ᠠᠮᠠᠷᠠᠭ ᠰᠠᠨᠠᠭ᠎ᠠ

ᠣᠰᠬᠠᠯ ᠵᠥᠭᠡᠯᠡᠨ ᠬᠠᠷᠠᠴᠠ ᠶᠢ ᠴᠢᠨᠢ

ᠬᠠᠷᠠᠭᠠᠤᠨ ᠯᠠ ᠪᠠᠢ᠌ᠬᠤ ᠶᠤᠮ ᠰᠠᠨ

ᠣᠶᠠᠰᠤᠨ ᠬᠠᠢ᠌ᠯᠤᠭᠰᠠᠨ ᠰᠡᠳᠭᠢᠯ ᠶᠢᠡᠨ ᠪᠢ

ᠠᠷᠭᠠᠳᠠᠵᠤ ᠨᠠᠮᠤᠤᠠᠬᠠᠬᠤ ᠦᠭᠡᠶ ᠤᠤ

ᠣᠠᠴᠠ ᠶᠢᠨ ᠰᠠᠢ᠌ᠬᠠᠨ ᠣᠷᠤᠭᠤᠯ ᠳᠡᠭᠡᠷ᠎ᠡ ᠴᠢᠨᠢ

ᠦᠨᠦᠰᠤᠯ ᠵᠡᠷᠭᠡᠯᠡᠭ᠍ᠰᠡᠨ ᠪᠣᠯ ᠳ᠋ᠠ

ᠦᠨᠡᠩᠬᠦ ᠴᠢᠮ᠎ᠠ ᠳᠤ ᠳᠤᠷᠠᠯᠠᠭᠰᠠᠨ

ᠬᠠᠢ᠌ᠷ᠎ᠠ ᠮᠢᠨᠢ ᠢᠯᠡᠷᠡᠭᠦ ᠦᠭᠡᠶ ᠤᠤ


ᠪᠠᠬᠠᠷᠤᠮ᠎ᠠ ᠰᠠᠢ᠌ᠬᠠᠨ ᠭᠡᠵᠢᠭᠡ ᠶᠢ ᠴᠢᠨᠢ

ᠢᠯᠪᠢᠨ ᠳᠠᠭᠠᠯᠠᠬᠤ ᠶᠤᠮ ᠰᠠᠨ

ᠪᠣᠳᠤᠯ ᠤᠨ ᠬᠠᠢ᠌ᠷ᠎ᠠ ᠶᠢᠨ ᠥᠭᠡᠰ ᠤᠨ

ᠣᠤᠠᠬ᠎ᠠ ᠶᠢ ᠳᠠᠢ᠌ᠯᠬᠤ ᠦᠭᠡᠶ ᠤᠤ

ᠪᠣᠯᠪᠠᠷᠠᠢ ᠣᠶᠠᠬᠠᠨ ᠢᠨᠢᠶᠠᠯ ᠢ ᠴᠢᠨᠢ

ᠥᠮᠴᠢᠷᠭᠡᠵᠤ ᠠᠪᠣᠭᠰᠠᠨ ᠪᠣᠯ ᠳ᠋ᠠ

ᠪᠦᠮᠪᠦᠷᠴᠡᠭ᠌ ᠤᠨ ᠬᠤᠤᠰ ᠤᠳ ᠤᠨ ᠳᠠᠩᠰᠠᠨ ᠳ᠋ᠤ

ᠢᠨᠢᠶᠠᠵᠤ ᠪᠢ ᠨᠠᠷ᠎ᠠ ᠪᠠᠨ ᠮᠡᠳᠡᠭᠦᠯᠭᠦ ᠦᠭᠡᠶ ᠤᠤ


ᠬᠠᠢ᠌ᠷ᠎ᠠ ᠭᠦᠪᠦᠷᠢᠭᠦᠯᠭᠦ ᠰᠢᠪᠠᠨᠠᠯ ᠢ ᠴᠢᠨᠢ

ᠴᠢᠩᠨᠠᠨ ᠴᠢᠩᠨᠠᠬᠤ ᠶᠤᠮ ᠰᠠᠨ

ᠬᠤᠷᠸ᠎ᠠ ᠶᠢᠨ ᠰᠠᠢ᠌ᠬᠠᠨ ᠵᠢᠷᠭᠠᠯ ᠳ᠋ᠤ

ᠴᠠᠳᠳᠠᠯ᠎ᠠ ᠱᠤᠩᠪᠠᠬᠤ ᠦᠭᠡᠶ ᠤᠤ

ᠬᠠᠯᠠᠭᠤᠬᠠᠨ ᠬᠤᠶᠠᠷ ᠭᠠᠷ ᠶᠢᠡᠨ ᠴᠢ

ᠠᠳᠬᠤ ᠭᠡᠵᠤ ᠦᠭ‍ᠭᠦᠭ᠍ᠰᠡᠨ ᠪᠣᠯ ᠳ᠋ᠠ

ᠬᠠᠨᠢ ᠶᠢᠨ ᠵᠠᠶᠠᠭᠠᠨ ᠤ ᠠᠮᠠᠷᠠᠭ ᠳᠡᠭ᠍ᠷᠢ ᠳ᠋ᠤ

ᠬᠤᠶᠠᠷ ᠣᠳᠤᠨ ᠪᠣᠯᠵᠤ ᠡᠯᠭᠦᠭ᠍ᠳᠡᠭᠦ ᠦᠭᠡᠶ ᠤᠤ


ᠰᠠᠢ᠌ᠬᠠᠨ ᠴᠢᠮ᠎ᠠ ᠶᠢ ᠰᠠᠨᠠᠭᠰᠠᠨ ᠰᠠᠨᠠᠭ᠎ᠠ ᠵᠢ

ᠮᠠᠳᠠᠶ᠎ᠠ ᠭᠡᠮᠡᠨ ᠪᠣᠳᠤᠪᠠᠰᠤ

ᠰᠠᠷᠠᠭᠤᠯ ᠰᠦᠨᠢ ᠶᠢᠨ ᠣᠳᠤᠳᠤ ᠳᠡᠭ᠍ᠷᠢ ᠵᠢᠨ

ᠭᠡᠷᠡᠯ ᠭᠡᠳᠦᠢ ᠶᠢ ᠳᠤᠭᠠᠯᠠ

ᠰᠡᠮᠡᠭᠡᠷ ᠣᠷᠭᠤᠳᠠᠭ ᠬᠠᠢ᠌ᠷ᠎ᠠ ᠶᠢ ᠮᠢᠨᠢ

ᠳᠠᠩᠰᠠᠶ᠎ᠠ ᠭᠡᠮᠡᠨ ᠪᠣᠳᠤᠪᠠᠰᠤ

ᠰᠠᠪ ᠦᠭᠡᠶ ᠶᠡᠭᠡ ᠳᠠᠩᠭᠢᠰ ᠤᠨ

ᠭᠦᠨ ᠭᠡᠳᠦᠢ ᠶᠢ ᠭᠡᠮᠵᠢ︕


ᠵᠤᠬᠢᠶᠠᠭᠴᠢ ᠶᠢᠨ ᠬᠠᠶ‍ᠢᠭ᠄ ᠣᠯᠠᠭᠠᠠᠬᠠᠳᠠ ᠬᠤᠳᠠ ᠶᠢᠨ ᠪᠠᠭᠠᠷᠢᠨ ᠵᠡᠭᠦᠨ ᠬᠤᠰᠢᠭᠤᠨ ᠯᠢᠠᠲᠦᠩ ᠪᠠᠯᠭᠠᠰᠤ

ᠵᠤᠬᠢᠶᠠᠭᠴᠢ᠄ ᠪᠠᠳᠤᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1639
ᠴᠠᠭ᠄ 2010 ᠤᠨ ᠤ 09 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ