣᠨᠠᠭ᠎ᠠ ᠪᠠᠨ ᠳᠡᠵᠢᠭᠡᠭᠡᠳ ᠭᠦᠯᠦᠭ᠌ ᠤᠨ ᠴᠢᠳᠠᠯ ᠲᠡᠶ ᠪᠣᠯᠭᠠᠯ᠎ᠠ

ᠦᠷ᠎ᠡ ᠪᠠᠨ ᠥᠰᠭᠡᠭᠡᠳ ᠡᠷ᠎ᠡ ᠶᠢᠨ ᠴᠡᠭᠡᠯ ᠳᠤ ᠭᠦᠷᠭᠡᠯ᠎ᠡ᠂

ᠳᠠᠭ᠎ᠠ ᠪᠠᠨ ᠳᠡᠵᠢᠭᠡᠭᠡᠳ ᠠᠭᠳᠠ ᠶᠢᠨ ᠴᠢᠳᠠᠯ ᠲᠡᠶ ᠪᠣᠯᠭᠠᠯ᠎ᠠ

ᠵᠠᠶᠠᠭᠠᠭᠰᠠᠨ ᠭᠦᠤ ᠪᠠᠨ ᠥᠰᠭᠡᠭᠡᠳ ᠡᠷ᠎ᠡ ᠶᠢᠨ ᠴᠢᠳᠠᠯ ᠲᠡᠶ ᠪᠣᠯᠭᠠᠯ᠎ᠠ᠂

ᠦᠷᠢᠶ᠎ᠠ ᠪᠠᠨ ᠳᠡᠵᠢᠭᠡᠭᠡᠳ ᠮᠤᠷᠢᠨ ᠤ ᠴᠢᠳᠠᠯ ᠲᠡᠶ ᠪᠣᠯᠭᠠᠯ᠎ᠠ

ᠠᠯᠠᠭ ᠦᠷ᠎ᠡ ᠪᠠᠨ ᠥᠰᠭᠡᠭᠡᠳ ᠡᠷ᠎ᠡ ᠶᠢᠨ ᠴᠡᠭᠡᠯ ᠳᠤ ᠭᠦᠷᠭᠡᠯ᠎ᠡ᠂

ᠡᠩᠭᠦᠷᠡᠢ᠌ᠯᠡᠵᠤ ᠥᠰᠭᠡᠭ᠍ᠰᠡᠨ ᠭᠦᠪᠠᠭᠦᠨ

ᠡᠷ᠎ᠡ ᠶᠢᠨ ᠴᠢᠳᠠᠯ ᠳᠤ ᠭᠦᠷᠦᠭ᠍ᠰᠡᠨ ᠳᠤᠯᠠ

ᠡᠭᠦᠳᠡ ᠡᠷᠦᠭᠡ ᠶᠢ ᠨᠢ ᠨᠡᠭᠡᠭᠡᠯᠭᠡᠵᠤ

ᠦᠨᠳᠦᠰᠦ ᠣᠭᠰᠠᠭ᠎ᠠ ᠶᠢ ᠨᠢ ᠵᠠᠯᠭᠠᠭᠤᠯᠬᠤ》 ᠭᠡᠳ ᠠᠯᠢ ᠠᠢ᠌ᠯ ᠤᠨ ᠭᠡᠦᠭᠡᠨ ᠪᠣᠯᠤᠮᠠᠷ ᠪᠠᠢ᠌ᠨ᠎ᠠ ᠭᠡᠳᠡᠭ᠌ ᠢ ᠣᠷᠢᠳᠴᠢᠯᠠᠨ ᠭᠡᠷ ᠵᠠᠭᠤᠷ᠎ᠠ ᠪᠠᠨ ᠵᠥᠪᠳᠡᠯᠴᠡᠭᠡᠳ ᠭᠦᠪᠠᠭᠦᠨ ᠤ ᠠᠪᠣ ᠡᠵᠢ ᠭᠡᠦᠭᠡᠨ ᠰᠤᠩᠭ᠋ᠤᠳᠠᠭ ᠪᠢᠯᠠ᠃ ᠰᠤᠩᠭ᠋ᠤᠬᠤ ᠳᠠᠭᠠᠨ ᠭᠡᠦᠭᠡᠨ ᠤ ᠥᠩᠭᠡ ᠵᠢᠰᠤ᠂ ᠣᠢ᠌ᠯᠠ ᠪᠠᠷᠢᠯ᠂ ᠵᠠᠩ ᠠᠭᠠᠯᠢ ᠶᠢ ᠦᠵᠡᠵᠤ ᠰᠡᠳᠭᠢᠯ ᠲᠡᠶ ᠨᠢ ᠨᠠᠢ᠌ᠴᠠᠪᠠᠯ ᠯᠠᠮᠠ ᠥᠵᠡᠯᠭᠡ ᠥᠵᠡᠭᠦᠯᠤᠨ᠂ ᠦᠨᠢᠷ ᠠᠢ᠌ᠯ ᠦᠦ᠂ ᠳᠠᠳᠠᠭᠤ ᠠᠢ᠌ᠯ ᠦᠦ᠂ ᠡᠭᠦᠳᠡ ᠡᠷᠦᠭᠡ ᠳᠠᠩᠴᠠᠮᠠᠷ ᠪᠠᠢ᠌ᠪᠠᠯ ᠡᠭᠦᠨ ᠳᠤ ᠬᠠᠯᠠ (ᠣᠪᠣᠭ) ᠳᠤᠳᠤᠷᠠᠭᠢ ᠳᠦᠷᠤᠯ ᠪᠢᠰᠢ ᠠᠢ᠌ᠯ ᠤᠨ ᠭᠢ ᠪᠠᠢ᠌ᠬᠤ ᠭᠡᠷᠡᠭ᠍ᠳᠡᠢ᠃ ᠪᠠᠰᠠ ᠭᠦᠪᠠᠭᠦᠨ ᠪᠣᠯᠤᠨ ᠦᠬᠢᠨ ᠤ ᠮᠢᠬ᠎ᠠ ᠮᠡᠩᠭᠡ ᠨᠢ ᠳᠠᠭᠠᠷᠠᠪᠠᠯ ᠰᠠ‍‌ᠶᠢ ᠳᠠᠷᠠ ᠦᠵᠡᠵᠤ ᠳᠤᠭᠤᠭᠰᠠᠨ ᠭᠡᠦᠭᠡᠨ ᠤ ᠭᠡᠷ ᠲᠤ ᠵᠠᠭᠤᠴᠢ ᠭᠦᠮᠤᠨ ᠣᠴᠢᠭᠤᠯᠤᠨ᠎ᠠ᠃ ᠡᠭᠦᠨ ᠳᠤ ᠵᠠᠭᠤᠴᠢ ᠶᠠᠪᠣᠭᠤᠯᠬᠤ ᠭᠦᠮᠤᠨ ᠶᠢᠡᠨ ᠣᠯᠬᠤ ᠭᠡᠷᠡᠭ᠍ᠳᠡᠢ ᠪᠣᠯᠤᠨ᠎ᠠ᠃

ᠵᠠᠭᠤᠴᠢ ᠪᠣᠯᠬᠤ ᠭᠦᠮᠤᠨ ᠨᠢ ᠯᠠᠮᠠ ᠪᠣᠰᠤ ᠪᠦᠭᠡᠳ ᠬᠤᠶᠠᠷ ᠳᠠᠯ᠎ᠠ ᠳᠤ ᠳᠦᠷᠤᠯ ᠰᠠᠳᠤᠨ ᠪᠢᠰᠢ ᠣᠳᠤᠮ ᠰᠠᠢ᠌ᠳᠠᠢ ᠬᠠᠷ᠎ᠠ ᠭᠦᠮᠤᠨ ᠪᠦᠭᠡᠳᠡᠯ᠎ᠡ ᠪᠠᠨ ᠨᠠᠩ ᠴᠤ ᠡᠮᠡᠭ᠍ᠳᠡᠢ ᠭᠦᠮᠤᠨ ᠪᠣᠰᠤ᠂ ᠡᠯᠢᠭᠡ ᠪᠦᠳᠤᠨ ᠬᠠᠨᠢ ᠨᠥᠭᠦᠷ ᠲᠡᠶ᠂ ᠦᠷ᠎ᠡ ᠬᠡᠦᠬᠡᠳ ᠲᠡᠶ᠂ ᠣᠯᠠᠨ ᠳᠠᠭᠠᠨ ᠢᠳᠡᠭᠡᠯ ᠭᠦᠡᠳᠦᠳᠡᠢ᠂ ᠰᠠᠢ᠌ᠨ ᠨᠠᠷ᠎ᠠ ᠳᠦᠷᠤ ᠲᠡᠶ᠂ ᠨᠤᠮᠤᠬᠠᠨ ᠳᠠᠷᠤᠤ ᠡᠪ ᠳᠠᠮᠳᠠᠢ ᠪᠠᠷ ᠭᠡᠯᠡᠵᠤ ᠶᠠᠷᠢᠵᠤ ᠴᠢᠳᠠᠳᠠᠭ᠃ ᠨᠠᠩ ᠴᠤ ᠪᠢᠳᠡᠭᠦᠤ ᠳᠠᠯᠳᠠ ᠤᠳᠬ᠎ᠠ ᠲᠡᠶ ᠥᠭᠡ ᠪᠠᠷ ᠭᠡᠯᠡᠯᠴᠡᠭᠦ ᠳᠤᠯᠠ ᠤᠳᠬ᠎ᠠ ᠰᠠᠨᠠᠭ᠎ᠠ ᠶᠢ ᠨᠢ ᠣᠢ᠌ᠯᠠᠭᠠᠨ ᠮᠠᠳᠠᠵᠤ ᠴᠢᠳᠠᠬᠤ᠂ ᠣᠷᠠᠯᠢᠭ ᠳᠠᠪᠠᠯᠢᠭ ᠰᠠᠢ᠌ᠬᠠᠨ ᠥᠭᠡ ᠪᠠᠷ ᠭᠡᠯᠡᠯᠴᠡᠳᠡᠭ᠌ ᠠᠪᠢᠶᠠᠰ ᠪᠢᠯᠢᠭ᠌ ᠲᠡᠶ ᠭᠦᠮᠤᠨ ᠢ ᠵᠠᠭᠤᠴᠢ ᠪᠠᠷ ᠵᠠᠯᠠᠬᠤ ᠪᠣᠯᠤᠨ᠎ᠠ᠃

ᠢᠩᠭᠢᠭᠡᠳ ᠳᠢᠶᠠᠠᠫᠢᠩ ᠭᠡᠳᠡᠭ᠌ ᠸᠠᠭᠠᠷ ᠶᠢᠡᠷ ᠭᠢᠭ᠍ᠰᠡᠨ 2 ᠊᠊᠊᠊᠊᠊᠊᠊᠊᠊᠊᠊᠊᠊᠊ 3 ᠵᠢᠩ ᠠᠷᠢᠭᠢ ᠪᠠᠭᠳᠠᠳᠠᠭ ᠰᠠᠪᠠ ᠪᠡᠯᠡᠳᠭᠡᠨ ᠠᠷᠢᠭᠢ ᠠᠪᠴᠤ᠂ ᠠᠬ᠎ᠠ ᠶᠡᠭᠡᠰ ᠳᠤᠨᠢ ᠪᠠᠷᠢᠬᠤ ᠪᠠᠯᠡᠭ᠌ ᠬᠠᠳᠠᠭ ᠲᠡᠶ ᠪᠠᠷ ᠰᠠᠢ᠌ᠨ ᠡᠳᠦᠷ ᠢ ᠰᠤᠩᠭ᠋ᠤᠵᠤ᠂ ᠳᠦᠷᠤ ᠵᠢᠷᠤᠮ ᠤᠨ ᠶᠤᠰᠤᠭᠠᠷ ᠵᠠᠭᠤᠴᠢ ᠪᠣᠯᠤᠭᠰᠠᠨ ᠭᠦᠮᠤᠨ ᠭᠡᠦᠭᠡᠨ ᠤ ᠳᠠᠯ᠎ᠠ ᠳᠤ ᠮᠤᠷᠢ ᠪᠠᠷ ᠣᠴᠢᠨ᠎ᠠ᠃

ᠭᠦᠪᠠᠭᠦᠨ ᠤ ᠳᠠᠯ᠎ᠠ ᠶᠢᠨ ᠵᠠᠭᠤᠴᠢ ᠨᠢ ᠨᠢᠭᠡ ᠨᠠᠰᠤᠳᠠᠨ᠂ ᠬᠠᠵᠠᠭᠤ ᠳᠠᠭᠠᠨ ᠬᠤᠶᠠᠷ ᠳᠤᠮᠳᠠ ᠨᠠᠰᠤᠨ ᠤ ᠪᠣᠶᠤ ᠵᠠᠯᠠᠭᠤ ᠶᠢ ᠳᠠᠭᠠᠭᠤᠯᠵᠤ ᠣᠴᠢᠳᠠᠭ᠃ ᠵᠠᠭᠤᠴᠢ᠂ ᠭᠡᠦᠭᠡᠨ ᠤ ᠭᠡᠷ ᠤᠨ ᠭᠠᠳᠠᠨ᠎ᠠ ᠭᠦᠷᠴᠤ ᠣᠴᠢᠬᠤ ᠳᠤ ᠭᠡᠷ ᠤᠨ ᠡᠵᠡᠨ ᠨᠤᠬᠠᠢ ᠬᠤᠷᠢᠵᠤ ᠭᠠᠷᠴᠤ ᠢᠷᠡᠭ᠍ᠰᠡᠨ ᠪᠠᠢ᠌ᠬᠤ ᠶᠤᠰᠤᠳᠠᠢ᠃ ᠵᠠᠭᠤᠴᠢ ᠮᠤᠷᠢᠨ ᠡᠴᠠ ᠪᠠᠨ ᠪᠠᠭᠤᠵᠤ ᠮᠢᠯᠢᠶ᠎ᠠ (ᠳᠠᠰᠢᠭᠤᠷ) ᠪᠠᠨ ᠮᠤᠷᠢᠨ ᠤ ᠪᠠᠨ ᠡᠮᠡᠭᠡᠯ ᠡᠴᠠ ᠡᠯᠭᠦᠭᠦ ᠪᠣᠶᠤ ᠭᠠᠳᠠᠨ᠎ᠠ ᠣᠷᠭᠢᠵᠤ ᠭᠡᠷ ᠳᠤᠨᠢ ᠣᠷᠤᠨ᠎ᠠ᠃ ᠭᠡᠷ ᠲᠤ ᠣᠷᠤᠭᠰᠠᠨ ᠤ ᠳᠠᠷᠠᠭ᠎ᠠ ᠭᠦᠯ ᠳᠠᠳᠠᠨ ᠮᠠᠠᠳᠤ ᠮᠠᠳᠠᠵᠤ ᠠᠮᠤᠷ ᠠᠰᠠᠭᠤᠭᠠᠤᠨ ᠭᠦᠭᠡᠷᠡᠭ᠌ (ᠭᠦᠭᠦᠷ) ᠭᠠᠷᠭᠠᠨ ᠬᠠᠷᠢᠯᠴᠠᠨ ᠳᠠᠮᠠᠭᠢᠯᠠᠵᠤ᠂ ᠨᠠᠰᠤᠳᠠᠨ ᠭᠦᠮᠤᠨ ᠬᠣᠢ᠌ᠮᠤᠷ ᠲᠤ ᠰᠠᠭᠤᠵᠤ ᠬᠠᠵᠠᠭᠤ ᠳ᠋ᠠᠭᠢ ᠬᠤᠶᠠᠷ ᠭᠦᠮᠤᠨ ᠭᠡᠷ ᠤᠨ ᠪᠠᠷᠠᠭᠤᠨ ᠪᠠᠶ᠎ᠠ ᠪᠠᠷ ᠨᠠᠰᠤᠳᠠᠨ ᠶᠢᠡᠨ ᠳᠠᠭᠠᠯᠴᠠᠨ ᠰᠠᠭᠤᠨ᠎ᠠ᠃

ᠠᠪᠴᠤ ᠢᠷᠡᠭ᠍ᠰᠡᠨ ᠳᠢᠶᠠᠠᠫᠢᠩ ᠲᠡᠶ ᠠᠷᠢᠭᠢ ᠪᠠᠨ ᠦᠷᠭᠦᠭᠡ (ᠮᠤᠩᠭ᠋ᠤᠯ ᠭᠡᠷ) ᠶ᠋ᠢᠨ ᠡᠭᠦᠳᠡᠨ ᠤ ᠪᠠᠷᠠᠭᠤᠨ ᠡᠮᠦᠨ᠎ᠡ ᠬᠠᠨ᠎ᠠ ᠳᠤ ᠡᠯᠭᠦᠨ᠎ᠡ᠃ ᠵᠠᠭᠤᠴᠢ ᠢᠷᠡᠭᠦ ᠪᠣᠯᠭᠠᠨ ᠳᠤ ᠳᠢᠶᠠᠠᠫᠢᠩ ᠲᠡᠶ ᠠᠷᠢᠭᠢ ᠡᠯᠭᠦᠭᠦ ᠬᠠᠨ᠎ᠠ ᠶᠢᠨ ᠳᠤᠯᠤᠭᠠᠢ ᠳᠤᠳᠤᠭᠰᠢᠯᠠᠨ᠎ᠠ᠃ ᠭᠡᠷ ᠤᠨ ᠡᠵᠡᠨ ᠵᠤᠴᠢᠨ ᠳᠤ ᠣᠯᠪᠣᠭ ᠳᠠᠪᠢᠰᠤᠨ ᠬᠣᠢ᠌ᠮᠤᠷ ᠲᠤ ᠰᠠᠭᠤᠯᠭᠠᠨ ᠭᠦᠡᠳᠦᠯᠡᠵᠤ ᠴᠠᠢ ᠠᠶᠠᠭᠠᠯᠠᠵᠤ ᠢᠷᠡᠭ᠍ᠰᠡᠨ ᠵᠤᠴᠢᠨ ᠳᠤ ᠪᠠᠷᠢᠨ᠎ᠠ᠃ ᠴᠠᠢ ᠣᠤᠭᠤᠬᠤ ᠵᠠᠪᠰᠠᠷ ᠲᠤ ᠵᠤᠭᠤᠭ ᠳᠡᠯᠭᠡᠨ ᠬᠠᠮᠢᠭ᠎ᠠ ᠡᠴᠠ ᠶᠠᠭᠤᠨ ᠳᠤ ᠢᠷᠡᠭ᠍ᠰᠡᠨ ᠠᠯᠢ ᠠᠢ᠌ᠯ ᠤᠨ ᠭᠦᠮᠤᠨ ᠭᠡᠳᠡᠭ᠌ ᠶᠢᠡᠨ ᠭᠡᠯᠡᠵᠤ ᠢᠷᠡᠭ᠍ᠰᠡᠨ ᠣᠴᠢᠷ ᠶᠢᠡᠨ ᠭᠠᠷᠭᠠᠵᠤ ᠭᠦᠭᠡᠷᠡᠭ᠌ ᠨᠠᠷᠠᠨ ᠳᠠᠮᠠᠭᠢᠯᠠᠵᠤ ᠠᠮᠠ ᠨᠡᠭᠡᠭᠡᠨ ᠬᠣᠢ᠌ᠮᠤᠷ ᠰᠠᠭᠤᠭᠰᠠᠨ ᠨᠠᠰᠤᠳᠠᠨ ᠡᠴᠠ 《ᠪᠢᠳᠠᠨ ᠣᠳᠤ ᠮᠠᠭᠤ ᠶᠢᠨ ᠶᠤᠰᠤᠨ ᠪᠢᠰᠢ᠂ ᠮᠤᠩᠭ᠋ᠤᠯ ᠤᠨ ᠶᠤᠰᠤᠨ᠃ ᠳᠠᠷᠠ ᠠᠢ᠌ᠯ ᠤᠨ××× ᠊ᠤ ᠭᠦᠪᠠᠭᠦᠨ××ᠪᠤᠯᠤᠨ ᠳᠠᠨ ᠤ ᠦᠬᠢᠨ ᠤ ᠮᠢᠬ᠎ᠠ ᠮᠡᠩᠭᠡ ᠳᠠᠭᠠᠷᠠᠵᠤ᠂ (ᠭᠡᠷᠪᠡ ᠮᠢᠬ᠎ᠠ ᠮᠡᠩᠭᠡ ᠨᠢ ᠳᠠᠭᠠᠷᠠᠬᠤ ᠦᠭᠡᠶ ᠪᠣᠯ ᠡᠨᠡ ᠣᠷᠤᠭ ᠤᠨ ᠶᠠᠪᠣᠳᠠᠯ ᠪᠦᠳᠦᠭᠦ ᠦᠭᠡᠶ) ᠵᠠᠶᠠᠭ᠎ᠠ ᠰᠠᠭᠤᠳᠠᠯ ᠨᠢᠭᠡᠳᠦᠭ᠍ᠰᠡᠨ ᠪᠦᠭᠡᠳ ᠵᠢᠷᠤᠬᠠᠢ ᠪᠠᠯᠭᠡ ᠰᠠᠢ᠌ᠨ ᠪᠠᠭᠤᠭᠰᠠᠨ ᠡᠴᠠ ᠮᠠᠨ ᠤ ᠳᠡᠭᠡᠳᠦᠰ ᠨᠠᠳᠠ ᠶᠢ ᠳᠤᠰᠬᠠᠢ᠌ᠯᠠᠨ ᠶᠠᠪᠣᠭᠤᠯᠵᠤ ᠳᠠᠨ ᠳᠤ ᠮᠠᠨᠳᠤ ᠮᠡᠳᠡᠭᠦᠯᠵᠤ ᠢᠷᠡᠭᠦᠯᠦᠭ᠍ᠰᠡᠨ ᠡᠴᠠ ᠭᠦᠪᠠᠭᠦᠨ ᠶᠢᠡᠨ ᠳᠠᠨ ᠳᠤ ᠳᠦᠰᠢᠭᠦᠯᠦᠨ᠎ᠡ》 ᠭᠡᠨ᠎ᠡ᠃

《ᠪᠣᠷᠤ ᠳᠢᠶᠠᠠᠫᠢᠩ ᠲᠡᠶ ᠠᠷᠢᠭᠢ ᠶᠢ ᠪᠠᠨ

ᠪᠠᠷᠠᠭᠤᠨ ᠬᠠᠨ᠎ᠠ ᠳᠤ ᠳᠠᠨᠢ ᠡᠯᠭᠦᠶ᠎ᠡ

ᠪᠠᠭ᠎ᠠ ᠡᠴᠠ ᠨᠢ ᠥᠰᠭᠡᠭ᠍ᠰᠡᠨ ᠭᠦᠪᠠᠭᠦᠨ ᠵᠢᠠᠨ

ᠪᠠᠷᠠᠭᠤᠨ ᠬᠤᠷᠮᠤᠢ ᠳᠤ ᠳᠠᠨᠢ ᠬᠤᠴᠢᠭᠤᠯᠤᠶ᠎ᠠ᠃

ᠳᠢᠶᠠᠠᠫᠢᠩ ᠰᠠᠪᠠ ᠲᠡᠶ ᠠᠷᠢᠭᠢ ᠶᠢ ᠪᠠᠨ

ᠳᠠᠨ ᠤ ᠬᠠᠨ᠎ᠠ ᠳᠤ ᠴᠢᠨᠢ ᠡᠯᠭᠦᠶ᠎ᠡ

ᠵᠠᠶᠠᠭᠠᠵᠤ ᠳᠦᠷᠦᠭ᠍ᠰᠡᠨ ᠭᠦᠪᠠᠭᠦᠨ ᠵᠢᠠᠨ

ᠵᠡᠭᠦᠨ ᠬᠤᠷᠮᠤᠢ ᠳᠤ ᠳᠠᠨᠢ ᠬᠤᠴᠢᠭᠤᠯᠤᠶ᠎ᠠ᠃

ᠥᠩᠭᠡᠳᠤ ᠳᠢᠶᠠᠠᠫᠢᠩ ᠲᠡᠶ ᠠᠷᠢᠭᠢ ᠶᠢ ᠪᠠᠨ

ᠦᠨᠳᠦᠷ ᠬᠠᠨ᠎ᠠ ᠳᠤ ᠴᠢᠨᠢ ᠡᠯᠭᠦᠶ᠎ᠡ

ᠥᠰᠭᠡᠵᠤ ᠪᠣᠢ᠌ᠵᠠᠭᠤᠯᠤᠭᠰᠠᠨ ᠭᠦᠪᠠᠭᠦᠨ ᠵᠢᠠᠨ

ᠣᠤ (ᠠᠭᠤᠵᠢᠮ) ᠰᠤᠭᠤ ᠳᠤ ᠳᠠᠨᠢ ᠡᠪᠦᠷᠳᠦᠯᠡᠭᠦᠯᠦᠶ᠎ᠡ᠃

ᠡᠷᠢᠶᠡᠨ ᠳᠢᠶᠠᠠᠫᠢᠩ ᠲᠡᠶ ᠠᠷᠢᠭᠢ ᠶᠢ ᠪᠠᠨ

ᠡᠭᠦᠳᠡᠨ ᠬᠠᠵᠠᠭᠤ ᠳᠤ ᠳᠠᠨᠢ ᠡᠯᠭᠦᠶ᠎ᠡ

ᠡᠩᠭᠦᠷᠡᠢ᠌ᠯᠡᠵᠤ ᠥᠰᠭᠡᠭ᠍ᠰᠡᠨ ᠭᠦᠪᠠᠭᠦᠨ ᠵᠢᠠᠨ

ᠡᠯᠪᠠᠭ᠌ ᠳᠠᠪᠠᠯ ᠳᠤ ᠳᠠᠨᠢ ᠰᠢᠷᠭᠤᠭᠤᠯᠤᠶ᠎ᠠ᠃

ᠣᠷᠢᠳᠤ ᠶᠢᠨ ᠢᠷᠦᠭᠡᠯ ᠢ ᠪᠣᠳᠤᠭᠠᠤᠨ

ᠦᠷ᠎ᠡ ᠪᠠᠨ ᠳᠠᠨ ᠳᠤ ᠳᠦᠰᠢᠭᠦᠯᠦᠨ᠎ᠡ ᠭᠡᠨ᠎ᠡ

ᠡᠷᠳᠡᠨ ᠤ ᠢᠷᠦᠭᠡᠯ ᠢ ᠵᠢᠷᠤᠮᠯᠠᠭᠠᠤᠨ

ᠭᠦᠪᠠᠭᠦᠨ ᠶᠢᠡᠨ ᠳᠠᠨ ᠳᠤ ᠳᠦᠰᠢᠭᠦᠯᠦᠨ᠎ᠡ ᠭᠡᠨ᠎ᠡ》 ᠭᠡᠵᠤ ᠳᠢᠶᠠᠠᠫᠢᠩ ᠲᠡᠶ ᠠᠷᠢᠭᠢ ᠪᠠᠨ ᠠᠪᠴᠤ ᠬᠤᠠᠳᠠᠭᠠᠯᠠᠨ ᠬᠠᠳᠠᠭ ᠲᠡᠶ ᠬᠠᠮᠳᠤ ᠪᠣᠰᠴᠤ ᠪᠠᠷᠢᠭᠠᠤᠨ 《ᠲᠦᠮᠡᠨ ᠳᠠᠪᠬᠤᠷ ᠦᠷᠤᠰᠢᠶᠠᠯ ᠬᠠᠢ᠌ᠷ᠎ᠠ ᠶᠢ ᠳᠠᠨᠢ ᠭᠦᠯᠢᠶᠡᠵᠤ ᠪᠠᠢ᠌ᠨ᠎ᠠ᠃ ᠦᠷᠭᠡᠨ ᠭᠡᠰᠢᠭ᠌ ᠲᠡᠭᠡᠨ ᠪᠠᠭᠳᠠᠭᠠᠵᠤ ᠬᠠᠢ᠌ᠷᠠᠯᠠᠭᠳᠤᠨ》 ᠭᠡᠵᠤ ᠳᠠᠨ ᠤ ᠦᠬᠢᠨ ᠢ ᠪᠠᠷᠢ ᠭᠤᠶᠤᠬᠤ ᠰᠠᠨᠠᠭ᠎ᠠ ᠪᠠᠨ ᠮᠡᠳᠡᠭᠦᠯᠦᠨ᠎ᠡ᠃

ᠦᠬᠢᠨ ᠤ ᠡᠴᠢᠭᠡ ᠡᠭᠡ ᠨᠢ ᠪᠦᠭᠦ ᠶᠠᠪᠣᠳᠠᠯ ᠢ ᠮᠡᠳᠡᠭ᠍ᠰᠡᠨ ᠤ ᠰᠡᠭᠦᠯᠡᠷ ᠦᠬᠢᠨ ᠶᠢᠡᠨ ᠦᠭ‍ᠭᠦ ᠳᠤᠷ᠎ᠠ ᠦᠭᠡᠶ ᠪᠣᠯ ᠠᠷᠢᠭᠢ ᠶᠢ ᠨᠢ ᠣᠤᠭᠤᠬᠤ ᠦᠭᠡᠶ᠂ ᠭᠡᠷᠪᠡ ᠣᠷᠤᠭ ᠤᠨ ᠶᠠᠪᠣᠳᠠᠯ ᠪᠦᠳᠦᠭᠦ ᠦᠭᠡᠶ ᠳᠤ ᠳᠤᠯᠪᠠᠯ ᠮᠤᠷᠢᠨ ᠤ ᠬᠠᠷ᠎ᠠ ᠳᠤᠭᠤᠷᠠᠢ ᠬᠠᠷᠢᠶᠠᠨ᠎ᠠ ᠭᠡᠳ ᠵᠠᠭᠤᠴᠢ ᠶᠢ ᠭᠤᠷᠪᠠ ᠳᠠᠭᠢᠨ ᠶᠠᠪᠣᠭᠤᠯᠬᠤ ᠦᠭᠡᠶ᠃

ᠡᠨᠡ ᠦᠶ᠎ᠡ ᠳᠤ ᠦᠬᠢᠨ ᠤ ᠠᠪᠣ ᠡᠵᠢ ᠨᠢ 《ᠵᠠ᠂ ᠳᠠᠨᠠᠷ ᠤᠨ ᠭᠡᠯᠡᠳᠡᠭ᠌ ᠵᠦᠪ᠂ ᠪᠢᠳᠠᠨ ᠤ ᠰᠤᠨᠤᠰᠳᠠᠭ ᠴᠤ ᠵᠦᠪ ᠰᠢᠤ᠂ ᠭᠦᠪᠠᠭᠦᠨ ᠲᠡᠶ ᠭᠦᠮᠤᠨ ᠪᠠᠷᠢ ᠠᠪᠴᠤ᠂ ᠦᠬᠢᠨ ᠲᠡᠶ ᠭᠦᠮᠤᠨ ᠠᠢ᠌ᠯ ᠭᠦᠷᠭᠡᠨ ᠳᠤ ᠦᠭ‍ᠭᠦᠨ᠎ᠡ ᠭᠡᠳᠡᠭ᠌᠃ ᠳᠠᠨᠠᠷ ᠡᠢ᠌ᠮᠤ ᠭᠡᠷᠡᠭ᠌ ᠶᠢᠡᠷ ᠢᠷᠡᠭ᠍ᠰᠡᠨ ᠪᠣᠯ ᠪᠢᠳᠠᠨ ᠴᠤ ᠳᠠᠨᠠᠷ ᠤᠨ ᠡᠨᠡ ᠣᠴᠢᠷ ᠢ ᠪᠣᠷᠤᠭᠤ ᠭᠡᠵᠤ ᠭᠡᠯᠡᠵᠤ ᠴᠢᠳᠠᠬᠤ ᠦᠭᠡᠶ》 ᠭᠡᠵᠤ ᠵᠦᠪ ᠬᠠᠷᠢᠭᠤ ᠪᠠᠨ ᠦᠭ‍ᠭᠦᠨ᠎ᠡ᠃

ᠳᠡᠭᠡᠭᠡᠳ ᠭᠤᠷᠪᠠᠳᠤᠭᠠᠷ ᠭᠦᠮᠤᠨ ᠳᠠᠷᠠ ᠭᠦ ᠬᠠᠨ᠎ᠠ ᠡᠴᠠ ᠡᠯᠭᠦᠭ᠍ᠰᠡᠨ ᠳᠢᠶᠠᠠᠫᠢᠩ ᠶᠢᠡᠨ ᠠᠪᠴᠤ ᠨᠢᠭᠡᠳᠦᠭᠡᠷ ᠭᠦᠮᠤᠨ ᠳᠡᠭᠡᠨ ᠦᠭ‍ᠭᠦ ᠳᠤ ᠨᠢᠭᠡᠳᠦᠭᠡᠷ ᠭᠦᠮᠤᠨ ᠠᠷᠢᠭᠢ ᠶᠢ ᠨᠢ ᠠᠪᠣ ᠳ᠋ᠤᠨᠢ ᠠᠷᠢᠭᠢ ᠪᠠᠷᠢᠵᠤ ᠠᠮᠠᠨ ᠢᠷᠦᠭᠡᠯ ᠢ ᠨᠢ ᠠᠪᠣᠨ᠎ᠠ᠃ ᠠᠪᠣ ᠨᠢ᠄

《ᠠᠭᠤᠯᠠᠨ ᠳᠤ ᠣᠷᠭᠤᠭᠰᠠᠨ ᠬᠠᠷᠭᠠᠢ ᠵᠢ

ᠣᠭᠳᠤᠯᠤᠨ ᠠᠪᠴᠤ ᠨᠠᠭᠠᠳᠤᠭᠤᠯᠤᠨ

ᠣᠭᠵᠢᠵᠤ ᠥᠰᠭᠡᠭ᠍ᠰᠡᠨ ᠦᠬᠢᠨ ᠵᠢᠠᠨ

ᠣᠷᠢᠳᠤ ᠶᠢᠨ ᠵᠢᠷᠤᠮ ᠢ ᠪᠣᠳᠤᠭᠠᠤᠨ

ᠣᠷᠤᠭ ᠤᠨ ᠬᠤᠯᠠ ᠳᠠᠭᠠᠨ ᠦᠭ‍ᠭᠦ ᠶᠤᠰᠤᠳᠠᠢ᠃

ᠬᠠᠳᠠᠨ ᠳᠤ ᠣᠷᠭᠤᠭᠰᠠᠨ ᠬᠠᠷᠭᠠᠢ ᠵᠢ

ᠬᠠᠯᠢᠰᠤᠯᠠᠨ ᠠᠪᠴᠤ ᠰᠠᠭᠠᠳᠠᠭᠤᠯᠤᠨ

ᠬᠠᠢ᠌ᠷᠠᠯᠠᠨ ᠥᠰᠭᠡᠭ᠍ᠰᠡᠨ ᠦᠬᠢᠨ ᠵᠢᠠᠨ

ᠬᠠᠷᠢ ᠶᠢᠨ ᠬᠤᠯᠠ ᠳᠠᠭᠠᠨ ᠦᠭ‍ᠭᠦ ᠶᠤᠰᠤᠳᠠᠢ᠃

ᠬᠠᠵᠠᠭᠠᠷᠯᠠᠭᠠᠤᠨ ᠢᠷᠡᠭ᠍ᠰᠡᠨ ᠮᠤᠷᠢ ᠶᠢ ᠴᠢᠨᠢ

ᠣᠯᠵᠠ ᠶᠢ ᠪᠣᠳᠤᠭᠠᠤᠨ ᠠᠪᠣᠭ᠎ᠠ ᠥᠭᠡᠢ

ᠬᠠᠳᠠᠭ ᠰᠠᠮᠪᠠᠢ ᠬᠤᠶᠠᠷ ᠢ ᠴᠢᠨᠢ

ᠪᠠᠯᠭᠡ ᠶᠢ ᠪᠣᠳᠤᠭᠠᠤᠨ ᠠᠪᠣᠭᠰᠠᠨ ᠶᠤᠮ᠃

ᠨᠤᠭᠳᠤᠯᠠᠭᠠᠤᠨ ᠢᠷᠡᠭ᠍ᠰᠡᠨ ᠮᠤᠷᠢ ᠶᠢ ᠴᠢᠨᠢ

ᠣᠯᠵᠠ ᠶᠢ ᠪᠣᠳᠤᠭᠠᠤᠨ ᠠᠪᠣᠭ᠎ᠠ ᠥᠭᠡᠢ

ᠯᠤᠩᠬᠤ ᠲᠡᠶ ᠠᠷᠢᠭᠢ ᠬᠠᠳᠠᠭ ᠬᠤᠶᠠᠷ ᠢ ᠴᠢᠨᠢ

ᠪᠠᠯᠭᠡ ᠶᠢ ᠪᠣᠳᠤᠭᠠᠤᠨ ᠠᠪᠣᠭᠰᠠᠨ ᠶᠤᠮ᠃

ᠭᠡᠪᠠᠴᠤ ᠳᠠᠨ ᠤ ᠭᠡᠯᠡᠭ᠍ᠰᠡᠨ ᠡᠨᠡ ᠶᠡᠭᠡ ᠣᠴᠢᠷ ᠢ

ᠭᠡᠦᠭᠡᠨ ᠦᠷ᠎ᠡ ᠳᠦᠷᠦᠭᠰᠠᠨ ᠡᠴᠠ ᠬᠣᠢ᠌ᠰᠢ

ᠭᠦᠮᠤᠨ ᠤ ᠭᠠᠵᠠᠷ ᠵᠠᠶᠠᠭ᠎ᠠ ᠲᠡᠶ ᠭᠡᠳᠡᠭ᠌

ᠭᠦᠭᠦᠨ ᠤ ᠰᠦ᠋ ᠪᠠᠨ ᠰᠢᠮᠡᠭᠦᠯᠦᠭ᠍ᠰᠡᠨ

ᠭᠦᠡᠳᠦᠳᠤ ᠡᠵᠢ ᠨᠢ ᠭᠤᠤᠯ ᠮᠠᠳᠠᠨ᠎ᠠ᠃

ᠦᠬᠢᠨ ᠦᠷ᠎ᠡ ᠥᠰᠦᠭ᠍ᠰᠡᠨ ᠡᠴᠠ ᠬᠣᠢ᠌ᠰᠢ

ᠣᠷᠤᠭ ᠤᠨ ᠭᠠᠵᠠᠷ ᠵᠠᠶᠠᠭ᠎ᠠ ᠲᠡᠶ ᠭᠡᠳᠡᠭ᠌

ᠬᠠᠯᠠᠭᠤᠨ ᠰᠦ᠋ ᠪᠠᠨ ᠭᠦᠭᠦᠭᠦᠯᠦᠭ᠍ᠰᠡᠨ

ᠬᠠᠢ᠌ᠷᠠᠳᠤ ᠡᠵᠢ ᠨᠢ ᠭᠤᠤᠯ ᠮᠠᠳᠠᠨ᠎ᠠ᠃》

ᠡᠵᠢ ᠨᠢ᠄ 《ᠨᠠᠷᠠᠰᠤ ᠡᠴᠠ ᠪᠦᠳᠦᠭᠦᠨ ᠮᠤᠳᠤ ᠦᠭᠡᠶ᠂ ᠨᠠᠭᠠᠴᠤ ᠡᠴᠠ ᠶᠡᠭᠡ ᠳᠦᠷᠤᠯ ᠦᠭᠡᠶ ᠶᠤᠮ ᠴᠢᠨᠢ ᠨᠠᠭᠠᠴᠤ ᠨᠡᠷ ᠡᠴᠠ ᠨᠢ ᠠᠰᠠᠭᠤᠵᠤ ᠵᠦᠪᠳᠠᠯᠴᠠᠵᠤ ᠦᠵᠡᠶ᠎ᠠ》 ᠭᠡᠳᠡᠭ᠌᠃

ᠠᠷᠢᠭᠢ ᠪᠠᠷᠢᠬᠤ ᠳᠠᠭᠠᠨ ᠪᠦᠷ ᠬᠤᠶᠠᠷ ᠬᠤᠠᠳᠠᠭ᠎ᠠ ᠪᠠᠢ᠌ᠳᠠᠭ᠃ ᠠᠪᠣ ᠨᠢ ᠠᠷᠢᠭᠢ ᠠᠪᠴᠤ ᠣᠤᠭᠤᠪᠠᠯ ᠬᠠᠮᠳᠤ ᠰᠠᠭᠤᠯᠴᠠᠭᠰᠠᠨ ᠡᠵᠢ ᠨᠢ 《ᠮᠠᠨ ᠤ ᠦᠬᠢᠨ᠂ ᠳᠠᠨ ᠤ ᠭᠦᠪᠠᠭᠦᠨ ᠤ ᠮᠢᠬ᠎ᠠ ᠮᠡᠩᠭᠡ ᠳᠠᠭᠠᠷᠠᠭᠠᠤᠨ ᠠᠴᠢᠳᠤ ᠠᠪᠣ ᠨᠢ ᠠᠷᠢᠭᠢ ᠣᠤᠭᠤᠭᠰᠠᠨ ᠳᠤᠯᠠ ᠡᠵᠢ ᠨᠢ ᠨᠠᠳᠠ ᠰᠠᠨᠠᠯ ᠦᠭᠡᠶ》 ᠭᠡᠳ ᠬᠠᠳᠠᠭ ᠢ ᠨᠢ ᠳᠤᠰᠴᠤ ᠠᠷᠢᠭᠢ ᠶᠢ ᠨᠢ ᠣᠤᠭᠤᠪᠠᠯ ᠳᠠᠷᠤᠢ ᠣᠷᠤᠭ ᠭᠤᠶᠤᠬᠤ ᠶᠢ ᠵᠥᠪᠰᠢᠶᠡᠷᠡᠭ᠍ᠰᠡᠨ ᠰᠠᠨᠠᠭ᠎ᠠ ᠲᠡᠶ᠃

ᠢᠩᠭᠢᠭᠡᠳ ᠵᠠᠭᠤᠴᠢ ᠨᠢ《 ᠪᠢ××× ᠊ᠤ ᠭᠦᠪᠠᠭᠦᠨ ᠢ ᠲᠦᠯᠦᠭᠡᠯᠡᠨ ᠭᠦᠡᠳᠦᠳᠤ ᠭᠡᠰᠢᠭ᠌ ᠲᠤ ᠮᠦᠷᠭᠦᠵᠤ ᠪᠠᠢ᠌ᠨ᠎ᠠ》 ᠭᠡᠳ ᠬᠠᠳᠠᠭ ᠶᠢᠡᠨ ᠭᠠᠷᠭᠠᠵᠤ ᠠᠬᠠᠰ ᠵᠠᠬᠠᠰ ᠡᠴᠠ ᠳᠠᠷᠠᠭᠠᠯᠠᠨ ᠠᠷᠢᠭᠢ ᠪᠠᠨ ᠪᠦᠭᠦ ᠭᠡᠷ ᠤᠨ ᠭᠦᠮᠦᠰ ᠲᠤ ᠪᠠᠷᠢᠨ᠎ᠠ᠃ ᠵᠠᠯᠭᠠᠭᠠᠤᠨ ᠬᠠᠮᠳᠤ ᠰᠠᠭᠤᠯᠴᠠᠨ ᠠᠷᠢᠭᠢᠳᠠᠨ ᠨᠠᠢ᠌ᠷᠯᠠᠵᠤ ᠭᠡᠷ ᠤᠨ ᠡᠵᠡᠨ ᠬᠤᠭᠤᠯᠠ ᠱᠦᠯᠦ ᠪᠡᠯᠡᠳᠭᠡᠵᠤ ᠳᠠᠢ᠌ᠯᠠᠨ᠎ᠠ᠃ ᠡᠨᠡ ᠬᠤᠭᠤᠷᠤᠠᠳᠤ ᠦᠬᠢᠨ ᠤ ᠳᠠᠯ᠎ᠠ ᠡᠴᠠ ᠭᠦᠪᠠᠭᠦᠨ ᠤ ᠳᠠᠯ᠎ᠠ ᠪᠠᠷ ᠳᠦᠭᠦᠭᠡᠷᠦᠭᠦᠯᠭᠦ ᠵᠣᠢ᠌ᠯ ᠶᠢᠡᠨ ᠪᠦᠷ ᠠᠰᠠᠭᠤᠵᠤ ᠳᠤᠭᠳᠠᠭᠠᠬᠤ᠂ ᠴᠢᠨᠠᠭᠰᠢᠯᠠᠪᠠᠯ ᠠᠷᠢᠭᠢ ᠬᠠᠳᠠᠭ ᠳᠠᠯᠪᠢᠬᠤ ᠴᠠᠭ ᠬᠤᠭᠤᠴᠠᠭ᠎ᠠ ᠪᠠᠨ ᠴᠤ ᠶᠡᠭᠡ ᠲᠦᠯᠤᠪ ᠳᠤᠭᠳᠠᠭᠠᠵᠤ ᠪᠣᠯᠤᠨ᠎ᠠ᠃ (ᠬᠤᠵᠢᠮ ᠨᠢ ᠦᠬᠢᠨ ᠪᠠ ᠭᠦᠪᠠᠭᠦᠨ ᠤ ᠳᠠᠯ᠎ᠠ ᠶᠢᠨ ᠭᠢᠨ ᠦᠪᠡᠷᠰᠠᠤᠨ ᠶᠢᠡᠨ ᠳᠠᠭᠢᠨ ᠭᠡᠯᠡᠯᠴᠡᠵᠤ ᠳᠤᠭᠢᠷᠠᠬᠤ ᠴᠤ ᠪᠠᠢ᠌ᠳᠠᠭ)᠃

ᠨᠤᠳᠤᠭ ᠤᠨ ᠥᠭᠡᠯᠡᠳ ᠤᠨ ᠶᠠᠷᠢᠶᠠᠨ ᠳᠤ 《ᠭᠤᠷᠪᠠᠨ ᠪᠠᠷᠢ ᠪᠠᠭᠤᠯᠭᠠᠪᠠᠯ ᠪᠠᠶᠠᠵᠢᠨ᠂ ᠭᠤᠷᠪᠠᠨ ᠭᠡᠦᠭᠡᠨ ᠮᠤᠷᠳᠠᠭᠤᠯᠪᠠᠯ ᠬᠠᠶᠠᠭ᠎ᠠ ᠴᠡᠭᠡᠢ᠌ᠨ᠎ᠡ》 ᠭᠡᠵᠤ ᠭᠡᠯᠳᠡᠭ᠌᠃ ᠡᠢ᠌ᠮᠤ ᠡᠴᠠ ᠶᠠᠮᠠᠷ ᠴᠤ ᠠᠢ᠌ᠯ ᠭᠡᠰᠡᠨ ᠦᠭᠡᠶ ᠦᠪᠡᠷ ᠤᠨ ᠪᠠᠢ᠌ᠳᠠᠯ ᠶᠢᠡᠨ ᠦᠵᠡᠨ ᠦᠬᠢᠨ ᠶᠢᠡᠨ ᠮᠤᠷᠳᠠᠭᠤᠯᠬᠤ ᠳᠠᠭᠠᠨ ᠢᠰᠡᠭᠡᠢ ᠭᠡᠷ (ᠦᠷᠭᠦᠭᠡ) ᠲᠡᠶ᠂ ᠣᠨᠤᠬᠤ ᠡᠴᠠ ᠮᠤᠷᠢ ᠲᠡᠶ᠂ ᠰᠠᠭᠠᠬᠤ ᠡᠴᠠ ᠳᠤᠭᠤᠯ ᠲᠡᠶ ᠦᠨᠢᠶ᠎ᠡ᠂ ᠭᠦᠯᠯᠡᠭᠦ ᠡᠴᠠ ᠱᠠᠷ ᠲᠡᠶ᠂ ᠳᠠᠭᠤᠬᠤ ᠡᠴᠠ ᠬᠤᠨᠢ ᠲᠡᠶ᠂ ᠡᠮᠦᠰᠭᠦ ᠡᠴᠠ ᠬᠤᠷᠠᠭᠠᠨ ᠦᠴᠢ ᠲᠡᠶ᠂ ᠯᠠᠪᠰᠢᠭ ᠪᠠ ᠭᠠᠭᠠᠷ ᠴᠠᠮᠴᠠ ᠡᠴᠠ ᠡᠭᠢᠯᠡᠨ ᠳᠤᠳᠤᠷ ᠬᠤᠪᠴᠠᠰᠤ ᠲᠡᠶ ᠮᠤᠷᠳᠠᠭᠤᠯᠤᠨ᠎ᠠ᠃

ᠵᠠᠭᠤᠴᠢ ᠶᠢᠨ ᠭᠦᠮᠤᠨ ᠦᠬᠢᠨ ᠤ ᠳᠠᠯ᠎ᠠ ᠡᠴᠠ ᠵᠦᠪᠰᠢᠶᠠᠷᠠᠯ ᠣᠯᠵᠤ ᠵᠦᠪᠳᠠᠯᠴᠠᠵᠤ ᠳᠤᠭᠳᠠᠭᠰᠠᠨ ᠶᠢᠡᠨ ᠭᠦᠪᠠᠭᠦᠨ ᠤ ᠭᠡᠷ ᠲᠤ ᠭᠦᠷᠦᠭ᠍ᠰᠡᠨ ᠤ ᠳᠠᠷᠠᠭ᠎ᠠ ᠨᠢᠭᠡᠳ ᠨᠢᠭᠡ ᠪᠠᠷ ᠳᠠᠰ ᠳᠠᠷᠠᠭᠠᠯᠠᠨ ᠶᠠᠷᠢᠯᠴᠠᠭᠰᠠᠨ ᠣᠴᠢᠷ᠂ ᠭᠡᠯᠡᠭ᠍ᠰᠡᠨ ᠥᠭᠡ ᠶᠢ ᠨᠢ ᠭᠦᠪᠠᠭᠦᠨ ᠤ ᠡᠴᠢᠭᠡ ᠡᠭᠡ ᠳ᠋ᠤᠨᠢ ᠳᠤᠭᠠᠴᠢᠭᠰᠠᠨ ᠤ ᠳᠠᠷᠠᠭ᠎ᠠ ᠪᠠᠷ ᠵᠠᠭᠤᠴᠢ ᠳᠠᠭᠠᠨ ᠰᠠᠢ᠌ᠨ ᠬᠤᠭᠤᠯᠠ ᠪᠣᠳᠠᠭ᠎ᠠ ᠪᠠᠨ ᠢᠳᠡᠭᠦᠯᠤᠨ᠂ ᠠᠷᠢᠭᠢ ᠪᠠᠷᠢᠵᠤ ᠴᠠᠢ ᠪᠠᠨ ᠣᠤᠭᠤᠯᠠᠭᠠᠭᠠᠤᠨ ᠬᠠᠳᠠᠭ ᠪᠠᠷᠢᠵᠤ᠂

《ᠰᠠᠨᠠᠭᠰᠠᠨ ᠣᠴᠢᠷ

ᠰᠡᠳᠭᠢᠯᠴᠢᠯᠠᠨ ᠪᠦᠳᠦᠭᠡᠳ

ᠰᠠᠢ᠌ᠨ ᠪᠣᠯᠵᠠᠢ᠃

ᠪᠣᠳᠤᠭᠰᠠᠨ ᠭᠡᠷᠡᠭ᠌

ᠪᠣᠳᠤᠯᠭᠠᠨ ᠤ ᠶᠤᠰᠤᠭᠠᠷ

ᠪᠦᠳᠦᠮᠵᠢ ᠲᠡᠶ ᠪᠣᠯᠵᠠᠢ᠃

ᠣᠷᠤᠭ ᠤᠨ ᠶᠠᠪᠣᠳᠠᠯ

ᠣᠷᠤᠭᠰᠢ ᠲᠡᠶ ᠪᠣᠯᠵᠤ

ᠰᠠᠭᠠᠤᠨ ᠳᠤᠳᠬᠠᠷ ᠥᠭᠡᠢ

ᠰᠠᠢ᠌ᠬᠠᠨ ᠶᠠᠪᠣᠭᠠᠤᠨ ᠢᠷᠠᠪᠠ》 ᠭᠡᠮᠡᠨ ᠪᠠᠯᠡᠭ᠌ ᠳᠠᠯᠠᠷᠬᠠᠯ ᠤᠨ ᠶᠠᠭᠤᠮ᠎ᠠ ᠪᠠᠨ ᠥᠭ᠍ᠴᠤ ᠢᠷᠦᠭᠡᠯ ᠤᠨ ᠥᠭᠡ ᠪᠠᠨ ᠭᠡᠯᠡᠵᠤ ᠰᠥᠭᠦᠷᠡᠨ ᠮᠦᠷᠭᠦᠵᠤ ᠮᠤᠷᠳᠠᠭᠤᠯᠤᠨ᠎ᠠ᠃

ᠢᠩᠭᠢᠵᠤ ᠵᠥᠪᠰᠢᠶᠡᠷᠡᠭ᠍ᠰᠡᠨ ᠤ ᠳᠠᠷᠠᠭ᠎ᠠ ᠭᠡᠳᠤᠨ ᠡᠳᠦᠷ ᠪᠣᠯᠤᠭᠠᠤᠨ ᠭᠦᠪᠠᠭᠦᠨ ᠤ ᠡᠴᠢᠭᠡ ᠡᠭᠡ ᠠᠢ᠌ᠯᠴᠢᠯᠠᠵᠤ ᠢᠷᠡᠭᠡᠳ᠄

《ᠣᠷᠢᠳᠤ ᠶᠢᠨ ᠢᠷᠦᠭᠡᠯ ᠢ ᠪᠣᠳᠤᠭᠠᠤᠨ

ᠦᠷ᠎ᠡ ᠪᠠᠨ ᠳᠠᠨ ᠳᠤ ᠳᠦᠰᠢᠭᠦᠯᠦᠶ᠎ᠡ

ᠡᠷᠳᠡᠨ ᠤ ᠢᠷᠦᠭᠡᠯ ᠢ ᠵᠢᠷᠤᠮᠯᠠᠭᠠᠤᠨ

ᠭᠦᠪᠠᠭᠦᠨ ᠶᠢᠡᠨ ᠳᠠᠨ ᠳᠤ ᠳᠦᠰᠢᠭᠦᠯᠦᠶ᠎ᠡ

ᠮᠠᠳᠠᠭᠠᠤᠨ ᠮᠠᠷᠳᠠᠰᠢ ᠦᠭᠡᠶ ᠬᠤᠳᠠ ᠬᠤᠳᠠᠭᠠᠢ ᠪᠣᠯᠤᠯᠴᠠᠨ

ᠳᠠᠳᠠᠭᠠᠤᠨ ᠳᠠᠰᠤᠷᠠᠰᠢ ᠦᠭᠡᠶ ᠣᠷᠤᠭ ᠰᠠᠳᠤᠨ ᠪᠣᠯᠤᠯᠴᠠᠵᠠᠭᠠᠶ᠎ᠠ》 ᠭᠡᠵᠤ ᠭᠦᠮᠤᠨ ᠢᠯᠡᠭᠡᠭ᠍ᠰᠡᠨ ᠪᠢᠯᠠ᠃ ᠡᠭᠦᠨ ᠳᠤ ᠳᠠ ᠪᠦᠭᠦᠨ ᠠᠮᠠᠨ ᠢᠷᠦᠭᠡᠯ ᠶᠢᠡᠨ ᠬᠠᠢ᠌ᠷᠠᠯᠠᠵᠤ ᠦᠨᠡᠨ ᠥᠭᠡ ᠪᠠᠨ ᠭᠡᠯᠡᠵᠤ ᠵᠥᠪᠰᠢᠶᠡᠷᠡᠭ᠍ᠰᠡᠨ ᠳᠤ ᠪᠢᠳᠠ ᠪᠠᠶᠠᠷᠯᠠᠵᠤ ᠣᠳᠤ ᠳᠠᠨᠠᠷ ᠤᠨ ᠦᠷᠤᠰᠢᠶᠠᠯ᠂ ᠢᠷᠦᠭᠡᠯ ᠢ ᠴᠢᠨᠢ ᠠᠪᠬᠤ ᠪᠠᠷ ᠢᠷᠠᠪᠠ ᠭᠡᠮᠡᠨ ᠬᠠᠳᠠᠭ ᠶᠢᠡᠨ ᠪᠠᠷᠢᠵᠤ ᠠᠷᠢᠭᠢ ᠪᠠᠷᠢᠨ᠎ᠠ᠃ ᠦᠬᠢᠨ ᠤ ᠡᠴᠢᠭᠡ ᠨᠢ ᠬᠠᠳᠠᠭ ᠢ ᠠᠪᠴᠤ ᠠᠷᠢᠭᠢ ᠶᠢ ᠨᠢ ᠣᠤᠭᠤᠬᠤ ᠳᠠᠭᠠᠨ᠄

《ᠬᠠᠳᠠ ᠶᠢᠨ ᠬᠠᠷᠴᠠᠭᠠᠢ ᠶᠢᠨ ᠵᠤᠯᠵᠠᠭ᠎ᠠ

ᠬᠠᠳᠠ ᠲᠡᠶ ᠠᠭᠤᠯᠠᠨ ᠳᠠᠭᠠᠨ ᠵᠠᠶᠠᠭ᠎ᠠ ᠳᠠᠢ

ᠬᠠᠢ᠌ᠷᠠᠳᠤ ᠦᠷ᠎ᠡ ᠦᠰᠪᠠᠯ

ᠬᠠᠳᠠᠮ ᠤᠨ ᠭᠠᠵᠠᠷ ᠵᠠᠶᠠᠭ᠎ᠠ ᠳᠠᠢ

ᠪᠣᠷᠤ ᠪᠢᠯᠵᠤᠤᠬᠠᠢ ᠶᠢᠨ ᠵᠤᠯᠵᠠᠭ᠎ᠠ

ᠪᠣᠷᠭᠠᠰᠤᠨ ᠳᠤᠬᠤᠢ ᠳᠠᠭᠠᠨ ᠵᠠᠶᠠᠭ᠎ᠠ ᠳᠠᠢ

ᠪᠠᠭ᠎ᠠ ᠶᠢᠨ ᠦᠷ᠎ᠡ ᠦᠰᠪᠠᠯ

ᠪᠣᠰᠤᠳ ᠭᠠᠵᠠᠷ ᠵᠠᠶᠠᠭ᠎ᠠ ᠳᠠᠢ

ᠠᠯᠳᠠᠨ ᠭᠤᠷᠭᠤᠯᠳᠠᠢ ᠶᠢᠨ ᠵᠤᠯᠵᠠᠭ᠎ᠠ

ᠠᠳᠠᠷ ᠳᠠᠯ᠎ᠠ ᠳᠠᠭᠠᠨ ᠵᠠᠶᠠᠭ᠎ᠠ ᠳᠠᠢ

ᠠᠯᠠᠭ ᠦᠷ᠎ᠡ ᠦᠰᠪᠠᠯ

ᠠᠯᠤᠰ ᠤᠨ ᠨᠤᠳᠤᠭ ᠲᠤ ᠵᠠᠶᠠᠭ᠎ᠠ ᠳᠠᠢ

ᠨᠠᠴᠢᠨ ᠱᠤᠩᠬᠤᠷ ᠤᠨ ᠵᠤᠯᠵᠠᠭ᠎ᠠ

ᠨᠠᠷᠠᠰᠤᠳᠤ ᠠᠭᠤᠯᠠᠨ ᠳᠠᠭᠠᠨ ᠵᠠᠶᠠᠭ᠎ᠠ ᠳᠠᠢ

ᠨᠠᠮᠤᠭᠤᠨ ᠳᠦᠷᠦᠭ᠍ᠰᠡᠨ ᠭᠡᠦᠭᠡᠨ

ᠨᠠᠰᠤᠨ ᠤ ᠭᠠᠵᠠᠷ ᠲᠠᠭᠠᠨ ᠵᠠᠶᠠᠭ᠎ᠠ ᠳᠠᠢ》 ᠭᠡᠵᠤ ᠢᠷᠦᠭᠡᠯ ᠶᠢᠡᠨ ᠳᠠᠯᠪᠢᠨ᠎ᠠ᠃ ᠦᠬᠢᠨ ᠤ ᠡᠭᠡ ᠨᠢ ᠬᠠᠳᠠᠭ ᠢ ᠠᠪᠴᠤ ᠠᠷᠢᠭᠢ ᠶᠢ ᠨᠢ ᠣᠤᠭᠤᠬᠤ ᠳᠠᠭᠠᠨ᠄

《ᠭᠦᠭᠦᠭᠡ ᠰᠢᠪᠠᠭᠤ ᠶᠢᠨ ᠳᠡᠭ᠍ᠳᠡᠭᠡᠭᠡᠢ

ᠭᠦᠳᠡᠭᠡ ᠳᠠᠯ᠎ᠠ ᠳᠠᠭᠠᠨ ᠵᠠᠶᠠᠭ᠎ᠠ ᠳᠠᠢ

ᠭᠡᠦᠭᠡᠨ ᠦᠷ᠎ᠡ ᠦᠰᠪᠠᠯ

ᠭᠦᠮᠤᠨ ᠤ ᠭᠠᠵᠠᠷ ᠵᠠᠶᠠᠭ᠎ᠠ ᠳᠠᠢ

ᠬᠠᠷᠴᠠᠭᠠᠢ ᠰᠢᠪᠠᠭᠤ ᠶᠢᠨ ᠳᠡᠭ᠍ᠳᠡᠭᠡᠭᠡᠢ

ᠬᠠᠳᠠᠳᠤ ᠠᠭᠤᠯᠠᠨ ᠳᠠᠭᠠᠨ ᠵᠠᠶᠠᠭ᠎ᠠ ᠳᠠᠢ

ᠬᠠᠢ᠌ᠷᠠᠳᠤ ᠭᠡᠦᠭᠡᠨ ᠦᠰᠪᠠᠯ

ᠬᠠᠳᠠᠮ ᠤᠨ ᠭᠠᠵᠠᠷ ᠵᠠᠶᠠᠭ᠎ᠠ ᠳᠠᠢ

ᠬᠤᠨ ᠰᠢᠪᠠᠭᠤ ᠶᠢᠨ ᠵᠤᠯᠵᠠᠭ᠎ᠠ

ᠬᠤᠯᠤᠰᠤᠳᠤ ᠨᠠᠭᠤᠷ ᠲᠠᠭᠠᠨ ᠵᠠᠶᠠᠭ᠎ᠠ ᠳᠠᠢ

ᠦᠬᠢᠨ ᠦᠷ᠎ᠡ ᠦᠰᠪᠠᠯ

ᠣᠷᠤᠭ ᠤᠨ ᠭᠠᠵᠠᠷ ᠵᠠᠶᠠᠭ᠎ᠠ ᠳᠠᠢ》 ᠭᠡᠵᠤ ᠢᠷᠦᠭᠡᠯ ᠶᠢᠡᠨ ᠳᠠᠯᠪᠢᠭᠠᠤᠨ ᠦᠬᠢᠨ ᠤ ᠡᠭᠡ ᠨᠢ ᠬᠤᠶᠠᠳᠠᠭᠢ ᠠᠷᠢᠭᠢ ᠣᠤᠭᠤᠬᠤ ᠳᠠᠭᠠᠨ᠄

《ᠪᠣᠷᠤ ᠵᠡᠭᠡᠷᠳᠡ ᠮᠤᠷᠢ ᠶᠢ ᠴᠢᠨᠢ

ᠣᠯᠵᠠ ᠶᠢ ᠪᠣᠳᠤᠭᠠᠤᠨ ᠠᠪᠣᠭᠰᠠᠨ ᠥᠭᠡᠢ

ᠪᠡᠯᠡᠳᠭᠡᠭᠡᠳ ᠢᠷᠡᠭ᠍ᠰᠡᠨ ᠠᠷᠢᠭᠢ ᠶᠢ ᠴᠢᠨᠢ

ᠪᠠᠯᠭᠡ ᠶᠢ ᠪᠣᠳᠤᠭᠠᠤᠨ ᠠᠪᠣᠭᠰᠠᠨ ᠶᠤᠮ᠃

ᠳᠠᠯᠠᠮᠠᠨ ᠵᠢᠷᠤᠭ᠎ᠠ ᠮᠤᠷᠢ ᠶᠢ ᠴᠢᠨᠢ

ᠣᠯᠵᠠ ᠶᠢ ᠪᠣᠳᠤᠭᠠᠤᠨ ᠠᠪᠣᠭᠰᠠᠨ ᠥᠭᠡᠢ

ᠳᠢᠶᠠᠠᠫᠢᠩ ᠬᠤᠤ ᠲᠡᠶ ᠠᠷᠢᠭᠢ ᠶᠢ ᠴᠢᠨᠢ

ᠳᠠᠯ᠎ᠠ ᠶᠢ ᠪᠣᠳᠤᠭᠠᠤᠨ ᠠᠪᠣᠭᠰᠠᠨ ᠶᠤᠮ᠃

ᠰᠠᠷᠠᠯ ᠵᠢᠷᠤᠭ᠎ᠠ ᠮᠤᠷᠢ ᠶᠢ ᠴᠢᠨᠢ

ᠣᠯᠵᠠ ᠶᠢ ᠪᠣᠳᠤᠭᠠᠤᠨ ᠠᠪᠣᠭ᠎ᠠ ᠥᠭᠡᠢ

ᠰᠠᠭᠠᠯᠢ ᠶᠢᠨ ᠠᠷᠢᠭᠢ᠂ ᠬᠠᠳᠠᠭ ᠬᠤᠶᠠᠷ ᠢ ᠴᠢᠨᠢ

ᠰᠠᠢ᠌ᠨ ᠤ ᠶᠠᠪᠣᠳᠠᠯ ᠳᠤ ᠠᠪᠣᠭᠰᠠᠨ ᠶᠤᠮ᠃

ᠬᠠᠷ᠎ᠠ ᠭᠡᠭᠡᠷ ᠮᠤᠷᠢ ᠶᠢ ᠴᠢᠨᠢ

ᠣᠯᠵᠠ ᠶᠢ ᠪᠣᠳᠤᠭᠠᠤᠨ ᠠᠪᠣᠭ᠎ᠠ ᠥᠭᠡᠢ

ᠠᠯᠴᠢᠭᠤᠷ ᠬᠠᠳᠠᠭ ᠬᠤᠶᠠᠷ ᠢ ᠴᠢᠨᠢ

ᠣᠷᠤᠭ ᠤᠨ ᠶᠤᠰᠤᠨ ᠳᠠᠭᠠᠨ ᠠᠪᠣᠭᠰᠠᠨ ᠶᠤᠮ》 ᠭᠡᠵᠤ ᠢᠷᠦᠭᠡᠯ ᠶᠢᠡᠨ ᠳᠠᠯᠪᠢᠨ᠎ᠠ᠃ ᠢᠩᠭᠢᠭᠡᠳ ᠦᠬᠢᠨ ᠤ ᠠᠪᠣ ᠡᠵᠢ ᠨᠢ ᠠᠷᠢᠭᠢ ᠶᠢ ᠨᠢ ᠣᠤᠭᠤᠵᠤ᠂ ᠬᠠᠳᠠᠭ ᠢ ᠠᠪᠴᠤ ᠠᠮᠠᠨ ᠢᠷᠦᠭᠡᠯ ᠶᠢᠡᠨ ᠳᠠᠯᠪᠢᠵᠤ᠂ ᠤᠢ᠌ᠷ᠎ᠡ ᠳᠦᠷᠤᠯ ᠰᠠᠳᠤᠨ᠂ ᠠᠢ᠌ᠯ ᠶᠢᠡᠨ ᠳᠠᠭᠤᠳᠠᠵᠤ 《ᠰᠢ᠌ᠤᠠᠪᠣᠷᠢ ᠬᠤᠷᠢᠮ》 ᠭᠢᠨ᠎ᠡ᠃


2. ᠰᠢ᠌ᠤᠠᠪᠣᠷᠢ ᠬᠤᠷᠢᠮ


ᠰᠢ᠌ᠳ ᠤᠨ ᠠᠷᠢᠭᠢ ᠶᠢ ᠪᠠᠰᠠ ᠴᠠᠭᠠᠨ ᠬᠠᠳᠠᠭ ᠤᠨ ᠨᠠᠢ᠌ᠷ ᠭᠡᠳᠡᠭ᠌᠃

《ᠬᠠᠳᠠᠭ ᠳᠠᠯᠪᠢᠬᠤ ᠦᠭᠡᠶ ᠪᠣᠯ ᠭᠡᠦᠭᠡᠨ ᠢ ᠠᠪᠣᠯ᠎ᠠ ᠭᠡᠵᠤ ᠪᠢᠳᠡᠭᠡᠢ ᠰᠠᠨᠠ

ᠬᠠᠠᠴᠢᠶᠠᠰ ᠢ ᠣᠶᠠᠬᠤ ᠦᠭᠡᠶ ᠪᠣᠯ ᠮᠤᠷᠢ ᠶᠢ ᠪᠠᠷᠢᠯ᠎ᠠ ᠭᠡᠵᠤ ᠪᠣᠤ ᠪᠣᠳᠤ᠃

ᠬᠠᠳᠠᠭ ᠳᠠᠯᠪᠢᠭᠰᠠᠨ ᠭᠡᠦᠭᠡᠨ ᠪᠣᠴᠠᠵᠤ ᠪᠣᠯᠬᠤ ᠥᠭᠡᠢ

ᠬᠠᠠᠴᠠᠶᠠᠰ ᠢ ᠣᠶᠠᠭᠰᠠᠨ ᠮᠤᠷᠢ ᠶᠢ ᠠᠯᠳᠠᠷᠭᠠᠨ᠎ᠠ ᠭᠡᠵᠤ ᠪᠣᠤ ᠰᠠᠨᠠ》 ᠭᠡᠳᠡᠭ᠌ ᠳᠤᠯᠠ ᠴᠠᠭᠠᠨ ᠬᠠᠳᠠᠭ ᠤᠨ ᠨᠠᠢ᠌ᠷ ᠪᠣᠯᠪᠠᠯ ᠣᠳᠤ ᠶᠢᠨ ᠣᠷᠤᠭ ᠤᠨ ᠪᠠᠳᠤᠯᠠᠪᠣᠷᠢ ᠪᠢᠴᠢᠭ᠌ ᠠᠪᠣᠭᠰᠠᠨ ᠡᠴᠠ ᠢᠯᠡᠭᠦᠤ ᠪᠦᠷᠢᠮᠦᠰᠤᠨ ᠣᠷᠤᠭ ᠳᠤᠭᠳᠠᠭᠰᠠᠨ ᠶᠠᠪᠣᠳᠠᠯ ᠪᠣᠯᠤᠨ᠎ᠠ᠃

ᠦᠬᠢᠨ ᠤ ᠳᠠᠯ᠎ᠠ ᠳᠦᠷᠤᠯ ᠰᠠᠳᠤᠨ ᠶᠢᠡᠨ ᠳᠠᠭᠤᠳᠠᠵᠤ᠂ ᠪᠠᠰᠠ ᠤᠢ᠌ᠷ᠎ᠡ ᠠᠢ᠌ᠯ ᠶᠢᠡᠨ ᠳᠠᠭᠤᠳᠠᠵᠤ ᠪᠠᠭ᠎ᠠ ᠨᠠᠢ᠌ᠷ ᠭᠢᠵᠤ᠂ ᠭᠡᠦᠭᠡᠨ ᠳ᠋ᠤᠨᠢ ᠭᠦᠮᠤᠨ ᠢᠷᠠᠵᠤ᠂ ᠬᠤᠳᠠ ᠡᠯᠢᠭᠡᠨ ᠪᠣᠯᠵᠤ᠂ ᠠᠷᠢᠭᠢ ᠬᠠᠳᠠᠭ ᠢ ᠨᠢ ᠠᠪᠴᠤ ᠢᠷᠦᠭᠡᠯ ᠳᠠᠯᠪᠢᠵᠤ ᠵᠦᠪ ᠶᠢᠡᠨ ᠦᠭ‍ᠭᠦᠭ᠍ᠰᠡᠨ ᠭᠡᠷᠡᠭ᠌ ᠣᠴᠢᠷ ᠶᠢᠡᠨ ᠭᠡᠯᠡᠵᠤ᠂ ᠠᠬ᠎ᠠ ᠳᠡᠭᠦᠤ ᠶᠢᠨ ᠵᠦᠪᠰᠢᠶᠠᠷᠠᠯ ᠢ ᠠᠪᠴᠤ᠂ 《ᠰᠢ᠌ᠤᠠᠪᠣᠷᠢ ᠬᠤᠷᠢᠮ》 ᠭᠢᠨ᠎ᠠ᠃ ᠡᠨᠡ ᠬᠤᠷᠢᠮ ᠵᠥᠪᠭᠡᠨ ᠦᠬᠢᠨ ᠶᠢᠡᠨ ᠭᠦᠮᠤᠨ ᠳᠤ ᠳᠦᠰᠢᠭᠦᠯᠦᠭ᠍ᠰᠡᠨ ᠭᠡᠷᠡᠭ᠌ ᠶᠢᠡᠨ ᠯᠠ ᠮᠡᠳᠡᠭᠦᠯᠵᠤ ᠠᠬ᠎ᠠ ᠳᠡᠭᠦᠤ ᠶᠢᠨ ᠵᠦᠪᠰᠢᠶ‍ᠠᠷᠠᠯ ᠢ ᠠᠪᠬᠤ ᠶᠢᠨ ᠳᠠᠳᠤᠢ ᠨᠠᠢ᠌ᠷ ᠪᠣᠯᠤᠨ᠎ᠠ᠃

ᠰᠢ᠌ᠳ ᠤᠨ ᠬᠤᠷᠢᠮ ᠡᠴᠠ ᠬᠣᠢ᠌ᠰᠢ ᠡᠨᠡ ᠡᠳᠦᠷ ᠡᠴᠠ ᠡᠭᠢᠯᠡᠨ ᠪᠠᠷᠢ ᠪᠣᠯᠬᠤ ᠭᠡᠦᠭᠡᠨ ᠨᠢ ᠬᠠᠳᠠᠮ ᠤᠨ ᠳᠠᠯ᠎ᠠ ᠶᠢᠨ ᠳᠦᠷᠤᠯ ᠰᠠᠳᠤᠨ ᠢᠷᠡᠭᠦ ᠪᠦᠷᠢ ᠬᠠᠳᠠᠮ ᠤᠨ ᠳᠠᠯ᠎ᠠ ᠶᠢᠨ ᠭᠢᠨ ᠲᠡᠶ ᠠᠭᠤᠯᠵᠠᠬᠤ ᠦᠭᠡᠶ ᠪᠠᠷ ᠪᠣᠯᠳᠠᠳᠠᠭ ᠪᠠᠢ᠌ᠨ᠎ᠠ᠃ ᠢᠩᠭᠢᠵᠤ ᠨᠢᠭᠤᠭᠳᠠᠵᠤ᠂ ᠢᠴᠢᠵᠤ᠂ ᠶᠠᠭ ᠶᠡᠭᠡ ᠬᠤᠷᠢᠮ ᠶᠢᠡᠨ ᠭᠢᠭᠦ ᠭᠦᠷᠳᠡᠯ᠎ᠡ ᠬᠠᠳᠠᠮ ᠤᠨ ᠳᠠᠯ᠎ᠠ ᠶᠢᠨ ᠭᠦᠮᠦᠰ ᠲᠤ ᠨᠢᠭᠤᠷ ᠶᠢᠡᠨ ᠥᠵᠡᠭᠦᠯᠭᠦ ᠦᠭᠡᠶ ᠪᠣᠯᠳᠠᠵᠤ ᠶᠠᠪᠣᠬᠤ ᠶᠢ ᠭᠡᠦᠭᠡᠨ ᠪᠣᠯᠳᠠᠨ᠎ᠠ ᠭᠡᠳᠡᠭ᠌᠃

ᠭᠦᠷᠭᠡᠨ ᠤ ᠳᠠᠯ᠎ᠠ ᠶᠢᠨ ᠭᠢᠨ ᠨᠠᠢ᠌ᠷ ᠲᠤ ᠢᠷᠡᠭᠦ ᠳᠡᠭᠡᠨ ᠬᠤᠨᠢ ᠠᠯᠠᠵᠤ᠂ ᠠᠯᠠᠭᠰᠠᠨ ᠬᠤᠨᠢ ᠪᠠᠨ ᠪᠦᠭ᠍ᠰᠡ ᠪᠠᠶ᠎ᠠ᠂ ᠴᠡᠭᠡᠵᠢ ᠪᠠᠷ ᠰᠠᠯᠭᠠᠨ ᠭᠠᠠᠵᠤᠭ᠎ᠠ ᠪᠠᠷ ᠬᠤᠯᠪᠤᠨ ᠮᠤᠷᠢᠨ ᠳᠤ ᠳᠡᠩᠨᠡᠭᠡᠳ ᠠᠪᠴᠢᠷᠠᠨ ᠭᠡᠦᠭᠡᠨ ᠤ ᠭᠡᠷ ᠲᠤ ᠣᠷᠤᠮᠠᠭᠴᠠ ᠪᠠᠨ ᠳᠢᠶᠠᠠᠫᠢᠩ ᠲᠡᠶ ᠠᠷᠢᠭᠢ ᠲᠡᠶ ᠪᠠᠨ ᠬᠠᠮᠳᠤ ᠪᠠᠷᠠᠭᠤᠨ ᠬᠠᠨ᠎ᠠ ᠶᠢᠨ ᠳᠤᠯᠤᠭᠠᠢ ᠳᠤ ᠡᠯᠭᠦᠨ ᠳᠡᠭᠦᠵᠢᠯᠡᠨ᠎ᠡ᠃ ᠦᠷᠭᠦᠭᠡ ᠭᠡᠷ ᠤᠨ ᠪᠣᠷᠬᠠᠨ ᠰᠢᠷᠡᠭᠡ ᠪᠠᠷ ᠭᠤᠤᠯ ᠪᠣᠯᠭᠠᠨ᠂ ᠪᠣᠷᠬᠠᠨ ᠰᠢᠷᠡᠭᠡᠨ ᠡᠴᠠ ᠪᠠᠷᠠᠭᠤᠠᠰᠢ ᠭᠠᠵᠠᠷ ᠢ ᠭᠦᠷᠭᠡᠨ ᠤ ᠳᠠᠯ᠎ᠠ ᠶᠢᠨ ᠵᠤᠴᠢᠨ ᠡᠵᠡᠯᠡᠨ᠂ ᠪᠣᠷᠬᠠᠨ ᠰᠢᠷᠡᠭᠡᠨ ᠡᠴᠠ ᠵᠡᠭᠦᠡᠰᠢᠭᠢ ᠶᠢ ᠭᠡᠷ ᠤᠨ ᠡᠵᠡᠨ ᠪᠣᠯᠤᠨ ᠭᠡᠦᠭᠡᠨ ᠤ ᠳᠠᠯ᠎ᠠ ᠶᠢᠨ ᠵᠤᠴᠢᠨ ᠡᠵᠡᠯᠡᠨ᠎ᠡ᠃

ᠵᠠᠭᠤᠴᠢ ᠭᠦᠮᠤᠨ ᠰᠠᠭᠤᠬᠤ ᠦᠭᠡᠶ᠂ ᠭᠡᠷ ᠤᠨ ᠪᠠᠷᠠᠭᠤᠨ ᠳᠠᠯ᠎ᠠ ᠳᠤ ᠠᠷᠢᠭᠢ ᠪᠠᠨ ᠪᠠᠷᠢᠨ ᠵᠤᠭᠰᠤᠵᠤ ᠰᠢ᠌ᠤᠠᠪᠣᠷᠢ ᠪᠠᠨ ᠠᠪᠣᠨ᠎ᠠ᠃

ᠰᠢ᠌ᠳ ᠤᠨ ᠠᠷᠢᠭᠢ ᠶᠢᠨ ᠨᠠᠢ᠌ᠷ ᠲᠤ ᠭᠡᠦᠭᠡᠨ ᠤ ᠳᠠᠯ᠎ᠠ ᠴᠤ ᠪᠠᠰᠠ ᠬᠤᠨᠢ ᠠᠯᠠᠵᠤ ᠪᠦᠭᠦᠯᠢ ᠨᠢᠭᠡ ᠡᠳᠦᠷ ᠤᠨ ᠨᠠᠢ᠌ᠷ ᠭᠢᠵᠤ ᠨᠡᠢ᠌ᠭᠡᠮᠳᠡᠨ᠎ᠡ᠃

ᠬᠤᠷᠢᠮ ᠨᠠᠢ᠌ᠷ ᠲᠤ ᠬᠠᠷ᠎ᠠ ᠠᠷᠢᠭᠢ ᠪᠠᠷᠢᠯ᠎ᠠ ᠴᠤ ᠭᠡᠰᠡᠨ ᠵᠠᠪᠠᠯ ᠰᠠᠭᠠᠯᠢ ᠶᠢᠨ ᠠᠷᠢᠭᠢ ᠶᠢ ᠣᠷᠢᠳᠴᠢᠯᠠᠨ ᠭᠠᠷᠭᠠᠵᠤ ᠪᠠᠷᠢᠨ᠎ᠠ᠃ ᠡᠨᠡ ᠪᠣᠯ ᠵᠢᠩᠭᠢᠨᠢ ᠪᠠᠷ ᠣᠷᠤᠭ ᠳᠤᠭᠳᠠᠵᠤ ᠣᠷᠤᠭ ᠤᠨ ᠶᠠᠪᠣᠳᠠᠯ ᠶᠢᠡᠨ ᠣᠯᠠᠮ ᠪᠠᠳᠤ ᠲᠡᠶ ᠪᠣᠯᠭᠠᠵᠤ ᠪᠠᠢ᠌ᠭ᠎ᠠ ᠶᠠᠪᠣᠴᠠ ᠪᠣᠯᠤᠨ᠎ᠠ᠃ ᠡᠢ᠌ᠮᠤ ᠡᠴᠠ ᠳᠠᠰ ᠳᠠᠷᠠᠭ᠎ᠠ ᠨᠢ ᠮᠠᠰᠢ ᠨᠠᠷᠢᠯᠢᠭ ᠪᠦᠭᠡᠳ ᠶᠤᠰᠤ ᠳᠦᠷᠢᠮ ᠨᠢ ᠨᠠᠯᠢᠶᠠᠤᠨ ᠴᠢᠩᠭ᠎ᠠ ᠶᠤᠮ᠃ ᠡᠭᠦᠨ ᠳᠤ ᠭᠡᠦᠭᠡᠨ ᠤ ᠳᠠᠯ᠎ᠠ ᠴᠤ ᠨᠠᠯᠢᠶᠠᠤᠨ ᠪᠡᠯᠡᠳᠭᠡᠯ ᠲᠡᠶ ᠪᠠᠢ᠌ᠬᠤ ᠶᠤᠮ᠃ ᠭᠦᠷᠭᠡᠨ ᠤ ᠳᠠᠯ᠎ᠠ ᠶᠢᠨ ᠭᠦᠮᠦᠰ ᠭᠡᠦᠭᠡᠨ ᠤ ᠳᠠᠯ᠎ᠠ ᠶᠢᠨ ᠨᠠᠢ᠌ᠷ ᠤᠨ ᠭᠡᠷ ᠤᠨ ᠪᠠᠷᠠᠭᠤᠨ ᠬᠣᠢ᠌ᠮᠤᠷ ᠶᠢᠡᠷ ᠰᠠᠭᠤᠵᠠᠭᠠᠵᠤ᠂ ᠭᠡᠦᠭᠡᠨ ᠤ ᠳᠠᠯ᠎ᠠ ᠶᠢᠨ ᠠᠢ᠌ᠯᠴᠢᠨ ᠭᠡᠷ ᠤᠨ ᠵᠡᠭᠦᠨ ᠳᠠᠯ᠎ᠠ ᠪᠠᠷ ᠳᠠᠰ ᠳᠠᠷᠠᠭᠠᠯᠠᠨ ᠰᠠᠭᠤᠵᠠᠭᠠᠨ᠎ᠠ᠃

ᠢᠩᠭᠢᠭᠡᠳ ᠭᠦᠷᠭᠡᠨ ᠤ ᠳᠠᠯ᠎ᠠ ᠶᠢᠨ ᠭᠢᠨ ᠪᠦᠭᠦᠳᠡ ᠶᠢᠨ ᠠᠮᠤᠷ ᠮᠠᠠᠳᠤ ᠶᠢ ᠠᠰᠠᠭᠤᠵᠤ ᠭᠦᠭᠡᠷᠡᠭ᠌ ᠶᠢᠡᠷ ᠳᠠᠮᠠᠭᠢᠯᠠᠵᠤ ᠪᠠᠷᠠᠪᠠᠯ ᠰᠠ‍‌ᠶᠢ ᠭᠡᠦᠭᠡᠨ ᠤ ᠳᠠᠯ᠎ᠠ ᠡᠴᠠ ᠣᠷᠤᠵᠤ ᠢᠷᠡᠭ᠍ᠰᠡᠨ ᠪᠦᠭᠦᠨ ᠢ ᠰᠠᠭᠤᠯᠭᠠᠵᠤ ᠴᠠᠢ ᠠᠶᠠᠭᠠᠯᠠᠨ᠎ᠠ᠃ ᠴᠠᠢ ᠪᠠᠨ ᠣᠤᠭᠤᠵᠤ ᠳᠠᠭᠤᠰᠤᠭᠠᠤᠨ ᠭᠦᠷᠭᠡᠨ ᠤ ᠳᠠᠯ᠎ᠠ ᠶᠢᠨ ᠭᠢᠨ ᠪᠦᠭᠦᠳᠡᠭᠡᠷ ᠪᠣᠰᠴᠤ ᠵᠤᠭᠰᠤᠭᠠᠤᠨ ᠠᠬᠠᠮᠠᠤᠨ ᠨᠢ ᠭᠦᠭᠡᠷᠡᠭ᠌ ᠶᠢᠡᠨ ᠭᠠᠷᠭᠠᠵᠤ ᠭᠡᠦᠭᠡᠨ ᠤ ᠳᠠᠯ᠎ᠠ ᠶᠢᠨ ᠭᠢᠨ ᠳᠤ ᠮᠠᠠᠳᠤᠯᠠᠨ᠎ᠠ᠃


ᠬᠤᠶᠠᠷ᠂ ᠬᠠᠳᠠᠭ ᠮᠠᠯ ᠤᠨ ᠬᠤᠷᠢᠮ


ᠰᠢ᠌ᠤᠠᠪᠣᠷᠢ ᠬᠤᠷᠢᠮ ᠤᠨ ᠳᠠᠷᠠᠭ᠎ᠠ ᠬᠠᠳᠠᠭ ᠮᠠᠯ ᠤᠨ ᠬᠤᠷᠢᠮ ᠭᠢᠨ᠎ᠠ᠃

ᠡᠨᠡ ᠬᠤᠷᠢᠮ ᠳᠤ ᠭᠦᠪᠠᠭᠦᠨ ᠤ ᠳᠠᠯ᠎ᠠ ᠡᠴᠠ ᠡᠭᠡ ᠶᠢᠨ ᠰᠦ᠋ ᠶᠢ ᠬᠠᠷᠢᠭᠤᠯᠤᠨ᠎ᠠ ᠭᠡᠵᠤ ᠦᠨᠢᠶ᠎ᠡ ᠭᠦᠳᠦᠯᠵᠤ᠂ ᠠᠪᠣ ᠶᠢᠨ ᠬᠠᠢ᠌ᠷ᠎ᠠ ᠶᠢ ᠬᠠᠷᠢᠭᠤᠯᠤᠨ᠎ᠠ ᠭᠡᠵᠤ ᠵᠠᠬ᠎ᠠ ᠬᠤᠪᠴᠠᠰᠤ ᠪᠠᠨ ᠠᠪᠴᠤ᠂ ᠠᠬ᠎ᠠ ᠳᠡᠭᠦᠤ ᠶᠢᠨ ᠰᠡᠳᠭᠢᠯ ᠢ ᠬᠠᠷᠢᠭᠤᠯᠤᠨ᠎ᠠ ᠭᠡᠵᠤ ᠪᠠᠯᠡᠭ᠌ ᠶᠠᠭᠤᠮ᠎ᠠ ᠪᠠᠨ ᠠᠪᠴᠤ ᠠᠷᠢᠭᠢ ᠰᠢᠭᠢᠷ ᠶᠢᠡᠨ ᠭᠠᠠᠵᠤᠭᠠᠯᠠᠵᠤ ᠢᠷᠠᠨ᠎ᠠ᠃ ᠵᠠᠷᠢᠮ ᠭᠡᠦᠭᠡᠨ ᠤ ᠳᠠᠯ᠎ᠠ ᠶᠢᠨ ᠭᠢᠨ ᠭᠦᠷᠭᠡᠨ ᠤ ᠳᠠᠯ᠎ᠠ ᠡᠴᠠ ᠮᠠᠯ ᠪᠣᠶᠤ ᠮᠦᠩᠭᠦ ᠵᠤᠭᠤᠰ ᠠᠪᠳᠠᠭ᠃ ᠮᠠᠯ ᠵᠤᠭᠤᠰ ᠠᠪᠬᠤ ᠳᠠᠭᠠᠨ ᠵᠠᠷᠢᠮ ᠨᠢ ᠡᠳᠦᠢ ᠳᠠᠳᠤᠢ ᠳᠤᠭ᠎ᠠ ᠭᠡᠯᠡᠵᠤ ᠶᠡᠭᠡ ᠪᠠᠷ ᠠᠪᠬᠤ ᠪᠣᠶᠤ ᠪᠠᠭ᠎ᠠ ᠪᠠᠷ ᠠᠪᠳᠠᠭ ᠪᠠᠢ᠌ᠨ᠎ᠠ᠃ ᠳᠡᠭᠡᠭᠡᠳ ᠮᠠᠯ᠂ ᠵᠤᠭᠤᠰ᠂ ᠪᠠᠯᠡᠭ᠌ ᠰᠡᠯᠡᠭ᠌᠂ ᠠᠷᠢᠭᠢ ᠰᠢᠭᠢᠷ ᠶᠢᠡᠨ ᠭᠦᠪᠠᠭᠦᠨ ᠤ ᠳᠠᠯ᠎ᠠ ᠡᠴᠠ ᠠᠪᠴᠢᠷᠠᠨ ᠭᠡᠵᠢᠶ᠎ᠡ ᠬᠤᠷᠢᠮ ᠶᠢᠡᠨ ᠭᠢᠭᠦ᠂ ᠠᠯᠢ ᠰᠠᠷ᠎ᠠ ᠶᠢᠨ ᠠᠯᠢ ᠡᠳᠦᠷ ᠶᠠᠮᠠᠷ ᠴᠠᠭ ᠲᠤ ᠢᠷᠡᠭᠦ ᠶᠢ ᠪᠦᠷ ᠭᠡᠯᠡᠯᠴᠡᠵᠤ ᠳᠤᠭᠳᠠᠨ᠎ᠠ᠃ ᠡᠭᠦᠨ ᠳᠤ ᠭᠦᠷᠭᠡᠨ ᠤ ᠠᠪᠣ ᠡᠵᠢ᠂ ᠳᠦᠷᠤᠯ ᠰᠠᠳᠤᠨ ᠡᠴᠠ ᠠᠯᠢ ᠰᠠᠷ᠎ᠠ ᠶᠢᠨ ᠠᠯᠢ ᠡᠳᠦᠷ ᠶᠠᠮᠠᠷ ᠡᠷᠡᠨ ᠴᠠᠭ ᠲᠤ ᠢᠷᠠᠵᠤ ᠭᠡᠦᠭᠡᠨ ᠶᠢᠡᠨ ᠠᠪᠣᠭᠳᠤᠨ ᠭᠡᠵᠤ ᠭᠡᠯᠡᠨ᠎ᠡ᠃ ᠭᠦᠪᠠᠭᠦᠨ ᠤ ᠳᠠᠯ᠎ᠠ ᠶᠢᠨ ᠭᠦᠮᠦᠰ ᠵᠦᠪ ᠣᠴᠢᠷ ᠭᠡᠷᠡᠭ᠌ ᠶᠢᠡᠨ ᠪᠦᠳᠦᠭᠡᠭ᠍ᠰᠡᠨ ᠤ ᠳᠠᠷᠠᠭ᠎ᠠ ᠭᠦᠪᠠᠭᠦᠨ ᠤ ᠳᠠᠯ᠎ᠠ ᠡᠴᠠ ᠢᠷᠡᠭ᠍ᠰᠡᠳ ᠦᠬᠢᠨ ᠤ ᠳᠠᠯ᠎ᠠ ᠶᠢᠨ ᠭᠢᠨ ᠤ ᠬᠠᠮᠳᠤ ᠶᠡᠭᠡ ᠨᠠᠢ᠌ᠷ ᠭᠢᠵᠤ ᠳᠠᠭᠤᠰᠤᠭᠠᠤᠨ ᠪᠣᠴᠠᠨ᠎ᠠ᠃ ᠪᠣᠴᠠᠭᠰᠠᠨ ᠤ ᠳᠠᠷᠠᠭ᠎ᠠ ᠭᠦᠪᠠᠭᠦᠨ ᠤ ᠳᠠᠯ᠎ᠠ ᠶᠢᠨ ᠭᠡᠷ ᠲᠤ ᠭᠦᠷᠴᠤ᠂ ᠡᠳᠦᠷ ᠶᠢᠡᠨ ᠳᠤᠭᠳᠠᠭᠠᠭᠰᠠᠨ ᠣᠴᠢᠷ ᠶᠢᠡᠨ ᠴᠦᠮ ᠢ ᠬᠠᠷᠢᠭᠤ ᠮᠡᠳᠡᠭᠦᠯᠤᠨ ᠭᠡᠯᠡᠨ᠎ᠡ᠃


1. ᠭᠡᠦᠭᠡᠨ ᠮᠤᠷᠳᠠᠬᠤ


ᠭᠦᠪᠠᠭᠦᠨ ᠤ ᠳᠠᠯ᠎ᠠ ᠡᠴᠠ ᠢᠷᠡᠭ᠍ᠰᠡᠨ ᠭᠦᠮᠦᠰ ᠮᠠᠷᠭᠠᠰᠢ ᠡᠷᠳᠡ ᠨᠠᠷᠠᠨ ᠭᠠᠷᠬᠤ ᠡᠴᠠ ᠡᠮᠦᠨ᠎ᠡ ᠭᠡᠦᠭᠡᠨ ᠮᠤᠷᠳᠠᠭᠤᠯᠵᠤ ᠠᠪᠬᠤ ᠶᠤᠰᠤ ᠭᠢᠨ᠎ᠠ᠃ ᠭᠡᠦᠭᠡᠨ ᠢ ᠠᠪᠴᠤ ᠶᠠᠪᠣᠬᠤ ᠳᠠᠭᠠᠨ ᠪᠠᠰᠠ ᠳᠡᠷᠡᠭᠦ 《ᠬᠠᠳᠠᠭ ᠮᠠᠯ ᠤᠨ ᠬᠤᠷᠢᠮ》 ᠳᠡᠭᠡᠷ᠎ᠡ ᠳᠤᠭᠳᠠᠭᠰᠠᠨ ᠶᠤᠰᠤ ᠪᠠᠷ ᠭᠢᠵᠤ ᠠᠪᠴᠤ ᠭᠠᠷᠤᠨ᠎ᠠ᠃ ᠦᠷᠯᠦᠭᠡ ᠨᠢ ᠭᠦᠪᠠᠭᠦᠨ ᠤ ᠳᠠᠯ᠎ᠠ ᠪᠣᠯᠤᠨ ᠭᠡᠦᠭᠡᠨ ᠤ ᠳᠠᠯ᠎ᠠ ᠶᠢᠨ ᠭᠡᠢ᠌ᠴᠢᠨ ᠨᠡᠷ ᠬᠤᠭᠤᠯᠠ ᠬᠤᠳᠠ ᠢᠳᠡᠭ᠍ᠰᠡᠨ ᠤ ᠳᠠᠷᠠᠭ᠎ᠠ ᠪᠠᠷ ᠦᠬᠢᠨ ᠤ ᠳᠠᠯ᠎ᠠ ᠡᠴᠠ ᠠᠷᠢᠭᠢ ᠪᠠᠷᠢᠵᠤ ᠳᠠᠭᠤᠯᠠᠯᠳᠤᠨ᠎ᠠ᠃ ᠳᠠᠭᠤᠨ ᠥᠭᠡ ᠨᠢ᠄

《ᠬᠤᠯᠤᠰᠤ ᠳᠠᠢ᠌ᠬᠠᠨ ᠨᠠᠭᠤᠷ ᠳᠠᠭᠠᠨ

ᠬᠤᠨ ᠰᠢᠪᠠᠭᠤ ᠴᠤᠭᠯᠠᠷᠠᠨ᠎ᠠ

ᠬᠤᠷᠢᠮ ᠳᠦᠷᠤ ᠶᠢᠨ ᠨᠠᠢ᠌ᠷ ᠳᠠᠭᠠᠨ

ᠬᠤᠯᠠ ᠶᠢᠨ ᠠᠬ᠎ᠠ ᠳᠡᠭᠦᠤ ᠨᠡᠷ ᠴᠤᠭᠯᠠᠷᠠᠨ᠎ᠠ

ᠵᠡᠭᠡᠰᠤ ᠳᠠᠢ᠌ᠬᠠᠨ ᠨᠠᠭᠤᠷ ᠳᠠᠭᠠᠨ

ᠵᠣᠢ᠌ᠯ ᠤᠨ ᠰᠢᠪᠠᠭᠤ ᠴᠤᠭᠯᠠᠷᠠᠨ᠎ᠠ

ᠵᠥᠢᠳᠡᠢ᠌ᠭᠡᠨ ᠶᠤᠰᠤᠨ ᠤ ᠨᠠᠢ᠌ᠷ ᠳᠠᠭᠠᠨ

ᠵᠢᠷᠤᠮᠳᠤ ᠳᠠᠨᠠᠷ ᠮᠠᠨᠢ ᠴᠤᠭᠯᠠᠷᠠᠨ᠎ᠠ

ᠠᠯᠳᠠᠨ ᠬᠠᠩᠭ᠋ᠠᠢ ᠶᠢᠨ ᠰᠢᠯᠢ ᠳ᠋ᠤ

ᠠᠯᠳᠠᠨ ᠭᠤᠷᠭᠤᠤᠯᠳᠠᠢ ᠰᠠᠭᠤᠨ᠎ᠠ

ᠠᠯᠤᠰ ᠡᠴᠠ ᠢᠷᠡᠭ᠍ᠰᠡᠨ ᠳᠠᠨᠠᠷ ᠳᠠᠭᠠᠨ

ᠠᠷᠢᠭᠤᠨ ᠳᠠᠷᠠᠰᠤ ᠪᠠᠨ ᠪᠠᠷᠢᠶ᠎ᠠ

ᠬᠠᠳᠠᠳᠤ ᠶᠡᠭᠡ ᠠᠭᠤᠯᠠᠨ ᠳ᠋ᠤ

ᠬᠠᠷᠴᠠᠭᠠᠢ ᠰᠢᠪᠠᠭᠤ ᠰᠠᠭᠤᠨ᠎ᠠ

ᠳᠦᠷᠤ ᠬᠤᠷᠢᠮ ᠤᠨ ᠳᠠᠨᠠᠷ ᠳᠠᠭᠠᠨ

ᠳᠤᠩᠭ᠋ᠠᠯᠠᠭ ᠰᠠᠷᠬᠤᠤᠨ ᠶᠢᠡᠨ ᠪᠠᠷᠢᠶ᠎ᠠ

ᠪᠣᠳᠤᠭ ᠤᠨ ᠥᠩᠭᠡ ᠪᠠᠷ ᠬᠠᠷᠠᠭᠳᠠᠳᠠᠭ ᠨᠢ

ᠪᠠᠷᠠᠭᠤᠨ ᠦᠨᠳᠦᠷ ᠠᠭᠤᠯᠠ ᠯᠠ ᠪᠠᠢ᠌ᠨ᠎ᠠ

ᠪᠣᠯᠠᠩᠭᠢᠷ ᠦᠭᠡᠶ ᠣᠷᠤᠰᠳᠠᠭ ᠨᠢ

ᠪᠣᠢ᠌ᠷ ᠳᠠᠯᠠᠢ ᠶᠢᠨ ᠣᠰᠤ ᠯᠠ ᠪᠠᠢ᠌ᠨ᠎ᠠ

ᠴᠢᠠᠳᠠᠭᠠᠨ ᠰᠢᠷᠭ᠎ᠠ ᠮᠤᠷᠢ ᠶᠤᠭᠠᠨ

ᠱᠠᠩᠳᠠ ᠶᠢᠨ ᠣᠰᠤᠨ ᠡᠴᠠ ᠣᠰᠤᠯᠠᠨ᠎ᠠ

ᠱᠠᠭᠠᠵᠠᠩ ᠳᠤ ᠭᠢᠭ᠍ᠰᠡ ᠳᠠᠷᠠᠰᠤ ᠶᠤᠭᠠᠨ

ᠱᠠᠭᠠᠳᠤ ᠶᠢᠨ ᠬᠤᠳᠠ ᠨᠡᠷ ᠲᠠᠭᠠᠨ ᠪᠠᠷᠢᠶ᠎ᠠ

ᠬᠤᠯᠤᠰᠤᠨ ᠰᠢᠷᠭ᠎ᠠ ᠮᠤᠷᠢ ᠶᠤᠭᠠᠨ

ᠬᠤᠤᠳᠤᠭ ᠤᠨ ᠣᠰᠤ ᠪᠠᠷ ᠣᠮᠳᠠᠯᠠᠶ᠎ᠠ

ᠬᠤᠠᠳᠠᠭᠠᠨ ᠳᠤ ᠭᠢᠭ᠍ᠰᠡᠨ ᠳᠠᠷᠠᠰᠤ ᠶᠤᠭᠠᠨ

ᠬᠤᠳᠠ ᠳᠠᠨᠠᠷ ᠲᠠᠭᠠᠨ ᠪᠠᠷᠢᠶ᠎ᠠ᠃》

ᠭᠦᠷᠭᠡᠨ ᠤ ᠳᠠᠯ᠎ᠠ ᠶᠢᠨ ᠭᠢᠨ ᠢᠷᠦᠭᠡᠯ ᠶᠢᠡᠨ ᠳᠠᠯᠪᠢᠬᠤ ᠳᠤ ᠭᠡᠦᠭᠡᠨ ᠤ ᠳᠠᠯ᠎ᠠ ᠶᠢᠨ ᠭᠢᠨ ᠬᠠᠷᠢᠭᠤ ᠢᠷᠦᠭᠡᠯ ᠶᠢᠡᠨ ᠳᠤᠤᠷᠠᠭᠢ ᠮᠠᠳᠤ ᠳᠠᠯᠪᠢᠨ᠎ᠠ᠃

《ᠠᠯᠳᠠᠨ ᠣᠷᠤᠭ ᠳᠠ ᠪᠦᠭᠦᠨ ᠤ

ᠠᠶᠠᠭᠠᠯᠠᠭᠰᠠᠨ ᠠᠷᠢᠭᠢ ᠶᠢ ᠭᠦᠡᠳᠦᠷᠦᠶ᠎ᠡ᠃

ᠬᠤᠳᠠ ᠨᠡᠷ ᠤᠨ ᠬᠤᠨᠳᠠᠭᠠᠯᠠᠭᠰᠠᠨ ᠳᠠᠷᠠᠰᠤ ᠵᠢ

ᠬᠤᠤᠰ ᠬᠤᠤᠰ ᠶᠢᠡᠷ ᠨᠢ ᠭᠦᠷᠳᠡᠶ᠎ᠡ᠃

ᠳᠦᠷᠤᠯ ᠤᠨ ᠬᠠᠢ᠌ᠷᠠᠯᠠᠭᠰᠠᠨ ᠭᠡᠰᠢᠭ᠌ ᠢ

ᠳᠤᠰᠤᠭᠠᠯ ᠦᠭᠡᠶ ᠳᠤᠭᠳᠠᠭᠠᠶ᠎ᠠ᠃

ᠠᠬ᠎ᠠ ᠳᠡᠭᠦᠤ ᠶᠢᠨ ᠪᠠᠷᠢᠭᠰᠠᠨ ᠰᠠᠷᠬᠤᠤᠨ ᠢ

ᠠᠰᠬᠠᠯ ᠦᠭᠡᠶ ᠣᠤᠭᠤᠵᠠᠭᠠᠶ᠎ᠠ》 ᠭᠡᠨ᠎ᠡ᠃


2. ᠭᠡᠦᠭᠡᠨ ᠪᠣᠯᠢᠶᠠᠯᠳᠤᠬᠤ


ᠭᠡᠦᠭᠡᠨ ᠠᠪᠴᠤ ᠶᠠᠪᠣᠬᠤ ᠦᠶ᠎ᠡ ᠳᠤ ᠭᠡᠦᠭᠡᠨ ᠤ ᠳᠠᠯ᠎ᠠ ᠶᠢᠨ ᠦᠬᠢᠳ ᠭᠡᠦᠭᠡᠡᠴᠦᠳ ᠬᠠᠳᠠᠭ ᠵᠠᠩᠭᠢᠳᠤᠨ ᠪᠠᠶ᠎ᠠ ᠪᠠᠶ᠎ᠠ ᠳᠡᠭᠡᠨ ᠬᠠᠠᠵᠤᠢ ᠪᠠᠷ ᠶᠢᠡᠨ ᠣᠷᠤᠭᠤᠯᠤᠨ ᠬᠤᠯᠪᠣᠵᠤ ᠪᠠᠷᠢ ᠪᠣᠯᠬᠤ ᠭᠡᠵᠤ ᠪᠠᠢ᠌ᠭ᠎ᠠ ᠭᠡᠦᠭᠡᠨ ᠢ ᠳᠤᠭᠤᠷᠢᠨ ᠪᠦᠰᠡᠯᠡᠵᠤ ᠰᠠᠯᠵᠤ ᠶᠠᠳᠠᠭᠰᠠᠨ ᠰᠡᠳᠭᠢᠯ ᠶᠢᠡᠨ ᠢᠯᠡᠳᠭᠡᠵᠤ ᠭᠡᠦᠭᠡᠨ ᠢ ᠳᠠᠪᠠᠷᠢᠯᠳᠤᠨ ᠣᠭᠢᠯᠠᠯᠳᠤᠵᠤ ᠰᠠᠯᠵᠤ ᠶᠠᠳᠠᠨ ᠳᠠᠳᠠᠯᠴᠠᠨ ᠴᠢᠩᠭ᠋ᠠᠭᠠᠯᠴᠠᠳᠠᠭ᠃ ᠡᠨᠡ ᠦᠶ᠎ᠡ ᠳᠤ ᠭᠦᠷᠭᠡᠨ ᠤ ᠳᠠᠯ᠎ᠠ ᠶᠢᠨ ᠭᠦᠮᠦᠰ ᠢᠷᠠᠵᠤ ᠪᠠᠷᠢ ᠪᠠᠨ ᠠᠪᠬᠤ ᠭᠡᠵᠤ ᠪᠣᠯᠢᠶᠠᠯᠳᠤᠬᠤ ᠳᠤ ᠭᠡᠦᠭᠡᠡᠴᠦᠳ ᠪᠦᠷ ᠰᠠᠯᠠᠬᠤ ᠦᠭᠡᠶ ᠪᠠᠷ ᠭᠡᠦᠭᠡᠨ ᠢ ᠳᠤᠭᠤᠷᠢᠵᠤ ᠳᠠᠪᠠᠷᠢᠯᠳᠤᠵᠤ ᠳᠠᠯᠪᠢᠬᠤ ᠦᠭᠡᠶ ᠵᠢᠭᠤᠷᠠᠯᠳᠤᠨ᠎ᠠ᠃

ᠭᠡᠷ ᠲᠤ ᠪᠠᠢ᠌ᠭᠰᠠᠨ ᠭᠡᠦᠭᠡᠨ ᠤ ᠳᠠᠯ᠎ᠠ ᠶᠢᠨ ᠭᠦᠭ᠍ᠰᠢᠳ ᠨᠠᠰᠤᠳᠠᠨ ᠪᠦᠷ᠄ 《ᠢᠷ ᠲᠡᠶ ᠰᠢᠳᠤ ᠲᠡᠶ ᠶᠠᠭᠤᠮ᠎ᠠ ᠪᠠᠷ ᠭᠡᠦᠭᠡᠨ ᠤ ᠭᠡᠯᠭᠢᠶᠡᠷᠢ ᠪᠦᠰᠡ ᠶᠢ ᠪᠣᠤ ᠳᠠᠰᠤᠯ᠂ ᠴᠢᠳᠠᠪᠠᠯ ᠳᠠᠢ᠌ᠯᠵᠤ ᠠᠪᠤᠭᠳᠤᠨ》 ᠭᠡᠵᠤ ᠬᠠᠰᠭᠢᠷᠤᠯᠳᠤᠨ ᠪᠠᠢ᠌ᠳᠠᠭ᠃

ᠢᠩᠭᠢᠭᠡᠳ ᠭᠦᠷᠭᠡᠨ ᠤ ᠳᠠᠯ᠎ᠠ ᠶᠢᠨ ᠭᠦᠮᠦᠰ ᠠᠷᠭ᠎ᠠ ᠦᠭᠡᠶ ᠭᠡᠦᠭᠡᠡᠴᠦᠳ ᠤᠨ ᠪᠦᠰᠡᠯᠡᠭ᠍ᠰᠡᠨ ᠪᠦᠰᠡ ᠶᠢ ᠳᠠᠢ᠌ᠯᠬᠤ ᠪᠠᠷ ᠣᠷᠤᠯᠳᠤᠵᠤ ᠪᠠᠢ᠌ᠪᠠᠴᠤ᠂ ᠳᠡᠷᠡᠭᠦ ᠭᠡᠦᠭᠡᠡᠴᠦᠳ ᠳᠠᠯᠪᠢᠬᠤ ᠦᠭᠡᠶ ᠪᠠᠷ ᠣᠭᠢᠯᠠᠯᠳᠤᠨ ᠵᠢᠭᠤᠷᠠᠯᠳᠤᠨ ᠪᠠᠢ᠌ᠳᠠᠭ᠃ ᠡᠨᠡ ᠮᠠᠳᠤ ᠪᠠᠷ ᠳᠠᠳᠠᠯᠴᠠᠭᠰᠠᠭᠠᠷ ᠪᠠᠢ᠌ᠵᠤ ᠡᠴᠦᠰ ᠲᠡᠭᠡᠨ ᠭᠦᠷᠭᠡᠨ ᠤ ᠳᠠᠯ᠎ᠠ ᠶᠢᠨ ᠭᠦᠮᠦᠰ ᠵᠠᠩᠭᠢᠶ᠎ᠠ ᠬᠠᠳᠠᠭ ᠢ ᠳᠠᠢ᠌ᠯᠵᠤ ᠪᠠᠷᠢ ᠪᠠᠨ ᠨᠠᠷᠠᠨ ᠲᠡᠶ ᠬᠠᠮᠳᠤ ᠠᠪᠴᠤ ᠭᠠᠷᠳᠠᠭ ᠶᠤᠮ᠃

ᠬᠤᠷᠢᠮ ᠤᠨ ᠡᠳᠦᠷ ᠭᠦᠷᠪᠠᠯ ᠭᠡᠦᠭᠡᠨ ᠢ ᠭᠡᠳᠤᠨ ᠴᠠᠭ ᠲᠤ ᠪᠠᠭᠤᠵᠤ ᠢᠷᠡᠭᠦ ᠶᠢ ᠯᠠᠮᠠ ᠪᠠᠷ ᠥᠵᠡᠭᠦᠯᠤᠨ ᠳᠤᠭᠳᠠᠭᠠᠨ᠎ᠠ᠃ ᠡᠨᠡ ᠴᠠᠭ ᠡᠴᠠ ᠡᠮᠦᠨ᠎ᠡ ᠭᠦᠷᠭᠡᠨ ᠵᠠᠪᠳᠤᠵᠤ ᠦᠬᠢᠨ ᠤ ᠭᠡᠷ ᠲᠤ ᠭᠦᠷᠦᠭ᠍ᠰᠡᠨ ᠪᠠᠢ᠌ᠬᠤ ᠭᠡᠷᠡᠭ᠍ᠳᠡᠢ᠃ ᠭᠡᠷᠪᠡ ᠳᠤᠭᠳᠠᠭᠰᠠᠨ ᠴᠠᠭ ᠲᠠᠭᠠᠨ ᠢᠷᠡᠭᠦ ᠦᠭᠡᠶ ᠪᠠᠷ ᠴᠠᠭ ᠡᠴᠠ ᠣᠷᠣᠢ᠌ᠳᠠᠯ᠎ᠠ ᠭᠡᠳ ᠭᠦᠷᠭᠡᠨ ᠪᠣᠯᠤᠨ ᠭᠦᠷᠭᠡᠨ ᠤ ᠳᠠᠯ᠎ᠠ ᠳ᠋ᠤ᠄《ᠬᠠᠷ᠎ᠠ ᠵᠢᠷᠤᠭ᠎ᠠ ᠶᠢ ᠨᠢ ᠣᠨᠤᠭᠤᠯᠤᠨ᠎ᠠ ᠦᠦ ︖ ᠰᠢᠷ᠎ᠠ ᠵᠢᠷᠤᠭ᠎ᠠ ᠶᠢ ᠨᠢ ᠣᠨᠤᠭᠤᠯᠤᠨ᠎ᠠ ᠦᠦ ︖》 ᠭᠡᠵᠤ ᠠᠰᠠᠭᠤᠨ ᠳᠤᠷᠭᠠᠨ ᠶᠠᠯᠠᠯᠠᠵᠤ᠂ ᠭᠡᠦᠭᠡᠨ ᠠᠪᠬᠤ ᠪᠠᠷ ᠢᠷᠡᠭ᠍ᠰᠡᠨ ᠬᠤᠳᠠ ᠬᠤᠳᠠᠭᠠᠢ ᠳᠤ ᠥᠭ᠍ᠴᠤ ᠣᠤᠭᠤᠯᠭᠠᠨ᠎ᠠ᠃ ᠬᠠᠷ᠎ᠠ ᠵᠢᠷᠤᠭ᠎ᠠ ᠭᠡᠳᠡᠭ᠌ ᠨᠢ ᠬᠠᠷ᠎ᠠ ᠠᠷᠢᠭᠢ ᠶᠢ ᠭᠡᠯᠡᠨ᠎ᠡ᠃ ᠰᠢᠷ᠎ᠠ ᠵᠢᠷᠤᠭ᠎ᠠ ᠭᠡᠳᠡᠭ᠌ ᠨᠢ ᠣᠰᠤ ᠶᠢ ᠭᠡᠯᠡᠨ᠎ᠡ᠃ ᠳᠤᠭᠳᠠᠭᠰᠠᠨ ᠴᠠᠭ ᠡᠴᠠ ᠣᠷᠣᠢ᠌ᠳᠠᠭᠰᠠᠨ ᠭᠦᠷᠭᠡᠨ ᠪᠠ ᠭᠦᠷᠭᠡᠨ ᠤ ᠳᠠᠯ᠎ᠠ ᠶᠢᠨ ᠭᠢᠨ ᠰᠢᠷ᠎ᠠ ᠵᠢᠷᠤᠭ᠎ᠠ ᠶᠢ ᠨᠢ ᠣᠨᠤᠭᠤᠯᠤᠨ᠎ᠠ ᠭᠡᠪᠠᠯ ᠰᠢᠷ᠎ᠠ ᠣᠰᠤ ᠣᠤᠭᠤᠯᠭᠠᠨ᠎ᠠ᠃ ᠬᠠᠷ᠎ᠠ ᠵᠢᠷᠤᠭ᠎ᠠ ᠶᠢ ᠨᠢ ᠣᠨᠤᠭᠤᠯᠤᠨ᠎ᠠ ᠭᠡᠪᠠᠯ ᠬᠠᠷ᠎ᠠ ᠠᠷᠢᠭᠢ ᠣᠤᠭᠤᠯᠭᠠᠨ᠎ᠠ᠃

ᠭᠦᠷᠭᠡᠨ ᠤ ᠳᠠᠯ᠎ᠠ ᠶᠢᠨ ᠠᠪᠬᠤᠯᠴᠢᠨ ᠢᠷᠡᠭᠦ ᠳᠡᠭᠡᠨ ᠱᠠᠭ᠎ᠠ ᠴᠢᠮᠦᠭᠡ ᠪᠠᠨ ᠴᠢᠨᠠᠭᠠᠤᠨ ᠳᠤᠮᠳᠠᠭᠤᠷ ᠨᠢ ᠬᠠᠳᠠᠭ ᠶᠢᠡᠷ ᠪᠣᠭᠤᠭᠠᠤᠨ ᠠᠪᠣᠭᠠᠤᠨ ᠶᠠᠪᠣᠳᠠᠭ᠃ ᠭᠡᠦᠭᠡᠨ ᠢ ᠭᠡᠷ ᠡᠴᠠ ᠠᠪᠴᠤ ᠭᠠᠷᠤᠮᠠᠭᠴᠠ ᠱᠠᠭᠠᠨᠳᠤ ᠪᠠᠷ ᠶᠢᠡᠨ ᠳᠠᠯᠠᠯᠵᠤ ᠪᠠᠷᠠᠭᠠᠤᠨ 《ᠳᠠᠪᠠᠭ ᠭᠦᠭᠡᠭᠦ》 ᠭᠡᠵᠤ ᠱᠠᠭᠠᠨᠳᠤ ᠪᠠᠷᠢᠭᠰᠠᠨ ᠮᠤᠷᠢ ᠲᠡᠶ ᠭᠦᠮᠤᠨ ᠢ ᠭᠦᠭᠡᠭᠡᠨ᠎ᠡ᠃ ᠭᠡᠪᠴᠤ ᠡᠨᠡᠭᠦ ᠱᠠᠭᠠᠨᠳᠤ ᠶᠢᠨ ᠭᠦᠮᠤᠨ ᠢ ᠭᠦᠢᠴᠡᠭᠦ ᠶᠤᠰᠤᠨ ᠦᠭᠡᠶ᠂ ᠭᠦᠭᠡᠭᠡᠵᠤ ᠭᠦᠢᠴᠡᠪᠠᠯ ᠰᠢᠨ᠎ᠠ ᠪᠠᠷᠢ ᠪᠣᠯᠬᠤ ᠭᠡᠵᠤ ᠪᠠᠢ᠌ᠭ᠎ᠠ ᠠᠢ᠌ᠯ ᠤᠨ ᠬᠤᠵᠢᠮ ᠤᠨ ᠠᠮᠢᠳᠤᠷᠠᠯ ᠳ᠋ᠤᠨᠢ ᠮᠠᠭᠤ ᠭᠡᠳᠡᠭ᠌᠃

ᠭᠦᠷᠭᠡᠨ ᠭᠡᠦᠭᠡᠨ ᠬᠤᠶᠠᠷ ᠭᠡᠷ ᠲᠤ ᠭᠦᠷᠦᠭ᠍ᠰᠡᠨ ᠤ ᠳᠠᠷᠠᠭ᠎ᠠ ᠱᠠᠭᠠᠠᠳᠤ ᠴᠢᠮᠦᠭᠡ ᠪᠠᠨ ᠠᠳᠬᠤᠵᠤ ᠳᠡᠭ᠍ᠷᠢ ᠳᠤ ᠮᠦᠷᠭᠦᠳᠡᠭ᠌ ᠳᠤᠯᠠ ᠳᠡᠭ᠍ᠷᠢ ᠳᠤ ᠮᠦᠷᠭᠦᠭ᠍ᠰᠡᠨ ᠭᠡᠰᠢᠭ᠌ ᠲᠡᠶ ᠮᠢᠬ᠎ᠠ ᠭᠡᠳ ᠡᠨᠡᠭᠦ ᠱᠠᠭᠠᠨᠳᠤ ᠶᠢᠨ ᠭᠡᠰᠢᠭ᠌ ᠮᠢᠬ᠎ᠠ ᠶᠢ ᠭᠦᠷᠭᠡᠨ ᠭᠡᠦᠭᠡᠨ ᠬᠤᠶᠠᠭᠤᠯᠠ ᠬᠤᠪᠢᠶᠠᠯᠴᠠᠨ ᠢᠳᠡᠭᠡᠳ ᠶᠠᠰᠤ ᠶᠢ ᠨᠢ ᠣᠨᠢᠨ ᠳᠠᠭᠠᠨ ᠬᠠᠪᠴᠢᠭᠤᠯᠤᠨ᠎ᠠ᠃


3. ᠭᠡᠦᠭᠡᠨ ᠢ ᠠᠪᠴᠤ ᠶᠠᠪᠣᠬᠤ


ᠭᠡᠦᠭᠡᠨ ᠢ ᠣᠨᠤᠭᠤᠯᠳᠠᠭ ᠮᠤᠷᠢ ᠪᠣᠯᠤᠨ ᠮᠤᠬᠤᠯᠠᠭ ᠳᠡᠷᠭᠡ ᠡᠭᠦᠳᠡᠨ ᠭᠠᠳᠠᠨ᠎ᠠ ᠭᠦᠡᠳᠡᠯᠡᠨ ᠵᠤᠭᠰᠤᠵᠤ ᠪᠠᠢ᠌ᠳᠠᠭ᠃ ᠭᠦᠷᠭᠡᠨ ᠤ ᠳᠠᠯ᠎ᠠ ᠶᠢᠨ ᠵᠠᠯᠠᠭᠤᠴᠤᠳ ᠪᠠᠷᠢ ᠪᠣᠯᠬᠤ ᠭᠡᠦᠭᠡᠨ ᠢ ᠰᠠᠯᠭᠠᠨ ᠠᠪᠣᠮᠠᠭᠴᠠ ᠭᠡᠷ ᠡᠴᠠ ᠭᠠᠷᠴᠤ ᠡᠭᠦᠳᠡᠨ ᠳ᠋ᠠᠭᠢ ᠮᠤᠷᠢᠨ ᠳᠤ ᠣᠨᠤᠭᠤᠯᠬᠤ ᠪᠣᠶᠤ ᠮᠤᠬᠤᠯᠠᠭ ᠳᠡᠷᠭᠡᠨ ᠳᠤ ᠣᠷᠤᠭᠤᠯᠤᠭᠠᠤᠨ᠂ ᠳᠠᠭᠠᠯᠳᠤᠭᠰᠠᠨ ᠭᠡᠦᠭᠡᠡᠴᠦᠳ ᠢ ᠳᠠᠪᠢᠷᠠᠵᠤ ᠮᠦᠨ ᠮᠤᠬᠤᠯᠠᠭ ᠳᠡᠷᠭᠡᠨ ᠳᠤ ᠣᠷᠤᠭᠤᠯᠤᠨ᠎ᠠ᠃ ᠮᠤᠬᠤᠯᠠᠭ ᠳᠡᠷᠭᠡᠨ ᠳᠤ ᠰᠠᠭᠤᠯᠭᠠᠭᠰᠠᠨ ᠪᠠᠷᠢ ᠶᠢ ᠣᠯᠠᠭᠠᠨ ᠪᠦᠰ ᠶᠢᠡᠷ ᠳᠤᠯᠤᠭᠠᠢ ᠶᠢ ᠪᠦᠳᠦᠭᠡᠵᠤ ᠭᠡᠦᠭᠡᠨ ᠤ ᠳᠠᠯ᠎ᠠ ᠡᠴᠠ ᠠᠷᠪᠠ ᠭᠠᠷᠤᠢ ᠭᠦᠮᠤᠨ ᠳᠠᠭᠠᠵᠤ ᠭᠦᠷᠭᠡᠯᠴᠡᠨ ᠣᠴᠢᠳᠠᠭ᠃ ᠭᠡᠭᠦ ᠳᠡᠭᠡᠨ ᠭᠡᠦᠭᠡᠨ ᠤ ᠳᠠᠯ᠎ᠠ ᠡᠴᠠ ᠪᠠᠰᠠ ᠨᠢᠭᠡᠨ ᠳᠦᠷᠦᠭᠦᠤ ᠬᠤᠳᠠᠭᠠᠢ ᠭᠡᠵᠤ ᠨᠢᠭᠡ ᠭᠦᠮᠤᠨ ᠶᠠᠪᠣᠵᠤ ᠭᠡᠦᠭᠡᠨ ᠤ ᠳᠠᠯ᠎ᠠ ᠶᠢᠨ ᠠᠯᠢᠪᠠ ᠭᠡᠷᠡᠭ᠌ ᠢ ᠬᠠᠮᠢᠶᠠᠷᠳᠠᠭ᠃

(ᠭᠡᠦᠭᠡᠨ ᠮᠤᠷᠳᠠᠭᠤᠯᠬᠤ ᠶᠢᠡᠨ ᠢᠷᠦᠭᠡᠯ)

《ᠬᠠᠷᠢᠶᠠᠴᠠᠢ ᠰᠢᠪᠠᠭᠤ ᠶᠢᠨ ᠵᠢᠭᠦᠷ ᠭᠡᠭ᠍ᠴᠢ ᠨᠢ

ᠭᠠᠷᠤᠭᠰᠠᠨ ᠴᠠᠭ ᠡᠴᠠ ᠪᠠᠨ ᠬᠤᠶᠠᠷ

ᠬᠠᠷ᠎ᠠ ᠦᠰᠦ ᠪᠠᠨ ᠬᠠᠭᠠᠯᠵᠤ

ᠬᠠᠭᠠᠨ ᠳᠡᠭ᠍ᠷᠢ ᠳᠤ ᠮᠦᠷᠭᠦᠨ᠎ᠡ ᠭᠡᠭ᠍ᠴᠢ

ᠪᠣᠷᠬᠠᠨ ᠪᠠᠭᠰᠢ ᠶᠢᠡᠨ ᠢᠷᠦᠭᠡᠯ

ᠳᠤᠭᠤᠳᠠᠭ ᠰᠢᠪᠠᠭᠤ ᠶᠢᠨ ᠵᠢᠭᠦᠷ ᠭᠡᠭ᠍ᠴᠢ

ᠳᠦᠷᠦᠭ᠍ᠰᠡᠨ ᠴᠠᠭ ᠡᠴᠠ ᠪᠠᠨ ᠬᠤᠶᠠᠷ

ᠳᠤᠯᠤᠭᠠᠢ ᠶᠢᠨ ᠦᠰᠦ ᠪᠠᠨ ᠵᠠᠭᠠᠭᠯᠠᠵᠤ

ᠳᠡᠭ᠍ᠷᠢ ᠳᠤ ᠮᠦᠷᠭᠦᠨ᠎ᠡ ᠭᠡᠭ᠍ᠴᠢ ᠨᠢ

ᠳᠡᠭᠡᠳᠦᠰ ᠡᠴᠠ ᠣᠯᠠᠮᠵᠢᠯᠠᠭᠰᠠᠨ ᠶᠤᠰᠤ》 ᠭᠡᠵᠤ ᠢᠷᠦᠭᠡᠯ ᠢᠷᠦᠭᠡᠭᠦ ᠳᠤ ᠪᠠᠰᠠ ᠵᠠᠯᠠᠭᠠᠭᠠᠤᠨ ᠳᠠᠭᠤᠤ ᠳᠠᠭᠤᠯᠠᠨ᠎ᠠ᠄

     ᠭᠡᠡᠵᠡᠭᠡᠨ ᠪᠠᠶ᠎ᠠ ᠲᠡᠶ ᠭᠡᠭᠡᠷ (ᠬᠡᠦᠬᠡᠳ ᠳᠠᠯ᠎ᠠ ᠶᠢᠨ ᠳᠠᠭᠤᠤ)

《ᠭᠡᠡᠵᠡᠭᠡᠨ ᠪᠠᠶ᠎ᠠ ᠲᠡᠶ ᠭᠡᠭᠡᠷ ᠮᠢᠨᠢ

ᠭᠡᠨ ᠤ ᠪᠠᠨ ᠠᠳᠤᠭᠤᠨ ᠳᠤ ᠢᠠᠴᠭᠠᠨ᠎ᠠ ᠪᠣᠢ

ᠭᠡᠡᠵᠡᠭᠡᠨ ᠪᠠᠭ᠎ᠠ ᠳᠡᠭᠦᠤ ᠮᠢᠨᠢ

ᠭᠡᠨ ᠤ ᠪᠠᠨ ᠡᠭᠦᠳᠡᠨ ᠳᠤ ᠮᠠᠯᠮᠠᠯᠵᠠᠨ᠎ᠠ ᠪᠣᠢ

ᠰᠠᠨᠠᠬᠤ ᠳᠠᠭᠠᠨ ᠳᠠᠭᠤᠯᠠᠭᠰᠠᠨ ᠳᠠᠭᠤᠤ ᠮᠢᠨᠢ

ᠰᠠᠯᠭᠢᠨ ᠤ ᠠᠶ᠎ᠠ ᠪᠠᠷ ᠭᠦᠷᠳᠦᠭᠡᠢ

ᠣᠷᠤᠰᠬᠤ ᠳᠠᠭᠠᠨ ᠳᠠᠭᠤᠯᠠᠭᠰᠠᠨ ᠳᠠᠭᠤᠤ ᠮᠢᠨᠢ

ᠣᠰᠤᠨ ᠤ ᠣᠷᠤᠰᠬᠠᠯ ᠶᠢᠡᠷ ᠭᠦᠷᠳᠦᠭᠡᠢ᠃》

    (ᠭᠡᠦᠭᠡᠨ ᠮᠤᠷᠳᠠᠭᠤᠯᠬᠤ ᠳᠠᠭᠤᠤ)

《ᠭᠦᠳᠡᠭᠡ ᠳᠠᠯ᠎ᠠ ᠳᠠᠭᠠᠨ ᠵᠤᠰᠠᠭᠰᠠᠨ

ᠭᠦᠭᠦᠭᠡ ᠰᠢᠪᠠᠭᠤ ᠭᠦᠭᠡᠷᠦᠭᠦᠢ

ᠭᠦᠮᠤᠨ ᠤ ᠭᠠᠵᠠᠷ ᠦᠭ‍ᠭᠦᠭ᠍ᠰᠡᠨ

ᠭᠡᠦᠭᠡᠨ ᠭᠦᠮᠤᠨ ᠭᠦᠭᠡᠷᠦᠭᠦᠢ

ᠠᠷᠤ ᠶᠢᠨ ᠳᠠᠯ᠎ᠠ ᠳᠠᠭᠠᠨ ᠵᠤᠰᠠᠭᠰᠠᠨ

ᠠᠩᠭᠢᠷ ᠭᠠᠯᠠᠭᠤ ᠭᠦᠭᠡᠷᠦᠭᠦᠢ

ᠠᠯᠤᠰ ᠬᠤᠯᠠ ᠳᠠᠭᠠᠨ ᠦᠭ‍ᠭᠦᠭ᠍ᠰᠡᠨ

ᠭᠡᠦᠭᠡᠨ ᠭᠦᠮᠤᠨ ᠭᠦᠭᠡᠷᠦᠭᠦᠢ

ᠵᠥᠯᠭᠡᠳᠤ ᠳᠠᠯ᠎ᠠ ᠳᠠᠭᠠᠨ ᠵᠤᠰᠠᠭᠰᠠᠨ

ᠵᠡᠭᠡᠷ᠎ᠡ ᠭᠦᠷᠦᠭᠡᠰᠤ ᠨᠢ ᠭᠦᠭᠡᠷᠦᠭᠦᠢ

ᠵᠠᠮ ᠤᠨ ᠬᠤᠯᠠ ᠳᠠᠭᠠᠨ ᠮᠤᠷᠳᠠᠭᠤᠯᠤᠭᠰᠠᠨ

ᠭᠡᠦᠭᠡᠨ ᠭᠦᠮᠤᠨ ᠭᠦᠭᠡᠷᠦᠭᠦᠢ

ᠵᠥᠭ᠌ ᠵᠥᠭ᠌ ᠲᠡᠭᠡᠨ ᠵᠤᠰᠠᠭᠰᠠᠨ

ᠵᠦᠷ᠎ᠠ ᠭᠦᠷᠦᠭᠡᠰᠤ ᠨᠢ ᠭᠦᠭᠡᠷᠦᠭᠦᠢ

ᠵᠥᠭ᠌ ᠤᠨ ᠬᠤᠯᠠ ᠮᠤᠷᠳᠠᠭᠤᠯᠤᠭᠰᠠᠨ

ᠭᠡᠦᠭᠡᠨ ᠭᠦᠮᠤᠨ ᠭᠦᠭᠡᠷᠦᠭᠦᠢ》 ᠭᠡᠵᠤ ᠳᠠᠭᠤᠯᠠᠨ᠎ᠠ᠃ ᠭᠡᠦᠭᠡᠨ ᠭᠡᠷ ᠡᠴᠠ ᠭᠠᠷᠬᠤ ᠳᠤ ᠭᠡᠦᠭᠡᠨ ᠤ ᠪᠠᠷᠢᠭᠰᠠᠨ ᠠᠷᠢᠭᠢ ᠶᠢ ᠳᠤᠩᠭ᠋ᠠᠵᠤ ᠣᠤᠭᠤᠭᠠᠤᠨ᠂ ᠠᠪᠣ ᠡᠵᠢ ᠠᠬ᠎ᠠ ᠳᠡᠭᠦᠤ ᠳᠦᠷᠤᠯ ᠰᠠᠳᠤᠨ ᠨᠢ ᠭᠡᠦᠭᠡᠨ ᠳᠡᠭᠡᠨ ᠳᠠᠭᠤᠤ ᠳᠠᠭᠤᠯᠠᠵᠤ᠂ ᠢᠷᠦᠭᠡᠯ ᠳᠠᠯᠪᠢᠵᠤ ᠮᠤᠷᠳᠠᠭᠤᠯᠤᠨ᠎ᠠ᠃

《ᠬᠠᠷ᠎ᠠ ᠭᠡᠭᠡᠷ ᠮᠤᠷᠢ ᠶᠢ ᠪᠠᠨ

ᠳᠠᠳᠠᠰᠭᠢᠵᠤ ᠶᠠᠪᠣᠭᠠᠷᠠᠢ

ᠬᠠᠳᠠ ᠴᠢᠯᠠᠭᠤ ᠲᠡᠶ ᠭᠠᠵᠠᠷ ᠳᠤ

ᠳᠤᠪᠳᠤᠯᠵᠤ ᠪᠢᠳᠡᠭᠡᠢ ᠶᠠᠪᠣᠭᠠᠷᠠᠢ

ᠨᠠᠷᠢᠬᠠᠨ ᠪᠠᠭ᠎ᠠ ᠰᠢᠷᠭ᠎ᠠ ᠪᠠᠨ

ᠳᠠᠳᠠᠰᠭᠢᠵᠤ ᠶᠠᠪᠣᠭᠠᠷᠠᠢ

ᠳᠤᠪᠤᠨ ᠶᠡᠭᠡᠳᠡᠢ ᠭᠠᠵᠠᠷ ᠳᠤ

ᠳᠤᠪᠳᠤᠯᠵᠤ ᠪᠢᠳᠡᠭᠡᠢ ᠶᠠᠪᠣᠭᠠᠷᠠᠢ

ᠢᠯᠢ ᠭᠤᠤᠯ ᠤᠨ ᠣᠰᠤᠨ ᠨᠢ

ᠡᠷᠭᠢ ᠪᠠᠨ ᠴᠤᠭᠢᠯᠠᠨ ᠳᠤᠯᠭᠢᠶᠠᠯᠠᠳᠠᠭ

ᠦᠪᠡᠷ ᠤᠨ ᠪᠢᠰᠢ ᠭᠦᠮᠤᠨ ᠳ᠋ᠤ

ᠦᠨᠡᠨ ᠶᠢᠡᠨ ᠪᠣᠤ ᠮᠡᠳᠡᠭᠦᠯ

ᠡᠷᠴᠢᠰ ᠭᠤᠤᠯ ᠤᠨ ᠣᠰᠤᠨ ᠨᠢ

ᠡᠷᠭᠢ ᠪᠠᠨ ᠴᠤᠭᠢᠯᠠᠨ ᠳᠤᠯᠭᠢᠶᠠᠯᠠᠳᠠᠭ

ᠡᠯᠳᠡᠪ ᠪᠣᠰᠤ ᠶᠢᠨ ᠭᠦᠮᠤᠨ ᠳ᠋ᠤ

ᠦᠨᠡᠨ ᠶᠢᠡᠨ ᠪᠣᠤ ᠮᠡᠳᠡᠭᠦᠯ᠃

ᠥᠯᠦᠭᠡᠢ ᠲᠡᠶ ᠪᠠᠢ᠌ᠬᠤ ᠳ᠋ᠠᠭᠠᠨ

ᠮᠠᠨ ᠤ ᠦᠪᠡᠷ ᠤᠨ ᠦᠷ᠎ᠡ ᠪᠢᠯᠠ

ᠮᠠᠩᠨᠤᠭ ᠡᠮᠦᠰᠦᠭᠡᠳ ᠭᠠᠷᠬᠤ ᠳ᠋ᠤ

ᠭᠦᠮᠤᠨ ᠤ ᠦᠷ᠎ᠡ ᠪᠣᠯᠤᠯ᠎ᠠ ᠴᠢ

ᠳᠠᠯᠠᠯᠭ᠎ᠠ ᠶᠢ ᠴᠢᠨᠢ ᠠᠪᠣᠭᠠᠤᠨ

ᠳᠠᠩᠰᠠ (ᠡᠷᠦᠭᠡ ᠠᠮᠠ) ᠶ᠋ᠢ ᠴᠢᠨᠢ ᠰᠠᠯᠭᠠᠭᠠᠤᠨ

ᠡᠪᠦᠭᠡᠳ ᠳᠡᠭᠡᠳᠦᠰ ᠤᠨ ᠵᠢᠷᠤᠮ ᠵᠢᠠᠷ

ᠥᠭᠡᠯᠡᠳ ᠬᠤᠷᠢᠮ ᠤᠨ ᠶᠤᠰᠤ ᠪᠠᠷ

ᠬᠠᠷᠢ ᠳᠤ ᠦᠭ‍ᠭᠦᠯ᠎ᠡ ᠴᠢᠮᠢ᠋ᠢ᠌

ᠠᠬ᠎ᠠ ᠪᠠᠨ ᠠᠯᠳᠠ ᠭᠦᠡᠳᠦᠯᠡᠵᠤ

ᠳᠡᠭᠦᠤ ᠪᠠᠨ ᠳᠠᠯᠢᠮ ᠭᠦᠡᠳᠦᠯᠡ

ᠡᠵᠢ ᠠᠪᠣ ᠶᠢᠨ ᠰᠤᠷᠭᠠᠮᠵᠢ ᠭᠡᠯᠡᠮᠵᠢ ᠶᠢ

ᠡ᠊ᠨᠳᠡᠭᠦᠷᠡᠯ ᠦᠭᠡᠶ ᠳᠠᠭᠠᠵᠤ ᠶᠠᠪᠣᠭᠠᠷᠠᠢ》 ᠭᠡᠵᠤ ᠢᠷᠦᠭᠡᠯ ᠳᠠᠯᠪᠢᠬᠤ ᠳ᠋ᠤ

《ᠬᠠᠷ᠎ᠠ ᠮᠤᠷᠢᠨ ᠤ ᠬᠠᠳᠠᠷᠢᠯᠭᠠᠨ ᠰᠠᠢ᠌ᠬᠠᠨ

ᠬᠠᠢ᠌ᠷᠠᠳᠤ ᠠᠪᠣ ᠶᠢᠨ ᠰᠤᠷᠭᠠᠯ ᠰᠠᠢ᠌ᠬᠠᠨ

ᠭᠦᠷᠡᠩ ᠮᠤᠷᠢᠨ ᠤ ᠠᠯᠬᠤᠴᠠ ᠰᠠᠢ᠌ᠬᠠᠨ

ᠭᠦᠡᠳᠦᠳᠤ ᠡᠵᠢ ᠶᠢᠨ ᠰᠤᠷᠭᠠᠯ ᠰᠠᠢ᠌ᠬᠠᠨ》 ᠭᠡᠵᠤ 《ᠰᠤᠷᠭᠠᠯ ᠨᠢ ᠰᠠᠢ᠌ᠬᠠᠨ ︕》 ᠭᠡᠵᠤ ᠳᠦᠷᠢᠯᠭᠡ ᠭᠢᠨ᠎ᠠ᠃

ᠭᠡᠦᠭᠡᠨ ᠳᠦᠷᠭᠦᠮ ᠤᠨ ᠭᠡᠷ ᠡᠴᠠ ᠮᠤᠷᠳᠠᠬᠤ ᠦᠶ᠎ᠡ ᠳᠤ ᠭᠡᠦᠭᠡᠨ ᠭᠦᠷᠭᠡᠨ ᠬᠤᠶᠠᠷ ᠢ ᠳᠡᠷᠡᠭᠦ ᠯᠠᠮᠠ ᠶᠢᠨ ᠥᠵᠡᠭ᠍ᠰᠡᠨ ᠴᠠᠭ ᠶᠤᠰᠤᠭᠠᠷ ᠡᠴᠢᠭᠡ ᠡᠭᠡ ᠳᠡᠭᠡᠨ ᠮᠦᠷᠭᠦᠭᠡᠳ ᠭᠡᠦᠭᠡᠨ ᠭᠦᠷᠭᠡᠨ ᠬᠤᠶᠠᠷ ᠮᠤᠷᠳᠠᠵᠤ ᠭᠠᠷᠬᠤ ᠳᠠᠭᠠᠨ ᠭᠡᠦᠭᠡᠨ ᠤ ᠭᠡᠷ ᠢ ᠵᠦᠪ ᠳᠠᠯ᠎ᠠ ᠪᠠᠷ ᠨᠢᠭᠡ ᠡᠷᠭᠢᠵᠤ ᠶᠠᠪᠣᠨ᠎ᠠ᠃

ᠰᠢᠨ᠎ᠠ ᠭᠦᠷᠭᠡᠨ ᠰᠠᠭᠠᠳᠠᠭ ᠨᠤᠮᠤ ᠰᠤᠮᠤ ᠪᠠᠨ ᠠᠭᠰᠠᠵᠤ ᠮᠤᠷᠢ ᠣᠨᠤᠵᠤ ᠶᠠᠪᠣᠳᠠᠭ᠃ ᠪᠠᠷᠢ ᠶᠢᠨ ᠰᠠᠭᠤᠭᠰᠠᠨ ᠳᠡᠷᠭᠡ ᠭᠦᠳᠡᠯᠦᠮᠡᠭ᠍ᠴᠡ ᠪᠣᠷᠬᠠᠨ ᠨᠢ ᠳᠠᠭᠠᠨ᠎ᠠ ᠭᠡᠳ ᠰᠢᠨ᠎ᠠ ᠭᠦᠷᠭᠡᠨ ᠳᠡᠷᠡᠭᠦ ᠠᠭᠰᠠᠵᠤ ᠶᠠᠪᠣᠭᠰᠠᠨ ᠨᠤᠮᠤ ᠰᠤᠮᠤ ᠪᠠᠷ ᠶᠢᠡᠨ ᠪᠠᠷᠢ ᠪᠣᠯᠬᠤ ᠭᠡᠦᠭᠡᠨ ᠤ ᠮᠤᠬᠤᠯᠠᠭ ᠳᠡᠷᠭᠡ ᠪᠣᠶᠤ ᠣᠨᠤᠭᠰᠠᠨ ᠮᠤᠷᠢ ᠲᠡᠶ ᠭᠦᠮᠤᠨ ᠤ ᠳᠡᠭᠡᠭᠦᠷ ᠬᠠᠷᠪᠣᠬᠤ ᠳᠠᠭᠠᠨ᠄《ᠬᠠᠷᠢ ᠳᠤ ᠦᠭ‍ᠭᠦᠭ᠍ᠰᠡᠨ ᠭᠡᠦᠭᠡᠨ᠂ ᠬᠠᠳᠠᠨ ᠳᠤ ᠬᠠᠷᠪᠣᠭᠰᠠᠨ ᠰᠤᠮᠤ》 ᠭᠡᠵᠤ ᠠᠠᠳᠠᠭᠠᠢ ᠳᠠᠯᠪᠢᠵᠤ ᠨᠤᠮᠤ ᠪᠠᠨ ᠳᠠᠳᠠᠵᠤ ᠰᠤᠮᠤ ᠪᠠᠨ ᠬᠠᠷᠪᠣᠳᠠᠭ ᠪᠢᠯᠠ᠃ ᠢᠩᠭᠢᠭᠡᠳ ᠭᠦᠷᠭᠡᠨ ᠰᠤᠮᠤ ᠪᠠᠨ ᠭᠤᠷᠪᠠᠠᠳᠠ ᠬᠠᠷᠪᠣᠵᠤ᠂ ᠵᠠᠮ ᠳᠠᠭᠠᠨ ᠠᠷᠢᠭᠢᠨ ᠰᠠᠴᠤᠯᠢ ᠡᠷᠭᠦᠵᠤ ᠠᠷᠢᠭᠢᠳᠠᠨ ᠨᠠᠢ᠌ᠷᠯᠠᠵᠤ ᠭᠦᠷᠭᠡᠨ ᠤ ᠭᠡᠷ ᠵᠥᠭ᠌ ᠶᠠᠪᠣᠨ᠎ᠠ᠃ ᠭᠦᠷᠭᠡᠨ ᠤ ᠭᠡᠷ ᠲᠤ ᠤᠢ᠌ᠷᠠᠳᠤᠮᠠᠭᠴᠠ ᠪᠠᠷᠢ ᠶᠢᠨ ᠡᠮᠦᠨ᠎ᠡ ᠡᠴᠠ ᠣᠭᠳᠤᠯᠭ᠎ᠠ ᠭᠠᠷᠴᠤ ᠢᠷᠠᠨ᠎ᠠ᠃ ᠡᠭᠦᠨ ᠢ ᠥᠳᠦᠯᠦᠭᠡᠯᠡᠭᠦᠯᠦᠨ᠎ᠡ ᠭᠡᠨ᠎ᠡ᠃ ᠥᠳᠡᠯᠡᠭᠦ ᠳᠡᠭᠡᠨ ᠭᠦᠷᠭᠡᠨ ᠤ ᠳᠠᠯ᠎ᠠ ᠡᠴᠠ ᠴᠠᠢ ᠴᠢᠨᠠᠵᠤ ᠭᠡᠦᠭᠡᠨ ᠤ ᠳᠠᠯ᠎ᠠ ᠪᠠ ᠭᠦᠷᠭᠡᠨ ᠤ ᠳᠠᠯ᠎ᠠ ᠶᠢᠨ ᠭᠦᠮᠦᠰ ᠤᠨ ᠴᠢᠮᠦᠭᠡ ᠶᠢ ᠳᠠᠢ᠌ᠯᠠᠨ᠎ᠠ ᠭᠡᠵᠤ ᠴᠠᠢ ᠪᠠᠨ ᠣᠤᠭᠤᠯᠭᠠᠨ᠎ᠠ᠃ ᠴᠠᠢ ᠪᠠᠨ ᠣᠤᠭᠤᠭᠰᠠᠨ ᠤ ᠰᠡᠭᠦᠯᠡᠷ ᠭᠦᠷᠭᠡᠨ ᠤ ᠭᠡᠷ ᠡᠴᠠ ᠳᠠᠮᠠᠢ ᠬᠤᠯᠠ ᠦᠭᠡᠶ ᠭᠠᠵᠠᠷ ᠲᠤ ᠢᠰᠡᠭᠡᠢ ᠳᠠᠪᠢᠰᠴᠤ ᠳᠦᠷᠪᠠᠨ ᠱᠤᠷᠤ ᠮᠢᠬ᠎ᠠ ᠶᠢ ᠳᠦᠷᠪᠠᠨ ᠳᠠᠯ᠎ᠠ ᠳ᠋ᠤᠨᠢ ᠬᠠᠳᠬᠤᠨ᠎ᠠ᠃ ᠬᠠᠵᠠᠭᠤ ᠳ᠋ᠤᠨᠢ ᠭᠠᠯ ᠲᠦᠯᠠᠨ᠎ᠠ᠃ ᠡᠨᠡᠭᠦ ᠳᠡᠪᠢᠰᠦᠭ᠍ᠰᠡᠨ ᠢᠰᠡᠭᠡᠢ ᠳᠡᠭᠡᠷ᠎ᠡ ᠪᠠᠷᠠᠭᠤᠨ ᠣᠷᠤᠭᠰᠢ ᠬᠠᠠᠳᠤᠨ ᠡᠵᠡᠨ ᠰᠦᠯᠳᠡ ᠳᠤ ᠠᠷᠢᠭᠢ ᠳᠠᠷᠠᠰᠤ ᠰᠠᠴᠤᠯᠠᠨ ᠭᠤᠷᠪᠠᠠᠳᠠ ᠮᠦᠷᠭᠦᠨ᠎ᠡ᠃ ᠪᠠᠰᠠ ᠭᠦᠷᠭᠡᠨ ᠭᠡᠦᠭᠡᠨ ᠬᠤᠶᠠᠭᠤᠯᠠ ᠪᠠᠨ ᠭᠡᠷ ᠲᠤ ᠪᠠᠨ ᠭᠦᠷᠦᠮᠡᠭ᠍ᠴᠡ ᠭᠡᠷ ᠭᠦᠷᠢᠶ᠎ᠡ ᠪᠠᠨ ᠵᠦᠪ ᠭᠤᠷᠪᠠᠠᠳᠠ ᠡᠷᠭᠢᠨ᠎ᠡ᠃

ᠰᠢᠨ᠎ᠠ ᠪᠠᠷᠢ ᠭᠡᠷ ᠲᠤ ᠣᠷᠤᠬᠤ ᠦᠶᠡᠰ ᠡᠭᠦᠳᠡ ᠳᠤᠰᠤᠨ᠎ᠠ ᠭᠡᠵᠤ ᠪᠠᠰᠠ ᠨᠢᠭᠡ ᠶᠤᠰᠤ ᠪᠠᠢ᠌ᠨ᠎ᠠ᠃ ᠭᠦᠷᠭᠡᠨ ᠤ ᠳᠠᠯ᠎ᠠ ᠶᠢᠨ ᠨᠢᠭᠡ ᠭᠦᠮᠤᠨ (ᠭᠦᠷᠭᠡᠨ ᠭᠦᠪᠠᠭᠦᠨ ᠤ ᠤᠢ᠌ᠷ᠎ᠡ ᠰᠠᠳᠤᠨ ᠳᠦᠷᠤᠯ) ᠡᠭᠦᠳᠡ ᠶᠢ ᠳᠤᠰᠴᠤ ᠰᠢᠨ᠎ᠠ ᠪᠠᠷᠢ ᠶᠢ ᠣᠷᠤᠭᠤᠯᠬᠤ ᠦᠭᠡᠶ ᠭᠡᠳᠡᠭ᠌᠃ ᠢᠩᠭᠢᠭᠦ ᠳᠤ ᠭᠡᠦᠭᠡᠨ ᠤ ᠳᠠᠯ᠎ᠠ ᠶᠢᠨ ᠭᠦᠮᠦᠰ ᠠᠷᠢᠭᠢ ᠳᠠᠷᠠᠰᠤ ᠪᠠᠨ ᠪᠠᠷᠢᠵᠤ ᠣᠷᠠᠨ ᠰᠠᠢ᠌ᠬᠠᠨ ᠥᠭᠡ ᠪᠠᠷ ᠭᠡᠯᠡᠯᠴᠡᠵᠤ ᠡᠭᠦᠳᠡ ᠪᠠᠨ ᠨᠡᠭᠡᠭᠡᠵᠤ ᠣᠷᠤᠳᠠᠭ᠃ ᠭᠡᠯᠡᠯᠴᠡᠭᠦ ᠥᠭᠡ ᠨᠤᠭᠦᠳ ᠨᠢ ᠳᠤᠤᠷᠠᠭᠢ ᠮᠠᠳᠤ᠄

ᠭᠦᠪᠠᠭᠦᠨ ᠤ ᠳᠠᠯ᠎ᠠ ᠶᠢᠨ ᠪᠠᠷᠭᠡᠨ᠄ 《ᠳᠠᠨᠠᠷ ᠶᠠᠮᠠᠷ ᠭᠦᠮᠤᠨ᠂ ᠶᠠᠭᠤᠨ ᠤ ᠣᠴᠢᠷ ᠲᠡᠶ ᠪᠣᠢ ︖》 ᠭᠡᠭᠦ ᠳᠤ ᠭᠡᠦᠭᠡᠨ ᠤ ᠳᠠᠯ᠎ᠠ ᠶᠢᠨ ᠪᠠᠷᠭᠡᠨ᠄

《ᠠᠩᠬ᠎ᠠ ᠣᠷᠢᠳᠤ ᠴᠠᠭ ᠳᠤ

ᠠᠢ᠌ᠯᠠᠳᠬᠠᠨ ᠭᠤᠶᠤᠵᠤ ᠣᠴᠢᠭᠰᠠᠨ ᠣᠴᠢᠷ ᠳᠤ

ᠶᠤᠰᠤ ᠵᠢᠷᠤᠮ ᠳ᠋ᠤᠨᠢ ᠳᠠᠭᠠᠷᠠᠭᠤᠯᠵᠤ

ᠶᠠᠭ ᠡᠨᠡ ᠡᠳᠦᠷ ᠲᠤ ᠭᠡᠳ

ᠡᠷᠳᠡ ᠡᠳᠦᠷ ᠭᠡᠯᠡᠯᠴᠡᠭᠡ ᠳᠠᠢ

ᠡᠨᠡ ᠡᠳᠦᠷ ᠤᠨ ᠪᠣᠯᠵᠤᠭ᠎ᠠ ᠳᠠᠢ

ᠡᠪᠦᠭᠡᠳ ᠳᠡᠭᠡᠳᠦᠰ ᠤᠨ ᠵᠢᠷᠤᠮ

ᠥᠭᠡᠯᠡᠳ ᠬᠤᠷᠢᠮ ᠤᠨ ᠶᠤᠰᠤᠨ

ᠠᠴᠢᠳᠤ ᠠᠪᠣ ᠡᠵᠢ ᠡᠴᠠ ᠡᠭᠢᠯᠡᠨ

ᠠᠢ᠌ᠯ ᠤᠨ ᠠᠬ᠎ᠠ ᠳᠡᠭᠦᠤ ᠳᠠ ᠪᠦᠭᠦᠨ ᠳ᠋ᠤ

ᠠᠮᠳᠠᠳᠤ ᠠᠷᠢᠭᠢᠨ ᠳᠡᠭᠡᠵᠢ

ᠠᠯᠳᠠ ᠴᠠᠭᠠᠨ ᠬᠠᠳᠠᠭ ᠤᠨ ᠬᠠᠮᠳᠤ

ᠠᠮᠤᠷ ᠠᠰᠠᠭᠤᠨ ᠮᠠᠠᠳᠤ ᠶᠢ ᠮᠠᠳᠠᠨ

ᠠᠢ᠌ᠯᠠᠳᠬᠠᠨ ᠢᠷᠠᠯ᠎ᠠ ᠪᠢᠳᠠ ᠨᠠᠷ》 ᠭᠡᠳ ᠵᠠᠯᠠᠭᠠᠭᠠᠤᠨ᠄

《ᠪᠣᠶᠠᠨ ᠲᠡᠶ ᠳᠦᠷᠦᠭ᠍ᠰᠡᠨ ᠭᠡᠦᠭᠡᠨ ᠵᠢᠠᠨ

ᠪᠣᠭᠳᠤᠯᠠᠵᠤ ᠱᠠᠩᠬᠤᠯᠠᠨ ᠠᠪᠣᠭᠠᠤᠨ

ᠬᠤᠳᠳᠤᠭ ᠣᠰᠤ ᠶᠢ ᠡ᠊ᠨᠳᠡ ᠭᠡᠵᠤ

ᠬᠤᠳᠠ ᠰᠦᠷᠦᠭ᠌ ᠨᠢ ᠡᠨᠡᠭᠦᠷ ᠭᠡᠳ

ᠥᠩᠭᠡᠳᠤ ᠳᠦᠷᠦᠭ᠍ᠰᠡᠨ ᠭᠡᠦᠭᠡᠨ ᠵᠢᠠᠨ

ᠡᠭᠦᠳᠡᠨ ᠳᠤ ᠴᠢᠨᠢ ᠠᠪᠴᠢᠷᠠᠯ᠎ᠠ

ᠦᠷᠭᠦᠭᠡ ᠳᠤ ᠴᠢᠨᠢ ᠣᠷᠤᠭᠤᠯᠤᠯ᠎ᠠ

ᠭᠠᠩᠭ᠋ᠠᠩ ᠰᠠᠢ᠌ᠬᠠᠨ ᠦᠷ᠎ᠡ ᠶᠢ ᠪᠠᠨ

ᠭᠠᠷ ᠲᠤ ᠴᠢᠨᠢ ᠳᠤᠰᠢᠶᠠᠯ᠎ᠠ

ᠭᠡᠭᠡᠨ ᠳᠦᠷᠦᠭ᠍ᠰᠡᠨ ᠭᠡᠦᠭᠡᠨ ᠵᠢᠠᠨ

ᠭᠡᠷ ᠲᠤ ᠴᠢᠨᠢ ᠠᠪᠴᠢᠷᠠᠯ᠎ᠠ

ᠭᠡᠷᠭᠡᠢ ᠪᠣᠯᠭᠠᠨ ᠦᠭ‍ᠭᠦᠯ᠎ᠡ ᠭᠡᠳᠡᠭ᠌᠃

ᠠᠯᠤᠰ ᠭᠠᠵᠠᠷ ᠢ ᠤᠢ᠌ᠷᠠᠳᠤᠭᠤᠯᠳᠠᠭ

ᠠᠭᠳᠠ ᠮᠤᠷᠢᠨ ᠡᠷᠳᠡᠨᠢ ᠶᠤᠮ

ᠬᠤᠶᠠᠷ ᠭᠦᠮᠤᠨ ᠢ ᠤᠢ᠌ᠷᠠᠳᠤᠭᠤᠯᠳᠠᠭ

ᠭᠡᠦᠭᠡᠨ ᠦᠷ᠎ᠡ ᠨᠢ ᠡᠷᠳᠡᠨᠢ ᠶᠤᠮ

ᠠᠯᠳᠠᠢ ᠬᠠᠩᠭ᠋ᠠᠢ ᠮᠠᠳᠤ

ᠦᠨᠳᠦᠷ ᠪᠣᠭᠤᠨᠢ ᠠᠭᠤᠯᠠ ᠪᠠᠷ ᠬᠤᠯᠪᠣᠭ᠎ᠠ ᠳᠠᠢ

ᠳᠠᠳᠠᠬᠤᠯ᠎ᠠ ᠳᠠᠰᠤᠷᠠᠳᠠᠭ ᠥᠭᠡᠢ

ᠲᠦᠮᠡᠨ ᠵᠢᠯ ᠤᠨ ᠡᠯᠢᠭᠡᠨ ᠰᠠᠳᠤᠨ ᠪᠣᠯᠤᠶ᠎ᠠ

ᠮᠠᠳᠠᠬᠤᠯ᠎ᠠ ᠮᠠᠳᠠᠷᠠᠰᠢ ᠥᠭᠡᠢ

ᠮᠢᠩᠭ᠋ᠠᠨ ᠵᠢᠯ ᠤᠨ ᠬᠤᠳᠠ ᠣᠷᠤᠭ ᠪᠣᠯᠤᠶ᠎ᠠ ᠭᠡᠵᠤ

ᠡᠳᠦᠷ ᠤᠨ ᠰᠠᠢ᠌ᠨ ᠢ ᠣᠠᠴᠠᠭᠠᠢ᠌ᠯᠠᠨ

ᠦᠯᠵᠡᠢ ᠳᠠᠮᠪᠠᠷᠠᠯ ᠲᠡᠶ ᠡᠨᠡ ᠡᠳᠦᠷ ᠳᠤ

ᠳᠠᠨ ᠤ ᠦᠷ᠎ᠡ ᠮᠠᠨ ᠤ ᠪᠣᠯᠳᠤᠭᠠᠢ ᠭᠡᠵᠤ

ᠮᠠᠨ ᠤ ᠦᠷ᠎ᠡ ᠳᠠᠨ ᠤ ᠪᠣᠯᠳᠤᠭᠠᠢ ᠭᠡᠳ

ᠳᠠᠨ ᠤ ᠮᠠᠨ ᠤ ᠬᠤᠶᠠᠷ ᠠᠢ᠌ᠯ ᠨᠡᠢ᠌ᠯᠡᠭᠡᠳ

ᠨᠢᠭᠡ ᠡᠷᠦᠭᠡ ᠠᠢ᠌ᠯ ᠪᠣᠰᠬᠠᠬᠤ ᠶᠢᠨ ᠲᠦᠯᠦᠭᠡ

ᠣᠷᠤᠭ ᠡᠯᠢᠭᠡᠨ ᠪᠣᠯᠤᠶ᠎ᠠ ᠭᠡᠵᠤ ᠢᠷᠠᠯ᠎ᠠ ᠪᠢᠳᠠᠨ》 ᠭᠡᠪᠠᠯ ᠭᠦᠪᠠᠭᠦᠨ ᠤ ᠳᠠᠯ᠎ᠠ ᠶᠢᠨ ᠪᠠᠷᠭᠡᠨ᠄

《ᠰᠠᠨᠠᠭᠰᠠᠨ ᠨᠢ ᠪᠦᠳᠦᠭᠦ ᠪᠣᠯᠳᠤᠭᠠᠢ

ᠰᠠᠭᠢᠭᠰᠠᠨ ᠨᠢ ᠦᠷᠦᠰᠢᠶᠡᠭᠦ ᠪᠣᠯᠳᠤᠭᠠᠢ

ᠮᠠᠨ ᠤ ᠦᠷ᠎ᠡ ᠳᠠᠨᠠᠢ᠌ᠭᠢ ᠪᠣᠯᠳᠤᠭᠠᠢ

ᠳᠠᠨ ᠤ ᠦᠷ᠎ᠡ ᠮᠠᠨᠠᠢ᠌ᠭᠢ ᠪᠣᠯᠳᠤᠭᠠᠢ

ᠶᠠᠪᠣᠭᠰᠠᠨ ᠶᠠᠪᠣᠳᠠᠯ ᠨᠢ ᠶᠤᠰᠤ ᠪᠠᠷ ᠪᠣᠯᠵᠤ

ᠢᠷᠡᠭ᠍ᠰᠡᠨ ᠣᠢ᠌ᠯᠠ ᠨᠢ ᠶᠤᠰᠤ ᠪᠠᠷ ᠪᠦᠳᠦᠵᠤ

ᠣᠷᠳᠤ ᠨᠠᠰᠤ ᠲᠡᠶ ᠣᠳᠠᠭᠠᠨ ᠵᠢᠷᠭᠠᠯ ᠲᠡᠶ

ᠦᠯᠵᠡᠢ᠌ᠳᠠᠢ ᠡᠷᠦᠭᠡ ᠭᠡᠷ ᠪᠣᠰᠬᠠᠵᠤ

ᠣᠮ ᠰᠠᠢ᠌ᠨ ᠠᠮᠤᠭᠤᠯᠠᠩ ᠡᠳ᠋ᠯᠡᠳᠦᠭᠡᠢ》 ᠭᠡᠳ ᠪᠠᠷᠢ ᠪᠠᠨ ᠣᠷᠤᠭᠤᠯᠵᠤ ᠠᠪᠣᠨ᠎ᠠ᠃

ᠡᠭᠦᠨ ᠳᠤ ᠭᠡᠦᠭᠡᠨ ᠤ ᠳᠠᠯ᠎ᠠ ᠶᠢᠨ ᠭᠢᠨ ᠠᠷᠢᠭᠢ ᠰᠠᠷᠬᠤᠤᠨ ᠲᠡᠶ ᠬᠠᠳᠠᠭ ᠶᠢᠡᠨ ᠪᠠᠷᠢᠵᠤ ᠡᠭᠦᠳᠡ ᠪᠠᠨ ᠨᠡᠭᠡᠭᠡᠵᠤ ᠣᠷᠤᠳᠠᠭ᠃

(ᠪᠠᠷᠢ ᠪᠠᠭᠤᠵᠤ ᠢᠷᠡᠭᠦ ᠳᠤ ᠳᠠᠭᠤᠯᠠᠬᠤ ᠳᠠᠭᠤᠤ)

《ᠳᠤᠭᠤᠨᠤ ᠲᠡᠶ ᠬᠠᠳᠠᠨ ᠳᠠᠭᠠᠨ ᠣᠷᠭᠤᠭᠰᠠᠨ

ᠳᠠᠪᠤᠨ ᠥᠩᠭᠡ ᠶᠢᠨ ᠴᠡᠴᠡᠭ᠌

ᠳᠠᠪᠤᠨ ᠥᠩᠭᠡ ᠶᠢᠨ ᠴᠡᠴᠡᠭ᠌ ᠡᠴᠠ

ᠳᠠᠨᠠᠷ ᠪᠦᠭᠦᠳᠡ ᠳᠤ ᠪᠠᠨ ᠪᠠᠷᠢᠶ᠎ᠠ

ᠨᠤᠮᠤᠬᠠᠨ ᠪᠣᠷᠤᠬᠠᠨ ᠢ ᠪᠦᠳᠦᠷᠢᠭᠦᠯᠳᠡᠭ᠌

ᠨᠤᠳᠤᠭ ᠤᠨ ᠠᠷᠪᠢᠨ ᠰᠢᠷᠠᠯᠵᠢ

ᠨᠤᠶᠠᠤᠨ ᠰᠠᠢ᠌ᠳ ᠢ ᠴᠤᠭᠯᠠᠭᠤᠯᠳᠠᠭ

ᠠᠷᠢᠭᠢ ᠦᠷᠦᠭᠡ ᠬᠤᠶᠠᠷ

ᠣᠨᠤᠭᠰᠠᠨ ᠪᠣᠷᠤ ᠶᠢ ᠪᠦᠳᠦᠷᠢᠭᠦᠯᠳᠡᠭ᠌

ᠣᠰᠤᠨ ᠴᠠᠯᠴᠠᠬᠠᠢ ᠬᠤᠶᠠᠭᠤᠯᠠ

ᠣᠷᠤᠭ ᠵᠠᠯᠠᠭᠤᠴᠤᠳ ᠢ ᠴᠤᠭᠯᠠᠭᠤᠯᠳᠠᠭ

ᠣᠷᠢᠳᠤ ᠳᠦᠷᠤ ᠶᠢᠨ ᠬᠤᠷᠢᠮ᠃》

ᠪᠠᠷᠢ ᠪᠠᠭᠤᠵᠤ ᠢᠷᠡᠭᠦ ᠳᠡᠭᠡᠨ ᠠᠷᠪᠠᠨ ᠨᠢ᠋ᠮᠠᠨ ᠱᠠᠩᠬᠤ ᠲᠡᠶ ᠪᠢᠳᠡᠭᠦᠤ ᠭᠡᠦᠭᠡᠨ ᠣᠷᠤᠵᠤ ᠢᠷᠡᠳᠡᠭ᠌᠃ ᠭᠦᠷᠭᠡᠨ ᠭᠡᠦᠭᠡᠨ ᠬᠤᠶᠠᠷ ᠭᠡᠷ ᠲᠤ ᠭᠦᠷᠦᠭ᠍ᠰᠡᠨ ᠤ ᠳᠠᠷᠠᠭ᠎ᠠ ᠱᠠᠭᠠᠠᠳᠤ ᠴᠢᠮᠦᠭᠡ ᠪᠠᠨ ᠱᠠᠭ᠎ᠠ ᠲᠡᠶ ᠳᠠᠯ᠎ᠠ ᠶᠢ ᠭᠡᠦᠭᠡᠨ ᠠᠳᠬᠤᠵᠤ ᠨᠥᠭᠦᠭᠡ ᠳᠠᠯ᠎ᠠ ᠶᠢ ᠭᠦᠷᠭᠡᠨ ᠨᠢ ᠠᠳᠬᠤᠵᠤ ᠭᠦᠷᠭᠡᠨ ᠭᠡᠦᠭᠡᠨ ᠬᠤᠶᠠᠭᠤᠯᠠ ᠪᠠᠨ ᠳᠡᠭ᠍ᠷᠢ ᠳᠤ ᠮᠦᠷᠭᠦᠨ᠎ᠡ᠃

《ᠬᠠᠷ᠎ᠠ ᠦᠰᠦ ᠶᠢ ᠨᠢ ᠬᠠᠭᠠᠯᠵᠤ

ᠬᠠᠭᠠᠨ ᠳᠡᠭ᠍ᠷᠢ ᠳ᠋ᠤᠨᠢ ᠮᠦᠷᠭᠦᠭᠦᠯᠦᠨ᠎ᠡ

ᠪᠣᠷᠤ ᠦᠰᠦ ᠶᠢ ᠨᠢ ᠬᠠᠭᠠᠯᠵᠤ

ᠪᠣᠷᠬᠠᠨ ᠳᠡᠭ᠍ᠷᠢ ᠳ᠋ᠤᠨᠢ ᠮᠦᠷᠭᠦᠭᠦᠯᠦᠨ᠎ᠡ》 ᠭᠡᠳ ᠠᠷᠪᠠᠨ ᠨᠢ᠋ᠮᠠᠨ ᠱᠠᠩᠬᠤ ᠲᠡᠶ ᠭᠡᠦᠭᠡᠨ ᠤ ᠭᠡᠵᠢᠭᠡ ᠶᠢ ᠵᠠᠳᠠᠯᠤᠨ ᠬᠤᠶᠠᠷ ᠭᠡᠵᠢᠭᠡ ᠪᠣᠯᠭᠠᠨ ᠭᠦᠷᠦᠭᠡᠳ ᠪᠠᠷᠢ ᠶᠢ ᠬᠠᠳᠠᠮ ᠡᠵᠢ ᠳ᠋ᠤᠨᠢ ᠳᠤᠰᠢᠶᠠᠵᠤ ᠦᠭ‍ᠭᠦᠨ᠎ᠡ᠃

(ᠪᠠᠷᠢ ᠶᠢ ᠬᠠᠳᠠᠮ ᠳᠤ ᠳᠤᠰᠢᠶᠠᠬᠤ ᠳᠠᠭᠤᠤ)

《ᠡᠷᠭᠡ ᠪᠠᠷᠭᠡ ᠪᠠᠷ ᠥᠰᠭᠡᠭ᠍ᠰᠡᠨ ᠶᠤᠮ

ᠡᠷᠭᠢᠵᠤ ᠰᠤᠷᠭᠠᠬᠤ ᠶᠢ ᠳᠠᠨ ᠳᠤ ᠳᠤᠰᠢᠶᠠᠯ᠎ᠠ

ᠡᠭᠦᠨ ᠡᠴᠠ ᠬᠤᠵᠢᠮ ᠨᠢ

ᠥᠰᠭᠡᠨ ᠭᠦᠮᠦᠵᠢᠭᠦᠯᠵᠤ ᠠᠪᠣᠭᠠᠷᠠᠢ

ᠳᠡᠪᠢᠭᠦᠷ ᠪᠠᠷᠢᠬᠤ ᠶᠢ ᠨᠢ ᠦᠵᠡᠯ᠎ᠠ

ᠳᠠᠪᠠᠯ ᠣᠶᠤᠬᠤ ᠶᠢ ᠨᠢ ᠥᠵᠡᠭᠡ ᠥᠭᠡᠢ

ᠳᠠᠮᠵᠢᠵᠤ ᠴᠠᠰᠢ ᠰᠤᠷᠭᠠᠬᠤ ᠵᠢ

ᠬᠤᠳᠠᠭᠠᠢ ᠳᠠᠨ ᠳᠠᠭᠠᠨ ᠳᠦᠰᠢᠭᠦᠯᠦᠶ᠎ᠡ᠃

ᠭᠤᠳᠤᠯ ᠣᠶᠤᠬᠤ ᠶᠢ ᠨᠢ ᠦᠵᠡᠯ᠎ᠠ

ᠭᠤᠯᠵᠠ ᠣᠶᠤᠬᠤ ᠶᠢ ᠨᠢ ᠥᠵᠡᠭᠡ ᠥᠭᠡᠢ

ᠭᠤᠤᠯᠯᠠᠵᠤ ᠴᠠᠰᠢ ᠰᠤᠷᠭᠠᠬᠤ ᠵᠢ

ᠬᠤᠳᠠᠭᠠᠢ ᠳᠠᠨ ᠳᠠᠭᠠᠨ ᠳᠦᠰᠢᠭᠦᠯᠦᠨ᠎ᠡ᠃》

ᠭᠦᠷᠭᠡᠨ ᠤ ᠪᠠᠷᠠᠭ᠎ᠠ ᠶᠢ ᠭᠡᠦᠭᠡᠨ ᠤ ᠭᠡᠷ ᠳᠤ ᠠᠪᠠᠴᠢᠨ ᠪᠠᠷᠠᠭᠤᠨ ᠳᠠᠯ᠎ᠠ ᠳ᠋ᠤᠨᠢ ᠳᠠᠯᠪᠢᠵᠤ ᠬᠤᠨᠤᠭᠠᠤᠨ ᠮᠠᠷᠭᠠᠰᠢ ᠨᠢ ᠭᠡᠦᠭᠡᠨ ᠲᠡᠶ ᠪᠠᠨ ᠬᠠᠮᠳᠤ ᠠᠪᠠᠴᠢᠨ᠎ᠠ᠃ ᠭᠡᠭᠦ ᠳᠡᠭᠡᠨ ᠪᠠᠷᠠᠭᠠᠨ ᠤ ᠳᠡᠷᠭᠡ ᠣᠷᠢᠳᠴᠢᠯᠠᠨ ᠶᠠᠪᠣᠭᠰᠠᠨ ᠪᠠᠢ᠌ᠬᠤ ᠭᠡᠷᠡᠭ᠍ᠳᠡᠢ᠃ ᠭᠡᠦᠭᠡᠨ ᠤ ᠳᠠᠯ᠎ᠠ ᠶᠢᠨ ᠪᠠᠷᠠᠭᠠᠨ ᠤ ᠳᠡᠷᠭᠡ ᠢᠷᠡᠭᠡᠳ ᠪᠠᠷᠠᠭ᠎ᠠ ᠶᠢ ᠪᠠᠭᠤᠯᠭᠠᠬᠤ ᠦᠶ᠎ᠡ ᠳᠤ ᠭᠠᠵᠠᠷ ᠲᠤ ᠪᠠᠭᠤᠯᠭᠠᠵᠤ ᠪᠣᠯᠬᠤ ᠦᠭᠡᠶ᠂ ᠡᠢ᠌ᠮᠤ ᠡᠴᠠ ᠭᠦᠷᠭᠡᠨ ᠤ ᠳᠠᠯ᠎ᠠ ᠶᠢᠨ ᠭᠦᠮᠦᠰ ᠭᠡᠦᠭᠡᠨ ᠤ ᠪᠠᠷᠠᠭ᠎ᠠ ᠶᠢ ᠪᠠᠭᠤᠯᠭᠠᠬᠤ ᠳᠠᠭᠠᠨ ᠶᠡᠭᠡ ᠭᠢᠴᠢᠶᠡᠩᠭᠦᠢᠯᠡᠨ ᠪᠠᠭᠤᠯᠭᠠᠵᠤ᠂ ᠭᠡᠦᠭᠡᠨ ᠤ ᠳᠠᠯ᠎ᠠ ᠶᠢᠨ ᠪᠠᠷᠭᠡᠨ ᠬᠤᠳᠠᠭᠠᠢ ᠨᠡᠷ ᠬᠠᠷᠠᠵᠤ ᠵᠤᠭᠰᠤᠳᠠᠭ᠃ ᠭᠡᠷᠪᠡ ᠭᠠᠵᠠᠷ ᠲᠤ ᠭᠦᠷᠭᠡᠪᠠᠯ ᠭᠡᠦᠭᠡᠨ ᠤ ᠳᠠᠯ᠎ᠠ ᠶᠢᠨ ᠭᠦᠮᠦᠰ 《ᠪᠣᠤ ᠭᠠᠵᠠᠷ ᠲᠤ ᠭᠦᠷᠭᠡᠴᠢᠭᠡ ︕ ᠡᠨᠡ ᠴᠢᠨᠢ ᠮᠠᠨ ᠤ ᠭᠡᠦᠭᠡᠨ ᠤ ᠦᠨ᠎ᠡ ᠴᠠᠨ᠎ᠠ ᠲᠡᠶ ᠪᠠᠷᠠᠭ᠎ᠠ ᠰᠢᠤ᠁》 ᠭᠡᠭᠦ ᠮᠠᠳᠤ ᠪᠠᠷ ᠠᠭᠤᠷᠯᠠᠵᠤ ᠵᠠᠭᠢᠷᠳᠠᠭ᠃ ᠡᠭᠦᠨ ᠳᠤ ᠭᠦᠷᠭᠡᠨ ᠳᠠᠯ᠎ᠠ ᠡᠴᠠ ᠶᠠᠮᠠᠷ ᠴᠤ ᠥᠭᠡ ᠭᠡᠯᠡᠭᠦ ᠶᠤᠰᠤᠨ ᠪᠠᠢ᠌ᠬᠤ ᠦᠭᠡᠶ᠃ ᠵᠥᠪᠭᠡᠨ ᠳᠤᠭᠤᠢ ᠶᠠᠭᠤᠮ᠎ᠠ ᠪᠠᠨ ᠭᠢᠵᠤ ᠶᠠᠪᠣᠵᠠᠭᠠᠨ᠎ᠠ᠃ ᠣᠴᠢᠷ ᠨᠢ ᠭᠡᠦᠭᠡᠨ ᠳᠠᠯ᠎ᠠ ᠡᠴᠠ ᠭᠡᠦᠭᠡᠨ ᠶᠢᠡᠨ ᠭᠦᠷᠭᠡᠵᠤ ᠢᠷᠠᠵᠤ ᠪᠠᠢ᠌ᠬᠤ ᠳᠤᠯᠠ ᠪᠦᠷᠢᠨ ᠡᠷᠭᠡ ᠲᠡᠶ ᠪᠦᠭᠡᠳ ᠣᠮᠤᠭᠳᠠᠢ ᠪᠠᠢ᠌ᠳᠠᠭ᠃

ᠭᠡᠦᠭᠡᠨ ᠤ ᠳᠠᠯ᠎ᠠ ᠶᠢᠨ ᠬᠤᠳᠠ ᠬᠤᠳᠠᠭᠠᠢ ᠭᠡᠷ ᠲᠤ ᠣᠷᠤᠵᠤ ᠢᠷᠠᠨ ᠡᠭᠦᠳᠡᠨ ᠳᠠᠯ᠎ᠠ ᠳᠤ ᠴᠤᠮᠴᠣᠢ᠌ᠨ ᠰᠠᠭᠤᠭᠠᠤᠨ ᠭᠡᠦᠭᠡᠨ ᠤ ᠪᠠᠷᠠᠭ᠎ᠠ ᠪᠠᠯᠡᠭ᠌ ᠢ ᠳᠤᠭ᠎ᠠ ᠶᠤᠰᠤᠭᠠᠷ ᠨᠢ ᠣᠯᠠᠨ ᠳᠤ ᠮᠡᠳᠡᠭᠦᠯᠦᠨ᠎ᠡ᠃

《ᠠᠷᠠᠯ ᠳᠤ ᠪᠠᠭᠳᠠᠬᠤ ᠦᠭᠡᠶ ᠠᠮᠪᠠᠨ ᠱᠠᠷ

ᠠᠭᠳᠠ ᠮᠤᠷᠢ᠂ ᠠᠳᠠᠨ ᠳᠡᠮᠡᠭᠡ

ᠠᠯᠳᠠᠨ ᠡᠮᠡᠭᠡᠯ᠂ ᠮᠦᠩᠭᠦᠨ ᠬᠠᠵᠠᠭᠠᠷ

ᠳᠤᠭᠤᠯ ᠲᠡᠶ ᠦᠨᠢᠶ᠎ᠡ᠂ ᠣᠨᠠᠭ᠎ᠠ ᠲᠡᠶ ᠭᠡᠭᠦᠤ

ᠳᠠᠭᠤᠭᠠᠤᠨ ᠠᠪᠴᠢᠷᠠᠭᠰᠠᠨ ᠬᠤᠨᠢᠨ ᠰᠦᠷᠦᠭ᠌

ᠳᠤᠯᠤᠮ ᠳᠤ ᠰᠠᠪᠠᠯᠠᠭᠰᠠᠨ ᠵᠤᠭᠤᠰ ᠮᠦᠩᠭᠦ

ᠳᠠᠷᠬᠠᠨ ᠭᠦᠮᠤᠨ ᠤ ᠳᠠᠪᠳᠠᠵᠤ ᠵᠤᠬᠢᠶᠠᠭᠰᠠᠨ

ᠳᠠᠪᠠᠭᠤ ᠶᠠᠩᠵᠤ ᠲᠡᠶ ᠪᠠᠭᠤᠪᠴᠢ ᠪᠦᠯᠡᠴᠡᠭ᠌

ᠡᠭᠡᠨᠡᠷ ᠭᠦᠮᠤᠨ ᠤ ᠵᠠᠰᠠᠯ ᠴᠢᠮᠡᠭᠯᠡᠯ

ᠡᠯᠳᠡᠪ ᠵᠣᠢ᠌ᠯ ᠤᠨ ᠡᠭᠡᠮᠦᠭ᠌ ᠰᠥᠢᠭᠡ

ᠡᠪᠭᠡᠮᠡᠯ ᠳᠤᠷᠭ᠎ᠠ᠂ ᠴᠢᠰᠴᠠᠤ ᠳᠤᠷᠳᠤᠩ

ᠡᠷᠢᠶᠡᠨ ᠴᠤᠬᠤᠷ ᠡᠩ ᠲᠡᠶ ᠪᠦᠰ

ᠬᠠᠯᠢᠭᠤ ᠪᠣᠯᠠᠭ᠎ᠠ ᠶᠢᠨ ᠦᠴᠢ ᠳᠠᠪᠠᠯ

ᠬᠠᠷ᠎ᠠ ᠬᠤᠷᠭᠠᠨ ᠠᠷᠠᠰᠤᠨ ᠮᠠᠯᠠᠭᠠᠢ

ᠳᠠᠵᠢ ᠳᠤᠷᠭᠠᠨ ᠭᠦᠡᠵᠢᠯᠡ ᠳᠡᠪᠢᠰᠭᠡᠷ

ᠬᠠᠮᠪᠣ ᠳᠤᠷᠭᠠᠨ ᠣᠯᠪᠣᠭ ᠬᠤᠤᠰ

ᠬᠠᠰ ᠤᠨ ᠭᠡ ᠲᠡᠶ ᠰᠢᠷᠢᠮᠠᠯ ᠰᠢᠷᠳᠡᠭ᠌

ᠬᠠᠪᠳᠠᠭᠠᠢ ᠳᠦᠷᠪᠠᠯᠵᠢᠨ ᠳᠠᠷ᠎ᠠ ᠬᠤᠤᠰ

ᠽᠠᠠᠳᠠᠨ ᠮᠤᠳᠤ ᠶᠢ ᠵᠦᠰᠤᠵᠤ ᠭᠢᠭ᠍ᠰᠡᠨ

ᠬᠤᠰᠤᠨ ᠮᠤᠳᠤ ᠶᠢ ᠭᠢᠷᠦᠭᠡᠳᠡᠵᠤ ᠣᠷᠠᠯᠠᠭᠰᠠᠨ

ᠠᠯᠳᠠᠨ ᠵᠢᠷᠤᠮᠠᠯ ᠵᠢᠷᠤᠭ ᠳᠠᠢ

ᠠᠪᠳᠠᠷ᠎ᠠ ᠥᠭᠡᠭ᠌ ᠬᠤᠤᠰ ᠬᠤᠤᠰ

ᠪᠠᠷᠢ ᠭᠦᠮᠤᠨ ᠤ ᠡᠳ᠋ᠯᠡᠯ ᠭᠡᠷᠡᠭ᠍ᠰᠡᠯ

ᠪᠦᠭᠦᠳᠡ ᠪᠠᠢ᠌ᠬᠤ ᠶᠢ ᠮᠡᠳᠡᠭᠦᠯᠦᠯ᠎ᠡ》 ᠭᠡᠳᠡᠭ᠌᠃


ᠭᠤᠷᠪᠠ᠂ ᠪᠠᠷᠢ ᠶᠢᠨ ᠵᠠᠰᠠᠯ ᠴᠢᠮᠡᠭᠯᠡᠯ


ᠰᠢ᠌ᠭᠡ (ᠰᠥᠢᠭᠡ) ᠭᠡᠵᠤ ᠡᠭᠡᠮᠦᠭ᠌ ᠵᠡᠭᠦᠨ᠎ᠡ᠃ ᠡᠨᠡ ᠨᠢ ᠳᠤᠮᠳᠠ ᠨᠢ ᠣᠯᠠᠭᠠᠨ ᠱᠢᠷᠤ ᠲᠡᠶ᠂ ᠬᠤᠶᠠᠷ ᠥᠵᠦᠭᠦᠷ ᠳᠤᠨᠢ ᠬᠤᠶᠠᠷ ᠨᠤᠮᠢᠨ ᠲᠡᠶ᠂ ᠨᠠᠯᠢᠶᠠᠤᠨ ᠭᠦᠡᠳᠤ ᠳᠤᠯᠠ ᠴᠢᠭᠢ ᠳᠠᠭᠠᠭᠠᠬᠤ ᠦᠭᠡᠶ ᠡᠴᠠ ᠪᠣᠯᠭᠤᠮᠵᠢᠯᠠᠨ ᠴᠢᠭᠢᠨ ᠡᠴᠠ ᠪᠠᠨ ᠣᠳᠠᠰᠤ ᠪᠠᠷ ᠳᠡᠭᠦᠵᠢᠯᠡᠨ᠎ᠡ᠃

ᠭᠡᠦᠭᠡᠨ ᠳᠦᠷᠭᠦᠮ ᠤᠨ ᠭᠡᠷ ᠡᠴᠠ ᠮᠤᠷᠳᠠᠬᠤ ᠳᠠᠭᠠᠨ ᠳᠤᠯᠤᠭᠠᠢ ᠶᠢᠨ ᠦᠰᠦ ᠪᠠᠨ ᠱᠠᠩᠬᠤᠯᠠᠨ᠎ᠠ᠃ ᠱᠠᠩᠬᠤ ᠭᠡᠳᠡᠭ᠌ ᠨᠢ ᠳᠤᠯᠤᠭᠠᠢ ᠶᠢᠨ ᠦᠰᠦ ᠶᠢ ᠳᠤᠮᠳᠠᠭᠤᠷ ᠨᠢ ᠵᠠᠭᠠᠭᠯᠠᠨ ᠪᠠᠷᠠᠭᠤᠨ ᠳᠠᠯ᠎ᠠ ᠶᠢᠨ ᠭᠡᠵᠢᠭᠡ ᠶᠢ ᠨᠢ ᠭᠤᠷᠪᠠ ᠭᠤᠷᠪᠠ ᠪᠠᠷ ᠶ‍ᠢᠰᠤ ᠭᠦᠷᠦᠵᠤ᠂ ᠵᠡᠭᠦᠨ ᠳᠠᠯ᠎ᠠ ᠶᠢᠨ ᠭᠡᠵᠢᠭᠡ ᠶᠢ ᠨᠢ ᠪᠠᠰᠠ ᠭᠤᠷᠪᠠ ᠭᠤᠷᠪᠠ ᠪᠠᠷ ᠶ‍ᠢᠰᠤ ᠭᠦᠷᠦᠨ᠎ᠡ᠃ ᠠᠷᠤ ᠳ᠋ᠤᠨᠢ ᠭᠠᠭᠴᠠ ᠭᠡᠵᠢᠭᠡ ᠭᠦᠷᠦᠭᠡᠳ ᠪᠣᠭᠤᠳᠠᠭ ᠶᠢᠡᠷ ᠪᠣᠭᠤᠨ᠎ᠠ᠃ ᠬᠠᠷ᠎ᠠ ᠦᠰᠦ ᠶᠢ ᠨᠢ ᠬᠠᠭᠠᠯᠠᠵᠤ᠂ ᠬᠠᠭᠠᠨ ᠳᠡᠭ᠍ᠷᠢ ᠳ᠋ᠤᠨᠢ ᠮᠦᠷᠭᠦᠭᠦ ᠡᠴᠠ ᠡᠮᠦᠨ᠎ᠡ ᠪᠠᠷᠢ ᠪᠣᠯᠬᠤ ᠭᠡᠦᠭᠡᠨ ᠨᠢ ᠠᠷᠪᠠᠨ ᠨᠢ᠋ᠮᠠᠨ ᠱᠠᠩᠬᠤ ᠲᠡᠶ ᠪᠢᠳᠡᠭᠦᠤ ᠭᠡᠦᠭᠡᠨ ᠣᠷᠤᠵᠤ ᠢᠷᠡᠳᠡᠭ᠌᠃

ᠬᠤᠶᠠᠷ ᠪᠠᠷᠭᠡᠨ ᠨᠢ ᠠᠷᠪᠠᠨ ᠨᠢ᠋ᠮᠠᠨ ᠱᠠᠩᠬᠤ ᠭᠡᠵᠢᠭᠡ ᠶᠢ ᠵᠠᠳᠠᠯᠤᠨ ᠰᠢᠷ᠎ᠠ ᠦᠰᠦ ᠶᠢ ᠳᠡᠭᠦᠨ᠎ᠡ᠃ ᠡᠭᠦᠨ ᠤ ᠳᠠᠷᠠᠭ᠎ᠠ ᠪᠠᠷ ᠬᠤᠶᠠᠷ ᠭᠡᠵᠢᠭᠡ ᠪᠣᠯᠭᠠᠨ ᠭᠦᠷᠦᠵᠤ᠂ ᠭᠦᠷᠦᠮᠡᠯ ᠭᠡᠵᠢᠭᠡᠨ ᠤ ᠥᠵᠦᠭᠦᠷ ᠲᠤ ᠵᠠᠯᠭᠠᠭᠤᠷᠠᠢ ᠦᠰᠦ ᠪᠠᠨ ᠵᠠᠯᠭᠠᠨ᠎ᠠ᠃ ᠵᠠᠯᠭᠠᠭᠤᠷᠠᠢ ᠦᠰᠦ ᠶᠢᠨ ᠥᠵᠦᠭᠦᠷ ᠳᠤᠨᠢ ᠳᠤᠭᠢᠭ ᠵᠡᠭᠦᠯᠭᠡᠨ᠎ᠡ᠃ ᠳᠤᠭᠢᠭ ᠨᠢ ᠬᠠᠷ᠎ᠠ ᠮᠢᠠᠳᠠᠰᠤᠨ ᠣᠠᠵᠢᠯᠭ᠎ᠠ ᠲᠡᠶ᠂ ᠳᠡᠭᠡᠷ᠎ᠡ ᠳᠠᠯ᠎ᠠ ᠳ᠋ᠤᠨᠢ ᠠᠯᠳᠠᠨ ᠣᠳᠠᠰᠤᠨ ᠣᠷᠢᠶᠠᠮᠠᠭ ᠲᠡᠶ ᠪᠠᠢ᠌ᠳᠠᠭ᠃

ᠭᠦᠷᠦᠭ᠍ᠰᠡᠨ ᠬᠤᠶᠠᠷ ᠭᠡᠵᠢᠭᠡ ᠪᠠᠨ ᠡᠮᠦᠨ᠎ᠡ ᠡᠩᠭᠡᠷ ᠣᠷᠤᠭᠤ ᠪᠠᠨ ᠵᠡᠷᠭᠡᠴᠡᠭᠦᠯᠤᠨ ᠪᠠᠭᠤᠯᠭᠠᠵᠤ ᠡᠷᠪᠠᠭᠡᠢ ᠭᠡᠯᠪᠠᠷᠢᠳᠤ ᠮᠦᠩᠭᠦᠨ ᠡᠳ᠋ᠯᠡᠯ ᠶᠢᠡᠷ ᠬᠤᠯᠪᠣᠨ᠎ᠠ᠃ ᠡᠷᠪᠠᠭᠡᠢ ᠨᠢ ᠬᠤᠶᠠᠷ ᠬᠤᠤᠰ ᠪᠣᠶᠤ ᠳᠦᠷᠪᠠᠨ ᠬᠤᠤᠰ ᠪᠠᠢ᠌ᠵᠤ ᠴᠤ ᠪᠣᠯᠤᠨ᠎ᠠ᠃ ᠡᠨᠡᠭᠦ ᠬᠤᠶᠠᠷ ᠡᠷᠪᠠᠭᠡᠢ ᠶᠢ ᠬᠤᠭᠤᠷᠤᠠᠳᠤ ᠨᠢ ᠬᠤᠯᠪᠣᠨ᠎ᠠ᠃

ᠭᠡᠵᠢᠭᠡ ᠪᠠᠭᠤᠯᠭᠠᠭᠰᠠᠨ ᠤ ᠳᠠᠷᠠᠭ᠎ᠠ ᠬᠠᠷ᠎ᠠ ᠰᠢᠪᠠᠭ᠎ᠠ ᠪᠠᠷ ᠮᠠᠩᠨᠠᠢ ᠳᠡᠭᠡᠭᠦᠷ ᠨᠢ ᠬᠠᠪᠳᠠᠢ᠌ᠯᠭᠠᠨ ᠣᠷᠢᠶᠠᠨ ᠣᠶᠠᠵᠤ ᠣᠠᠵᠢᠯᠭ᠎ᠠ ᠶᠢ ᠨᠢ ᠵᠡᠭᠦᠨ ᠳᠠᠯ᠎ᠠ ᠳ᠋ᠤᠨᠢ ᠭᠠᠷᠭᠠᠳᠠᠭ᠃ ᠣᠴᠢᠷ ᠨᠢ ᠰᠢᠨ᠎ᠠ ᠪᠠᠷᠢ ᠪᠠᠷᠠᠭᠤᠨ ᠭᠠᠷ ᠲᠤ ᠪᠠᠨ ᠴᠠᠢ ᠶᠢᠨ ᠠᠶᠠᠭ᠎ᠠ ᠪᠠᠷᠢᠬᠤ ᠳᠤᠯᠠ ᠵᠡᠭᠦᠨ ᠳᠠᠯ᠎ᠠ ᠳ᠋ᠤᠨᠢ ᠣᠶᠠᠳᠠᠭ᠃ ᠵᠤᠴᠢᠳ ᠲᠤ ᠴᠠᠢ ᠪᠠᠷᠢᠬᠤ ᠳᠠᠭᠠᠨ ᠳᠤᠯᠤᠭᠠᠢ ᠪᠠᠨ ᠪᠠᠬᠠᠨ ᠵᠡᠭᠦᠡᠰᠢ ᠳᠡᠯᠵᠢᠯᠭᠢᠯᠭᠡᠵᠤ ᠪᠠᠷᠠᠭᠤᠨ ᠭᠠᠷ ᠶᠢᠡᠷ ᠴᠠᠢ ᠶᠢᠨ ᠠᠶᠠᠭ᠎ᠠ ᠪᠠᠷᠢᠵᠤ ᠵᠡᠭᠦᠨ ᠭᠠᠷ ᠢ ᠳᠤᠤᠷ᠎ᠠ ᠨᠢ ᠳᠤᠰᠤᠨ᠎ᠠ᠃ ᠡᠪᠦᠷ ᠡᠩᠭᠡᠷ ᠤᠨ ᠭᠠᠷᠠᠨ᠎ᠠ ᠡᠴᠠ ᠵᠡᠭᠦᠦᠴᠢ᠂ ᠰᠡᠳᠭᠢᠭᠦᠷ᠂ ᠬᠠᠪᠳᠠᠷᠭ᠎ᠠ ᠵᠡᠷᠭᠡ ᠶᠢ ᠵᠡᠭᠦᠨ᠎ᠡ᠃

ᠡᠮᠦᠰᠦᠭ᠍ᠰᠡᠨ ᠬᠤᠪᠴᠠᠰᠤ ᠳᠡᠭᠡᠷ᠎ᠡ ᠪᠠᠨ ᠰᠸᠭ᠍ᠳᠧᠭ᠌ ᠭᠡᠳᠡᠭ᠌ ᠬᠠᠠᠴᠤᠢ ᠦᠭᠡᠶ ᠨᠢᠭᠡᠨ ᠬᠤᠪᠴᠠᠰᠤ ᠡᠮᠦᠰᠴᠤ ᠳᠠᠰᠢᠶᠠᠨ ᠡᠴᠠ ᠪᠠᠨ ᠳᠤᠷᠳᠤᠩ ᠠᠯᠴᠢᠭᠤᠷ ᠭᠤᠷᠪᠠ ᠭᠤᠷᠪᠠ ᠪᠠᠷ ᠵᠡᠭᠦᠭᠡᠳ ᠪᠠᠯᠡᠭ᠌ ᠲᠤ ᠢᠷᠡᠭ᠍ᠰᠡᠨ ᠳᠤᠷᠳᠤᠩ ᠠᠯᠴᠢᠭᠤᠷ ᠤᠳ ᠢ ᠪᠠᠰᠠ ᠨᠠᠮᠠᠵᠤ ᠵᠡᠭᠦᠨ᠎ᠡ᠃ ᠭᠤᠤ ᠭᠡᠵᠤ ᠪᠠᠰᠠ ᠨᠢᠭᠡᠨ ᠳᠤᠭᠤᠷᠢᠭ ᠭᠡᠯᠪᠠᠷᠢ ᠲᠡᠶ ᠮᠦᠩᠭᠦ ᠪᠠᠷ ᠭᠢᠭ᠍ᠰᠡᠨ ᠵᠠᠰᠠᠯ ᠤᠨ ᠡᠳ᠋ᠯᠡᠯ ᠢ ᠵᠡᠭᠦᠨ᠎ᠡ᠃

ᠰᠢᠨ᠎ᠠ ᠪᠠᠷᠢ ᠳᠤ ᠨᠤᠶᠠᠨ ᠭᠦᠮᠤᠨ ᠤ ᠭᠦᠷᠮ᠎ᠡ ᠶᠢ ᠨᠥᠮᠦᠷᠦᠭᠦᠯᠤᠨ ᠳᠤᠭᠤᠷᠢᠭ ᠮᠠᠯᠠᠭᠠᠢ ᠶᠢ ᠳᠤᠷᠤᠭᠰᠢ ᠳᠠᠷᠤᠨ ᠵᠡᠭᠦᠯᠭᠡᠨ᠎ᠡ᠃ ᠡᠭᠦᠨ ᠢ (ᠭᠡᠦᠭᠡᠨ ᠢ ᠣᠷᠤᠭᠤ ᠳᠠᠷᠤᠬᠤ ᠭᠡᠨ᠎ᠡ)

ᠢᠩᠭᠢᠭᠡᠳ ᠪᠠᠭᠤᠪᠴᠢ᠂ ᠡᠭᠡᠮᠦᠭ᠌᠂ ᠪᠦᠯᠡᠵᠡᠩ ᠭᠡᠭᠦ ᠮᠠᠳᠤ ᠵᠠᠰᠠᠯ ᠵᠢᠮᠰᠡᠭ᠌ ᠵᠡᠭᠦᠯᠭᠡᠨ᠎ᠡ᠃ ᠵᠠᠰᠠᠯ ᠵᠢᠮᠰᠡᠭ᠌ ᠲᠤ ᠨᠢ ᠮᠦᠩᠭᠦᠨ ᠪᠣᠶᠤ ᠳᠠᠨᠠ᠂ ᠤᠭ᠍ᠶᠤ᠂ ᠱᠢᠷᠤ᠂ ᠰᠤᠪᠣᠤᠨ᠂ ᠬᠠᠰ ᠤᠨ ᠰᠢᠭᠢᠳᠭᠡᠷᠢ ᠲᠡᠶ ᠴᠤ ᠪᠠᠢ᠌ᠳᠠᠭ᠃

ᠥᠭᠡᠯᠡᠳ ᠮᠤᠩᠭ᠋ᠤᠯ ᠤᠨ ᠰᠢᠨ᠎ᠠ ᠪᠠᠷᠢ ᠶᠢᠨ ᠵᠠᠰᠠᠯ ᠵᠢᠮᠰᠡᠭ᠌ ᠤᠨ ᠵᠣᠢ᠌ᠯ ᠭᠡᠵᠤ ᠦᠨᠡᠳᠠᠢ ᠮᠦᠷᠳᠡᠭᠡᠨ ᠭᠤᠶᠤ ᠰᠠᠢ᠌ᠬᠠᠨ ᠪᠠᠢ᠌ᠳᠠᠭ᠃ ᠡᠭᠦᠨ ᠳᠤ ᠠᠢ᠌ᠯ ᠠᠢ᠌ᠯ ᠦᠪᠡᠷ ᠤᠨ ᠭᠡᠪᠴᠢᠶᠡᠨ ᠳᠤᠳᠤᠷ᠎ᠠ ᠵᠠᠰᠠᠯ ᠵᠢᠮᠰᠡᠭ᠌ ᠤᠨ ᠵᠣᠢ᠌ᠯᠠᠰ ᠶᠢᠡᠨ ᠪᠡᠯᠡᠳᠭᠡᠨ᠎ᠡ᠃ ᠣᠯᠠᠨ ᠶᠠᠩᠵᠤ ᠶᠢᠨ ᠵᠠᠰᠠᠯ ᠵᠢᠮᠰᠡᠭ᠌ ᠵᠡᠭᠦᠭᠡᠳ ᠢᠷᠡᠭᠦ ᠳᠤ ᠳᠡᠩᠭᠡᠭᠡ ᠴᠢᠳᠠᠯ ᠣᠶᠠᠨ ᠶᠤᠮ ᠦᠦ᠂ ᠪᠠᠭ᠎ᠠ ᠨᠠᠰᠤᠨ ᠤ ᠭᠡᠦᠭᠡᠨ ᠳᠤ ᠪᠣᠯ ᠳᠠᠭᠠᠭᠠᠵᠤ ᠳᠠᠪᠠᠰᠢ ᠦᠭᠡᠶ ᠶᠠᠪᠣᠳᠠᠯ ᠪᠣᠯᠳᠠᠭ ᠭᠡᠰᠡᠨ᠃ ᠡᠳᠡᠭᠡᠷ ᠵᠠᠰᠠᠯ ᠵᠢᠮᠰᠡᠭ᠌ ᠲᠤ ᠳᠤᠯᠤᠭᠠᠢ ᠶᠢᠨ ᠵᠠᠰᠠᠯ᠂ ᠬᠤᠪᠴᠠᠰᠤᠨ ᠤ ᠵᠠᠰᠠᠯ᠂ ᠭᠠᠷ ᠤᠨ ᠵᠠᠰᠠᠯ᠂ ᠭᠦᠯ ᠤᠨ ᠵᠠᠰᠠᠯ ᠭᠡᠵᠤ ᠳᠦᠷᠤᠯ ᠵᠣᠢ᠌ᠯ ᠬᠤᠪᠢᠶᠠᠨ᠎ᠠ᠃ ᠳᠤᠯᠤᠭᠠᠢ ᠶᠢᠨ ᠵᠠᠰᠠᠯ ᠳᠤᠳᠤᠷ᠎ᠠ ᠳᠤᠭᠤᠷᠴᠠᠭ᠂ ᠪᠠᠰᠠᠯᠢᠭ᠂ ᠰᠠᠢ᠌ᠭᠢ᠂ ᠱᠢᠪᠠᠷᠳᠠᠭ ᠭᠡᠭᠦ ᠮᠠᠳᠤ ᠪᠠᠢ᠌ᠳᠠᠭ᠃ ᠮᠠᠯᠠᠭᠠᠢ ᠵᠡᠭᠦᠭᠦ ᠡᠴᠠ ᠭᠠᠳᠠᠨ᠎ᠠ ᠠᠯᠳᠠ ᠮᠦᠩᠭᠦᠨ ᠪᠣᠶᠤ ᠡᠯᠳᠡᠪ ᠤᠨ ᠡᠷᠳᠡᠨᠢ ᠶᠢᠨ ᠴᠢᠯᠠᠭᠤ ᠶᠢᠨ ᠰᠢᠭᠢᠳᠭᠡᠷᠢ ᠲᠡᠶ ᠣᠠᠵᠢᠯᠭ᠎ᠠ ᠲᠡᠶ ᠬᠠᠳᠬᠤᠭᠤᠷ ᠬᠠᠳᠬᠤᠨ᠎ᠠ᠃

ᠬᠤᠪᠴᠠᠰᠤᠨ ᠤ ᠳᠤᠳᠤᠷ᠎ᠠ ᠳᠡᠷᠯᠢᠭ᠌᠂ ᠴᠠᠮᠴᠠ᠂ ᠭᠠᠭᠠᠷ᠂ ᠪᠢᠱᠢᠮᠠᠤᠨ᠂ ᠬᠠᠠᠳᠠᠭᠠᠰᠤ ᠵᠡᠷᠭᠡ ᠪᠣᠢ᠃ ᠭᠠᠷ ᠤᠨ ᠵᠠᠰᠠᠯ ᠳᠤ ᠪᠠᠭᠤᠪᠴᠢ᠂ ᠪᠦᠯᠡᠵᠡᠩ ᠭᠡᠭᠦ ᠮᠠᠳᠤ᠃ ᠭᠦᠯ ᠤᠨ ᠵᠠᠰᠠᠯ ᠳᠤ ᠠᠷᠠᠰᠤᠨ ᠭᠤᠳᠤᠯ᠂ ᠮᠠᠭᠠᠨ ᠭᠤᠳᠤᠯ᠂ ᠰᠥᠭᠦᠭᠡᠢ ᠭᠤᠳᠤᠯ᠂ ᠡᠪᠦᠯ ᠤᠨ ᠪᠦᠷᠭᠡ ᠭᠤᠳᠤᠯ᠂ ᠢᠰᠡᠭᠡᠢ ᠭᠤᠳᠤᠯ ᠭᠡᠵᠤ ᠰᠢᠨ᠎ᠠ ᠪᠠᠷᠢ ᠴᠠᠭ ᠣᠯᠠᠷᠢᠯ ᠳᠠᠭᠠᠨ ᠵᠤᠭᠢᠴᠠᠭᠤᠯᠤᠨ ᠳᠤᠳᠠᠭᠤ ᠦᠭᠡᠶ ᠡᠮᠦᠰᠦᠨ᠎ᠡ᠃ ᠬᠠᠳᠠᠮ ᠠᠪᠣ ᠡᠵᠢ ᠶᠢᠨ ᠭᠡᠷ ᠲᠤ ᠣᠷᠤᠬᠤ ᠳᠤ ᠰᠢᠨ᠎ᠠ ᠪᠠᠷᠢ ᠶᠢᠨ ᠵᠠᠰᠠᠯ ᠬᠤᠪᠴᠠᠰᠤ ᠲᠡᠶ ᠣᠷᠤᠵᠤ ᠡᠭᠦᠳᠡᠨ ᠳᠡᠷᠭᠡᠳᠡ ᠰᠠᠭᠤᠵᠤ᠂ ᠣᠷᠤᠵᠤ ᠭᠠᠷᠬᠤ ᠳᠠᠭᠠᠨ ᠠᠷᠤ ᠪᠠᠷ ᠶᠢᠡᠨ ᠭᠠᠷᠤᠨ᠎ᠠ᠃ ᠡᠨᠡ ᠨᠢ ᠬᠠᠳᠠᠮ ᠠᠪᠣ ᠡᠵᠢ ᠪᠠᠨ ᠭᠦᠡᠳᠦᠳᠭᠡᠭ᠍ᠰᠡᠨ ᠶᠠᠪᠣᠳᠠᠯ ᠪᠣᠯᠤᠨ᠎ᠠ᠃ ᠭᠡᠵᠢᠶ᠎ᠡ ᠬᠣᠢ᠌ᠨ᠎ᠠ ᠬᠠᠳᠠᠮ ᠡᠵᠢ ᠨᠢ ᠪᠠᠷᠢ ᠪᠠᠨ ᠳᠠᠭᠤᠳᠠᠵᠤ ᠴᠠᠢ ᠥᠭ᠍ᠴᠤ ᠪᠠᠸᠷᠢ ᠳᠠᠢ᠌ᠯᠬᠤ ᠬᠤᠷᠢᠮ ᠨᠠᠢ᠌ᠷ ᠭᠢᠪᠠᠯ ᠰᠠ‍‌ᠶᠢ ᠭᠡᠵᠢᠭᠡ ᠪᠠᠨ ᠵᠠᠭᠠᠭᠯᠠᠨ ᠬᠤᠶᠠᠷ ᠭᠡᠵᠢᠭᠡ ᠭᠦᠷᠦᠵᠤ᠂ ᠬᠤᠪᠴᠠᠰᠤᠨ ᠤ ᠬᠤᠭᠤᠯᠠᠢ ᠶᠢᠨ ᠳᠤᠪᠴᠢ ᠪᠠᠷ ᠳᠠᠢ᠌ᠯᠵᠤ᠂ ᠪᠠᠷᠢ ᠣᠷᠤᠭᠰᠠᠨ ᠬᠤᠪᠴᠠᠰᠤ ᠪᠠᠨ ᠰᠤᠯᠢᠵᠤ ᠣᠭ ᠤᠨ ᠠᠳᠠᠯᠢ ᠪᠠᠷᠢᠯᠡᠭᠦ ᠦᠭᠡᠶ᠂ ᠨᠢᠭᠡᠨᠲᠡ ᠬᠠᠭᠤᠴᠢᠨ ᠪᠠᠷᠢ ᠪᠣᠯᠳᠠᠭ ᠪᠠᠢ᠌ᠨ᠎ᠠ᠃ ᠡᠨᠡ ᠪᠣᠯ ᠥᠭᠡᠯᠡᠳ ᠮᠤᠩᠭ᠋ᠤᠯ ᠤᠨ ᠪᠠᠷᠢ ᠳᠠᠢ᠌ᠯᠬᠤ ᠶᠤᠰᠤᠨ ᠪᠣᠯᠤᠨ᠎ᠠ᠃

ᠰᠢᠨ᠎ᠠ ᠭᠦᠷᠭᠡᠨ ᠬᠤᠷᠢᠮᠯᠠᠬᠤ ᠵᠠᠰᠠᠯ ᠤᠨ ᠬᠤᠪᠴᠠᠰᠤ ᠪᠠᠨ ᠡᠮᠦᠰᠴᠤ ᠳᠤᠷᠳᠤᠩ ᠪᠦᠰᠡ ᠪᠠᠨ ᠪᠠᠬᠠᠨ ᠭᠦᠭᠡᠷᠭᠡᠨ ᠪᠦᠰᠡᠯᠡᠵᠤ ᠪᠠᠷᠠᠭᠤᠨ ᠳᠠᠰᠢᠶᠠᠨ ᠳᠠᠭᠠᠨ ᠭᠡᠳᠡ ᠴᠠᠭᠢᠭᠤᠷ ᠭᠢᠳᠤᠭ᠎ᠠ ᠪᠠᠨ ᠵᠡᠭᠦᠵᠤ᠂ ᠵᠡᠭᠦᠨ ᠳᠠᠰᠢᠶᠠᠨ ᠤ ᠡᠮᠦᠨ᠎ᠡ ᠳᠠᠯ᠎ᠠ ᠳᠤ ᠥᠩᠭᠡ ᠶᠢᠨ ᠳᠤᠷᠭ᠎ᠠ ᠪᠠᠷ ᠭᠢᠭ᠍ᠰᠡᠨ ᠭᠦᠭᠡᠷᠡᠭ᠌ ᠤᠨ ᠣᠭᠤᠳᠠ ᠰᠣᠢ᠌ᠷᠠᠵᠤ ᠳᠤᠳᠤᠷ᠎ᠠ ᠨᠢ ᠮᠠᠨᠤᠬᠤ᠂ ᠬᠠᠰ ᠮᠠᠳᠤ ᠶᠢᠨ ᠡᠷᠳᠡᠨᠢ ᠶᠢᠨ ᠴᠢᠯᠠᠭᠤ ᠪᠠᠷ ᠭᠢᠭ᠍ᠰᠡᠨ ᠭᠦᠭᠡᠷᠡᠭ᠌ ᠶᠢᠡᠨ ᠰᠠᠪᠠᠯᠠᠨ᠎ᠠ᠃ ᠬᠤᠪᠴᠠᠰᠤᠨ ᠤ ᠠᠷᠤ ᠪᠦᠰᠡ ᠳᠤ ᠬᠠᠳᠬᠤᠮᠠᠯ ᠭᠡ ᠣᠭᠠᠯᠵᠠ ᠲᠡᠶ ᠬᠠᠪᠳᠠᠷᠭᠠᠨ ᠳᠤ ᠭᠠᠩᠰᠠ ᠪᠠᠨ ᠳᠦᠷᠢᠭᠡᠳ ᠰᠣᠢ᠌ᠷᠠᠨ᠎ᠠ᠃


ᠳᠦᠷᠪᠠ᠂ ᠭᠡᠦᠭᠡᠨ ᠴᠠᠢ᠌ᠯᠠᠭᠤᠯᠬᠤ ᠶᠤᠰᠤᠨ


ᠭᠡᠦᠭᠡᠨ ᠭᠦᠮᠤᠨ ᠢ ᠪᠠᠷᠢ ᠪᠣᠯᠭᠠᠨ ᠠᠢ᠌ᠯ ᠳᠤ ᠮᠤᠷᠳᠠᠬᠤ ᠡᠴᠠ ᠡᠮᠦᠨ᠎ᠡ ᠵᠠᠪᠠᠯ ᠴᠠᠢ᠌ᠯᠠᠭᠤᠯᠳᠠᠭ᠃ ᠭᠡᠦᠭᠡᠨ ᠢ ᠴᠠᠢ᠌ᠯᠠᠭᠤᠯᠬᠤ ᠦᠭᠡᠶ ᠪᠣᠯ ᠮᠤᠷᠢ ᠨᠢ ᠡᠴᠡᠨ᠎ᠡ ᠭᠡᠳ ᠵᠠᠪᠠᠯ ᠴᠠᠢ᠌ᠯᠠᠭᠤᠯᠬᠤ ᠶᠤᠰᠤᠳᠠᠢ᠃ ᠶᠡᠭᠡ ᠬᠤᠷᠢᠮ ᠡᠴᠠ ᠡᠮᠦᠨ᠎ᠡ ᠭᠡᠦᠭᠡᠨ ᠤ ᠳᠠᠯ᠎ᠠ ᠶᠢᠨ ᠨᠠᠭᠠᠴᠤ᠂ ᠠᠬ᠎ᠠ ᠳᠡᠭᠦᠤ ᠳᠦᠷᠤᠯ ᠰᠠᠳᠤᠨ ᠨᠢ ᠬᠠᠷᠢ ᠳᠤ ᠮᠤᠷᠳᠠᠬᠤ ᠭᠡᠦᠭᠡᠨ ᠶᠢᠡᠨ ᠳᠠᠭᠤᠳᠠᠵᠤ ᠴᠠᠢ᠌ᠯᠠᠭᠤᠯᠤᠨ᠎ᠠ ᠭᠡᠵᠤ ᠬᠤᠨᠢ ᠭᠠᠷᠭᠠᠨ ᠣᠭᠤᠴᠠ ᠳᠠᠯᠪᠢᠵᠤ ᠨᠠᠢ᠌ᠷ ᠭᠢᠳᠡᠭ᠌᠃ ᠡᠭᠦᠨ ᠢ ᠰᠠᠭᠤᠷᠢ ᠭᠦᠡᠳᠡᠭᠦ ᠭᠡᠦᠭᠡᠨ ᠤ ᠨᠠᠢ᠌ᠷ ᠭᠡᠳᠡᠭ᠌᠃ ᠪᠠᠷᠢ ᠪᠣᠯᠬᠤ ᠭᠡᠦᠭᠡᠨ ᠮᠤᠷᠢᠨ ᠳᠡᠷᠭᠡ ᠪᠣᠶᠤ ᠮᠤᠷᠢ ᠪᠠᠷ ᠭᠡᠳᠤᠨ ᠭᠡᠦᠭᠡᠨ ᠳᠠᠭᠠᠭᠤᠯᠵᠤ ᠶᠠᠪᠣᠳᠠᠭ᠃ ᠨᠢᠭᠡ ᠠᠢ᠌ᠯ ᠳᠤ ᠭᠡᠳᠤᠨ ᠴᠠᠭ ᠴᠠᠢ᠌ᠯᠠᠨ ᠰᠠᠭᠤᠵᠤ᠂ ᠭᠤᠤᠯ ᠠᠬ᠎ᠠ ᠳᠡᠭᠦᠤ ᠳᠦᠷᠤᠯ ᠰᠠᠳᠤᠨ ᠳᠠᠭᠠᠨ ᠬᠤᠨᠤᠵᠤ ᠠᠷᠪᠠᠭᠠᠤᠨ ᠡᠳᠦᠷ ᠦᠷᠭᠦᠯᠵᠢᠯᠡᠭᠦᠯᠤᠨ ᠭᠡᠦᠭᠡᠨ ᠳᠡᠭᠡᠨ ᠵᠦᠪᠳᠠᠢ ᠪᠠᠯᠡᠭ᠌ ᠶᠤᠮ ᠦᠦ ᠭᠡᠦᠭᠡᠨ ᠶᠢᠡᠨ ᠬᠤᠪᠴᠠᠰᠤᠯᠠᠨ᠎ᠠ᠃


1. ᠶᠡᠭᠡ ᠬᠤᠷᠢᠮ


ᠪᠠᠷᠢ ᠪᠠᠭᠤᠯᠭᠠᠬᠤ ᠦᠶ᠎ᠡ ᠳᠤ ᠰᠢᠨ᠎ᠠ ᠭᠦᠷᠭᠡᠨ ᠢ ᠳᠠᠭᠠᠵᠤ ᠣᠴᠢᠬᠤ ᠳᠤ ᠵᠠᠭᠤᠴᠢ᠂ ᠳᠠᠭᠠᠯᠳᠠ ᠭᠦᠷᠭᠡᠨ᠂ ᠨᠠᠰᠤ ᠠᠭᠢᠭᠰᠠᠨ ᠠᠬᠠᠮᠠᠤᠨ ᠦᠶ᠎ᠡ ᠶᠢᠨ ᠭᠢᠨ ᠡᠴᠠ ᠨᠢᠭᠡᠨ ᠭᠦᠮᠤᠨ ᠪᠣᠯᠤᠨ ᠭᠡᠳᠤᠨ ᠳᠤᠮᠳᠠ ᠢᠳᠠᠷ ᠨᠠᠰᠤᠨ ᠤ ᠡᠮᠡᠭ᠍ᠳᠡᠢ ᠡᠷᠡᠭ᠍ᠳᠡᠢ ᠭᠦᠮᠦᠰ ᠳᠠᠭᠠᠵᠤ ᠣᠴᠢᠨ᠎ᠠ᠃ ᠪᠠᠰᠠ ᠬᠤᠳᠠᠭᠠᠢ ᠪᠣᠯᠤᠨ ᠭᠡᠯᠡᠵᠤ ᠶᠠᠷᠢᠬᠤ ᠳᠠᠭᠠᠨ ᠰᠠᠢ᠌ᠨ᠂ ᠬᠤᠠᠵᠢᠶ᠎ᠠ ᠭᠡᠯᠡᠮᠦᠷᠴᠢ ᠳᠤᠰ ᠳᠤᠰ ᠨᠢᠭᠡ ᠭᠦᠮᠤᠨ ᠣᠴᠢᠵᠤ ᠭᠦᠷᠭᠡᠨ ᠤ ᠳᠠᠯ᠎ᠠ ᠶᠢᠨ ᠠᠯᠢᠪᠠ ᠶᠠᠭᠤᠮ᠎ᠠ ᠶᠢ ᠬᠠᠮᠢᠶᠠᠷᠳᠠᠭ᠃ ᠡᠨᠡᠭᠦ ᠭᠦᠷᠭᠡᠨ ᠤ ᠳᠠᠯ᠎ᠠ ᠡᠴᠠ ᠢᠷᠡᠭᠦ ᠭᠦᠮᠦᠰ ᠢ ᠠᠪᠬᠤᠯᠴᠢᠨ ᠭᠡᠵᠤ ᠭᠡᠯᠡᠳᠡᠭ᠌᠃ ᠡᠳᠡᠭᠡᠷ ᠠᠪᠬᠤᠯᠴᠢᠨ ᠤ ᠭᠦᠮᠤᠨ ᠤ ᠳᠤᠭ᠎ᠠ ᠨᠢ ᠰᠤᠠᠳᠠᠭᠠᠢ ᠪᠠᠢ᠌ᠳᠠᠭ᠃ ᠦᠳᠡᠰᠢ ᠨᠢ ᠵᠠᠪᠠᠯ ᠭᠡᠦᠭᠡᠨ ᠤ ᠳᠠᠯ᠎ᠠ ᠳᠤ ᠭᠦᠷᠴᠤ ᠢᠷᠡᠭ᠍ᠰᠡᠨ ᠪᠠᠢ᠌ᠬᠤ ᠭᠡᠷᠡᠭ᠍ᠳᠡᠢ᠃

ᠭᠦᠷᠭᠡᠨ ᠪᠣᠯᠬᠤ ᠭᠦᠪᠠᠭᠦᠨ ᠭᠡᠷ ᠡᠴᠠ ᠠᠪᠬᠤᠯᠴᠢᠨ ᠲᠡᠶ ᠪᠠᠨ ᠬᠠᠮᠳᠤ ᠭᠠᠷᠬᠤ ᠳᠠᠭᠠᠨ ᠬᠤᠨᠢᠨ ᠮᠢᠬ᠎ᠠ᠂ ᠠᠷᠢᠭᠢ ᠳᠠᠷᠠᠰᠤ᠂ ᠰᠢᠭᠢᠷ ᠪᠣᠭᠤᠷᠰᠤᠭ᠂ ᠪᠠᠰᠠ ᠭᠡᠦᠭᠡᠨ ᠳᠤ ᠣᠨᠤᠭᠤᠯᠬᠤ ᠡᠮᠡᠭᠡᠯ ᠬᠠᠵᠠᠭᠠᠷ ᠲᠡᠶ ᠮᠤᠷᠢ ᠪᠣᠶᠤ ᠮᠤᠬᠤᠯᠠᠭ ᠳᠡᠷᠭᠡ ᠭᠦᠳᠦᠯᠵᠤ ᠢᠷᠠᠨ᠎ᠠ᠃

ᠪᠠᠷᠢ ᠪᠠᠭᠤᠯᠭᠠᠬᠤ ᠠᠪᠬᠤᠯᠴᠢᠨ ᠢᠷᠡᠭᠦ ᠦᠶ᠎ᠡ ᠳᠤ ᠭᠡᠦᠭᠡᠨ ᠤ ᠳᠠᠯ᠎ᠠ ᠶᠢᠨ ᠭᠦᠮᠦᠰ᠂ ᠭᠡᠯᠡᠮᠦᠷᠴᠢ ᠡᠴᠠ ᠠᠷᠢᠭᠢ ᠪᠠᠷᠢᠳᠠᠭ ᠭᠡᠳᠤᠨ ᠭᠦᠮᠤᠨ ᠢ ᠳᠠᠭᠠᠭᠤᠯᠤᠨ ᠡᠭᠦᠳᠡᠨ ᠭᠠᠳᠠᠨ᠎ᠠ ᠪᠠᠨ ᠣᠭᠳᠤᠵᠤ᠂ ᠭᠦᠷᠭᠡᠨ ᠤ ᠳᠠᠯ᠎ᠠ ᠶᠢᠨ ᠠᠪᠬᠤᠯᠴᠢᠨ ᠨᠡᠷ ᠮᠤᠷᠢᠨ ᠡᠴᠠ ᠪᠠᠭᠤᠮᠠᠭᠴᠠ ᠠᠷᠢᠭᠢ ᠪᠠᠷᠢᠳᠠᠭ᠃ ᠶᠠᠭ ᠡᠨᠡ ᠦᠶ᠎ᠡ ᠳᠤ ᠭᠡᠦᠭᠡᠨ ᠤ ᠳᠠᠯ᠎ᠠ ᠶᠢᠨ ᠭᠡᠯᠡᠮᠦᠷᠴᠢ ᠭᠡᠷ ᠲᠤ ᠣᠷᠤᠬᠤ ᠳᠤᠯᠠ ᠭᠡᠦᠭᠡᠨ ᠤ ᠵᠢᠭᠡ ᠨᠢ ᠡᠭᠦᠳᠡ ᠶᠢ ᠮᠤᠳᠤ ᠪᠠᠷ ᠭᠦᠡᠳᠡᠯᠡᠨ ᠳᠠᠷᠤᠭᠠᠤᠨ ᠪᠠᠢ᠌ᠳᠠᠭ᠃ ᠭᠦᠷᠭᠡᠨ ᠤ ᠳᠠᠯ᠎ᠠ ᠶᠢᠨ ᠭᠢᠨ ᠠᠷᠢᠭᠢ ᠪᠠᠷᠢᠬᠤ ᠳᠠᠰᠢᠷᠠᠮ ᠳᠤ ᠭᠡᠦᠭᠡᠨ ᠤ ᠳᠠᠯ᠎ᠠ ᠶᠢᠨ ᠭᠡᠯᠡᠮᠦᠷᠴᠢ ᠡᠴᠠ᠄

《ᠠᠯᠳᠠᠭᠤᠷᠴᠢᠨ ᠭᠡᠭᠦ ᠳ᠋ᠤ

ᠠᠰᠠᠭᠤᠬᠤ ᠰᠤᠷᠠᠭ ᠦᠭᠡᠶ᠂

ᠠᠩᠴᠢᠨ ᠶᠤᠮ ᠦᠦ ᠭᠡᠭᠦᠯᠡᠷ

ᠠᠪᠠ ᠶᠢᠨ ᠨᠤᠬᠠᠢ ᠦᠭᠡᠶ᠂

ᠬᠤᠨᠢᠴᠢᠨ ᠶᠤᠮ ᠦᠦ ᠭᠡᠭᠦ ᠳ᠋ᠤ

ᠬᠤᠰᠤᠨ ᠣᠷᠭ᠎ᠠ ᠠᠳᠬᠤᠭᠰᠠᠨ ᠦᠭᠡᠶ᠂

ᠳᠠᠶᠠᠭᠠᠷ ᠣᠯᠠᠨ ᠶᠢᠡᠷ ᠶᠢᠡᠨ ᠬᠠᠷᠢᠨ

ᠳᠠᠩᠴᠤ ᠭᠤᠶᠤ ᠬᠤᠪᠴᠠᠰᠤᠯᠠᠭᠠᠤᠨ

ᠳᠠᠨᠠᠷ ᠴᠢᠨᠢ ᠶᠠᠭᠤᠨ ᠤ ᠭᠦᠮᠤᠨ ᠪᠠᠢ᠌ᠨ᠎ᠠ ᠪᠣᠢ ︖

ᠳᠦᠭᠡᠷᠢᠭᠡᠳ ᠵᠠᠮ ᠶᠢᠡᠨ ᠠᠯᠳᠠᠭᠰᠠᠨ ᠪᠣᠯ

ᠳᠡᠭᠦᠨ ᠢ ᠴᠢᠨᠢ ᠵᠢᠭᠠᠵᠤ ᠦᠭ‍ᠭᠦᠶ᠎ᠡ》 ᠭᠡᠭᠦ ᠳ᠋ᠤᠨᠢ ᠭᠦᠷᠭᠡᠨ ᠤ ᠳᠠᠯ᠎ᠠ ᠶᠢᠨ ᠭᠡᠯᠡᠮᠦᠷᠴᠢ ᠡᠴᠠ᠄

《ᠬᠤᠯᠠᠨ ᠵᠢᠷᠤᠭ᠎ᠠ ᠮᠤᠷᠢ ᠶᠢ ᠪᠠᠨ ᠭᠦᠳᠦᠯᠤᠨ

ᠬᠤᠯᠠ ᠠᠯᠤᠰ ᠤᠨ ᠨᠤᠳᠤᠭ ᠡᠴᠠ ᠭᠠᠷᠴᠤ

ᠵᠢᠯ ᠤᠨ ᠰᠠᠢ᠌ᠨ ᠢ ᠰᠢᠯᠢᠵᠤ ᠪᠠᠢ᠌ᠭᠠᠤᠨ

ᠰᠠᠷ᠎ᠠ ᠶᠢᠨ ᠰᠠᠢ᠌ᠨ ᠢ ᠰᠤᠩᠭ᠋ᠤᠨ

ᠡᠳᠦᠷ ᠤᠨ ᠰᠠᠢ᠌ᠨ ᠢ ᠡᠨᠡ ᠡᠳᠦᠷ ᠭᠡᠵᠤ

ᠡᠷᠳᠡ ᠡᠳᠦᠷ ᠭᠡᠯᠡᠯᠴᠡᠭᠡ ᠳᠠᠢ

ᠡᠨᠡ ᠡᠳᠦᠷ ᠤᠨ ᠪᠣᠯᠵᠤᠭ᠎ᠠ ᠳᠠᠢ

ᠳᠠᠪᠠᠭ᠎ᠠ ᠶᠢᠨ ᠦᠨᠳᠦᠷ ᠢ ᠳᠠᠪᠠᠵᠤ

ᠳᠠᠪᠠᠯᠭᠠᠨ ᠲᠡᠶ ᠭᠤᠤᠯ ᠢ ᠭᠡᠳᠦᠯᠤᠨ

ᠦᠷᠭᠡᠨ ᠳᠠᠯ᠎ᠠ ᠶᠢ ᠳᠤᠭᠤᠯᠤᠨ

ᠦᠵᠡᠮᠵᠢᠳᠤ ᠨᠤᠳᠤᠭ ᠢ ᠴᠢᠨᠢ ᠴᠢᠭᠯᠡᠭᠡᠳ

ᠠᠯᠳᠠᠨ ᠦᠷᠭᠦᠭᠡ ᠶᠢ ᠴᠢᠨᠢ ᠠᠰᠯᠠᠭᠠᠤᠨ

ᠠᠪᠣ ᠡᠵᠢ ᠠᠬᠠᠰ ᠶᠡᠭᠡᠰ ᠲᠤ ᠴᠢᠨᠢ

ᠠᠮᠤᠷ ᠢ ᠠᠰᠠᠭᠤᠵᠤ᠂ ᠮᠠᠠᠳᠤ ᠶᠢ ᠮᠠᠳᠠᠵᠤ

ᠠᠢ᠌ᠯᠠᠳᠬᠠᠨ ᠢᠷᠡᠭ᠍ᠰᠡᠨ ᠪᠢᠯᠠ᠃

ᠬᠠᠷᠭᠠᠢ ᠶᠡᠭᠡ ᠮᠤᠳᠤ ᠪᠠᠷ

ᠬᠠᠭᠠᠯᠭ᠎ᠠ ᠪᠠᠨ ᠳᠠᠷᠤᠭᠰᠠᠨ ᠣᠴᠢᠷ ᠶᠠᠭᠤ ᠪᠢᠯᠠ ︖》 ᠭᠡᠭᠦ ᠳ᠋ᠤᠨᠢ ᠭᠡᠦᠭᠡᠨ ᠤ ᠳᠠᠯ᠎ᠠ ᠶᠢᠨ ᠭᠡᠯᠡᠮᠦᠷᠴᠢ ᠡᠴᠠ᠄

《ᠡᠨᠡ ᠡᠳᠦᠷ ᠣᠯᠠᠨ ᠶᠢᠡᠷ ᠵᠢᠠᠨ

ᠥᠩᠭᠡᠳᠤ ᠬᠤᠪᠴᠠᠰᠤ ᠪᠠᠨ ᠡᠮᠦᠰᠦᠭᠡᠳ

ᠳᠠᠨᠠᠷ ᠴᠢᠨᠢ ᠶᠠᠭᠤᠨ ᠤ ᠭᠦᠮᠦᠰ ᠪᠣᠢ᠃

ᠭᠡᠷᠡᠭ᠌ ᠣᠴᠢᠷ ᠶᠠᠭᠤ ᠪᠢᠯᠠ ︖

ᠭᠡᠨ ᠢ ᠡᠷᠢᠵᠤ ᠶᠠᠪᠣᠭ᠎ᠠ ᠪᠣᠢ ︖

ᠵᠠᠮ ᠳᠦᠭᠡᠷᠢᠭᠡᠳ ᠢᠷᠡᠭ᠍ᠰᠡᠨ ᠪᠣᠯ

ᠵᠢᠭᠠᠵᠤ ᠦᠭ‍ᠭᠦᠶ᠎ᠡ ᠵᠥᠭ᠌ ᠢ ᠴᠢᠨᠢ》 ᠭᠡᠭᠦᠯᠡᠷ ᠭᠦᠷᠭᠡᠨ ᠤ ᠳᠠᠯ᠎ᠠ ᠶᠢᠨ ᠭᠡᠯᠡᠮᠦᠷᠴᠢ ᠡᠴᠠ᠄

《ᠪᠣᠶᠠᠨ ᠲᠡᠶ ᠳᠦᠷᠦᠭ᠍ᠰᠡᠨ ᠦᠷ᠎ᠡ ᠶᠢ ᠴᠢᠨᠢ

ᠪᠣᠭᠳᠤᠯᠠᠨ ᠪᠠᠭᠤᠯᠭᠠᠵᠤ ᠠᠪᠬᠤ ᠪᠠᠷ ᠢᠷᠠᠯ᠎ᠠ᠂

ᠪᠣᠱᠤᠭ᠎ᠠ ᠡᠭᠦᠳᠡ ᠶᠢ ᠠᠯᠬᠤᠨ ᠣᠷᠤᠵᠤ

ᠪᠣᠷᠬᠠᠨ ᠰᠠᠭᠢᠭᠤᠯᠰᠤᠨ ᠳᠤ ᠴᠢᠨᠢ ᠮᠦᠷᠭᠦᠵᠤ

ᠪᠣᠭᠤᠷᠤᠯ ᠨᠠᠰᠤᠳᠠᠨ ᠳᠤ ᠳᠠᠨᠢ ᠪᠠᠷᠠᠯᠬᠠᠵᠤ

ᠪᠦᠭᠦᠳᠡ ᠨᠠᠢ᠌ᠳᠠ ᠶᠢᠨ ᠠᠮᠤᠷ ᠢ ᠠᠰᠠᠭᠤᠨ ᠢᠷᠡᠭᠦ ᠳ᠋ᠤ

ᠪᠦᠳᠦᠭᠦᠨ ᠶᠡᠭᠡ ᠮᠤᠳᠤ ᠪᠠᠷ

ᠡᠭᠦᠳᠡ ᠪᠠᠨ ᠳᠠᠷᠤᠭᠰᠠᠨ ᠤ ᠣᠴᠢᠷ ᠶᠠᠭᠤ ᠪᠢᠯᠠ ︖》 ᠭᠡᠭᠦᠯᠡᠷ ᠭᠡᠦᠭᠡᠨ ᠤ ᠳᠠᠯ᠎ᠠ ᠶᠢᠨ ᠭᠡᠯᠡᠮᠦᠷᠴᠢ ᠡᠴᠠ ᠄

《ᠮᠠᠨᠠᠢ ᠳᠤ ᠢᠷᠡᠭ᠍ᠰᠡᠨ ᠣᠴᠢᠷ ᠶᠢᠡᠨ ᠭᠡᠯᠡ᠃

ᠮᠠᠨᠠᠨ ᠳᠤ ᠳᠦᠭᠡᠷᠢᠭ᠍ᠰᠡᠨ ᠪᠣᠯ ᠵᠠᠮ ᠢ ᠴᠢᠨᠢ ᠵᠢᠭᠠᠵᠤ ᠦᠭ‍ᠭᠦᠶ᠎ᠡ》 ᠭᠡᠭᠦ ᠳᠤ ᠭᠦᠷᠭᠡᠨ ᠤ ᠳᠠᠯ᠎ᠠ ᠶᠢᠨ ᠭᠡᠯᠡᠮᠦᠷᠴᠢ ᠡᠴᠠ᠄

《ᠰᠠᠭᠤᠳᠠᠭ ᠨᠤᠳᠤᠭ ᠨᠢ ᠮᠠᠨ ᠤ ᠳᠠᠠᠳᠠ ᠭᠡᠵᠤ

ᠣᠤᠭᠤᠳᠠᠭ ᠣᠰᠤ ᠨᠢ ᠮᠠᠨ ᠤ ᠳᠡᠷᠡᠭᠡᠭᠦᠷ ᠭᠡᠳ

ᠣᠷᠴᠢᠯᠠᠩ ᠤᠨ ᠵᠢᠮ᠎ᠠ ᠶᠤᠰᠤ ᠪᠠᠷ

ᠣᠷᠤᠭ ᠤᠨ ᠶᠤᠰᠤᠨ ᠳᠤ ᠵᠤᠭᠢᠴᠠᠭᠤᠯᠤᠨ

ᠪᠣᠷᠬᠠᠨ ᠳ᠋ᠤᠨᠢ ᠮᠦᠷᠭᠦᠭᠡᠳ

ᠪᠣᠭᠤᠷᠤᠯ ᠳ᠋ᠤᠨᠢ ᠵᠤᠯᠭᠠᠭᠠᠤᠨ

ᠦᠯᠵᠡᠢ ᠲᠡᠶ ᠡᠨᠡ ᠡᠳᠦᠷ ᠪᠢᠳᠠᠨᠠᠷ

ᠣᠷᠢᠳᠠ ᠡᠴᠠ ᠳᠤᠭᠳᠠᠭᠠᠭᠰᠠᠨ

ᠣᠷᠤᠭ ᠤᠨ ᠶᠤᠰᠤᠭᠠᠷ ᠵᠢᠠᠨ

ᠭᠡᠦᠭᠡᠨ ᠢ ᠴᠢᠨᠢ ᠪᠠᠭᠤᠯᠭᠠᠵᠤ ᠠᠪᠬᠤ ᠪᠠᠷ ᠢᠷᠠᠯ᠎ᠠ᠃》

ᠢᠩᠭᠢᠭᠦ ᠳ᠋ᠤᠨᠢ ᠭᠡᠷ ᠲᠤ ᠣᠷᠢᠵᠤ ᠣᠷᠤᠭᠤᠯᠤᠭᠠᠤᠨ ᠠᠷᠢᠭᠢ ᠪᠠᠨ ᠪᠠᠷᠢᠵᠤ ᠰᠠᠴᠤᠯᠢ ᠪᠠᠨ ᠰᠠᠴᠤᠵᠤ᠂ ᠬᠤᠨᠢᠨ ᠣᠭᠤᠴᠠ᠂ ᠬᠤᠨᠢᠨ ᠳᠤᠯᠤᠭᠠᠢ ᠶᠢ ᠪᠠᠷᠠᠭ᠎ᠠ ᠶᠢᠨ ᠳᠡᠭᠡᠷ᠎ᠡ ᠳᠠᠯᠪᠢᠵᠤ ᠢᠷᠦᠭᠡᠯ ᠶᠢᠡᠨ ᠬᠠᠢ᠌ᠷᠠᠯᠠᠨ᠎ᠠ᠃

《ᠦᠷᠢᠯ ᠤᠨ ᠮᠤᠳᠤ ᠭᠡᠭ᠍ᠴᠢ ᠨᠢ

ᠣᠰᠤᠨ ᠤ ᠴᠢᠭᠢᠭ᠌ ᠶᠢᠡᠷ ᠣᠷᠭᠤᠨ᠎ᠠ

ᠣᠷᠤᠭ ᠬᠤᠳᠠ ᠪᠠᠷᠢᠯᠳᠤᠬᠤ ᠨᠢ

ᠣᠷᠢᠳ ᠳᠦᠷᠤᠯ ᠤᠨ ᠢᠷᠦᠭᠡᠯ ᠶᠤᠮ᠃

ᠬᠤᠨ ᠴᠠᠭᠠᠨ ᠬᠤᠰᠤᠨ ᠮᠤᠳᠤ

ᠬᠤᠯᠠ ᠶᠢᠨ ᠪᠠᠷ᠎ᠠ ᠳᠠᠭᠠᠨ ᠴᠠᠢ᠌ᠷᠠᠨ᠎ᠠ

ᠬᠤᠳᠠ ᠣᠷᠤᠭ ᠪᠠᠷᠢᠯᠳᠤᠬᠤ ᠨᠢ

ᠬᠣᠢ᠌ᠳᠤ ᠢᠷᠦᠭᠡᠯ ᠤᠨ ᠣᠴᠠᠷᠠᠯ ᠶᠤᠮ᠃

ᠭᠦᠭᠡ ᠨᠠᠷᠠᠰᠤᠳᠤ ᠠᠭᠤᠯᠠ ᠨᠢ

ᠭᠦᠭᠡᠷᠡᠭᠦ ᠳᠡᠭᠡᠷ᠎ᠡ ᠪᠠᠨ ᠰᠦᠷᠯᠢᠭ᠌

ᠭᠦᠷᠭᠡᠨ ᠪᠣᠯᠤᠭᠠᠤᠨ ᠢᠷᠡᠭᠦ ᠨᠢ

ᠭᠦᠪᠠᠭᠦᠨ ᠭᠦᠮᠤᠨ ᠤ ᠵᠠᠶᠠᠭ᠎ᠠ ᠶᠤᠮ᠃

ᠰᠢᠨ᠎ᠠ ᠭᠦᠷᠭᠡᠨ ᠶᠢᠡᠨ ᠠᠪᠴᠢᠷᠠ

ᠱᠠᠭᠠᠠᠳᠤ ᠶᠢᠨ ᠭᠦᠮᠤᠨ ᠶᠢᠡᠨ ᠠᠪᠴᠢᠷᠠ

ᠴᠠᠭᠠᠨ ᠪᠣᠭᠤᠷᠤᠯ ᠳ᠋ᠤᠨᠢ ᠮᠦᠷᠭᠦᠭᠦᠯᠦᠶ᠎ᠡ

ᠰᠠᠢ᠌ᠨ ᠥᠭᠡ ᠶᠢ ᠨᠢ ᠰᠤᠨᠤᠰᠴᠤ

ᠰᠠᠢ᠌ᠬᠠᠨ ᠢᠷᠦᠭᠡᠯ ᠢ ᠨᠢ ᠠᠪᠣᠶ᠎ᠠ᠃》

ᠳᠠᠷᠠᠭ᠎ᠠ ᠪᠠᠷ ᠨᠢ ᠵᠠᠯᠭᠠᠭᠠᠤᠨ

《ᠣᠷᠢᠳ ᠤᠨ ᠢᠷᠦᠭᠡᠯ ᠶᠢᠡᠷ ᠣᠴᠠᠷᠠᠭᠰᠠᠨ ᠬᠤᠳᠠ ᠣᠷᠤᠭ ᠳᠠᠨ ᠳᠤ ᠪᠠᠨ

ᠣᠴᠢᠷ ᠲᠡᠶ ᠠᠷᠢᠭᠢ ᠪᠠᠨ ᠡᠷᠭᠦᠨ ᠪᠠᠢ᠌ᠭᠠᠤᠨ ᠭᠦᠭᠡᠷᠦᠯᠳᠦᠶ᠎ᠡ᠃

ᠬᠤᠷᠢᠮ ᠳᠦᠷᠤ ᠳᠤ ᠢᠷᠡᠭ᠍ᠰᠡᠨ ᠬᠤᠳᠠ ᠣᠷᠤᠭ ᠳᠠᠨ ᠳᠤ ᠪᠠᠨ

ᠬᠤᠠᠳᠠᠭᠠᠨ ᠳᠡᠭᠡᠵᠢ ᠪᠠᠨ ᠡᠷᠭᠦᠨ ᠪᠠᠢ᠌ᠭᠠᠤᠨ ᠨᠠᠢ᠌ᠷᠯᠠᠯᠳᠤᠶ᠎ᠠ᠃

ᠣᠷᠤᠭ ᠰᠠᠳᠤᠨ ᠳᠠᠭᠠᠨ ᠢᠷᠡᠭ᠍ᠰᠡᠨ ᠬᠤᠳᠠ ᠣᠷᠤᠭ ᠳᠠᠨ ᠳᠤ ᠪᠠᠨ

ᠠᠷᠢᠭᠢᠨ ᠤ ᠳᠡᠭᠡᠵᠢ ᠪᠠᠨ ᠡᠷᠭᠦᠨ ᠪᠠᠢ᠌ᠭᠠᠤᠨ ᠭᠦᠭᠡᠷᠦᠯᠳᠦᠶ᠎ᠡ᠃

ᠪᠠᠶᠠᠷᠳᠤ ᠪᠣᠶᠠᠨ ᠶᠢᠡᠷ ᠠᠭᠤᠯᠵᠠᠭᠰᠠᠨ ᠬᠤᠳᠠ ᠣᠷᠤᠭ ᠳᠠᠨ ᠳᠤ ᠪᠠᠨ

ᠪᠣᠷᠤ ᠳᠢᠶᠠᠠᠫᠧᠩ ᠲᠡᠶ ᠠᠷᠢᠭᠢ ᠪᠠᠨ ᠡᠷᠭᠦᠨ ᠪᠠᠢ᠌ᠭᠠᠤᠨ ᠭᠦᠭᠡᠷᠦᠯᠳᠦᠶ᠎ᠡ》 ᠭᠡᠵᠤ ᠳᠠᠰᠤᠯᠳᠠᠭ᠎ᠠ ᠦᠭᠡᠶ ᠢᠷᠦᠭᠡᠯ ᠶᠢᠡᠨ ᠳᠠᠯᠪᠢᠵᠤ ᠨᠠᠢ᠌ᠷ ᠦᠷᠭᠦᠯᠵᠢᠯᠡᠭ᠍ᠰᠡᠭᠡᠷ ᠨᠡᠢ᠌ᠭᠡᠮᠳᠡᠨ᠎ᠡ᠃


2. ᠣᠭᠤᠴᠠ ᠳᠠᠯᠪᠢᠬᠤ ᠶᠤᠰᠤᠨ


ᠣᠭᠤᠴᠠ ᠳᠠᠪᠠᠭᠯᠠᠬᠤ ᠨᠢ ᠪᠠᠰᠠ ᠳᠤᠩ ᠨᠠᠷᠢᠯᠢᠭ ᠶᠤᠰᠤ ᠲᠡᠶ ᠶᠤᠮ᠃ ᠣᠭᠤᠴᠠ ᠳᠠᠪᠠᠭᠯᠠᠬᠤ ᠳᠤ ᠳᠤᠰᠬᠠᠢ ᠮᠤᠳᠤᠨ ᠶᠡᠭᠡ ᠳᠠᠪᠰᠢ (ᠳᠠᠪᠠᠭ) ᠭᠡᠷᠡᠭᠯᠡᠨ᠎ᠡ᠃

ᠳᠦᠷᠦᠭᠦᠤ ᠬᠤᠳᠠ ᠶᠢᠨ ᠳᠠᠪᠠᠭ ᠲᠤ (ᠪᠠᠷᠠᠭᠤᠨ ᠳᠠᠯ᠎ᠠ) ᠬᠤᠨᠢᠨ ᠳᠤᠯᠤᠭᠠᠢ᠂ ᠬᠠᠪᠢᠷᠭ᠎ᠠ᠂ ᠳᠤᠮᠳᠠ ᠴᠢᠮᠦᠭᠡ᠂ ᠱᠠᠭᠠᠠᠳᠤ᠂ ᠳᠠᠯᠤ ᠵᠡᠷᠭᠡ ᠶᠢ ᠳᠠᠪᠠᠭᠯᠠᠨ᠎ᠠ᠃

ᠵᠤᠴᠢᠳ ᠤᠨ ᠠᠬᠠᠯᠠᠵᠤ ᠰᠠᠭᠤᠭᠰᠠᠨ ᠭᠦᠮᠤᠨ ᠡᠴᠠ ᠡᠭᠢᠯᠡᠵᠤ ᠣᠭᠤᠴᠠ ᠶᠢ ᠭᠦᠡᠳᠡᠭᠦ ᠪᠣᠯᠤᠨ᠎ᠠ᠃ ᠢᠩᠭᠢᠭᠦ ᠳᠡᠭᠡᠨ ᠳᠤᠯᠤᠭᠠᠢ ᠶᠢᠨ ᠪᠠᠷᠠᠭᠤᠨ ᠴᠢᠭᠢ ᠶᠢ ᠨᠢ ᠣᠭᠳᠤᠯᠤᠨ᠂ ᠰᠡᠭᠦᠯ ᠤᠨ ᠥᠭᠡᠭᠦ ᠡᠴᠠ ᠬᠠᠯᠢᠮᠯᠠᠨ ᠠᠪᠣᠭᠠᠤᠨ ᠬᠤᠨᠢᠨ ᠳᠤᠯᠤᠭᠠᠢ ᠶᠢᠨ ᠮᠠᠩᠨᠠᠢ ᠳ᠋ᠤᠨᠢ ᠳᠠᠯᠪᠢᠭᠠᠤᠨ ᠭᠦᠷᠭᠡᠨ ᠳᠤ ᠪᠣᠴᠠᠭᠠᠨ᠎ᠠ᠃ ᠳᠡᠭᠡᠭᠦ ᠳᠡᠭᠡᠨ ᠭᠤᠷᠪᠠᠳᠠ 《ᠳᠠᠪᠠᠭ ᠪᠠᠷᠢ᠂ ᠪᠠᠷᠢ᠂ ᠪᠠᠷᠢ》 ᠭᠡᠵᠤ ᠶᠠᠩᠨᠠᠨ᠎ᠠ᠃ ᠬᠤᠳᠠᠭᠠᠢ ᠶᠢᠨ ᠳᠠᠪᠰᠢ ᠳᠤ ᠣᠭᠤᠴᠠ ᠳᠠᠯᠪᠢᠨ᠎ᠠ᠃ ᠣᠭᠤᠴᠠ ᠶᠢᠨ ᠬᠤᠶᠠᠷ ᠳᠠᠯ᠎ᠠ ᠶᠢ ᠥᠭᠡᠯᠡᠨ ᠵᠦᠰᠤᠵᠤ ᠪᠠᠷᠠᠭᠤᠨ ᠵᠡᠭᠦᠨ ᠳᠠᠯ᠎ᠠ ᠶᠢᠨ ᠳᠠᠪᠰᠢ ᠳᠤ ᠬᠤᠪᠢᠶᠠᠨ ᠦᠭ‍ᠭᠦᠨ᠎ᠡ᠃ ᠥᠭᠡᠯᠡᠨ ᠵᠥᠰᠦᠭ᠍ᠰᠡᠨ ᠣᠭᠤᠴᠠ ᠶᠢᠨ ᠭᠤᠤᠯ ᠢ ᠵᠦᠪ ᠡᠷᠭᠢᠭᠦᠯᠤᠨ ᠭᠡᠷ ᠤᠨ ᠡᠵᠡᠨ ᠳᠤ ᠪᠣᠴᠠᠭᠠᠨ᠎ᠠ᠃ ᠭᠡᠷ ᠤᠨ ᠡᠵᠡᠨ 《ᠪᠠᠷᠢ᠂ ᠪᠠᠷᠢ᠂ ᠪᠠᠷᠢ》 ᠭᠡᠳ ᠵᠦᠪ ᠡᠷᠭᠢᠭᠦᠯᠤᠨ ᠳᠠᠪᠰᠢ ᠳᠤ ᠪᠣᠴᠠᠭᠠᠨ ᠳᠠᠯᠪᠢᠨ᠎ᠠ᠃

ᠵᠡᠭᠦᠨ ᠳᠠᠪᠰᠢ ᠳᠤ᠄ (ᠭᠡᠦᠭᠡᠨ ᠤ ᠠᠬ᠎ᠠ ᠳᠡᠭᠦᠤ ᠨᠡᠷ ᠤᠨ ᠳᠠᠪᠠᠭ) ᠡᠪᠴᠢᠭᠦᠤ᠂ ᠬᠠᠪᠢᠷᠭ᠎ᠠ᠂ ᠨᠢᠷᠤᠭᠤ᠂ ᠣᠷᠳᠤ ᠴᠢᠮᠦᠭᠡ ᠶᠢ ᠳᠠᠯᠪᠢᠨ᠎ᠠ᠃

ᠠᠬ᠎ᠠ ᠳᠡᠭᠦᠤ ᠨᠡᠷ ᠤᠨ ᠠᠬᠠᠯᠠᠵᠤ ᠰᠠᠭᠤᠭᠰᠠᠨ ᠭᠦᠮᠤᠨ ᠡᠴᠠ ᠡᠪᠴᠢᠭᠦᠤ ᠳᠤ ᠠᠮᠠ ᠭᠦᠷᠤᠨ ᠭᠡᠷ ᠤᠨ ᠡᠵᠡᠨ ᠳᠤ ᠪᠣᠴᠠᠭᠠᠨ᠎ᠠ᠃ ᠭᠡᠷ ᠤᠨ ᠡᠵᠡᠨ 《ᠳᠠᠪᠠᠭ ᠪᠠᠷᠢ᠂ ᠪᠠᠷᠢ᠂ ᠪᠠᠷᠢ》 ᠭᠡᠳ ᠳᠠᠪᠠᠭ ᠢ ᠵᠦᠪ ᠡᠷᠭᠢᠭᠦᠯᠤᠨ ᠳᠠᠪᠰᠢ ᠳᠤ ᠪᠣᠴᠠᠭᠠᠨ᠎ᠠ᠃

ᠢᠩᠭᠢᠵᠤ ᠨᠠᠢ᠌ᠷᠯᠠᠨ ᠭᠤᠷᠪᠠᠨ ᠳᠤᠭᠤᠷ᠎ᠠ ᠵᠢᠷᠭᠤᠭᠠᠨ ᠬᠤᠠᠳᠠᠭ᠎ᠠ ᠠᠷᠢᠭᠢᠨ ᠤ ᠳᠠᠷᠠᠭ᠎ᠠ ᠭᠣᠢ᠌ᠮᠤᠨ ᠲᠡᠶ ᠱᠦᠯᠦ ᠪᠣᠶᠤ ᠠᠢ᠌ᠷᠠᠭ ᠲᠡᠶ ᠬᠠᠷ᠎ᠠ ᠱᠦᠯᠦ ᠭᠠᠷᠤᠨ᠎ᠠ᠃ ᠵᠤᠴᠢᠳ ᠢ ᠮᠤᠷᠳᠠᠭᠤᠯᠬᠤ ᠳᠠᠮᠠᠭᠢ ᠳᠠᠮᠠᠭᠢᠯᠠᠵᠤ᠂ 《ᠬᠤᠳᠠ ᠶᠢᠨ ᠮᠤᠷᠢ ᠶᠢ ᠪᠠᠷᠢᠯ᠎ᠠ᠂ ᠬᠤᠠᠳᠠᠭ᠎ᠠ ᠴᠢᠯᠠᠵᠤ ᠪᠠᠢ᠌ᠨ᠎ᠠ》 ᠭᠡᠵᠤ ᠢᠷᠡᠭ᠍ᠰᠡᠨ ᠵᠤᠴᠢᠳ ᠢ ᠦᠳᠡᠨ᠎ᠠ᠃

(ᠣᠭᠤᠴᠠ ᠶᠢᠨ ᠢᠷᠦᠭᠡᠯ)

《ᠬᠤᠨᠢᠨ ᠤ ᠣᠭᠤᠴᠠ ᠪᠠᠨ ᠳᠠᠯᠪᠢᠯ᠎ᠠ

ᠬᠤᠳᠠ ᠣᠷᠤᠭ ᠶᠢᠡᠨ ᠵᠤᠭᠤᠭᠯᠠᠭᠤᠯᠤᠶ᠎ᠠ

ᠢᠷᠭᠡᠨ ᠤ ᠣᠭᠤᠴᠠ ᠪᠠᠨ ᠳᠠᠯᠪᠢᠯ᠎ᠠ

ᠢᠷᠡᠭ᠍ᠰᠡᠨ ᠪᠦᠭᠦᠨ ᠳᠤ ᠵᠤᠭᠤᠭᠯᠠᠭᠤᠯᠤᠶ᠎ᠠ

ᠳᠠᠷᠭᠤᠨ ᠣᠭᠤᠴᠠ ᠪᠠᠨ ᠳᠠᠯᠪᠢᠯ᠎ᠠ

ᠳᠠ ᠪᠦᠭᠦᠳᠡ ᠶᠢᠡᠨ ᠵᠤᠭᠭᠤᠯᠠᠭᠤᠯᠤᠶ᠎ᠠ

ᠪᠦᠭᠦᠯᠢ ᠣᠭᠤᠴᠠ ᠪᠠᠨ ᠳᠠᠯᠪᠢᠯ᠎ᠠ

ᠪᠦᠭᠦᠳᠡ ᠳᠠᠨᠠᠷ ᠲᠤ ᠵᠤᠭᠤᠭᠯᠠᠭᠤᠯᠤᠶ᠎ᠠ》

ᠡᠭᠦᠨ ᠳᠤ ᠪᠠᠰᠠ ᠳᠠᠯᠤ ᠶᠢᠨ ᠮᠢᠬ᠎ᠠ ᠶᠢ ᠳᠠᠶᠠᠭᠠᠷ ᠲᠤ ᠭᠡᠵᠤ ᠣᠯᠠᠨ ᠳᠠᠶᠠᠭᠠᠷ ᠲᠤ ᠢᠳᠡᠭᠦᠯᠵᠤ᠂ ᠳᠠᠯᠤ ᠶᠢ ᠴᠠᠢ᠌ᠯᠭᠠᠨ ᠴᠠᠪᠠᠷᠯᠠᠵᠤ ᠮᠥᠯᠵᠢᠭᠡᠳ 《ᠳᠠᠯᠤ ᠶᠢ ᠰᠢᠠᠵᠢᠨ᠎ᠠ》 ᠭᠡᠵᠤ ᠳᠠᠯᠤ ᠶᠢ ᠰᠢᠠᠵᠢᠵᠤ ᠴᠢᠳᠠᠳᠠᠭ ᠠᠬᠠᠮᠠᠤᠨ ᠳᠤᠮᠤᠭᠠᠳᠠᠨ ᠭᠦᠮᠤᠨ ᠳᠤ ᠥᠭ᠍ᠴᠤ ᠳᠠᠯᠤ ᠰᠢᠡᠵᠢᠭᠦᠯᠦᠨ᠎ᠡ᠃

(ᠳᠠᠯᠤ ᠶᠢᠨ ᠢᠷᠦᠭᠡᠯ)

《ᠳᠠᠷᠭᠤᠨ ᠬᠤᠨᠢᠨ ᠤ ᠳᠠᠯᠤ ᠪᠠᠢ᠌ᠨ᠎ᠠ

ᠳᠠᠨᠠᠷ ᠪᠦᠭᠦᠨ ᠳᠡᠭᠡᠨ ᠢᠷᠦᠭᠡᠯ ᠶᠢᠡᠨ ᠳᠠᠯᠪᠢᠶ᠎ᠠ᠄

ᠳᠤᠭᠤᠭ᠎ᠠ ᠰᠠᠢ᠌ᠠᠳᠠᠢ ᠳᠠᠯᠤ ᠪᠠᠢ᠌ᠨ᠎ᠠ

ᠲᠦᠪᠰᠢᠨ ᠵᠢᠷᠭᠠᠯ ᠪᠢᠯᠬᠠᠳᠤᠭᠠᠢ᠃

ᠠᠳᠤᠭᠤᠨ ᠴᠤᠪᠣᠭ᠎ᠠ ᠰᠠᠢ᠌ᠳᠠᠢ

ᠠᠯᠠᠭ ᠬᠤᠨᠢᠨ ᠤ ᠳᠠᠯᠤ ᠪᠠᠢ᠌ᠨ᠎ᠠ

ᠥᠭᠡᠷ ᠤᠨ ᠴᠤᠪᠣᠭ᠎ᠠ ᠰᠠᠢ᠌ᠳᠠᠢ

ᠣᠩᠭ᠋ᠤᠨ ᠬᠤᠨᠢᠨ ᠤ ᠳᠠᠯᠤ ᠪᠠᠢ᠌ᠨ᠎ᠠ

ᠬᠠᠷ᠎ᠠ ᠳᠦᠷᠦᠭᠦᠤ ᠬᠤᠨᠢᠨ ᠤ

ᠬᠠᠪᠳᠠᠭᠠᠢ ᠰᠠᠢ᠌ᠳᠠᠢ ᠳᠠᠯᠤ ᠪᠠᠢ᠌ᠨ᠎ᠠ᠃

ᠬᠠᠵᠠᠭᠤ ᠰᠠᠢ᠌ᠳᠠᠢ ᠳᠠᠯᠤ ᠪᠠᠢ᠌ᠨ᠎ᠠ

ᠬᠠᠮᠳᠤ ᠶᠢᠨ ᠵᠢᠷᠭᠠᠯ ᠪᠢᠯᠬᠠᠳᠤᠭᠠᠢ ︕》


ᠳᠠᠪᠣ᠂ ᠪᠠᠷᠢ ᠮᠦᠷᠭᠦᠭᠦᠯᠭᠦ ᠪᠣᠯᠤᠨ ᠭᠡᠷ ᠢᠷᠦᠭᠡᠭᠦ


ᠰᠢᠨ᠎ᠠ ᠪᠠᠷᠢ ᠰᠢᠨ᠎ᠠ ᠭᠦᠷᠭᠡᠨ ᠭᠡᠷ ᠲᠤ ᠣᠷᠤᠬᠤ ᠦᠶ᠎ᠡ ᠳᠤ ᠬᠠᠳᠠᠮ ᠠᠪᠣ ᠡᠵᠢ ᠨᠢ ᠪᠠᠷᠢ ᠳᠡᠭᠡᠨ ᠴᠠᠭᠠᠨ ᠰᠥ᠋ ᠠᠮᠰᠠᠭᠤᠯᠵᠤ ᠣᠤᠭᠤᠯᠭᠠᠨ᠎ᠠ᠃ ᠢᠩᠭᠢᠭᠡᠳ ᠪᠠᠷᠢ ᠶᠢ ᠣᠯᠠᠭᠠᠨ ᠭᠦᠰᠢᠭᠡ ᠶᠢᠨ ᠠᠷᠤ ᠳᠤ ᠣᠷᠤᠭᠤᠯᠴᠢᠬᠠᠨ᠎ᠠ᠃ ᠭᠦᠰᠢᠭᠡᠨ ᠤ ᠠᠷᠤ ᠳᠤ ᠭᠦᠷᠭᠡᠨ ᠨᠢ ᠭᠠᠯ ᠥᠭᠡᠳᠡ ᠬᠠᠠᠳᠤᠨ ᠰᠠᠭᠤᠵᠤ᠂ ᠪᠠᠷᠢ ᠨᠢ ᠵᠡᠭᠦᠡᠰᠢ ᠬᠠᠠᠳᠤᠨ ᠰᠠᠭᠤᠭᠠᠤᠨ ᠬᠤᠶᠠᠭᠤᠯᠠ ᠶᠢᠨ ᠭᠡᠵᠢᠭᠡ ᠶᠢ ᠬᠠᠮᠳᠤᠷᠠᠭᠤᠯᠤᠨ ᠰᠠᠮᠨᠠᠵᠤ᠂ ᠰᠠᠮᠨᠠᠭᠰᠠᠨ ᠶᠢᠡᠨ ᠳᠠᠭᠢᠨ ᠰᠠᠯᠭᠠᠨ᠎ᠠ᠃ ᠡᠨᠡ ᠨᠢ ᠬᠤᠶᠠᠷ ᠪᠠᠶ᠎ᠠ ᠶᠢ ᠨᠢᠭᠡ ᠪᠣᠯᠭᠠᠨ ᠬᠤᠯᠪᠣᠵᠤ ᠪᠠᠢ᠌ᠭ᠎ᠠ ᠳᠡᠮᠳᠡᠭ᠌ ᠪᠢᠯᠠ᠃ ᠢᠩᠭᠢᠭᠡᠳ ᠰᠢᠨ᠎ᠠ ᠪᠠᠷᠢ ᠶᠢ ᠭᠦᠰᠢᠭᠡᠨ ᠤ ᠠᠷᠤ ᠳᠤ ᠰᠥᠭᠦᠳᠭᠡᠨ ᠰᠠᠭᠤᠯᠭᠠᠵᠤ ᠮᠦᠷᠭᠦᠭᠦᠯᠭᠦ ᠪᠠᠷ ᠪᠡᠯᠡᠳᠭᠡᠨ᠎ᠡ᠃ ᠭᠦᠰᠢᠭᠡᠨ ᠤ ᠠᠷᠤ ᠳᠤ ᠰᠥᠭᠦᠳᠴᠤ ᠰᠠᠭᠤᠭ᠎ᠠ ᠪᠠᠷᠢ ᠶᠢᠨ ᠳᠤᠯᠤᠭᠠᠢ ᠶᠢ ᠪᠠᠷᠭᠡᠨ ᠨᠢ ᠳᠤᠭᠢᠭᠤᠯᠵᠤ᠂ 《ᠪᠠᠷᠢ ᠪᠣᠷᠬᠠᠨ ᠳᠤ ᠮᠦᠷᠭᠦᠯ᠎ᠡ ︕》 ᠭᠡᠭᠦ ᠳᠤ ᠭᠦᠷᠭᠡᠨ ᠳᠠᠯ᠎ᠠ ᠶᠢᠨ ᠢᠷᠦᠭᠡᠯᠴᠢ ᠡᠴᠠ᠄

《ᠠᠷᠢᠶᠠᠪᠠᠯᠤ ᠪᠣᠷᠬᠠᠨ ᠤ ᠱᠠᠰᠢᠨ ᠮᠠᠳᠤ ᠳᠡᠯᠭᠡᠷᠡᠵᠤ

ᠨᠠᠮᠰᠠᠷᠠᠢ ᠪᠣᠷᠬᠠᠨ ᠰᠢᠭ ᠪᠠᠶᠠᠨ ᠶᠠᠪᠣ

ᠨᠡᠢ᠌ᠯᠡᠭᠦᠯᠤᠨ ᠬᠤᠯᠪᠣᠭᠰᠠᠨ ᠠᠮᠢᠳᠤᠷᠠᠯ ᠴᠢᠨᠢ

ᠨᠠᠢ᠌ᠳᠠᠨ ᠵᠥᠭ᠍ᠳᠡᠷ ᠰᠢᠭ᠌ ᠦᠨᠢᠷ ᠶᠠᠪᠣ

ᠪᠣᠳᠢᠰᠳᠠᠸ᠎ᠠ ᠪᠣᠷᠬᠠᠨ ᠢ ᠠᠳᠢᠰᠯᠠᠵᠤ

ᠪᠣᠭᠤᠷᠤᠯ ᠪᠣᠯᠳᠠᠯ᠎ᠠ ᠪᠠᠨ ᠠᠮᠢᠳᠤᠷᠠᠵᠤ ᠶᠠᠪᠣ

ᠽᠦᠩᠺᠠᠸ᠎ᠠ ᠶᠢᠨ ᠭᠡᠭᠡᠨ ᠢ ᠠᠳᠢᠰᠯᠠᠵᠤ

ᠵᠢᠷᠭᠠᠯ ᠴᠡᠩᠭᠡᠯ ᠶᠢᠡᠷ ᠪᠢᠯᠬᠠᠵᠤ ᠶᠠᠪᠣ

ᠪᠣᠷᠬᠠᠨ ᠪᠠᠭᠰᠢ ᠨᠢ ᠦᠷᠤᠰᠢᠶᠠᠵᠤ

ᠪᠣᠭᠳᠠ ᠶᠢᠨ ᠱᠠᠵᠢᠨ ᠮᠠᠳᠤ ᠳᠡᠯᠭᠡᠷᠡᠵᠤ ᠶᠠᠪᠣ

ᠳᠦᠷᠦᠭ᠍ᠰᠡᠨ ᠬᠤᠶᠠᠷ ᠪᠠᠶ᠎ᠠ ᠴᠢᠨᠢ

ᠳᠡᠭᠦᠰ ᠦᠳᠡᠯᠵᠤ ᠶᠠᠪᠣᠭ᠃》 ᠭᠡᠭᠦ ᠳᠤ ᠭᠡᠦᠭᠡᠨ ᠤ ᠳᠠᠯ᠎ᠠ ᠡᠴᠠ᠄ 《ᠪᠣᠷᠬᠠᠨ ᠪᠠᠭᠰᠢ ᠶᠢᠨ ᠵᠠᠷᠯᠢᠭ ᠪᠣᠯᠳᠤᠭᠠᠢ ︕》 ᠭᠡᠨ᠎ᠡ᠃

ᠳᠠᠷᠠᠭ᠎ᠠ ᠪᠠᠷ ᠵᠠᠯᠠᠭᠠᠭᠠᠤᠨ ᠳᠡᠭ᠍ᠷᠢ ᠳᠤ ᠮᠦᠷᠭᠦᠭᠦ ᠢᠷᠦᠭᠡᠯ ᠶᠢᠡᠨ ᠳᠠᠯᠪᠢᠨ᠎ᠠ᠃ ᠭᠦᠷᠭᠡᠨ ᠤ ᠳᠠᠯ᠎ᠠ ᠶᠢᠨ ᠢᠷᠦᠭᠡᠯᠴᠢ ᠡᠴᠠ᠄

《ᠭᠦᠭᠡ ᠳᠡᠭ᠍ᠷᠢ ᠨᠢ ᠢᠪᠠᠭᠡᠵᠤ

ᠭᠦᠭᠡ ᠮᠤᠩᠭ᠋ᠤᠯ ᠶᠢᠡᠨ ᠮᠠᠠᠳᠤᠭᠤᠯᠵᠤ ᠶᠠᠪᠣᠭ

ᠦᠨᠳᠦᠷ ᠳᠡᠭ᠍ᠷᠢ ᠨᠢ ᠦᠵᠡᠵᠤ ᠶᠠᠪᠣᠭ

ᠥᠭᠡᠯᠡᠳ ᠮᠤᠩᠭ᠋ᠤᠯ ᠶᠢᠡᠨ ᠮᠠᠠᠳᠤᠭᠤᠯᠵᠤ ᠶᠠᠪᠣᠭ

ᠭᠡᠭᠡᠨ ᠳᠡᠭ᠍ᠷᠢ ᠨᠢ ᠭᠡᠷᠡᠯᠳᠦᠭᠦᠯᠵᠤ ᠶᠠᠪᠣᠭ

ᠭᠡᠷ ᠡᠷᠦᠭᠡ ᠨᠢ ᠳᠡᠭ᠍ᠵᠢᠷᠡᠵᠤ ᠶᠠᠪᠣᠭ

ᠪᠣᠷᠬᠠᠨ ᠳᠡᠭ᠍ᠷᠢ ᠨᠢ ᠬᠠᠢ᠌ᠷᠠᠯᠠᠵᠤ ᠶᠠᠪᠣᠭ

ᠪᠣᠶᠠᠨ ᠵᠢᠷᠭᠠᠯ ᠨᠢ ᠳᠡᠯᠭᠡᠷᠡᠵᠤ ᠶᠠᠪᠣᠭ

ᠰᠠᠭᠰᠠᠷ ᠳᠡᠭ᠍ᠷᠢ ᠨᠢ ᠰᠠᠷᠠᠭᠤᠯᠰᠢᠵᠤ

ᠰᠠᠢ᠌ᠬᠠᠨ ᠠᠮᠢᠳᠤᠷᠠᠯ ᠨᠢ ᠰᠠᠢ᠌ᠵᠢᠷᠠᠵᠤ ᠶᠠᠪᠣᠳᠤᠭᠠᠢ》 ᠭᠡᠪᠠᠯ ᠪᠦᠭᠦᠳᠡᠭᠡᠷ ᠶᠢᠡᠨ 《ᠦᠨᠳᠦᠷ ᠳᠡᠭ᠍ᠷᠢ ᠨᠢ ᠦᠷᠦᠰᠢᠶᠡᠳᠦᠭᠡᠢ ︕》 ᠭᠡᠨ᠎ᠡ᠃ ᠮᠦᠨ ᠵᠠᠯᠠᠭᠠᠭᠠᠤᠨ ᠪᠠᠷᠢ ᠶᠢ ᠭᠠᠯ ᠭᠤᠯᠤᠮᠳᠠ ᠳᠠᠭᠠᠨ ᠮᠦᠷᠭᠦᠭᠦ ᠳ᠋ᠤᠨᠢ ᠭᠦᠷᠭᠡᠨ ᠳᠠᠯ᠎ᠠ ᠶᠢᠨ ᠢᠷᠦᠭᠡᠯᠴᠢ ᠡᠴᠠ᠄

《ᠥᠭᠡᠯᠡᠳ ᠮᠤᠩᠭ᠋ᠤᠯ ᠤᠨ ᠣᠭᠰᠠᠭ᠎ᠠ

ᠳᠤᠸ᠎ᠠ ᠰᠤᠬᠤᠷ ᠤᠨ ᠬᠣᠢ᠌ᠴᠢᠰ ᠪᠢᠳᠠ ᠨᠠᠷ

ᠳᠡᠭᠦᠰ ᠴᠤᠭᠳᠤ ᠭᠠᠯ ᠤᠨ ᠬᠠᠭᠠᠨ ᠳ᠋ᠤᠷ

ᠵᠡᠭᠦᠨᠭᠠᠷ ᠥᠭᠡᠯᠡᠳ ᠡᠴᠠ ᠬᠤᠪᠢᠶᠠᠭᠳᠠᠭᠰᠠᠨ

ᠭᠠᠯᠳᠠᠨ ᠪᠣᠱᠤᠭᠳᠤ ᠶᠢᠨ ᠬᠠᠷᠢᠶᠠᠳᠤ ᠠᠯᠪᠠᠳᠤ

ᠰᠢᠨ᠎ᠠ ᠬᠤᠶᠠᠷ ᠭᠦᠮᠤᠨ ᠡᠴᠠ

ᠰᠠᠷᠵᠢᠮ ᠰᠠᠴᠤᠯᠢ ᠪᠠᠨ ᠡᠷᠭᠦᠨ ᠪᠠᠷᠢᠵᠤ

ᠰᠥᠰᠦᠭ᠍ᠳᠤ ᠰᠡᠳᠭᠢᠯ ᠶᠢᠡᠷ ᠮᠦᠷᠭᠦᠮᠦᠢ》 ᠭᠡᠪᠠᠯ 《ᠭᠠᠯ ᠤᠨ ᠪᠣᠷᠬᠠᠨ ᠳᠠ ᠦᠷᠤᠰᠢᠶᠠ ︕》 ᠭᠡᠳᠡᠭ᠌᠃

ᠳᠠᠷᠠᠭ᠎ᠠ ᠳ᠋ᠤᠨᠢ ᠯᠠᠮᠠ᠂ ᠠᠪᠣ ᠡᠵᠢ᠂ ᠠᠪᠣ ᠶᠢᠨ ᠳᠦᠷᠤᠯ ᠠᠪᠠᠭ᠎ᠠ᠂ ᠡᠵᠢ ᠶᠢᠨ ᠳᠦᠷᠤᠯ ᠨᠠᠭᠠᠴᠤ᠂ ᠠᠬᠠᠮᠠᠤᠨ ᠨᠠᠰᠤᠳᠠᠤᠨ᠂ ᠠᠬ᠎ᠠ ᠪᠠᠷᠭᠡᠨ᠂ ᠡᠭᠡᠴᠢ ᠭᠦᠷᠭᠡᠨ ᠠᠬ᠎ᠠ ᠪᠦᠭᠦᠳᠡ ᠳᠡᠭᠡᠨ ᠮᠦᠷᠭᠦᠭᠦ ᠪᠦᠭᠡᠳ ᠬᠠᠳᠠᠭ ᠪᠠᠷᠢᠨ᠎ᠠ᠃ ᠰᠢᠨ᠎ᠠ ᠪᠠᠷᠢ ᠮᠦᠷᠭᠦᠭᠦ ᠦᠶ᠎ᠡ ᠳᠤ ᠪᠠᠯᠡᠭ᠌ ᠪᠠᠯᠡᠭᠯᠡᠵᠤ ᠦᠭ‍ᠭᠦᠨ᠎ᠡ᠃ ᠢᠩᠭᠢᠭᠦ ᠳᠡᠭᠡᠨ ᠪᠠᠯᠡᠭ᠌ ᠤᠨ ᠭᠦᠡᠳᠤ ᠬᠦᠩᠭᠡᠨ ᠠᠳᠠᠯᠢ ᠦᠭᠡᠶ᠂ ᠡᠳᠡᠭᠡᠷ ᠪᠠᠯᠡᠭ᠌ ᠤᠳ ᠢ ᠬᠤᠳᠠᠭᠠᠢ ᠬᠤᠷᠢᠶᠠᠨ ᠴᠤᠭᠯᠠᠭᠤᠯᠤᠨ᠎ᠠ᠃ ᠪᠠᠷᠢ ᠮᠦᠷᠭᠦᠭᠦ ᠶᠢᠨ ᠭᠡᠰᠢᠭ᠌ ᠢᠷᠦᠭᠡᠯ ᠤᠳ ᠨᠢ᠄

《ᠰᠠᠳᠤᠨ ᠶᠢᠡᠷ ᠶᠢᠡᠨ ᠰᠠᠢ᠌ᠬᠠᠨ ᠵᠢᠷᠭᠠᠵᠤ

ᠳᠦᠷᠤᠯ ᠶᠢᠡᠷ ᠶᠢᠡᠨ ᠳᠡᠭᠦᠰ ᠵᠢᠷᠭᠠᠵᠤ

ᠡᠩᠭᠡ ᠳᠦᠷᠤ ᠶᠢ ᠡᠵᠡᠯᠡᠵᠤ

ᠡᠷᠡᠭᠦᠯ ᠴᠢᠭᠢᠷᠠᠭ ᠶᠠᠪᠣᠭᠳᠤᠨ

ᠳᠦᠷᠤ ᠳᠡᠭᠡᠨ ᠲᠦᠰᠢᠮᠠᠤᠨ ᠪᠣᠯᠵᠤ

ᠳᠦᠷᠤᠯ ᠳᠡᠭᠡᠨ ᠡᠨᠡᠷᠢᠯ ᠲᠡᠶ ᠶᠠᠪᠣᠭᠳᠤᠨ

ᠬᠠᠷᠢᠭᠤᠯᠤᠭᠰᠠᠨ ᠮᠠᠯ ᠴᠢᠨᠢ

ᠬᠠᠰᠢᠶ᠎ᠠ ᠳᠦᠭᠦᠷᠡᠩ

ᠥᠰᠭᠡᠭ᠍ᠰᠡᠨ ᠮᠠᠯ ᠴᠢᠨᠢ

ᠦᠷᠭᠡᠨ ᠳᠠᠯ᠎ᠠ ᠳᠤ ᠪᠢᠯᠬᠠᠳᠤᠭᠠᠢ》 ᠭᠡᠳᠡᠭ᠌᠃ ᠪᠠᠷᠢ ᠪᠦᠭᠦᠳᠡ ᠳᠤ ᠮᠦᠷᠭᠦᠵᠤ ᠭᠦᠢᠴᠡᠭ᠍ᠰᠡᠨ ᠤ ᠳᠠᠷᠠᠭ᠎ᠠ 《ᠪᠠᠷᠢ ᠦᠵᠡᠪᠠᠤ ︖》 ᠭᠡᠵᠤ ᠣᠯᠠᠭᠠᠨ ᠭᠦᠰᠢᠭᠡ ᠶᠢ ᠭᠤᠷᠪᠠᠠᠳᠠ ᠡᠷᠭᠦᠨ᠎ᠡ᠃ ᠰᠢᠨ᠎ᠠ ᠪᠠᠷᠢ ᠳᠤᠳᠤᠭᠠᠳᠤ ᠬᠤᠷᠮᠤᠢ ᠳᠡᠭᠡᠷ᠎ᠡ ᠪᠠᠨ ᠢᠳᠠᠰᠢ ᠳᠠᠯᠪᠢᠭᠠᠤᠨ ᠨᠤᠬᠠᠢ ᠳᠠᠭᠠᠨ ᠮᠦᠷᠭᠦᠨ᠎ᠡ᠃

(ᠭᠦᠰᠢᠭᠡ ᠶᠢᠨ ᠢᠷᠦᠭᠡᠯ)

《ᠥᠭᠡᠯᠡᠳ ᠤᠨ ᠶᠤᠰᠤ ᠪᠠᠷ ᠳᠠᠳᠠᠭᠰᠠᠨ

ᠦᠯᠵᠡᠢ ᠮᠦᠷ ᠲᠡᠶ ᠣᠯᠠᠭᠠᠨ ᠭᠦᠰᠢᠭᠡ

ᠴᠤᠷᠤᠰᠳᠠᠨ ᠤ ᠶᠤᠰᠤ ᠪᠠᠷ ᠳᠠᠳᠠᠭᠰᠠᠨ

ᠴᠤ᠋ ᠰᠢᠨ᠎ᠠ ᠣᠯᠠᠭᠠᠨ ᠭᠦᠰᠢᠭᠡ

ᠮᠠᠩᠨᠤᠭ ᠭᠦᠰᠢᠭᠡ ᠶᠢ ᠴᠢᠨᠢ

ᠮᠠᠠᠽᠤᠰᠢᠷᠢ ᠶᠢᠨ ᠭᠡᠭᠡᠨ ᠠᠳᠢᠰᠯᠠᠭᠰᠠᠨ ᠶᠤᠮ

ᠵᠣᠢ᠌ᠯ ᠤᠨ ᠳᠤᠷᠭᠠᠨ ᠭᠦᠰᠢᠭᠡ ᠶᠢ ᠨᠢ

ᠽᠦᠩᠺᠠᠸ᠎ᠠ ᠶᠢᠨ ᠭᠡᠭᠡᠨ ᠠᠳᠢᠰᠯᠠᠭᠰᠠᠨ ᠶᠤᠮ

ᠡᠷᠳᠡᠨ ᠤ ᠵᠢᠷᠤᠮ ᠤᠨ ᠶᠤᠰᠤ ᠪᠠᠷ

ᠡᠩ ᠦᠷᠭᠡᠨ ᠭᠦᠰᠢᠭᠡ ᠪᠠᠨ ᠳᠠᠳᠠᠪᠠ

ᠵᠡᠭᠦᠨᠭᠠᠷ ᠥᠭᠡᠯᠡᠳ ᠤᠨ ᠶᠤᠰᠤ ᠪᠠᠷ

ᠵᠢᠷᠤᠮ ᠳᠦᠷᠤ ᠶᠢᠨ ᠭᠦᠰᠢᠭᠡ ᠪᠠᠨ ᠳᠠᠳᠠᠪᠠ᠃》

ᠶᠡᠭᠡ ᠬᠤᠷᠢᠮ ᠨᠠᠢ᠌ᠷ ᠤᠨ ᠳᠤᠮᠳᠠ ᠶᠠᠮᠠᠷ ᠨᠢᠭᠡᠨ ᠶᠠᠪᠣᠳᠠᠯ ᠣᠴᠢᠷ ᠲᠤ ᠠᠩᠬᠠᠷᠤᠮᠵᠢ ᠳᠤᠳᠠᠭᠤ ᠡᠴᠠ ᠪᠣᠯᠵᠤ ᠬᠤᠷᠢᠮ ᠤᠨ ᠭᠡᠢ᠌ᠴᠢᠳ ᠭᠤᠮᠤᠳᠠᠯ ᠨᠡᠭᠡᠵᠤ ᠳᠠᠭᠤᠤ ᠪᠠᠷ ᠳᠠᠭᠠᠷᠢᠳᠠᠭ ᠴᠤ ᠶᠠᠪᠣᠳᠠᠯ ᠭᠠᠷᠳᠠᠭ᠃ ᠳᠠᠭᠤᠤ ᠶᠢᠨ ᠥᠭᠡ ᠨᠢ ᠳᠤᠤᠷᠠᠭᠢ ᠮᠠᠳᠤ᠄

《ᠡᠨᠡ ᠳᠡᠭ᠍ᠷᠢ ᠶᠢᠨ ᠶᠠᠩᠵᠤ ᠪᠠᠷ

ᠪᠣᠷᠤᠭᠠᠨ ᠣᠷᠤᠮᠠᠷ ᠪᠠᠢ᠌ᠳᠠᠯ ᠳᠠᠢ

ᠡᠳᠡᠭᠡᠷ ᠬᠤᠳᠠ ᠨᠡᠷ ᠤᠨ ᠶᠠᠩᠵᠤ ᠪᠠᠷ

ᠪᠢᠳᠠ ᠢ ᠳᠤᠷᠤᠮᠵᠢᠯᠠᠮᠠᠷ ᠯᠠ ᠪᠠᠢ᠌ᠳᠠᠯ ᠳᠠᠢ

ᠬᠤᠷᠤᠮᠰᠳᠠ ᠳᠡᠭ᠍ᠷᠢ ᠶᠢᠨ ᠶᠠᠩᠵᠤ ᠪᠠᠷ

ᠬᠤᠷ᠎ᠠ ᠣᠷᠤᠮᠠᠷ ᠪᠠᠢ᠌ᠳᠠᠯ ᠳᠠᠢ

ᠬᠤᠳᠠ ᠬᠤᠳᠠᠭᠠᠢ ᠨᠡᠷ ᠤᠨ ᠶᠠᠩᠵᠤ ᠪᠠᠷ

ᠮᠠᠨ ᠢ ᠳᠤᠷᠤᠮᠵᠢᠯᠠᠮᠠᠷ ᠯᠠ ᠪᠠᠢ᠌ᠳᠠᠯ ᠲᠡᠶ᠃》

ᠬᠠᠵᠠᠭᠤ ᠡᠴᠠ ᠨᠢ 《ᠳᠤᠷᠤᠮᠵᠢᠯᠠᠮᠠᠷ ᠯᠠ ᠠᠵᠤᠭᠤ》 ᠭᠡᠮᠡᠨ ᠳᠦᠷᠢᠯᠭᠡ ᠳᠦᠷᠢᠵᠤ ᠦᠭ‍ᠭᠦᠨ᠎ᠡ᠃

(ᠰᠠᠭᠠᠯᠢ ᠶᠢᠨ ᠠᠷᠢᠭᠢ ᠶᠢᠨ ᠢᠷᠦᠭᠡᠯ)

《ᠪᠣᠯᠠᠭ ᠤᠨ ᠳᠤᠩᠭ᠋ᠠᠯᠠᠭ ᠣᠰᠤ ᠵᠢ

ᠪᠣᠭᠤᠷᠤᠯ ᠮᠤᠷᠢᠨ ᠳᠠᠭᠠᠨ ᠠᠴᠢᠭᠠᠤᠨ

ᠪᠣᠷᠭᠠᠰᠤᠨ ᠪᠦᠷᠭᠦᠭᠡᠯ ᠶᠢᠡᠨ ᠳᠠᠯᠪᠢᠭᠠᠤᠨ

ᠪᠢᠳᠡᠭᠦᠤ ᠨᠡᠷᠡᠭ᠍ᠰᠡᠨ ᠰᠠᠭᠠᠯᠢ ᠶᠢᠨ ᠠᠷᠢᠭᠢ

ᠬᠠᠷᠠᠯᠠᠭ ᠦᠨᠢᠶᠠᠨ ᠤ ᠦᠰᠦ ᠵᠢ

ᠬᠠᠢ᠌ᠯᠠᠰᠤ ᠳᠠᠭᠠᠨ ᠪᠣᠴᠠᠯᠭᠠᠨ ᠨᠡᠷᠡᠭ᠍ᠰᠡᠨ

ᠭᠦᠭᠡ ᠦᠨᠢᠶᠠᠨ ᠤ ᠦᠰᠦ ᠵᠢ

ᠭᠦᠭᠡᠰᠦᠷᠡᠭᠦᠯᠤᠨ ᠪᠠᠢ᠌ᠵᠤ ᠨᠡᠷᠡᠭ᠍ᠰᠡᠨ

ᠴᠠᠭᠠᠨ ᠦᠨᠢᠶᠠᠨ ᠤ ᠦᠰᠦ ᠵᠢ

ᠰᠠᠭᠠᠵᠤ ᠠᠪᠤᠨ ᠨᠡᠷᠡᠭ᠍ᠰᠡᠨ

ᠰᠠᠷᠬᠤᠤᠨ ᠤᠨ ᠳᠡᠭᠡᠵᠢ᠂ ᠰᠠᠭᠠᠯᠢ ᠶᠢᠨ ᠠᠷᠢᠭᠢ

ᠵᠤᠨ ᠳᠠᠭᠠᠨ ᠨᠡᠷᠡᠭ᠍ᠰᠡᠨ ᠰᠠᠭᠠᠯᠢ ᠶᠢᠨ ᠠᠷᠢᠭᠢ

ᠵᠢᠷᠤᠮ ᠳᠠᠭᠠᠨ ᠪᠠᠷᠢᠬᠤ ᠰᠠᠷᠬᠤᠤᠨ ᠤᠨ ᠳᠡᠭᠡᠵᠢ

ᠨᠠᠮᠤᠷ ᠲᠠᠭᠠᠨ ᠨᠡᠷᠡᠭ᠍ᠰᠡᠨ ᠰᠠᠭᠠᠯᠢ ᠶᠢᠨ ᠠᠷᠢᠭᠢ

ᠨᠠᠢ᠌ᠷ ᠲᠠᠭᠠᠨ ᠡᠷᠭᠦᠭᠦ ᠠᠷᠢᠭᠢᠨ ᠳᠡᠭᠡᠵᠢ᠂ ᠰᠠᠭᠠᠯᠢ ᠶᠢᠨ ᠠᠷᠢᠭᠢ ᠡ ︕》

ᠭᠦᠷᠭᠡᠨ ᠤ ᠰᠢᠨ᠎ᠠ ᠭᠡᠷ ᠪᠦᠷᠢᠭᠦ ᠨᠠᠢ᠌ᠷ ᠲᠤ ᠳᠦᠷᠤᠯ ᠰᠠᠳᠤᠨ ᠠᠢ᠌ᠯ ᠠᠢ᠌ᠮᠠᠭ ᠤᠨ ᠠᠬ᠎ᠠ ᠳᠡᠭᠦᠤ ᠨᠡᠷ ᠵᠠᠯᠠᠭᠳᠠᠨ ᠢᠷᠡᠳᠡᠭ᠌᠃ ᠰᠢᠨ᠎ᠠ ᠭᠡᠷ ᠪᠦᠷᠢᠭᠦ ᠳᠤ ᠬᠠᠷᠠᠭᠠᠴᠠ ᠳ᠋ᠤᠨᠢ ᠬᠠᠳᠠᠭ ᠣᠶᠠᠵᠤ ᠢᠷᠦᠭᠡᠯ ᠳᠠᠯᠪᠢᠳᠠᠭ᠃ ᠰᠢᠨ᠎ᠠ ᠭᠦᠮᠤᠨ ᠤ ᠭᠡᠷ ᠤᠨ ᠢᠷᠦᠭᠡᠯ ᠢ ᠳᠤᠪᠴᠢᠯᠠᠪᠠᠯ᠄

(ᠬᠠᠭᠠᠯᠭ᠎ᠠ ᠪᠣᠯᠤᠨ ᠡᠭᠦᠳᠡ ᠶᠢᠨ ᠢᠷᠦᠭᠡᠯ)

《ᠳᠤᠢ᠌ ᠶᠢᠨ ᠭᠤᠤᠯ ᠤᠨ ᠳᠤᠮᠤ ᠪᠣᠷᠭᠠᠰᠤ ᠵᠢ

ᠳᠠᠮᠤᠷ ᠰᠥᠭᠡ ᠪᠠᠷ ᠴᠠᠪᠴᠢᠯᠠᠵᠤ

ᠦᠨᠳᠦᠷ ᠡᠴᠠ ᠨᠢ ᠳᠠᠭᠠᠷᠢᠵᠤ

ᠦᠷᠭᠡᠨ ᠡᠴᠠ ᠨᠢ ᠥᠭᠡᠯᠡᠵᠤ

ᠣᠷᠠᠨ ᠭᠦᠮᠤᠨ ᠤ ᠰᠠᠢ᠌ᠯᠵᠤ ᠭᠢᠭ᠍ᠰᠡᠨ

ᠳᠠᠷᠬᠠᠨ ᠭᠦᠮᠤᠨ ᠤ ᠳᠠᠪᠳᠠᠵᠤ ᠪᠦᠳᠦᠭᠡᠭ᠍ᠰᠡᠨ

ᠳᠡᠭᠡᠷ᠎ᠡ ᠳᠤᠤᠷ᠎ᠠ ᠪᠠᠨ ᠡᠷᠭᠢᠭᠦᠯᠭᠡ ᠳᠠᠢ

ᠳᠡᠭ᠍ᠰᠢ ᠳᠦᠷᠪᠠᠨ ᠳᠤᠳᠤᠭᠤ ᠳᠠᠢ

ᠳᠡᠨᠢᠭᠡᠷ ᠬᠤᠶᠠᠷ ᠬᠠᠷᠠᠪᠴᠢ ᠳᠠᠢ

ᠮᠠᠠᠵᠢᠷ ᠸᠠᠩᠳᠠᠩ ᠬᠠᠭᠠᠯᠭ᠎ᠠ

ᠨᠠᠷᠠᠰᠤᠨ ᠮᠤᠳᠤᠨ ᠡᠭᠦᠳᠡ

ᠬᠠᠭᠠᠯᠭ᠎ᠠ ᠪᠣᠯᠤᠨ ᠡᠭᠦᠳᠡ ᠶᠢ ᠴᠢᠨᠢ ᠮᠢᠯᠢᠶᠠᠶ᠎ᠠ᠃》

(ᠳᠤᠭᠤᠨᠤ (ᠬᠠᠷᠠᠭᠠᠵᠠ) ᠶ᠋ᠢᠨ ᠢᠷᠦᠭᠡᠯ)

《ᠬᠠᠯᠬ᠎ᠠ ᠭᠤᠤᠯ ᠤᠨ ᠬᠠᠢ᠌ᠯᠠᠰᠤᠨ ᠮᠤᠳᠤ ᠵᠢ

ᠭᠠᠩ ᠰᠥᠭᠡ ᠪᠠᠷ ᠴᠠᠪᠴᠢᠯᠠᠨ ᠠᠪᠣᠭᠠᠤᠨ

ᠬᠠᠭ᠎ᠠ ᠪᠠᠯᠪᠠ ᠳᠠᠭᠠᠷᠢᠵᠤ ᠣᠭᠳᠤᠯᠤᠨ

ᠬᠤᠶᠠᠷ ᠥᠵᠦᠭᠦᠷ ᠢ ᠨᠢ ᠮᠤᠷᠣᠢ᠌ᠯᠭᠠᠨ

ᠬᠤᠯᠪᠤᠨ ᠵᠠᠰᠠᠵᠤ ᠮᠠᠳᠠᠢ᠌ᠯᠭᠠᠭᠰᠠᠨ

ᠬᠠᠰ ᠡᠷᠳᠡᠨᠢ ᠶᠢᠨ ᠳᠤᠭᠤᠨᠤ ᠶᠢ ᠴᠢᠨᠢ

ᠬᠤᠨ ᠴᠠᠭᠠᠨ ᠬᠤᠨᠢ ᠶᠢ ᠠᠯᠠᠵᠤ ᠪᠠᠢ᠌ᠭᠠᠤᠨ ᠨᠢᠭᠡ ᠮᠢᠯᠢᠶᠠᠶ᠎ᠠ᠃》

(ᠣᠨᠢ ᠶᠢᠨ ᠢᠷᠦᠭᠡᠯ)

《ᠢᠮᠢᠨ ᠭᠤᠤᠯ ᠤᠨ ᠦᠨᠳᠦᠷ ᠪᠣᠷᠭᠠᠰᠤ ᠵᠢ

ᠢᠷ ᠲᠡᠶ ᠰᠥᠭᠡ ᠪᠠᠷ ᠴᠠᠪᠴᠢᠯᠠᠨ ᠠᠪᠣᠭᠠᠤᠨ

ᠦᠨᠳᠦᠷ ᠪᠣᠭᠤᠨᠢ ᠶᠢ ᠨᠢ ᠴᠢᠴᠠᠤᠯᠠᠨ

ᠣᠵᠤᠭᠤᠷ ᠥᠵᠦᠭᠦᠷ ᠢ ᠨᠢ ᠳᠡᠭ᠍ᠰᠢᠯᠡᠨ

ᠥ ᠰᠠᠪ ᠦᠭᠡᠶ ᠵᠠᠰᠠᠭᠰᠠᠨ

ᠦᠨᠳᠦᠷ ᠰᠠᠢ᠌ᠬᠠᠨ ᠣᠨᠢ ᠶᠢ ᠨᠢ ᠨᠢᠭᠡ ᠮᠢᠯᠢᠶᠠᠶ᠎ᠠ᠃》

(ᠬᠠᠨ᠎ᠠ ᠶᠢᠨ ᠢᠷᠦᠭᠡᠯ)

《ᠨᠠᠮᠤᠭ ᠭᠠᠵᠠᠷ ᠲᠤ ᠣᠷᠭᠤᠭᠰᠠᠨ

ᠨᠠᠷᠢᠬᠠᠨ ᠪᠣᠷᠭᠠᠰᠤ ᠶᠢ ᠴᠠᠪᠴᠢᠯᠠᠨ ᠠᠪᠣᠭᠠᠤᠨ

ᠨᠠᠪᠴᠢ ᠨᠠᠮᠠᠭ᠎ᠠ ᠶᠢ ᠨᠢ ᠵᠠᠰᠠᠭᠠᠤᠨ

ᠨᠠᠷᠢᠨ ᠪᠦᠳᠦᠭᠦᠨ ᠢ ᠨᠢ ᠳᠡᠩᠨᠡᠭᠦᠯᠤᠨ

ᠥ ᠴᠦ᠋ ᠶᠢ ᠨᠢ ᠥᠭᠡᠯᠡᠭᠡᠳ

ᠦᠨᠳᠦᠷ ᠪᠣᠭᠤᠨᠢ ᠶᠢ ᠨᠢ ᠳᠡᠭ᠍ᠰᠢᠯᠡᠭᠡᠳ

ᠠᠷᠠᠰᠤᠨ ᠰᠤᠷ ᠢ ᠨᠢ ᠵᠥᠰᠦᠭᠡᠳ

ᠥᠳᠡᠭᠡᠰᠤ ᠪᠣᠯᠭᠠᠨ ᠵᠠᠩᠭᠢᠳᠤᠭᠠᠤᠨ

ᠨᠠᠭᠠᠨ᠎ᠠ ᠴᠠᠭᠠᠨ᠎ᠠ ᠨᠢ ᠴᠢᠭᠳᠠᠯᠠᠭᠠᠤᠨ

ᠦᠯᠵᠡᠢ ᠣᠳᠠᠰᠤ ᠪᠠᠷ ᠪᠦᠷᠢᠯᠳᠦᠭ᠍ᠰᠡᠨ

ᠥᠩᠭᠡᠳᠤ ᠰᠠᠢ᠌ᠬᠠᠨ ᠬᠠᠨ᠎ᠠ ᠶᠢ ᠴᠢᠨᠢ ᠨᠢᠭᠡ ᠮᠢᠯᠢᠶᠠᠶ᠎ᠠ᠃》

(ᠳᠡᠭᠡᠪᠦᠷ ᠤᠨ ᠢᠷᠦᠭᠡᠯ)

《ᠲᠦᠮᠡᠨ ᠬᠤᠨᠢᠨ ᠤ ᠨᠤᠤᠰᠤ ᠶᠢ ᠭᠢᠷᠭᠠᠨ ᠠᠪᠣᠭᠠᠤᠨ

ᠲᠥᠪ ᠳᠤᠮᠳᠠ ᠨᠢ ᠣᠪᠣᠭᠠᠯᠠᠨ ᠳᠠᠯᠪᠢᠭᠠᠤᠨ

ᠨᠠᠷᠢᠬᠠᠨ ᠪᠣᠷᠭᠠᠰᠤ ᠪᠠᠷ ᠰᠠᠮᠠᠯᠠᠨ ᠵᠤᠯᠤᠭᠠᠤᠨ

ᠳᠦᠷᠤ ᠶᠢᠨ ᠣᠯᠠᠨ ᠭᠦᠭ᠍ᠰᠢᠳ ᠨᠠᠰᠤᠳᠠᠨ

ᠳᠦᠭᠡᠯᠡᠨ ᠰᠠᠭᠤᠭᠠᠤᠨ ᠵᠤᠬᠢᠶᠠᠪᠠ

ᠬᠤᠷ᠎ᠠ ᠶᠢᠨ ᠣᠰᠤ ᠪᠠᠷ ᠰᠢᠪᠬᠠᠵᠤ

ᠬᠤᠷᠳᠤᠨ ᠮᠤᠷᠢ ᠪᠠᠷ ᠳᠠᠳᠠᠭᠤᠯᠤᠭᠰᠠᠨ

ᠪᠣᠯᠠᠭ ᠤᠨ ᠣᠰᠤ ᠪᠠᠷ ᠰᠢᠪᠬᠠᠵᠤ

ᠪᠣᠭᠤᠷᠤᠯ ᠮᠤᠷᠢ ᠪᠠᠷ ᠳᠠᠳᠠᠭᠤᠯᠤᠭᠰᠠᠨ

ᠨᠠᠭᠠᠨ᠎ᠠ ᠨᠢ ᠨᠠᠪ ᠥᠭᠡᠢ

ᠴᠠᠭᠠᠨ᠎ᠠ ᠨᠢ ᠰᠠᠪ ᠥᠭᠡᠢ

ᠴᠢᠠᠳᠠᠭᠠᠨ ᠴᠠᠭᠠᠨ ᠳᠡᠭᠡᠪᠦᠷ ᠢ ᠴᠢᠨᠢ ᠨᠢᠭᠡ ᠮᠢᠯᠢᠶᠠᠶ᠎ᠠ᠃》

(ᠭᠡᠷ ᠤᠨ ᠪᠦᠰᠡ ᠶᠢᠨ ᠢᠷᠦᠭᠡᠯ)

《ᠲᠦᠮᠡᠨ ᠠᠳᠤᠭᠤᠨ ᠤ ᠳᠠᠯ ᠢ ᠭᠢᠷᠭᠠᠵᠤ

ᠮᠢᠩᠭ᠋ᠠᠨ ᠮᠤᠷᠢᠨ ᠤ ᠰᠡᠭᠦᠯ ᠢ ᠬᠠᠢ᠌ᠴᠢᠯᠠᠵᠤ

ᠳᠦᠷᠤ ᠶᠢᠨ ᠣᠯᠠᠨ ᠭᠦᠭ᠍ᠰᠢᠳ ᠨᠠᠰᠤᠳᠠᠨ

ᠲᠦᠪᠯᠡᠷᠠᠨ ᠰᠠᠭᠤᠭᠠᠤᠨ ᠵᠤᠬᠢᠶᠠᠭᠰᠠᠨ

ᠭᠢᠯᠭᠠᠰᠤ ᠶᠢ ᠨᠢ ᠡᠷᠴᠢᠯᠡᠵᠤ

ᠭᠢᠳᠤ ᠶᠢ ᠨᠢ ᠬᠠᠮᠳᠤᠷᠠᠭᠤᠯᠤᠨ ᠳᠠᠮᠤᠭᠠᠤᠨ

ᠰᠢᠷᠭᠡᠭ᠌ ᠶᠢᠡᠷ ᠨᠢ ᠰᠢᠷᠠᠵᠤ

ᠣᠳᠠᠰᠤ ᠪᠠᠷ ᠨᠢ ᠣᠶᠤᠭᠠᠤᠨ

ᠬᠠᠪᠳᠠᠭᠠᠢ ᠦᠷᠭᠡᠨ ᠪᠦᠰᠡ ᠶᠢ ᠨᠢ

ᠬᠠᠮᠳᠤ ᠪᠠᠷ ᠪᠦᠳᠦᠭᠡᠨ ᠭᠠᠷᠭᠠᠭᠰᠠᠨ

ᠪᠠᠷᠠᠭᠤᠨ ᠳᠠᠯ᠎ᠠ ᠶᠢᠨ ᠬᠠᠳᠠᠪᠴᠢ ᠡᠴᠠ ᠨᠢ

ᠵᠡᠭᠦᠨ ᠳᠠᠰᠢ ᠪᠠᠨ ᠡᠷᠭᠢᠭᠦᠯᠦᠭ᠍ᠰᠡᠨ

ᠪᠠᠷᠰ ᠤᠨ ᠡᠷᠢᠶᠡᠨ ᠴᠤᠬᠤᠷ ᠳᠠᠢ

ᠠᠷᠰᠯᠠᠨ ᠤ ᠰᠢᠠᠵᠢ ᠲᠦᠯᠤᠪ ᠳᠠᠢ

ᠭᠡᠷ ᠤᠨ ᠪᠦᠰᠡ ᠶᠢ ᠪᠠᠰᠠ ᠨᠢᠭᠡ ᠮᠢᠯᠢᠶᠠᠶ᠎ᠠ᠃》

(ᠭᠡᠷ ᠤᠨ ᠳᠠᠷᠤᠭᠤᠯᠭ᠎ᠠ ᠶᠢᠨ ᠢᠷᠦᠭᠡᠯ)

《ᠲᠦᠮᠡᠨ ᠠᠳᠤᠭᠤᠨ ᠤ ᠳᠦᠷᠦᠭᠦᠨ ᠭᠢᠯᠭᠠᠰᠤ ᠶᠢ ᠠᠪᠣᠭᠠᠤᠨ

ᠮᠢᠩᠭ᠋ᠠᠨ ᠠᠳᠤᠭᠤᠨ ᠤ ᠨᠠᠷᠢᠨ ᠭᠢᠯᠭᠠᠰᠤ ᠶᠢ ᠴᠤᠭᠯᠠᠭᠤᠯᠤᠨ

ᠴᠠᠭᠠᠨ ᠮᠤᠷᠢᠨ ᠤ ᠭᠢᠯᠭᠠᠰᠤ ᠶᠢ

ᠴᠢᠩᠭ᠎ᠠ ᠴᠢᠩᠭ᠎ᠠ ᠳᠦᠭᠦᠳᠡᠭᠯᠡᠭᠡᠳ

ᠪᠣᠭᠤᠷᠤᠯ ᠮᠤᠷᠢᠨ ᠤ ᠭᠢᠯᠭᠠᠰᠤ ᠵᠢ

ᠪᠣᠷᠤᠭᠤ ᠳᠠᠯ᠎ᠠ ᠪᠠᠷ ᠨᠢ ᠡᠷᠴᠢᠯᠡᠭᠡᠳ

ᠵᠢᠰᠤᠳᠤ ᠭᠡᠭᠡᠷ ᠤᠨ ᠭᠢᠯᠭᠠᠰᠤ ᠵᠢ

ᠵᠦᠪ ᠳᠠᠯ᠎ᠠ ᠪᠠᠷ ᠨᠢ ᠡᠷᠴᠢᠯᠡᠭᠡᠳ

ᠭᠤᠨᠠᠨ ᠦᠷᠢᠶ᠎ᠠ ᠶᠢᠨ ᠭᠢᠯᠭᠠᠰᠤ ᠵᠢ

ᠭᠤᠷᠪᠠ ᠭᠤᠷᠪᠠ ᠪᠠᠷ ᠳᠠᠮᠤᠭᠠᠤᠨ

ᠣᠷᠳᠤ ᠡᠴᠠ ᠣᠷᠳᠤ ᠳᠠᠷᠤᠭᠤᠯᠭ᠎ᠠ ᠵᠢ

ᠣᠷᠢᠳᠤ ᠪᠠᠷ ᠨᠢ ᠭᠤᠷᠪᠠ ᠳᠠᠷᠤᠭᠤᠯᠪᠠ

ᠬᠣᠢ᠌ᠭᠤᠷ ᠨᠢ ᠳᠠᠳᠠᠬᠤ ᠭᠤᠷᠪᠠ ᠵᠢ

ᠬᠤᠭᠤᠷᠤᠠᠳᠤ ᠨᠢ ᠴᠢᠩᠭ᠋ᠠᠯᠠᠨ ᠳᠠᠷᠤᠭᠰᠠᠨ

ᠨᠠᠢ᠌ᠳᠠ ᠪᠦᠭᠦᠳᠡ ᠳᠠᠷᠤᠭᠤᠯᠭ᠎ᠠ ᠨᠢ

ᠨᠡᠢ᠌ᠯᠡᠭᠡᠳ ᠵᠢᠷᠭᠤᠭ᠎ᠠ ᠶᠢ ᠨᠢ ᠮᠢᠯᠢᠶᠠᠶ᠎ᠠ᠃》

(ᠰᠢᠨ᠎ᠠ ᠭᠡᠷ ᠤᠨ ᠭᠡᠷᠡᠭ᠍ᠰᠡᠯ ᠤᠨ ᠢᠷᠦᠭᠡᠯ)

《ᠭᠠᠩ ᠳᠦᠷᠪᠠᠨ ᠭᠦᠯ ᠳᠠᠢ

ᠵᠠᠳᠠᠭᠠᠢ ᠳᠠᠮᠤᠷ ᠳᠤᠯᠭ᠎ᠠ

ᠭᠠᠯ ᠤᠨ ᠬᠠᠢ᠌ᠴᠢ᠂ ᠭᠠᠭᠴᠠ ᠡᠳᠡᠭᠦᠷ

ᠭᠠᠵᠠᠷ ᠤᠨ ᠰᠢᠷᠪᠠᠭᠦᠯ᠂ ᠵᠡᠭᠡᠷᠭᠡᠨ᠎ᠡ ᠱᠥᠭᠦᠷ

ᠮᠤᠳᠤᠨ ᠳᠤᠮᠪᠣ᠂ ᠰᠠᠭᠠᠯᠢ ᠶᠢᠨ ᠰᠠᠭᠤᠯᠭ᠎ᠠ

ᠰᠢᠷᠠᠮᠤᠨ ᠬᠠᠢ᠌ᠰᠤ᠂ ᠮᠤᠳᠤᠨ ᠬᠠᠯᠢᠪ

ᠡᠤ ᠮᠤᠵᠢᠶᠠᠩ ᠤᠨ ᠣᠷᠠᠯᠠᠭᠰᠠᠨ

ᠡᠭᠦᠯᠡᠨ ᠬᠤᠸᠠᠷ ᠲᠡᠶ ᠥᠭᠡᠭ᠌

ᠽᠠᠠᠳᠠᠨ ᠮᠤᠳᠤ ᠶᠢ ᠵᠠᠰᠠᠵᠤ ᠭᠢᠭ᠍ᠰᠡᠨ

ᠽᠦᠩᠺᠠᠤ᠎ᠠ ᠪᠣᠷᠬᠠᠨ ᠤ ᠭᠦᠩᠭ᠋ᠡᠷᠡᠪᠡ

ᠠᠯᠳᠠᠨ ᠪᠣᠳᠤᠭ ᠶᠢᠡᠷ ᠡᠷᠢᠶᠡᠯᠡᠭ᠍ᠰᠡᠨ

ᠠᠶᠠᠭᠠᠨ ᠬᠤᠷᠭᠤ᠂ ᠳᠦᠷᠪᠠᠯᠵᠢᠨ ᠰᠢᠷᠡᠭᠡ

ᠭᠡᠷ ᠤᠨ ᠭᠡᠷᠡᠭ᠍ᠰᠡᠯ ᠪᠦᠷᠢᠨ

ᠳᠦᠭᠦᠭᠡᠷᠦᠭ᠍ᠰᠡᠨ ᠶᠠᠭᠤᠮ᠎ᠠ ᠨᠢ ᠳᠡᠭᠦᠰ

ᠡᠳᠡᠭᠡᠷ ᠪᠦᠭᠦᠨ ᠢ ᠨᠢᠭᠡ ᠮᠢᠯᠢᠶᠠᠶ᠎ᠠ᠃》

(ᠡᠷᠦᠭᠡ ᠶᠢᠨ ᠢᠷᠦᠭᠡᠯ)

《ᠳᠦᠭᠦᠷᠡᠩ ᠳᠦᠭᠦᠷᠡᠩ ᠭᠢᠯᠭᠠᠰᠤ ᠪᠠᠷ

ᠳᠠᠮᠤᠵᠤ ᠵᠠᠯᠭᠠᠨ ᠠᠯᠠᠭᠠᠳᠠᠭᠰᠠᠨ

ᠭᠤᠷᠪᠠ ᠭᠤᠷᠪᠠ ᠪᠠᠷ ᠡᠷᠴᠢᠯᠡᠭ᠍ᠰᠡᠨ

ᠭᠢᠯᠳᠤᠭᠠᠨᠠᠭᠰᠠᠨ ᠭᠢᠯᠭᠠᠰᠤᠨ ᠳᠡᠭᠡᠰᠤ ᠪᠠᠷ

ᠳᠠᠷᠤᠬᠤ ᠭᠤᠷᠪᠠᠨ ᠣᠭᠤᠰᠤᠷ ᠭᠢᠵᠤ

ᠳᠠᠳᠠᠬᠤ ᠨᠢᠭᠡ ᠣᠭᠤᠰᠤᠷ ᠬᠠᠳᠠᠵᠤ

ᠦᠷᠯᠦᠭᠡ ᠣᠷᠤᠢ ᠢᠯᠭᠠᠭᠳᠠᠬᠤ ᠥᠭᠡᠢ

ᠦᠷᠭᠦᠯᠵᠢ ᠰᠡᠭᠦᠨ ᠨᠡᠭᠡᠭᠡᠳᠡᠭ᠌

ᠡᠷᠦᠭᠡ ᠶᠢ ᠳᠠᠨᠢ ᠨᠢᠭᠡ᠂ ᠮᠢᠯᠢᠶᠠᠶ᠎ᠠ᠃

ᠠᠷᠪᠠᠨ ᠴᠠᠭᠠᠨ ᠪᠣᠶᠠᠨ ᠤ ᠭᠡᠰᠢᠭ᠌ ᠬᠤᠷᠤᠢ ᠬᠤᠷᠤᠢ

ᠡᠶ᠎ᠡ ᠰᠠᠢ᠌ᠳᠤ ᠡᠷ᠎ᠡ ᠡᠮ᠎ᠡ ᠶᠢᠨ ᠭᠡᠰᠢᠭ᠌ ᠬᠤᠷᠤᠢ ᠬᠤᠷᠤᠢ

ᠦᠯᠵᠡᠢ ᠬᠤᠳᠤᠭ ᠣᠷᠤᠰᠢᠬᠤ ᠪᠣᠯᠳᠤᠭᠠᠢ》

ᠭᠡᠵᠤ ᠳᠠᠯᠠᠯᠭ᠎ᠠ ᠠᠪᠣᠨ᠎ᠠ᠃


ᠵᠢᠷᠭᠤᠭ᠎ᠠ. ᠭᠡᠦᠭᠡᠨ ᠭᠦᠷᠭᠡᠭᠦ


ᠭᠦᠷᠭᠡᠯᠴᠢᠨ ᠭᠡᠵᠤ ᠭᠡᠦᠭᠡᠨ ᠮᠤᠷᠳᠠᠵᠤ ᠶᠠᠪᠣᠬᠤ ᠳᠤ ᠭᠡᠦᠭᠡᠨ ᠤ ᠳᠠᠯ᠎ᠠ ᠶᠢᠨ ᠡᠳᠦᠢ ᠳᠠᠳᠤᠢ ᠣᠯᠠᠨ ᠭᠦᠮᠤᠨ ᠭᠡᠦᠭᠡᠨ ᠢ ᠭᠦᠷᠭᠡᠭᠦ ᠳᠤ ᠬᠠᠮᠳᠤ ᠶᠠᠪᠣᠯᠴᠠᠨ᠎ᠠ᠃ ᠬᠤᠳᠠᠭᠠᠢ ᠪᠠᠷᠭᠡᠨ ᠨᠢ ᠰᠢᠨ᠎ᠠ ᠪᠠᠷᠢ ᠪᠠᠨ ᠳᠠᠭᠠᠯᠴᠠᠨ ᠶᠠᠪᠣᠳᠠᠭ᠃ ᠭᠡᠦᠭᠡᠨ ᠶᠢᠡᠨ ᠭᠦᠷᠭᠡᠵᠤ ᠢᠷᠡᠭ᠍ᠰᠡᠨ ᠪᠠᠷᠭᠡᠨ ᠨᠢ ᠭᠡᠦᠭᠡᠨ ᠶᠢᠡᠨ ᠳᠠᠭᠠᠭᠤᠯᠵᠤ ᠭᠦᠷᠭᠡᠯᠴᠢᠨ ᠤ ᠭᠦᠮᠦᠰ ᠲᠡᠶ ᠪᠠᠨ ᠭᠦᠷᠭᠡᠨ ᠤ ᠳᠠᠯ᠎ᠠ ᠶᠢᠨ ᠭᠤᠤᠯ ᠳᠦᠷᠤᠯ ᠰᠠᠳᠤᠨ ᠳᠤ ᠪᠠᠨ ᠮᠦᠷᠭᠦᠭᠦᠯᠦᠨ᠎ᠡ᠃ ᠡᠭᠦᠨ ᠢ ᠪᠠᠷᠢ ᠮᠦᠷᠭᠦᠭᠦᠯᠭᠦ ᠶᠤᠰᠤᠨ ᠭᠡᠨ᠎ᠡ᠃ ᠮᠦᠷᠭᠦᠯᠳᠡ ᠳᠡᠭᠦᠰᠦᠭ᠍ᠰᠡᠨ ᠤ ᠳᠠᠷᠠᠭ᠎ᠠ ᠭᠡᠦᠭᠡᠨ ᠢ ᠭᠦᠷᠭᠡᠵᠤ ᠢᠷᠡᠭ᠍ᠰᠡᠨ ᠭᠦᠷᠭᠡᠯᠴᠢᠨ ᠭᠡᠷ ᠲᠤ ᠣᠷᠤᠵᠤ ᠢᠷᠠᠨ ᠣᠷᠤᠨ ᠳᠠᠭᠠᠨ ᠰᠠᠭᠤᠯᠴᠠᠨ᠎ᠠ᠃ ᠣᠯᠠᠨ ᠭᠦᠮᠤᠨ ᠵᠡᠷᠭᠡ ᠭᠡᠷᠭᠡᠮ᠂ ᠠᠬᠠᠰ ᠵᠠᠬᠠᠰ᠂ ᠨᠠᠰᠤ ᠵᠢᠯ ᠤᠨ ᠳᠠᠰ ᠳᠠᠷᠠᠭᠠᠯᠠᠯ ᠶᠢᠡᠷ ᠪᠠᠢ᠌ᠷᠢᠯᠠᠨ᠎ᠠ᠃ ᠬᠤᠷᠢᠮ ᠳᠤ ᠬᠤᠶᠠᠷ ᠳᠠᠯ᠎ᠠ ᠶᠢᠨ ᠭᠦᠮᠦᠰ ᠪᠦᠷ ᠬᠠᠮᠳᠤ ᠳᠠᠭᠠᠨ ᠨᠠᠢ᠌ᠷᠯᠠᠵᠤ᠂ ᠭᠡᠦᠭᠡᠨ ᠤ ᠳᠠᠯ᠎ᠠ ᠶᠢᠨ ᠭᠦᠮᠦᠰ ᠢ ᠭᠦᠡᠳᠦᠳᠭᠡᠨ ᠳᠠᠢ᠌ᠯᠠᠨ᠎ᠠ᠃

ᠳᠠᠷᠠᠭ᠎ᠠ ᠪᠠᠷ ᠣᠯᠠᠨ ᠶᠢᠡᠷ ᠶᠢᠡᠨ ᠨᠠᠭᠠᠳᠤᠮ ᠨᠠᠭᠠᠳᠤᠨ᠎ᠠ᠃ ᠬᠤᠶᠠᠷ ᠡᠳᠡᠭᠡᠳ ᠶᠢᠡᠷ ᠶᠢᠡᠨ ᠭᠡᠳᠡ ᠴᠤᠭᠢᠬᠤ᠂ ᠱᠠᠭ᠎ᠠ ᠴᠢᠮᠦᠭᠡ ᠪᠣᠯᠢᠶᠠᠯᠳᠤᠬᠤ᠂ ᠬᠤᠨᠢᠨ ᠳᠤᠯᠤᠭᠠᠢ ᠰᠢᠳᠡᠭᠦ ᠵᠡᠷᠭᠡ ᠣᠯᠠᠮᠵᠢᠯᠠᠯᠳᠤ ᠨᠠᠭᠠᠳᠤᠮ ᠭᠠᠷᠭᠠᠵᠤ ᠮᠦᠷᠣᠢ᠌ᠴᠠᠨ᠎ᠠ᠃ ᠭᠡᠳᠡ ᠴᠤᠭᠢᠬᠤ ᠭᠡᠳᠡᠭ᠌ ᠨᠢ ᠬᠤᠶᠠᠷ ᠡᠳᠡᠭᠡᠳ ᠡᠴᠠ ᠨᠢᠭᠡ ᠨᠢᠭᠡ ᠭᠡᠳᠡ ᠭᠠᠷᠭᠠᠵᠤ ᠴᠤᠭᠢᠭᠠᠤᠨ ᠭᠡᠨ ᠤ ᠭᠢᠨᠢ ᠳᠦᠷᠦᠭᠦᠯᠡᠵᠤ ᠠᠰᠠᠪᠠᠯ ᠳᠠᠷᠠ ᠨᠢ ᠢᠯᠠᠯᠳᠠ ᠣᠯᠵᠤ ᠮᠦᠷᠤᠢ ᠠᠪᠣᠨ᠎ᠠ᠃ ᠱᠠᠭ᠎ᠠ ᠴᠢᠮᠦᠭᠡ ᠪᠣᠯᠢᠶᠠᠯᠳᠤᠬᠤ ᠭᠡᠳᠡᠭ᠌ ᠨᠢ ᠬᠤᠨᠢᠨ ᠤ ᠱᠠᠭ᠎ᠠ ᠴᠢᠮᠦᠭᠡᠨ ᠳᠤ ᠣᠯᠠᠭᠠᠨ ᠪᠦᠰ ᠣᠶᠠᠵᠤ ᠮᠤᠷᠢᠨ ᠳᠡᠭᠡᠷ᠎ᠡ ᠡᠴᠠ ᠪᠣᠯᠢᠶᠠᠯᠳᠤᠨ ᠳᠦᠷᠦᠭᠦᠨ ᠳ᠋ᠤᠨᠢ ᠢᠷᠠᠪᠠᠯ ᠢᠯᠠᠯᠳᠠ ᠣᠯᠤᠨ᠎ᠠ᠃ ᠬᠤᠨᠢᠨ ᠳᠤᠯᠤᠭᠠᠢ ᠰᠢᠳᠡᠭᠦ ᠭᠡᠳᠡᠭ᠌ ᠨᠢ ᠰᠢᠨ᠎ᠠ ᠭᠦᠷᠭᠡᠨ ᠤ ᠭᠡᠷ ᠤᠨ ᠬᠠᠷᠠᠭᠠᠴᠠ ᠪᠠᠷ ᠬᠤᠨᠢᠨ ᠳᠤᠯᠤᠭᠠᠢ ᠶᠢ ᠰᠢᠳᠠᠨ ᠭᠠᠷᠭᠠᠬᠤ ᠳᠤ ᠭᠠᠳᠠᠨ᠎ᠠ ᠭᠦᠯᠢᠶᠡᠵᠤ ᠵᠤᠭᠰᠤᠭᠰᠠᠨ ᠭᠦᠮᠦᠰ ᠤᠨ ᠭᠡᠨ ᠨᠢᠭᠡ ᠨᠢ ᠬᠤᠨᠢᠨ ᠳᠤᠯᠤᠭᠠᠢ ᠶᠢ ᠪᠠᠷᠢᠵᠤ ᠠᠪᠣᠭᠠᠤᠨ ᠭᠡᠷ ᠲᠤ ᠣᠷᠤᠵᠤ ᠢᠷᠠᠪᠠᠯ ᠳᠠᠷᠠ ᠭᠦᠮᠤᠨ ᠮᠦᠷᠤᠢ ᠣᠯᠤᠨ᠎ᠠ᠃ ᠨᠠᠭᠠᠳᠤᠮ ᠳᠤ ᠮᠦᠷᠤᠢ ᠠᠪᠣᠭᠰᠠᠨ ᠭᠦᠮᠦᠰ ᠨᠥᠭᠦᠭᠡ ᠪᠣᠰᠤᠳ ᠡᠴᠠ ᠪᠠᠨ ᠠᠷᠢᠭᠢ ᠣᠤᠭᠤᠨ᠎ᠠ᠃

ᠨᠠᠢ᠌ᠷ ᠲᠤ ᠨᠠᠢ᠌ᠷᠯᠠᠭᠠᠤᠨ ᠭᠡᠦᠭᠡᠨ ᠤ ᠳᠠᠯ᠎ᠠ ᠶᠢᠨ ᠭᠦᠷᠭᠡᠯᠴᠢᠨ ᠪᠣᠴᠠᠬᠤ ᠪᠣᠯᠤᠨ᠎ᠠ᠃ ᠭᠡᠭᠦ ᠳᠡᠭᠡᠨ ᠭᠡᠦᠭᠡᠨ ᠤ ᠳᠠᠯ᠎ᠠ ᠶᠢᠨ ᠬᠤᠳᠠᠭᠠᠢ ᠪᠣᠶᠤ ᠪᠠᠷᠭᠡᠨ ᠨᠢ ᠬᠤᠴᠤᠷᠤᠨ᠎ᠠ᠃ ᠣᠷᠤᠢ ᠮᠦᠷᠭᠦᠯ ᠭᠢᠨ᠎ᠠ᠃ ᠰᠢᠨ᠎ᠠ ᠪᠠᠷᠢ ᠬᠠᠳᠠᠮ ᠠᠪᠣ ᠡᠵᠢ ᠳᠡᠭᠡᠨ ᠮᠦᠷᠭᠦᠨ᠎ᠡ᠃ ᠮᠦᠷᠭᠦᠯ ᠤᠨ ᠰᠢᠷᠢᠳᠡᠭ᠌ ᠦᠭ‍ᠭᠦᠨ᠎ᠡ᠃ ᠰᠠᠳᠤᠨ ᠳᠦᠷᠤᠯ ᠨᠢ ᠪᠠᠷᠢ ᠳᠤ ᠶᠠᠭᠤᠮ᠎ᠠ ᠦᠭ‍ᠭᠦ᠂ ᠡᠮᠦᠰᠭᠡᠯ ᠡᠮᠦᠰᠭᠡᠭᠦ᠂ ᠮᠠᠯ ᠵᠢᠭᠠᠵᠤ ᠦᠭ‍ᠭᠦᠨ᠎ᠡ᠃ ᠪᠠᠷᠢ ᠶᠢᠨ ᠰᠢᠨ᠎ᠠ ᠭᠡᠷ ᠲᠤ ᠬᠤᠶᠠᠷ ᠣᠷᠳᠤ ᠳᠠᠷ᠎ᠠ ᠲᠡᠶ᠂ ᠨᠢᠭᠡ ᠶᠢ ᠳᠤᠯᠤᠭᠠᠢ ᠶᠢᠨ ᠳᠠᠯ᠎ᠠ ᠳᠠᠯᠪᠢᠵᠤ᠂ ᠨᠥᠭᠦᠭᠡ ᠶᠢ ᠨᠢ ᠭᠦᠯ ᠳᠠᠯ᠎ᠠ ᠳᠤ ᠳᠠᠯᠪᠢᠨ᠎ᠠ᠃ ᠭᠦᠯ ᠳᠠᠯ᠎ᠠ ᠶᠢᠨ ᠳᠠᠷ᠎ᠠ ᠳᠤᠳᠤᠷ᠎ᠠ ᠪᠠᠷᠢ ᠶᠢᠨ ᠡᠮᠦᠰᠳᠡᠭ᠌ ᠳᠤᠳᠤᠷ ᠬᠤᠪᠴᠠᠰᠤ ᠶᠢ ᠳᠠᠯᠪᠢᠨ᠎ᠠ᠃ ᠳᠤᠯᠤᠭᠠᠢ ᠳᠠᠯ᠎ᠠ ᠶᠢᠨ ᠳᠠᠷ᠎ᠠ ᠳᠤᠳᠤᠷ᠎ᠠ ᠡᠴᠠ ᠴᠠᠢ᠂ ᠬᠠᠩᠵᠤᠨᠠᠰᠤ ᠮᠠᠳᠤ ᠶᠢᠨ ᠪᠠᠯᠡᠭ᠌ ᠢ ᠭᠠᠷᠭᠠᠨ ᠭᠡᠦᠭᠡᠨ ᠤ ᠳᠠᠯ᠎ᠠ ᠶᠢᠨ ᠪᠠᠷᠭᠡᠨ ᠳᠤ ᠪᠠᠯᠡᠭᠯᠡᠨ᠎ᠡ᠃

ᠰᠦᠨᠢ ᠣᠠᠳᠠᠬᠤ ᠦᠶ᠎ᠡ ᠳᠤ ᠬᠤᠶᠠᠷ ᠳᠠᠯ᠎ᠠ ᠶᠢᠨ ᠪᠠᠷᠭᠡᠨ ᠰᠢᠨ᠎ᠠ ᠭᠡᠷ ᠲᠤ ᠣᠷᠤᠵᠤ ᠰᠢᠨ᠎ᠠ ᠭᠡᠷ ᠲᠤ ᠬᠤᠨᠤᠬᠤ ᠪᠣᠶᠤ ᠬᠤᠨᠤᠬᠤ ᠦᠭᠡᠶ ᠴᠤ ᠪᠠᠢ᠌ᠳᠠᠭ᠃ ᠭᠦᠷᠭᠡᠯᠴᠢᠨ ᠬᠠᠷᠢᠭᠰᠠᠨ ᠤ ᠳᠠᠷᠠᠭ᠎ᠠ ᠭᠤᠷᠪᠠᠳᠤᠭᠠᠷ ᠡᠳᠦᠷ ᠲᠤ ᠭᠡᠦᠭᠡᠨ ᠤ ᠠᠪᠣ ᠡᠵᠢ ᠨᠢ ᠢᠷᠠᠨ᠎ᠠ᠃ ᠮᠠᠷᠭᠠᠰᠢ ᠨᠢ ᠭᠦᠷᠭᠡᠨ ᠭᠦᠪᠠᠭᠦᠨ ᠣᠴᠢᠵᠤ ᠬᠠᠳᠠᠮ ᠠᠪᠣ ᠡᠵᠢ ᠪᠠᠨ ᠠᠪᠴᠢᠷᠠᠨ᠎ᠠ᠃ ᠭᠦᠷᠭᠡᠨ ᠤ ᠭᠡᠷ ᠲᠤ ᠢᠷᠡᠭ᠍ᠰᠡᠨ ᠭᠡᠦᠭᠡᠨ ᠤ ᠡᠭᠡ ᠨᠢ ᠪᠠᠷᠢ ᠶᠢᠨ ᠳᠤᠯᠤᠭᠠᠢ ᠶᠢᠨ ᠪᠦᠳᠦᠭᠡᠯᠭᠡ ᠶᠢ ᠠᠪᠴᠤ ᠢᠯᠠ ᠪᠣᠯᠭᠠᠵᠤ ᠬᠠᠳᠠᠮ ᠠᠪᠣ ᠡᠵᠢ ᠳ᠋ᠤᠨᠢ ᠮᠦᠷᠭᠦᠭᠦᠯᠳᠡᠭ᠌᠃ ᠭᠡᠦᠭᠡᠨ ᠤ ᠡᠭᠡ ᠨᠢ ᠰᠢᠨ᠎ᠠ ᠪᠠᠷᠢ ᠪᠣᠯᠤᠭᠰᠠᠨ ᠭᠡᠦᠭᠡᠨ ᠶᠢᠡᠨ ᠡᠮᠦᠨ᠎ᠡ ᠪᠠᠨ ᠰᠠᠭᠤᠯᠭᠠᠨ ᠬᠤᠷᠮᠤᠢ ᠶᠢ ᠳᠡᠯᠭᠡᠨ ᠴᠢᠯᠠᠭᠤ ᠪᠠᠷ ᠳᠠᠷᠤᠵᠤ᠂ ᠴᠢᠯᠠᠭᠤ ᠴᠤᠭᠢᠭᠰᠠᠨ ᠭᠠᠵᠠᠷ ᠲᠤ ᠪᠠᠨ᠂ ᠭᠡᠦᠭᠡᠨ ᠭᠦᠮᠤᠨ ᠦᠭ‍ᠭᠦᠭ᠍ᠰᠡᠨ ᠭᠠᠵᠠᠷ ᠲᠤ ᠪᠠᠨ᠂ ᠬᠠᠳᠠᠨ ᠳᠤ ᠬᠠᠷᠪᠣᠭᠰᠠᠨ ᠰᠤᠮᠤ᠂ ᠬᠠᠷᠢ ᠳᠤ ᠦᠭ‍ᠭᠦᠭ᠍ᠰᠡᠨ ᠭᠡᠦᠭᠡᠨ ᠭᠡᠳ ᠦᠬᠢᠨ ᠶᠢᠡᠨ ᠳᠤᠰᠢᠶᠠᠨ ᠥᠭ᠍ᠴᠤ ᠭᠠᠷᠴᠤ ᠶᠠᠪᠣᠨ᠎ᠠ᠃

ᠳᠠᠭᠢᠨ ᠭᠤᠷᠪᠠ ᠬᠤᠨᠤᠵᠤ ᠭᠡᠦᠭᠡᠨ ᠳᠦᠷᠭᠦᠮ ᠳᠡᠭᠡᠨ ᠬᠠᠷᠢᠵᠤ ᠭᠡᠳᠤ ᠬᠤᠨᠤᠭᠠᠤᠨ ᠪᠣᠴᠠᠵᠤ ᠢᠷᠠᠨ᠎ᠠ᠃ ᠡ᠊ᠨᠳᠡ ᠭᠦᠷᠦᠭᠡᠳ ᠥᠭᠡᠯᠡᠳ ᠤᠨ ᠬᠤᠷᠢᠮ ᠤᠨ ᠶᠤᠰᠤᠨ ᠳᠡᠭᠦᠰᠦᠨ᠎ᠡ᠃

(ᠭᠡᠦᠭᠡᠨ ᠭᠦᠷᠭᠡᠵᠤ ᠢᠷᠡᠭ᠍ᠰᠡᠳ ᠤᠨ ᠪᠣᠴᠠᠬᠤ ᠳᠠᠭᠤᠤ)

《ᠨᠤᠭᠤᠭᠠᠨ ᠳᠤᠯᠤᠭᠠᠢ ᠲᠡᠶ ᠨᠤᠭᠤᠰᠤ

ᠨᠠᠭᠤᠷ ᠤᠨ ᠳᠤᠮᠳᠠ ᠪᠠᠨ ᠱᠤᠤᠭᠢᠶᠠᠨ ᠳᠠᠢ

ᠨᠤᠵᠢᠶᠠᠷᠠᠵᠤ ᠰᠠᠭᠤᠭᠰᠠᠨ ᠬᠤᠳᠠ ᠨᠠᠷ

ᠳᠠᠷᠬᠠᠬᠤ ᠳᠠᠢ᠌ᠰᠢ ᠪᠠᠨ ᠪᠣᠯᠤᠯ᠎ᠠ

ᠪᠣᠷᠤ ᠳᠢᠶᠠᠠᠫᠢᠩ ᠲᠡᠶ ᠠᠷᠢᠭᠢ ᠨᠢ

ᠪᠠᠷᠠᠬᠤ ᠳᠠᠢ᠌ᠰᠢ ᠪᠠᠨ ᠪᠣᠯᠤᠯ᠎ᠠ

ᠪᠠᠷᠠᠭᠤᠨ ᠵᠡᠭᠦᠨ ᠡᠴᠠ ᠴᠤᠭᠯᠠᠭᠰᠠᠨ ᠬᠤᠳᠠ ᠨᠠᠷ

ᠪᠠᠷᠭᠠᠬᠤ ᠳᠠᠢ᠌ᠰᠢ ᠪᠠᠨ ᠪᠣᠯᠤᠯ᠎ᠠ

ᠬᠤᠨ ᠭᠡᠮᠡᠭᠦ ᠰᠢᠪᠠᠭᠤ ᠨᠢ

ᠬᠤᠯᠤᠰᠤᠳᠤ ᠨᠠᠭᠤᠷ ᠲᠠᠭᠠᠨ ᠱᠤᠤᠭᠢᠶᠠᠨ ᠳᠠᠢ

ᠬᠤᠷᠠᠵᠤ ᠢᠷᠡᠭ᠍ᠰᠡᠨ ᠬᠤᠳᠠ ᠨᠠᠷ

ᠳᠠᠷᠠᠬᠠᠬᠤ ᠳᠠᠢ᠌ᠰᠢ ᠪᠠᠨ ᠪᠣᠯᠤᠯ᠎ᠠ

ᠳᠢᠶᠠᠠᠫᠢᠩ ᠰᠠᠪᠠ ᠲᠡᠶ ᠠᠷᠢᠭᠢ ᠨᠢ

ᠳᠠᠭᠤᠰᠬᠤ ᠳᠠᠢ᠌ᠰᠢ ᠪᠠᠨ ᠪᠣᠯᠤᠯ᠎ᠠ

ᠳᠠᠭᠠᠷᠠᠯᠴᠠᠵᠤ ᠰᠠᠭᠤᠭᠰᠠᠨ ᠬᠤᠳᠠ ᠨᠠᠷ

ᠳᠠᠷᠬᠠᠬᠤ ᠳᠠᠢ᠌ᠰᠢ ᠪᠠᠨ ᠪᠣᠯᠤᠯ᠎ᠠ᠃》

(ᠬᠤᠷᠢᠮ ᠳᠡᠭᠦᠰᠭᠦ ᠳᠠᠭᠤᠤ)

《ᠬᠤᠨ ᠰᠢᠪᠠᠭᠤ ᠬᠤᠷᠠᠵᠤ ᠨᠢᠰᠤᠨ᠎ᠠ

ᠬᠤᠷᠢᠮ ᠤᠨ ᠠᠬ᠎ᠠ ᠨᠡᠷ ᠴᠤᠭᠯᠠᠷᠠᠵᠤ ᠮᠤᠷᠳᠠᠨ᠎ᠠ

ᠨᠠᠭᠤᠷ ᠤᠨ ᠰᠢᠪᠠᠭᠤ ᠨᠠᠢ᠌ᠳᠠ ᠪᠠᠷ ᠨᠢᠰᠤᠨ᠎ᠠ

ᠨᠠᠢ᠌ᠷ ᠤᠨ ᠠᠬ᠎ᠠ ᠨᠡᠷ ᠴᠤᠭᠯᠠᠷᠠᠵᠤ ᠮᠤᠷᠳᠠᠨ᠎ᠠ

ᠬᠤᠶᠠᠷ ᠬᠤᠶᠠᠷ ᠶᠢᠡᠷ ᠨᠠᠢ᠌ᠷᠠᠭᠤᠯᠵᠤ

ᠬᠤᠷᠢᠮ ᠨᠠᠢ᠌ᠷ ᠶᠢᠡᠨ ᠳᠡᠭᠦᠰᠭᠡᠶ᠎ᠡ

ᠳᠦᠷᠪᠠ ᠳᠦᠷᠪᠠ ᠪᠠᠷ ᠨᠠᠢ᠌ᠷᠠᠭᠤᠯᠵᠤ

ᠳᠦᠷᠤ ᠶᠢᠨ ᠬᠤᠷᠢᠮ ᠶᠢᠡᠨ ᠳᠡᠭᠦᠰᠭᠡᠶ᠎ᠡ

ᠨᠢ᠋ᠮᠠ ᠨᠢ᠋ᠮᠠ ᠪᠠᠷ ᠨᠠᠢ᠌ᠷᠭᠤᠯᠵᠤ

ᠨᠠᠢ᠌ᠷ ᠬᠤᠷᠢᠮ ᠶᠢᠡᠨ ᠳᠡᠭᠦᠰᠭᠡᠶ᠎ᠡ᠃

ᠬᠤᠳᠠ ᠨᠡᠷ ᠤᠨ ᠮᠤᠷᠢ ᠶᠢ ᠪᠠᠷᠢ

ᠬᠤᠠᠳᠠᠭ᠎ᠠ ᠴᠢᠯᠠᠵᠤ ᠪᠠᠢ᠌ᠨ᠎ᠠ ᠭᠡᠳᠡᠭ᠌᠃》

ᠮᠠᠨ ᠤ ᠥᠭᠡᠯᠡᠳ ᠶᠠᠰᠤᠳᠠᠨ ᠳᠤ ᠡᠷᠳᠡᠨ ᠤ ᠰᠤᠶᠤᠯ ᠲᠡᠶ ᠪᠦᠭᠡᠳ ᠡᠷᠳᠡᠨ ᠡᠴᠠ ᠣᠯᠠᠮᠵᠢᠯᠠᠵᠤ ᠢᠷᠡᠭ᠍ᠰᠡᠨ ᠶᠤᠮ᠃ ᠬᠤᠷᠢᠮ ᠨᠠᠢ᠌ᠷ ᠤᠨ ᠶᠤᠰᠤᠨ ᠲᠡᠶ ᠪᠦᠭᠡᠳ ᠳᠠᠷᠠ ᠪᠠᠷ ᠬᠤᠷᠢᠮ ᠤᠨ ᠶᠤᠰᠤᠨ ᠳᠤ ᠵᠣᠢ᠌ᠷ ᠥᠭᠡ᠂ ᠰᠠᠴᠠᠨ ᠥᠭᠡ᠂ ᠮᠠᠭᠳᠠᠭᠠᠯ᠂ ᠢᠷᠦᠭᠡᠯ ᠳᠠᠯᠪᠢᠵᠤ᠂ ᠠᠷᠢᠭᠢ ᠰᠠᠷᠬᠤᠤᠨ ᠪᠠᠷᠢᠵᠤ ᠳᠠᠭᠤᠤ ᠳᠠᠭᠤᠯᠠᠬᠤ ᠨᠢ ᠠᠯᠢ ᠡᠷᠳᠡ ᠡᠴᠠ ᠣᠯᠠᠮᠵᠢᠯᠠᠨ ᠢᠷᠠᠵᠤ᠂ ᠠᠷᠢᠭᠢ ᠪᠠᠷᠢᠬᠤ ᠳᠠᠭᠠᠨ ᠶᠡᠭᠡ ᠪᠠᠭ᠎ᠠ ᠭᠦᠮᠤᠨ ᠭᠡᠵᠤ ᠢᠯᠭᠠᠬᠤ ᠦᠭᠡᠶ᠂ ᠬᠤᠷᠢᠮ ᠳᠤ ᠢᠷᠡᠭ᠍ᠰᠡᠨ ᠭᠦᠮᠤᠨ ᠪᠤᠯᠭᠠᠨ ᠳᠤ ᠠᠷᠢᠭᠢ ᠪᠠᠷᠢᠵᠤ ᠨᠢᠭᠡ ᠯᠠ ᠳᠠᠭᠤᠤ ᠪᠠᠷ ᠠᠷᠢᠭᠢ ᠪᠠᠷᠢᠬᠤ ᠪᠢᠰᠢ ᠭᠦᠮᠤᠨ ᠪᠣᠯᠭᠠᠨ ᠳᠠᠭᠤᠤ ᠲᠡᠶ ᠠᠷᠢᠭᠢ ᠪᠠᠷᠢᠨ᠎ᠠ᠃

ᠬᠤᠷᠢᠮ ᠤᠨ ᠰᠤᠶᠤᠯ ᠮᠠᠨᠢ ᠭᠡᠭᠡᠭ᠍ᠳᠡᠵᠤ ᠪᠠᠢ᠌ᠬᠤ ᠮᠦᠷᠳᠡᠭᠡᠨ ᠨᠤᠳᠤᠭ ᠤᠨ ᠡᠪᠦᠭᠡᠳ ᠭᠦᠭ᠍ᠰᠢᠳ ᠨᠠᠰᠤᠳᠠᠤᠨ ᠴᠥᠭᠡᠳᠡᠵᠤ ᠬᠠᠭᠤᠴᠢᠨ ᠤ ᠣᠯᠠᠮᠵᠢᠯᠠᠯ ᠴᠤ ᠣᠷᠤᠨ ᠪᠠᠢ᠌ᠷᠢ ᠪᠠᠨ ᠣᠯᠬᠤ ᠦᠭᠡᠶ ᠪᠣᠯᠵᠠᠢ᠃

ᠪᠢᠳᠠᠨ ᠤ ᠣᠤᠷ ᠨᠤᠳᠤᠭ ᠰᠢᠠᠵᠢᠶᠠᠩ ᠪᠣᠯᠪᠠᠴᠤ ᠣᠳᠤ ᠳᠤ ᠰᠠᠭᠤᠷᠢᠰᠢᠨ ᠨᠤᠳᠤᠭᠰᠢᠭᠰᠠᠨ ᠨᠢ ᠭᠦᠯᠤᠨ ᠪᠣᠢ᠌ᠷ ᠪᠣᠯᠵᠤ ᠣᠷᠴᠢᠨ ᠳᠤᠭᠤᠷᠢᠨ᠂ ᠪᠠᠢ᠌ᠭᠠᠯᠢ᠂ ᠠᠵᠤ ᠠᠬᠤᠢ᠂ ᠰᠤᠶᠤᠯ ᠤᠨ ᠭᠦᠭ᠍ᠵᠢᠯ ᠡᠴᠠ ᠪᠣᠯᠵᠤ ᠣᠯᠠᠮᠵᠢᠯᠠᠯ ᠰᠤᠶᠤᠯ ᠴᠤ ᠠᠳᠠᠯᠢ ᠦᠭᠡᠶ ᠣᠠᠴᠠᠯᠢᠭ ᠲᠡᠶ ᠪᠣᠯᠵᠠᠢ᠃


ᠵᠤᠬᠢᠶᠠᠭᠴᠢ ᠶᠢᠨ ᠬᠠ‍‌ᠶᠢᠭ ᠄ ᠧᠡᠩᠭᠢ ᠶᠢᠨ ᠳᠸᠯᠸᠢᠰ ᠬᠤᠷᠢᠶ᠎ᠠ

ᠵᠤᠬᠢᠶᠠᠭᠴᠢ᠄ ᠴᠠᠮᠠᠬᠠᠤᠨ᠂ ᠷᠠᠵᠢᠳᠮ᠎ᠠ
ᠢᠷᠡᠯᠲᠡ᠄ ᠥᠭᠡᠯᠡᠳ·ᠵᠠᠮᠰᠠ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 2322
ᠴᠠᠭ᠄ 2012 ᠤᠨ ᠤ 02 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁