ᠨᠤᠳᠤᠭ ᠤᠨ ᠰᠠᠷᠠ
(ᠬᠡᠦᠬᠡᠳ ᠤᠨ ᠰᠢᠯᠦᠭ᠌)

ᠭᠦᠪᠤᠰ ᠭᠦᠪᠤᠰ ᠰᠠᠷᠠ

ᠨᠠᠳᠠ ᠲᠡᠶ ᠨᠢᠭᠤᠯᠴᠠᠭ᠎ᠠ ᠭᠢᠨ᠎ᠠ

ᠭᠦᠭᠡ ᠳᠡᠭ᠍ᠷᠢ ᠶᠢᠨ ᠣᠳᠤ

ᠨᠠᠳᠠ ᠶᠢ ᠬᠠᠷᠠᠭᠠᠤᠨ ᠢᠨᠢᠶᠠᠨ᠎ᠠ

ᠡᠮᠦᠨ᠎ᠡ ᠳᠠᠯ᠎ᠠ ᠶᠢᠨ ᠨᠠᠭᠤᠷ

ᠳᠡᠭ᠍ᠷᠢ ᠶᠢᠨ ᠮᠠᠠᠳᠠᠯ ᠳᠤ ᠭᠢᠯᠠᠯᠵᠠᠨ᠎ᠠ

ᠡᠩᠭᠡᠷ ᠳᠦᠭᠦᠷᠡᠩ ᠭᠡᠷᠡᠯ ᠨᠢ

ᠳᠡᠷᠳᠡᠭᠡ ᠠᠯᠤᠰ ᠡᠴᠠ ᠠᠰᠬᠠᠷᠠᠨ᠎ᠠ

ᠰᠢᠪᠠᠭᠤᠳ ᠤᠨ ᠵᠢᠷᠭᠢᠶᠠᠨ ᠶᠢᠡᠨ ᠡᠷᠢᠨ

ᠰᠢᠵᠢᠷ ᠳᠤᠶᠠᠭ᠎ᠠ ᠶᠢ ᠨᠢ ᠰᠢᠷᠳᠠᠨ᠎ᠠ

ᠬᠤᠨᠢᠨ ᠤ ᠮᠠᠢ᠌ᠯᠠᠭᠠᠨ ᠶᠢᠡᠨ ᠬᠠᠢ᠌ᠨ

ᠬᠣᠢ᠌ᠭᠤᠷ ᠡᠮᠦᠨᠡᠭᠦᠷ ᠨᠢ ᠠᠵᠢᠶᠠᠷᠠᠨ᠎ᠠ

ᠮᠡᠯᠡᠭᠡᠢ ᠶᠢᠨ ᠳᠠᠭᠤᠨ ᠶᠢᠡᠨ ᠠᠯᠳᠠᠭᠠᠤᠨ

ᠮᠡᠯᠳᠡᠭᠡᠷ ᠰᠠᠷᠠᠨ ᠳᠤ ᠭᠤᠮᠤᠷᠬᠠᠨ᠎ᠠ

ᠮᠤᠷᠢᠨ ᠤ ᠰᠢᠳᠤ ᠪᠠᠨ ᠦᠵᠡᠭᠡᠳ

ᠮᠠᠨ ᠤ ᠵᠤᠰᠠᠯᠠᠩ ᠶᠢᠡᠨ ᠰᠠᠨᠠᠨ᠎ᠠ ᠁ 


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ  ᠲ᠋ᠤᠮᠳᠠᠳᠤ ᠬᠤᠰᠢᠭᠤᠨ ᠤ ᠵᠡᠭᠦᠨ ᠳᠠᠪᠢᠨ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 1746
ᠴᠠᠭ᠄ 2014 ᠤᠨ ᠤ 04 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁