ᠬᠠᠢ᠌ᠨᠠᠨ ᠤ ᠨᠤᠭᠤᠭᠠᠨ ᠳᠡᠯᠡᠭᠡᠢ

       ᠭᠠᠳᠠᠨ᠎ᠠ ᠨᠢᠭᠡ

ᠰᠠᠠᠰᠠᠷ ᠤᠨ ᠨᠠᠷᠠ ᠪᠦᠰᠡᠯᠡᠭᠦᠷ ᠡᠭ᠍ᠴᠡᠯᠡᠵᠤ

ᠠᠭᠠᠭᠢᠮ᠎ᠠ ᠵᠤᠨ ᠮᠥᠩᠭᠡ ᠣᠷᠤᠰᠢᠭᠠᠤᠨ

ᠰᠠᠴᠤᠷᠠᠬᠤ ᠭᠡᠷᠡᠯ ᠨᠢ ᠰᠢᠳᠠᠮ᠎ᠠ ᠬᠠᠯᠠᠭᠤᠨ

ᠠᠭᠤᠷ ᠠᠮᠢᠰᠬᠤᠯ ᠪᠦᠭ᠍ᠴᠢᠮ᠎ᠡ ᠬᠠᠯᠠᠭᠤᠨ

ᠣᠷᠢᠬᠠᠨ ᠭᠠᠢ᠌ᠬᠠᠮᠰᠢᠠᠠᠳᠤ ᠪᠠᠢ᠌ᠭᠠᠯᠢ ᠶᠢᠨ

ᠣᠢ ᠣᠷᠭᠤᠮᠠᠯ ᠮᠥᠩᠭᠡ ᠨᠤᠭᠤᠭᠠᠨ

ᠤᠭ᠍ᠶᠤᠬᠠᠨ ᠨᠤᠭᠤᠭᠠᠨ ᠴᠢᠮᠡᠭᠯᠡᠯ ᠲᠡᠶ

ᠣᠢ ᠶᠢᠨ ᠨᠤᠭᠤᠭᠠᠨ ᠠᠭᠤᠯᠠ ᠪᠣᠶᠤ

ᠣᠶᠠᠬᠠᠨ ᠳᠤᠩᠭ᠋ᠠᠯᠠᠭ ᠴᠡᠪᠠᠷᠭᠡᠨ ᠣᠷᠤᠰᠳᠠᠭ

ᠠᠭᠤᠯᠠ ᠪᠠᠨ ᠪᠦᠰᠡᠯᠡᠭ᠍ᠰᠡᠨ ᠭᠤᠤᠯ ᠮᠦᠷᠡᠨ

ᠥᠩᠭᠡ ᠪᠣᠳᠤᠭ ᠤᠨ ᠭᠠᠢ᠌ᠬᠠᠮᠰᠠᠭ ᠡᠭᠦᠳᠦᠭ᠍ᠰᠡᠨ

ᠣᠯᠤᠰ ᠡᠷᠡᠨ ᠤ ᠮᠢᠨᠢ ᠬᠠᠢ᠌ᠷᠠᠳᠤ ᠪᠠᠢ᠌ᠭᠠᠯᠢ᠂


ᠶᠡᠯᠦᠡᠭ᠌ ᠸᠠᠨ ᠤ ᠳᠠᠯᠠᠢ ᠶᠢᠨ ᠪᠤᠯᠦᠡᠭ᠌

ᠶ‍ᠢᠷᠳᠢᠠᠴᠤ ᠬᠤᠷᠸ᠎ᠠ ᠶᠢᠨ ᠨᠢᠭᠡᠳᠦᠭᠡᠷ ᠳᠤᠬᠤᠢ

ᠰᠢᠩᠯᠦᠡᠭ᠌ ᠬᠠᠢ᠌ᠺᠠᠤ ᠶᠢᠨ ᠪᠦᠯᠢᠶᠡᠨ ᠷᠠᠰᠢᠶᠠᠨ

ᠰᠢᠳᠢ ᠶᠢᠨ ᠭᠦᠴᠤᠨ ᠲᠡᠶ ᠣᠠᠳᠤᠷᠤᠮᠠᠯ ᠪᠣᠯᠠᠭ

ᠳᠡᠭ᠍ᠷᠢ ᠶᠢᠨ ᠬᠠᠶᠠᠭ᠎ᠠ ᠭᠠᠵᠠᠷ ᠤᠨ ᠭᠢᠵᠠᠭᠠᠷ ᠤᠨ

ᠳᠠᠯᠠᠢ ᠶᠢᠨ ᠭᠦᠢᠭᠡᠨ ᠴᠡᠩᠭᠡᠷ ᠣᠰᠤ

ᠭᠠᠩᠭ᠋ᠠᠩ ᠪᠠᠢ᠌ᠭᠠᠯᠢ ᠶᠢᠨ ᠥᠩᠭᠡ ᠦᠵᠡᠮᠵᠢ

ᠭᠠᠢ᠌ᠬᠠᠮᠰᠢᠭ ᠳᠦᠷᠦᠭᠦᠯᠦᠮ᠎ᠡ ᠵᠤᠭᠠᠴᠠᠯ ᠤᠨ ᠣᠷᠤᠨ᠃   

  

      ᠪᠣᠴᠠᠬᠤ ᠬᠤᠷᠤᠮᠬᠠᠨ᠎ᠠ


ᠭᠠᠯᠠᠭᠤᠳ ᠭᠠᠩᠭ᠋ᠠᠨᠠᠯᠳᠤᠨ ᠡᠮᠦᠨᠡᠰᠢ ᠵᠡᠯᠡᠯᠡᠭᠦ ᠳᠤ

ᠭᠠᠵᠠᠷ ᠤᠨ ᠬᠤᠯᠠ ᠡᠴᠠ ᠪᠢᠳᠠ ᠪᠣᠴᠠᠯ᠎ᠠ

ᠭᠠᠩᠭ᠋ᠠᠩ ᠨᠤᠳᠤᠭ ᠡᠴᠠ ᠰᠠᠯᠵᠤ ᠶᠠᠳᠠᠨ

ᠭᠠᠷ ᠳᠠᠯᠠᠯᠤᠨ ᠪᠠᠶᠠᠷᠳᠠᠢ ᠭᠡᠯ᠎ᠡ

ᠮᠥᠩᠭᠦᠨ ᠨᠢᠰᠭᠡᠯ ᠣᠠᠠᠳᠠᠷᠭᠤᠢ ᠳᠤ ᠬᠠᠯᠢᠵᠤ ᠪᠦᠰᠡᠯᠡᠭ᠍ᠰᠡᠨ

ᠮᠥᠩᠭᠡ ᠳᠡᠭ᠍ᠷᠢ ᠶᠢᠨ ᠬᠠᠶᠠᠭᠠᠨ ᠳᠤ ᠰᠤᠮᠤᠳᠠᠯ᠎ᠠ

ᠬᠠᠢ᠌ᠺᠠᠤ ᠬᠤᠳᠠ ᠠᠯᠠᠭᠤᠷ ᠶᠢᠡᠷ ᠵᠢᠵᠢᠭᠷᠡᠵᠤ  

ᠬᠠᠢ᠌ᠨᠠᠨ ᠠᠷᠠᠯ ᠠᠯᠤᠰ ᠬᠤᠴᠤᠷᠤᠯ᠎ᠠ

ᠡᠪᠴᠢᠭᠦᠤ ᠳᠦᠭᠦᠷᠡᠩ ᠪᠠᠶᠠᠰᠤᠯ ᠳᠤ ᠵᠢᠪᠪᠣᠵᠤ

ᠡᠭᠦᠯᠡ ᠭᠡᠵᠢᠭᠡᠳᠡᠵᠤ ᠪᠢᠳᠠ ᠠᠶᠠᠷᠯᠠᠯ᠎ᠠ

ᠭᠦᠭᠡ ᠮᠦᠷᠡᠨ ᠭᠦᠭᠡᠮᠳᠡᠭ᠌ ᠠᠭᠤᠯᠠᠰ

ᠭᠦᠯ ᠤᠨ ᠳᠤᠤᠭᠤᠷ ᠠᠷᠤ ᠬᠠᠶᠠᠠᠠᠳᠠᠯ᠎ᠠ

ᠳᠡᠦᠭᠡᠨ ᠳᠤ ᠠᠯᠳᠠᠷᠳᠠᠢ ᠰᠢ ᠠᠨ ᠬᠤᠳᠠ

ᠳᠦᠳᠡᠭᠡᠨ ᠵᠠᠭᠤᠷ᠎ᠠ ᠬᠠᠷᠠᠭᠠᠨ ᠳᠤ ᠳᠤᠳᠤᠷᠠᠯ᠎ᠠ

ᠨᠠᠮᠤᠷ ᠤᠨ ᠰᠢᠷᠭᠠᠯ ᠣᠠᠠᠳᠠᠷᠭᠤᠢ ᠶᠢᠨ ᠴᠡᠭᠡᠯ ᠡᠴᠠ

ᠨᠢᠰᠭᠡᠯ ᠳᠤᠷᠤᠠᠠᠰᠢᠯᠠᠠᠠᠰᠠᠭᠠᠷ ᠪᠢᠳᠠ ᠪᠠᠭᠤᠯ᠎ᠠ

ᠬᠠᠢ᠌ᠺᠠᠤ ᠰᠢ ᠠᠨ ᠮᠢᠩᠭ᠋ᠠᠨ ᠳᠠᠪᠠᠭ᠎ᠠ

ᠬᠠᠷᠢᠨ᠎ᠠ ᠭᠡᠭ᠍ᠴᠢ ᠴᠠᠭ ᠤᠨ ᠵᠠᠭᠤᠷ᠎ᠠ

ᠠᠭᠠᠷ ᠤᠨ ᠠᠶᠠᠯᠠᠯ ᠬᠤᠶᠠᠷ ᠴᠠᠭ ᠬᠠᠭᠠᠰ᠃


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠣᠷᠳᠤᠰ

ᠵᠤᠬᠢᠶᠠᠭᠴᠢ᠄ ᠭ᠍ᠧ᠊·ᠮᠥᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1552
ᠴᠠᠭ᠄ 2011 ᠤᠨ ᠤ 02 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ