ᠺᠤᠮᠫᠢᠦ᠋ᠲ᠋ᠧᠷ ᠲᠤ ᠮᠤᠩᠭᠤᠯ ᠦᠰᠦᠭ ᠪᠢᠴᠢᠭ᠍ᠯᠡᠬᠦ ᠰᠠᠢ᠌ᠨ ᠳᠠᠳᠬᠠᠯ ᠲᠠᠢ ᠪᠤᠯᠬᠤ ᠲᠤᠬᠠᠢ

ᠺᠤᠮᠫᠢᠦ᠋ᠲ᠋ᠧᠷ ᠲᠤ ᠮᠤᠩᠭ᠋ᠤᠯ ᠥᠰᠦᠭ᠌ ᠪᠢᠴᠢᠭᠯᠡᠭᠦ ᠰᠤᠹᠲ᠋ ᠢᠯᠡᠷᠡᠭ᠍ᠰᠡᠨ ᠡᠴᠡ ᠨᠠᠰᠢ᠂ ᠮᠤᠩᠭ᠋ᠤᠯᠴᠤᠳ ᠲᠤ ᠬᠤᠪᠢ ᠶᠢᠨ ᠵᠤᠬᠢᠶᠠᠯ ᠪᠦᠳᠦᠭᠡᠯ ᠶᠢᠡᠨ ᠰᠢᠭᠤᠳ ᠺᠤᠮᠫᠢᠦ᠋ᠲ᠋ᠧᠷ ᠲᠤ ᠪᠢᠴᠢᠭᠯᠡᠵᠤ ᠳᠠᠷᠤᠮᠯᠯᠠᠭᠤᠷ ᠶᠢᠡᠷ ᠳᠠᠷᠤᠮᠯᠯᠠᠨ ᠭᠠᠷᠭᠠᠬᠤ᠂ ᠰᠦᠯᠵᠢᠶ᠎ᠠ ᠳᠤ ᠦᠵᠡᠯ ᠰᠠᠨᠠᠯ ᠶᠢᠡᠨ ᠮᠤᠩᠭ᠋ᠤᠯ ᠶᠢᠡᠷ ᠢᠯᠡᠳᠭᠡᠭᠦ᠂ ᠡᠳᠦᠷ ᠤᠨ ᠳᠡᠮᠳᠡᠭᠯᠡᠯ ᠪᠢᠴᠢᠭᠦ ᠁ ᠵᠡᠷᠭᠡ ᠮᠤᠩᠭ᠋ᠤᠯ ᠥᠰᠦᠭ᠌ ᠺᠤᠮᠫᠢᠦ᠋ᠲ᠋ᠧᠷ ᠲᠤ ᠪᠢᠴᠢᠭᠯᠡᠭᠦ ᠣᠯᠠᠨ ᠵᠣᠢ᠌ᠯ ᠤᠨ ᠭᠡᠷᠡᠭ᠍ᠴᠡᠭᠡ ᠳᠠᠭᠠᠯᠳᠤᠨ ᠪᠣᠢ ᠪᠣᠯᠤᠭᠰᠠᠨ ᠪᠠᠢ᠌ᠨ᠎ᠠ᠃ ᠭᠡᠭᠦ ᠳᠤ ᠣᠯᠠᠨ ᠶᠠᠩᠵᠤ ᠶᠢᠨ ᠪᠠᠷᠢᠮᠵᠢᠶ᠎ᠠ ᠪᠣᠰᠤ ᠪᠠᠷᠯᠠᠯ ᠪᠣᠢ ᠪᠣᠯᠵᠤ ᠮᠤᠩᠭ᠋ᠤᠯ ᠰᠤᠹᠲ᠋ ᠨᠢ ᠨᠢᠭᠡᠳᠭᠦ ᠦᠭᠡᠶ ᠪᠠᠢ᠌ᠬᠤ ᠶᠢᠨ ᠳᠡᠭᠡᠷ᠎ᠡ ᠪᠠᠷᠯᠠᠯ ᠨᠢ ᠴᠤ ᠨᠢᠭᠡᠳᠦᠯ ᠦᠭᠡᠶ ᠪᠣᠯᠵᠤ ᠪᠣᠢ᠃ ᠪᠢ ᠮᠤᠩᠭ᠋ᠤᠯ ᠰᠦᠯᠵᠢᠶ᠎ᠠ ᠭᠢᠭ᠍ᠰᠡᠨ ᠳᠠᠪᠤᠨ ᠵᠢᠯ ᠤᠨ ᠳᠤᠷᠰᠢᠯᠭ᠎ᠠ ᠪᠠᠨ ᠳ᠋ᠦ᠋ᠩᠨᠠᠨ ᠮᠤᠩᠭ᠋ᠤᠯ ᠥᠰᠦᠭ᠌ ᠢ ᠺᠤᠮᠫᠢᠦ᠋ᠲ᠋ᠧᠷ ᠲᠤ ᠶᠠᠭᠠᠭᠢᠵᠤ ᠪᠢᠴᠢᠭᠯᠡᠭᠦ ᠳᠤᠬᠠᠢ ᠰᠠᠨᠠᠭᠤᠯᠭ᠎ᠠ ᠭᠠᠷᠭᠠᠶ᠎ᠠ᠃

ᠨᠢᠭᠡ ᠳᠤ᠂ ᠭᠠᠷ ᠪᠢᠴᠢᠮᠠᠯ ᠤᠨ ᠳᠢᠭ᠌ ᠪᠠ ᠭᠡᠪᠯᠡᠯ ᠤᠨ ᠳᠢᠭ᠌ ᠤᠨ ᠠᠳᠠᠯᠢ ᠪᠣᠰᠤ ᠪᠢᠴᠢᠯᠭᠡ ᠶᠢ ᠠᠩᠬᠠᠷᠬᠤ

ᠵᠢᠱᠢᠶᠠᠯᠠᠪᠠᠯ ᠄ ᠬᠠᠷᠢᠶᠠᠯᠠᠬᠤ ᠶᠢᠨ ᠳᠠᠭᠠᠪᠣᠷᠢ 《ᠵᠢᠨ》᠂ ᠬᠠᠮᠢᠶᠠᠳᠤᠭᠤᠯᠬᠤ ᠳᠠᠭᠠᠪᠣᠷᠢ 《ᠵᠢᠡᠨ》᠂ ᠬᠠᠮᠳᠤᠷᠠᠬᠤ ᠶᠢᠨ ᠳᠠᠭᠠᠪᠣᠷᠢ《ᠵᠢᠡᠷ》 ᠨᠢ ᠪᠢᠷ ᠶᠢᠡᠷ ᠪᠢᠴᠢᠭᠦ ᠳᠤ 《ᠢᠨ᠂ ᠢᠠᠷ᠂ ᠢᠠᠨ》 ᠭᠡᠵᠤ ᠪᠢᠴᠢᠭ᠍ᠳᠡᠳᠡᠭ᠌᠃ ᠬᠠᠷᠢᠨ ᠭᠡᠪᠯᠡᠯ ᠳᠤ ᠪᠣᠯ 《ᠵᠢᠨ᠂ ᠶᠢᠡᠨ᠂ ᠶᠢᠡᠷ》 ᠭᠡᠵᠤ ᠭᠡᠪᠯᠡᠭ᠍ᠳᠡᠵᠤ ᠪᠣᠢ᠃ ᠡᠢ᠌ᠮᠦᠷᠭᠦ ᠪᠢᠴᠢᠯᠭᠡ ᠲᠡᠶ ᠥᠭᠡ ᠥᠰᠦᠭ᠌ ᠢ ᠪᠢᠳᠠ ᠺᠤᠮᠫᠢᠦ᠋ᠲ᠋ᠧᠷ ᠲᠤ ᠪᠢᠴᠢᠭᠯᠡᠭᠦ ᠳᠡᠭᠡᠨ ᠵᠠᠪᠠᠯ ᠭᠡᠪᠯᠡᠯ ᠤᠨ ᠳᠢᠭ᠌ ᠶᠢᠡᠷ ᠪᠢᠴᠢᠭᠯᠡᠪᠠᠯ ᠵᠤᠭᠢᠨ᠎ᠠ᠃ ᠭᠡᠷᠪᠡ ᠪᠢᠳᠠ ᠭᠠᠷ ᠪᠢᠴᠢᠮᠠᠯ ᠤᠨ ᠶᠠᠩᠵᠤ ᠪᠠᠷ 《ᠢᠨ᠂ ᠢᠠᠷ᠂ ᠢᠠᠨ》 ᠮᠠᠳᠤ ᠪᠠᠷ ᠪᠢᠴᠢᠭᠯᠡᠭᠡᠤᠨ ᠳᠠᠤᠠᠴᠢᠬᠠᠪᠠᠯ᠂ ᠬᠤᠵᠢᠮ ᠵᠠᠯᠠᠷᠠᠭᠤᠯᠬᠤ ᠳᠤ ᠭᠦᠴᠢᠷ ᠪᠣᠯᠤᠨ᠎ᠠ᠃

ᠬᠤᠶᠠᠷ ᠲᠤ᠂ ᠥᠰᠦᠭ᠌ ᠤᠨ ᠬᠤᠭᠤᠷᠤᠠᠳᠤᠭᠢ ᠵᠠᠢ ᠶᠢ ᠠᠩᠬᠠᠷᠬᠤ

ᠮᠤᠩᠭ᠋ᠤᠯ ᠪᠦᠭᠦᠯᠢ ᠥᠰᠦᠭ᠌ ᠨᠢ ᠡᠡᠩᠭ᠍ᠯᠢ ᠥᠰᠦᠭ᠌ ᠰᠢᠭ᠌ ᠵᠠᠯᠭᠠᠮᠠᠯ ᠦᠶᠡᠳᠤ ᠥᠰᠦᠭ᠌ ᠪᠣᠯᠤᠨ᠎ᠠ᠃ ᠨᠢᠭᠡ ᠪᠦᠭᠦᠯᠢ ᠥᠰᠦᠭ᠌ ᠨᠢ ᠭᠡᠳᠤᠨ ᠦᠶ᠎ᠡ ᠪᠠᠷ ᠪᠦᠷᠢᠯᠳᠦᠳᠡᠭ᠌ ᠪᠣᠯᠬᠤᠷ ᠪᠦᠭᠦᠯᠢ ᠥᠰᠦᠭ᠌ ᠪᠦᠷᠢ ᠶᠢᠨ ᠬᠤᠭᠤᠷᠤᠠᠳᠤ ᠵᠠᠪᠠᠯ ᠵᠤᠭᠢᠬᠤ ᠵᠠᠢ ᠲᠡᠶ ᠪᠣᠯᠭᠠᠵᠤ ᠥᠰᠦᠭ᠌ ᠪᠦᠷᠢ ᠶᠢ ᠳᠤᠰᠠᠭᠠᠷ ᠣᠷᠤᠰᠢᠭᠤᠯᠤᠨ᠎ᠠ᠃ ᠭᠡᠭᠦ ᠳᠤ᠂ ᠡᠨᠡᠭᠦ ᠥᠰᠦᠭ᠌ ᠪᠦᠷᠢ ᠶᠢᠨ ᠬᠤᠭᠤᠷᠤᠠᠳᠤᠭᠢ ᠵᠠᠢ ᠨᠢ ᠪᠠᠷᠢᠮᠵᠢᠶ᠎ᠠ ᠪᠠᠷ ᠪᠣᠯ ᠺᠤᠮᠫᠢᠦ᠋ᠲ᠋ᠧᠷ ᠲᠤ ᠨᠢᠭᠡ ᠬᠤᠭᠤᠰᠤᠨ ᠵᠠᠢ ᠪᠠᠢ᠌ᠪᠠᠯ ᠵᠤᠭᠢᠨ᠎ᠠ᠃ ᠵᠠᠷᠢᠮ ᠭᠦᠮᠦᠰ ᠡᠨᠡᠭᠦ ᠵᠠᠢ ᠶᠢ ᠬᠤᠶᠠᠷ ᠪᠣᠯᠭᠠᠳᠠᠭ ᠪᠣᠶᠤ ᠡᠰᠡᠭᠦᠯ᠎ᠡ ᠨᠠᠩ ᠣᠯᠠᠨ ᠪᠣᠯᠭᠠᠳᠠᠭ᠂ ᠡᠨᠡ ᠨᠢ ᠪᠦᠭᠦ ᠴᠤᠭᠴᠠ ᠶᠢᠨ ᠦᠵᠡᠮᠵᠢ ᠶᠢ ᠨᠥᠯᠦᠭᠡᠯᠡᠭᠦ ᠶᠤᠮ᠃ ᠪᠠᠰᠠ ᠵᠠᠷᠢᠮ ᠭᠦᠮᠦᠰ ᠡᠨᠡᠭᠦ ᠬᠤᠭᠤᠰᠤᠨ ᠵᠠᠢ ᠶᠢ ᠥᠭᠡᠢ᠌ᠰᠭᠡᠵᠤ᠂ ᠥᠰᠦᠭ᠌ ᠨᠢ ᠬᠤᠶᠠᠷ ᠬᠤᠶᠠᠷ ᠶᠢᠡᠷ ᠡᠰᠡᠭᠦᠯ᠎ᠡ ᠨᠠᠩ ᠣᠯᠠᠨ ᠶᠢᠡᠷ ᠵᠠᠯᠭᠠᠯᠳᠤᠭᠠᠤᠨ ᠭᠡᠳᠤᠨ ᠥᠰᠦᠭ᠌ ᠪᠣᠯᠬᠤ ᠨᠢ ᠢᠯᠭᠠᠭᠤᠷᠢ ᠦᠭᠡᠶ ᠪᠣᠯᠳᠠᠭ᠃ ᠭᠡᠷᠪᠡ ᠪᠢᠴᠢᠭᠯᠡᠭᠦ ᠳᠤᠮᠳᠠ ᠪᠠᠨ ᠥᠰᠦᠭ᠌ ᠲᠤ ᠵᠠᠰᠠᠯᠳᠠ ᠣᠷᠤᠭᠤᠯᠬᠤ ᠪᠣᠶᠤ ᠵᠠᠷᠢᠮ ᠬᠤᠭᠤᠰᠤᠨ ᠵᠠᠢ ᠶᠢ ᠥᠭᠡᠢ᠌ᠰᠭᠡᠭᠦ ᠣᠢ᠌ᠯᠠ ᠭᠡᠷᠡᠭ᠍ᠵᠢᠭᠦᠯᠭᠦ ᠦᠭᠡᠶ ᠪᠠᠢ᠌ᠳᠠᠯ ᠳᠤ᠂ ᠮᠤᠩᠭ᠋ᠤᠯ ᠥᠰᠦᠭ᠌ ᠪᠢᠴᠢᠭᠯᠡᠭᠦ ᠰᠤᠹᠲ᠋ ᠨᠢ ᠪᠦᠷ ᠪᠦᠭᠦᠯᠢ ᠥᠰᠦᠭ᠌ ᠶᠢᠡᠨ ᠳᠠᠭᠠᠭᠠᠤᠨ ᠨᠢᠭᠡ ᠬᠤᠭᠤᠰᠤᠨ ᠵᠠᠢ ᠲᠡᠶ ᠪᠠᠷ ᠰᠢᠭᠤᠳ ᠪᠢᠴᠢᠭ᠍ᠳᠡᠳᠡᠭ᠌᠂ ᠬᠠᠷᠢᠨ ᠠᠯᠪᠠ ᠪᠠᠷ ᠬᠤᠭᠤᠰᠤᠨ ᠵᠠᠢ ᠭᠠᠷᠭᠠᠬᠤ ᠴᠢᠬᠤᠯᠠ ᠦᠭᠡᠶ᠃ ᠡᠭᠦᠨ ᠳᠤ᠂ ᠮᠥᠩᠭᠡ ᠭᠠᠯ ᠤᠨ ᠰᠤᠹᠲ᠋ ᠨᠢ ᠥᠰᠦᠭ᠌ ᠤᠨ ᠡᠭᠢᠨ ᠳᠤ ᠬᠤᠭᠤᠰᠤᠨ ᠵᠠᠢ ᠲᠡᠶ᠂ ᠰᠡᠢ᠌ᠡᠪᠢᠯᠢᠭ᠌ ᠤᠨ ᠰᠤᠹᠲ᠋ ᠨᠢ ᠥᠰᠦᠭ᠌ ᠤᠨ ᠠᠷᠤ ᠳᠤ ᠬᠤᠭᠤᠰᠤᠨ ᠵᠠᠢ ᠲᠡᠶ᠃ ᠭᠡᠷᠪᠡ ᠡᠨᠡᠭᠦ ᠬᠤᠭᠤᠰᠤᠨ ᠵᠠᠢ ᠶᠢ ᠠᠯᠪᠠ ᠪᠠᠷ ᠥᠭᠡᠢ᠌ᠰᠭᠡᠭᠦ ᠦᠭᠡᠶ ᠪᠠᠢ᠌ᠳᠠᠯ ᠳᠤ ᠳᠠᠨ ᠤ ᠪᠢᠴᠢᠭᠯᠡᠭ᠍ᠰᠡᠨ ᠨᠢ ᠪᠠᠷᠢᠮᠵᠢᠶ᠎ᠠ ᠳᠤ ᠨᠠᠢ᠌ᠴᠠᠨ᠎ᠠ᠃ ᠪᠢᠴᠢᠭᠯᠡᠭᠦ ᠳᠤᠮᠳᠠ ᠳᠠᠰᠢᠶ᠎ᠠ ᠵᠠᠯᠠᠷᠠᠭᠤᠯᠬᠤ ᠳᠠᠭᠠᠨ ᠡᠨᠡᠭᠦ ᠬᠤᠭᠤᠰᠤᠨ ᠵᠠᠢ ᠶᠢ ᠠᠩᠬᠠᠷᠤᠯ ᠳᠠᠭᠠᠨ ᠠᠪᠣᠪᠠᠯ ᠪᠠᠷᠤᠭ ᠪᠣᠷᠤᠭᠤᠳᠠᠬᠤ ᠦᠭᠡᠶ᠃

ᠭᠤᠷᠪᠠ ᠳᠤ᠂ ᠥᠷᠭᠦᠯᠵᠢᠯᠡᠭ᠍ᠰᠡᠨ ᠥᠭᠡ ᠶᠢᠨ ᠵᠤᠬᠢᠶᠠᠯ ᠤᠨ ᠣᠯᠠᠭᠠᠨ ᠮᠦᠷ

ᠣᠯᠠᠭᠠᠨ ᠮᠦᠷ ᠤᠨ ᠡᠭᠢᠨ ᠤ ᠬᠤᠭᠤᠰᠤᠨ ᠵᠠᠢ ᠶᠢ ᠳᠦᠷᠪᠡᠨ ᠬᠤᠭᠤᠰᠤᠨ ᠵᠠᠢ ᠪᠠᠷ ᠪᠠᠷᠢᠮᠵᠢᠶᠠᠯᠠᠪᠠᠯ ᠵᠤᠭᠢᠰᠳᠠᠢ᠃ ᠡᠰᠡᠪᠠᠯ ᠨᠢᠭᠡ ᠪᠦᠭᠦᠯᠢ ᠵᠤᠬᠢᠶᠠᠯ ᠳᠤ ᠣᠯᠠᠭᠠᠨ ᠮᠦᠷ ᠪᠦᠭᠦᠨ ᠤ ᠡᠭᠢᠨ ᠳ᠋ᠠᠭᠢ ᠬᠤᠭᠤᠰᠤᠨ ᠵᠠᠢ ᠶᠢᠨ ᠳᠤᠭ᠎ᠠ ᠶᠢ ᠵᠠᠪᠠᠯ ᠠᠳᠠᠯᠢ ᠪᠠᠢ᠌ᠯᠭᠠᠬᠤ ᠭᠡᠷᠡᠭ᠍ᠳᠡᠢ᠃ ᠭᠡᠷᠪᠡ ᠣᠯᠠᠭᠠᠨ ᠮᠦᠷ ᠳᠡᠭᠦᠰᠴᠤ ᠥᠭᠡᠷ᠎ᠡ ᠣᠯᠠᠭᠠᠨ ᠮᠦᠷ ᠡᠭᠢᠯᠡᠭᠦ ᠦᠭᠡᠶ ᠪᠠᠢ᠌ᠳᠠᠯ ᠳᠤ ᠪᠢᠳᠡᠭᠡᠢ ᠠᠯᠪᠠᠳᠠᠯᠭ᠎ᠠ ᠪᠠᠷ ᠮᠦᠷ ᠰᠤᠯᠢᠭᠠᠷᠠᠢ᠃ ᠳᠡᠭᠡᠭᠦ ᠦᠭᠡᠶ ᠪᠣᠯ ᠠᠳᠠᠯᠢ ᠪᠣᠰᠤ ᠮᠦᠷ ᠤᠨ ᠣᠷᠳᠤ ᠲᠡᠶ ᠣᠷᠴᠢᠨ ᠳᠤ ᠭᠡᠷᠡᠭᠯᠡᠭᠦ ᠳᠤ ᠣᠯᠠᠭᠠᠨ ᠮᠦᠷ ᠢᠯᠠᠭᠠᠭᠤᠷᠢ ᠦᠭᠡᠶ ᠪᠣᠯᠬᠤ ᠥᠵᠡᠭ᠍ᠳᠡᠯ ᠡᠭᠦᠰᠭᠡᠨ᠎ᠡ᠃

ᠣᠯᠠᠩᠭᠢ ᠨᠠᠢ᠌ᠷᠠᠭᠤᠯᠬᠤ ᠰᠤᠹᠲ᠋ ᠲᠤ ᠣᠯᠠᠭᠠᠨ ᠮᠦᠷ ᠤᠨ ᠠᠶᠠᠳᠠᠯ ᠣᠬᠤᠷᠢᠯᠳᠠ ᠪᠠᠢ᠌ᠳᠠᠭ᠃ ᠡᠨᠡ ᠴᠢᠳᠠᠮᠵᠢ ᠨᠢ ᠳᠤᠰ ᠨᠠᠢ᠌ᠷᠠᠭᠤᠯᠬᠤ ᠰᠤᠹᠲ᠋ ᠲᠤ ᠪᠠᠨ ᠯᠠ ᠣᠯᠠᠭᠠᠨ ᠮᠦᠷ ᠤᠨ ᠣᠢ᠌ᠯᠠᠳᠤᠯ ᠥᠵᠡᠭᠦᠯᠭᠦ ᠡᠴᠡ ᠪᠢᠰᠢ ᠺᠤᠫᠢᠳᠠᠨ ᠠᠪᠴᠤ ᠣᠠᠳᠤᠤ ᠨᠠᠢ᠌ᠷᠠᠭᠤᠯᠠᠭᠤᠷ ᠲᠤ ᠨᠠᠭᠠᠬᠤ ᠳᠤ ᠡᠨᠡ ᠣᠯᠠᠭᠠᠨ ᠮᠦᠷ ᠤᠨ ᠣᠬᠤᠷᠢᠯᠳᠠ ᠨᠢ ᠪᠦᠷ ᠭᠦᠴᠤᠨ ᠦᠭᠡᠶ ᠪᠣᠯᠳᠠᠭ᠃ ᠵᠢᠱᠢᠶᠠᠯᠠᠪᠠᠯ᠂ WPS ᠲᠤ ᠭᠢᠭ᠍ᠰᠡᠨ ᠣᠬᠤᠷᠢᠯᠳᠠ ᠨᠢ WORD ᠳᠤ ᠭᠦᠴᠤᠨ ᠦᠭᠡᠶ᠁ ᠭᠡᠭᠦ ᠮᠠᠳᠤ᠃ ᠡᠢ᠌ᠮᠤ ᠪᠠᠢ᠌ᠳᠠᠯ ᠳᠤ ᠳᠠ ᠦᠪᠡᠷ ᠤᠨ ᠪᠢᠴᠢᠭᠯᠡᠭ᠍ᠰᠡᠨ ᠶᠢᠡᠨ ᠦᠪᠡᠷ ᠶᠢᠡᠨ ᠴᠤ ᠣᠯᠠᠭᠠᠨ ᠮᠦᠷ ᠢ ᠨᠢ ᠡᠷᠢᠵᠤ ᠣᠯᠬᠤ ᠦᠭᠡᠶ ᠪᠣᠯᠴᠢᠬᠠᠨ᠎ᠠ᠃ ᠡᠢ᠌ᠮᠤ ᠡᠴᠡ ᠡᠨᠡᠭᠦ ᠠᠶᠠᠳᠠᠯ ᠣᠬᠤᠷᠢᠯᠳᠠ ᠶᠢ ᠭᠡᠷᠡᠭᠯᠡᠭᠦ ᠦᠭᠡᠶ ᠪᠣᠯ ᠬᠠᠮᠤᠭ ᠰᠠᠢ᠌ᠨ᠃ ᠬᠠᠰᠢᠯᠠ ᠬᠤᠭᠤᠰᠤᠨ ᠵᠠᠢ ᠨᠡᠮᠡᠭᠦ ᠠᠷᠭ᠎ᠠ ᠪᠠᠷ ᠣᠯᠠᠭᠠᠨ ᠮᠦᠷ ᠭᠠᠷᠭᠠᠵᠤ ᠰᠤᠷᠬᠤ ᠨᠢ ᠰᠠᠢ᠌ᠨ ᠳᠠᠤᠠᠬᠠᠯ ᠪᠣᠯᠤᠨ᠎ᠠ᠃

ᠳᠠᠪᠣ ᠳᠤ᠂ ᠳᠠᠢ᠌ᠨ ᠢᠯᠭᠠᠯ ᠤᠨ ᠳᠠᠭᠠᠪᠣᠷᠢ ᠭᠡᠷᠡᠭᠯᠡᠭᠦ ᠳᠤ ᠪᠠᠨ ᠬᠠᠰᠢ ᠶᠠᠰᠢ ᠬᠠᠠᠳᠤᠵᠤ ᠪᠣᠯᠬᠤ ᠦᠭᠡᠶ

ᠣᠠᠴᠠᠭᠠᠢ᠌ᠯᠠᠨ ᠶᠢᠨ ᠤᠨ ᠤ᠂ ᠳᠤ ᠲᠤ᠂ ᠪᠠᠨ ᠶᠢᠡᠨ᠂ ᠪᠠᠷ ᠶᠢᠡᠷ᠂ ᠳᠠᠭᠠᠨ ᠲᠠᠭᠠᠨ ᠳᠡᠭᠡᠨ ᠲᠡᠭᠡᠨ ᠨᠢ ᠠᠳᠠᠯᠢ ᠪᠣᠰᠤ ᠥᠰᠦᠭ᠌ ᠤᠨ ᠳᠠᠷᠠᠭ᠎ᠠ ᠠᠳᠠᠯᠢ ᠪᠣᠰᠤ ᠪᠠᠷ ᠪᠢᠴᠢᠭ᠍ᠳᠡᠭᠦ ᠶᠢ ᠺᠤᠮᠫᠢᠦ᠋ᠲ᠋ᠧᠷ ᠲᠤ ᠪᠢᠴᠢᠭᠯᠡᠭᠦ ᠳᠡᠭᠡᠨ ᠴᠤ ᠰᠠᠢ᠌ᠳᠤᠷ ᠠᠩᠬᠠᠷᠠᠬᠤ ᠭᠡᠷᠡᠭ᠍ᠳᠡᠢ᠂ ᠬᠠᠰᠢ ᠶᠠᠰᠢ ᠬᠠᠠᠳᠤᠵᠤ ᠪᠢᠴᠢᠭᠯᠡᠭᠦ ᠶᠢᠨ ᠳᠦᠭᠦᠮ ᠶᠢᠡᠷ ᠶᠢᠡᠨ ᠳᠤᠷ᠎ᠠ ᠪᠠᠷ ᠭᠡᠷᠡᠭᠯᠡᠭᠦ ᠶᠢ ᠳᠡᠪᠴᠢᠭᠦ ᠭᠡᠷᠡᠭ᠍ᠳᠡᠢ᠃ ᠴᠠᠭᠠᠰᠤᠨ ᠳᠡᠭᠡᠷ᠎ᠡ ᠪᠢᠷ ᠶᠢᠡᠷ ᠪᠢᠴᠢᠵᠤ ᠪᠠᠢ᠌ᠭ᠎ᠠ ᠰᠢᠭ ᠶᠢᠡᠨ ᠨᠠᠷᠢᠯᠢᠭ ᠪᠠᠢ᠌ᠬᠤ ᠴᠢᠬᠤᠯᠳᠠᠢ᠃

ᠳᠡᠭᠡᠷᠡᠭᠢ ᠮᠠᠳᠤ ᠪᠠᠷ ᠺᠤᠮᠫᠢᠦ᠋ᠲ᠋ᠧᠷ ᠲᠤ ᠮᠤᠩᠭ᠋ᠤᠯ ᠥᠰᠦᠭ᠌ ᠪᠢᠴᠢᠭᠯᠡᠭᠦ ᠨᠢ ᠳᠠᠨ ᠳᠤ ᠠᠰᠢᠭᠳᠠᠢ ᠵᠣᠢ᠌ᠯ ᠣᠯᠠᠨ ᠪᠣᠢ᠃ ᠳᠠ ᠵᠤᠬᠢᠶᠠᠯ ᠪᠦᠳᠦᠭᠡᠯ ᠶᠢᠡᠨ ᠭᠡᠪᠯᠡᠯ ᠳᠤ ᠳᠤᠰᠢᠶᠠᠬᠤ ᠪᠣᠶᠤ ᠰᠤᠨᠢᠨ ᠰᠤᠨᠭᠦᠯ ᠳᠤ ᠡᠭᠡ ᠪᠢᠴᠢᠭ᠌ ᠶᠢᠡᠷ ᠳᠤᠰᠢᠶᠠᠬᠤ ᠳᠤ ᠣᠳᠤ ᠪᠦᠷ ᠢᠮᠸᠯ ᠶᠢᠡᠷ ᠶᠠᠪᠣᠭᠳᠠᠬᠤ ᠪᠣᠯᠵᠤ ᠪᠠᠢ᠌ᠨ᠎ᠠ᠃ ᠳᠠᠨ ᠤ ᠢᠮᠸᠯ ᠶᠢᠡᠷ ᠶᠠᠪᠣᠭᠤᠯᠤᠭᠰᠠᠨ ᠢ ᠨᠠᠢ᠌ᠷᠠᠭᠤᠯᠤᠭᠴᠢᠳ ᠵᠢᠭᠠᠬᠠᠨ ᠴᠤ ᠵᠠᠰᠠᠯᠳᠠ ᠣᠷᠤᠭᠤᠯᠬᠤ ᠦᠭᠡᠶ ᠪᠠᠷ ᠰᠢᠭᠤᠳ ᠺᠤᠫᠢᠳᠠᠨ ᠭᠡᠪᠯᠡᠵᠤ ᠪᠣᠯᠤᠨ᠎ᠠ᠃ ᠳᠤᠤᠷ ᠰᠦᠯᠵᠢᠶ᠎ᠠ ᠳᠤ ᠡᠭᠡ ᠪᠢᠴᠢᠭ᠌ ᠶᠢᠡᠷ ᠳᠤᠰᠢᠶᠠᠭᠰᠠᠨ ᠢ ᠴᠤ ᠰᠦᠯᠵᠢᠶ᠎ᠠ ᠶᠢᠨ ᠨᠠᠢ᠌ᠷᠠᠭᠤᠯᠤᠭᠴᠢ ᠵᠠᠰᠠᠯᠳᠠ ᠣᠷᠤᠭᠤᠯᠬᠤ ᠦᠭᠡᠶ ᠪᠠᠷ ᠨᠠᠢ᠌ᠳᠠᠯᠠᠵᠤ ᠪᠣᠯᠤᠨ᠎ᠠ᠃ ᠦᠪᠠᠰᠤᠪᠠᠨ ᠳᠠᠷᠤᠮᠯᠯᠠᠨ ᠬᠠᠳᠠᠭᠠᠯᠠᠬᠤ ᠳᠤ ᠴᠤ ᠵᠤᠬᠢᠶᠠᠯ ᠴᠢᠨᠢ ᠳᠡᠭ᠍ᠰᠢᠭᠡᠨ ᠰᠠᠢ᠌ᠬᠠᠨ ᠳᠠᠷᠤᠮᠠᠯᠯᠠᠭᠳᠠᠨ᠎ᠠ᠃


ᠵᠤᠬᠢᠶᠠᠭᠴᠢ᠄ ᠪᠦᠬᠡᠡᠷᠳᠡᠨᠢ
ᠢᠷᠡᠯᠲᠡ᠄ ᠲᠤᠰ ᠰᠦᠯᠵᠢᠶ᠎ᠡ
ᠳᠠᠷᠤᠮ᠄ 5231
ᠴᠠᠭ᠄ 2009 ᠤᠨ ᠤ 12 ᠰᠠᠷ᠎ᠠ ᠶᠢᠨ 10
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠰᠢᠨᠵᠢᠯᠡᠭᠡ ᠮᠡᠷᠭᠡᠵᠢᠯ - ᠺᠤᠮᠫᠢᠦ᠋ᠲ᠋ᠧᠷ ᠲᠤ ᠮᠤᠩᠭᠤᠯ ᠦᠰᠦᠭ ᠪᠢᠴᠢᠭ᠍ᠯᠡᠬᠦ ᠰᠠᠢ᠌ᠨ ᠳᠠᠳᠬᠠᠯ ᠲᠠᠢ ᠪᠤᠯᠬᠤ ᠲᠤᠬᠠᠢ