ᠥᠭᠡᠯᠡᠳ ᠤᠨ 《ᠠᠯᠳᠠᠨ ᠶᠠᠰᠤᠨ᠎ᠠ ᠭᠡᠯᠳᠡᠷᠭᠡᠢ ᠁》 ᠵᠢᠨ ᠠᠷᠤ ᠡᠴᠡ

ᠮᠠᠠᠵᠤ ᠶᠢᠨ ᠡᠰᠡᠷᠭᠦ ᠬᠠᠮᠤᠭ ᠤᠨ ᠶᠡᠭᠡ ᠳᠠᠮᠠᠴᠠᠵᠤ ᠰᠡᠭᠦᠯ ᠳᠤ ᠪᠠᠨ ᠳᠠᠭᠠᠷ᠎ᠠ ᠣᠷᠤᠭᠰᠠᠨ ᠵᠡᠭᠦᠨᠭᠠᠷ ᠤᠨ ᠬᠠᠭᠠᠠᠳᠤ ᠣᠯᠤᠰ ᠤᠨ  ᠲ᠋ᠤᠬᠠᠢ ᠪᠣᠯᠤᠨ ᠮᠤᠩᠭ᠋ᠤᠯ ᠤᠨ ᠥᠭᠡᠯᠡᠳ ᠶᠠᠰᠤᠳᠠᠨ ᠨᠤᠭᠤᠳ ᠤᠨ ᠳᠠᠯ᠎ᠠ ᠪᠠᠷ ᠰ·ᠪᠠᠳᠤᠲᠤᠯᠭ᠎ᠠ ᠪᠠᠷ ᠰᠤᠨᠢᠷᠬᠠᠯ ᠲᠡᠶ ᠮᠠᠲ᠋ᠸᠷᠢᠶᠠᠯ ᠪᠡᠯᠡᠳᠭᠡᠵᠤ ᠢᠷᠡᠭᠦᠯᠦᠭ᠍ᠰᠡᠨ ᠶᠤᠮ᠃

ᠲ᠋ᠠᠷᠠ ᠪᠠᠷ ᠡᠳᠦᠭᠡ ᠶᠢᠨ ᠮᠤᠩᠭ᠋ᠤᠯ ᠤᠨ ᠪᠣᠯᠤᠨ ᠵᠡᠭᠦᠨ ᠬᠣᠢ᠌ᠳᠤ ᠭᠢᠳᠠᠤᠨ ᠤᠨ ᠨᠤᠳᠤᠭ ᠳᠡᠪᠢᠰᠭᠡᠷ ᠲᠤ ᠥᠭᠡᠯᠡᠳ ᠶᠠᠰᠤᠳᠠᠨ ᠨᠤᠭᠤᠳ ᠢ ᠭᠡᠷᠭᠢᠨ ᠳᠠᠷᠬᠠᠭᠠᠨ ᠪᠠᠢ᠌ᠷᠢᠯᠠᠭᠤᠯᠤᠭᠰᠠᠨ ᠳᠠᠯ᠎ᠠ ᠪᠠᠷ ᠭᠢ ᠳᠡᠦᠭᠡ ᠶᠢ ᠰᠤᠳᠤᠯᠵᠤ᠂ ᠵᠠᠷᠢᠮ ᠨᠢᠭᠡ ᠭᠠᠵᠠᠷ ᠲᠤ ᠨᠢ ᠦᠪᠡᠷ ᠤᠨ ᠪᠠᠶ᠎ᠠ ᠪᠠᠷ ᠣᠴᠢᠵᠤ ᠦᠵᠡᠵᠠᠢ᠃

ᠲᠦᠪ ᠠᠽᠢ ᠳᠤ ᠵᠡᠭᠦᠨᠭᠠᠷ ᠤᠨ ᠬᠠᠭᠠᠠᠳᠤ ᠣᠯᠤᠰ 120 ᠣᠷᠴᠢᠮ ᠵᠢᠯ᠂ ᠶᠠᠷᠤ ᠨᠢ ᠣᠢ᠌ᠷᠠᠤᠨ ᠤᠳ 300 ᠭᠠᠷᠤᠢ ᠵᠢᠯ ᠳᠤᠭᠤᠷᠭ᠎ᠠ ᠳᠤᠰᠠᠭᠠᠷ ᠣᠯᠤᠰ ᠪᠠᠢ᠌ᠭᠤᠯᠵᠤ ᠶᠠᠪᠣᠭᠰᠠᠨ ᠳᠡᠦᠭᠡ ᠲᠡᠶ᠃ ᠬᠤᠵᠢᠮ ᠬᠠᠯᠬ᠎ᠠ ᠣᠢ᠌ᠷᠠᠤᠨ ᠤᠨ ᠳᠠᠢ᠌ᠨ ᠤ ᠳᠠᠷᠠᠭ᠎ᠠ ᠡᠨᠡ ᠣᠯᠤᠰ ᠤᠨ ᠮᠤᠩᠭ᠋ᠤᠯᠴᠤᠳ ᠣᠪᠣᠭ ᠠᠢ᠌ᠮᠠᠭ ᠶᠢᠡᠷ ᠶᠢᠡᠨ ᠰᠠᠯᠵᠤ ᠰᠠᠷᠨᠢᠵᠤ ᠡᠭᠢᠯᠡᠭ᠍ᠰᠡᠨ᠃ 1628 ᠣᠨ ᠳᠤ ᠡᠭᠢᠯᠡᠭᠡᠳ ᠳᠤᠷᠭᠤᠳ ᠤᠨ ᠬᠤ·ᠥᠷᠯᠦᠭ᠌ ᠦᠪᠡᠷ ᠤᠨ ᠠᠯᠪᠠᠳᠤ ᠠᠷᠠᠤᠨ ᠤᠳ ᠶᠢᠡᠨ ᠠᠪᠤᠨ ᠣᠮᠠᠷ᠎ᠠ ᠵᠥᠭ᠌ ᠲᠤ ᠨᠡᠭᠦᠨ ᠴᠠᠰᠢᠯᠠᠭᠠᠤᠨ ᠣᠷᠤᠰ ᠤᠨ ᠭᠦᠨ ᠳᠤ ᠣᠴᠢᠵᠤ ᠢᠵᠢᠯ ᠮᠦᠷᠠᠨ ᠤ ᠠᠳᠠᠭ ᠲᠤ ᠠᠮᠢᠳᠤᠷᠠᠬᠤ ᠪᠣᠯᠪᠠ᠃ ᠡᠨᠡ ᠨᠢ ᠣᠳᠤ ᠶᠢᠨ ᠬᠠᠯᠢᠮᠠᠭ ᠤᠳ ᠤᠨ ᠳᠡᠭᠡᠳᠦᠰ  ᠪᠢᠯᠡ᠃

ᠭᠠᠯᠳᠠᠨ ᠪᠣᠱᠤᠭᠳᠤ ᠬᠠᠭᠠᠨ ᠤ ᠦᠶ᠎ᠡ ᠳᠤ 1653 ᠣᠨ ᠳᠤ ᠵᠤᠤᠠᠪᠠ ᠪᠠᠭᠠᠳᠤᠷ᠂ ᠵᠤᠷᠢᠭᠳᠤ ᠬᠤᠰᠢᠭᠤᠴᠢ ᠨᠡᠷ ᠤᠨ ᠥᠭᠡᠯᠡᠳ ᠤᠨ ᠬᠤᠶᠠᠷ ᠳᠤᠮᠤᠬᠠᠨ ᠬᠤᠰᠢᠭᠤ ᠮᠦᠨ ᠯᠠ ᠬᠠᠭᠠᠨ ᠲᠡᠶ ᠪᠠᠨ ᠡᠪ ᠡᠪᠳᠡᠷᠡᠯᠴᠡᠨ ᠭᠦᠭᠡ ᠨᠠᠭᠤᠷ ᠤᠨ ᠵᠥᠭ᠌ ᠳᠠᠢ᠌ᠵᠢᠨ ᠣᠤᠠᠴᠠᠢ᠃ ᠬᠠᠯᠬ᠎ᠠ - ᠣᠢ᠌ᠷᠠᠤᠨ ᠤᠨ ᠳᠠᠢ᠌ᠨ ᠪᠣᠯᠳᠠᠭ ᠵᠠᠭᠤᠨ ᠮᠤᠳᠤᠨ ᠤ ᠳᠤᠯᠤᠯᠳᠤᠭᠠᠨ ᠤ ᠳᠠᠷᠠᠭ᠎ᠠ ᠣᠯᠠᠨ ᠮᠢᠩᠭ᠋ᠠᠨ ᠴᠡᠷᠢᠭ᠌ ᠳᠡᠭᠦᠨ ᠢ ᠳᠠᠭᠠᠯᠳᠤᠨ ᠶᠠᠪᠣᠭᠰᠠᠨ ᠡᠷᠦᠭᠡ ᠠᠢ᠌ᠯ ᠤᠳ ᠬᠠᠯᠬ᠎ᠠ ᠶᠢᠨ ᠳᠠᠯ᠎ᠠ ᠨᠤᠳᠤᠭ ᠶᠢᠡᠷ ᠳᠠᠷᠬᠠᠨ ᠥᠯᠡᠳᠡᠭ᠍ᠰᠡᠨ ᠪᠠᠢ᠌ᠳᠠᠭ᠃ ᠳᠤᠬᠠᠢ᠌ᠯᠠᠪᠠᠯ ᠠᠨᠤ ᠬᠠᠳᠤᠨ ᠤ ᠱᠠᠷᠢᠯ ᠢ ᠰᠠᠭᠢᠵᠤ ᠥᠯᠡᠳᠡᠭᠦ ᠰᠢᠯᠳᠠᠭᠠᠨ ᠶᠢᠡᠷ ᠱᠨ ᠪᠠᠢ᠌ᠰᠠ ᠶᠢᠨ ᠬᠤᠰᠢᠭᠤ ᠣᠳᠤ ᠶᠢᠨ ᠬᠤᠳᠤᠩᠳᠤ᠂ ᠬᠠᠰᠢᠶᠠᠳᠤ ᠰᠤᠮᠤᠨ ᠤ ᠨᠤᠳᠤᠭ ᠲᠤ ᠥᠯᠡᠳᠡᠭ᠍ᠰᠡᠨ ᠪᠣᠯ᠂ ᠪᠣᠱᠤᠭᠳᠤ ᠬᠠᠭᠠᠨ ᠤ ᠵᠠᠩᠵᠤᠨ ᠳ᠋ᠠᠩᠵᠢᠨ ᠣᠮᠪᠣ᠂ ᠳᠤᠭᠠᠷ ᠷᠠᠪᠳᠠᠨ ᠨᠡᠷ ᠵᠠᠪᠬᠠᠨ ᠭᠦᠮᠤᠨ ᠦᠭᠡᠶ ᠭᠤᠤᠯ᠂ ᠵᠠᠭ᠂ ᠪᠠᠢ᠌ᠳᠠᠷᠠᠭ ᠭᠤᠤᠯ ᠤᠳ ᠶᠢᠡᠷ ᠳᠠᠷᠬᠠᠵᠠᠢ᠃

ᠮᠠᠠᠵᠤ ᠳᠤ ᠡᠭᠢᠯᠡᠵᠤ ᠳᠠᠭᠠᠷ᠎ᠠ ᠣᠷᠤᠭᠰᠠᠨ ᠥᠭᠡᠯᠡᠳ ᠤᠳ ᠢ ᠨᠤᠳᠤᠭ ᠤᠨ ᠭᠦᠨ ᠣᠷᠤᠭᠤ ᠳᠠᠳᠠᠵᠤ ᠳᠠᠷᠢᠭᠠᠩᠭ᠋᠎ᠠ ᠣᠷᠴᠢᠮ ᠳᠤ ᠰᠠᠭᠤᠷᠢᠰᠢᠭᠤᠯᠤᠨ ᠮᠠᠠᠵᠤ ᠶᠢᠨ ᠬᠠᠭᠠᠨ ᠤ ᠰᠦᠷᠴᠢᠨ ᠪᠣᠯᠭᠠᠭᠰᠠᠨ ᠪᠣᠯ᠂ ᠳ᠋ᠠᠩᠵᠢᠯᠠ ᠬᠤᠰᠢᠭᠤᠴᠢ ᠶᠢᠨ ᠠᠯᠪᠠᠳᠤ ᠶᠢ ᠳᠤᠢ᠌ ᠶᠢᠨ ᠭᠤᠤᠯ ᠡᠴᠡ ᠳᠠᠭᠢᠨ ᠭᠦᠳᠡᠯᠭᠡᠵᠤ ᠪᠦᠷ ᠵᠡᠭᠦᠨ ᠭᠢᠵᠠᠭᠠᠷ ᠣᠷᠤᠭᠤ ᠴᠦᠯᠠᠨ ᠬᠠᠯᠬ᠎ᠠ ᠭᠤᠤᠯ ᠳᠤ ᠠᠪᠠᠴᠢᠭᠰᠠᠨ ᠭᠡᠳᠡᠭ᠌᠃ ᠭᠡᠪᠠᠴᠤ ᠳᠠᠠᠳᠠ ᠪᠠᠯᠴᠢᠭᠡᠷ ᠭᠦᠷᠦᠯᠴᠡᠭᠦ ᠪᠠᠨ ᠪᠠᠢ᠌ᠭᠰᠠᠨ ᠳᠤᠯᠠ ᠦᠪᠡᠷᠰᠠᠤᠨ ᠤᠨ ᠭᠦᠰᠡᠯᠳᠡ ᠶᠢᠨ ᠳᠠᠭᠠᠤ ᠣᠯᠠᠮ ᠴᠠᠰᠢᠯᠠᠨ ᠭᠦᠯᠤᠨ ᠪᠣᠢ᠌ᠷ ᠣᠷᠤᠭᠤ ᠠᠯᠤᠰᠷᠠᠵᠠᠢ᠃ ᠲᠦᠪ ᠬᠠᠯᠬ᠎ᠠ ᠳᠤ ᠰᠠᠢ᠌ᠨ ᠨᠤᠶᠠᠨ ᠬᠠᠨ ᠤ ᠵᠠᠭᠢᠷᠭᠠᠨ ᠳᠤ ᠪᠠᠢ᠌ᠭᠰᠠᠨ ᠥᠭᠡᠯᠡᠳ ᠤᠳ ᠴᠤ ᠳᠤᠳᠤᠷ᠎ᠠ ᠪᠠᠨ ᠪᠣᠵᠢᠭᠢᠨᠠᠨ ᠭᠦᠳᠡᠯᠭᠡᠭᠡᠨ ᠳᠤ ᠣᠷᠤᠵᠤ ᠵᠠᠷᠢᠮ ᠨᠢ ᠬᠤᠪᠳᠤ ᠭᠤᠤᠯ ᠣᠷᠤᠭᠤ ᠪᠠᠨ ᠪᠣᠴᠠᠨ᠂ ᠵᠠᠷᠢᠮ ᠨᠢ ᠴᠠᠬᠠᠷ ᠤᠨ ᠨᠤᠳᠤᠭ ᠥᠭᠡᠳᠡ ᠳᠠᠮᠠᠴᠠᠨ᠂ ᠵᠠᠷᠢᠮ ᠨᠢ ᠪᠦᠷ ᠬᠠᠷ᠎ᠠ ᠮᠦᠷᠠᠨ ᠭᠦᠷᠳᠡᠯ᠎ᠡ ᠨᠡᠭᠦᠳᠡᠯᠯᠡᠭ᠍ᠰᠡᠨ ᠪᠠᠢ᠌ᠨ᠎ᠠ᠃

ᠢᠩᠭᠢᠭ᠍ᠰᠡᠭᠡᠷ 18 ᠳ᠋ᠤᠭᠠᠷ ᠵᠠᠭᠤᠨ ᠤ ᠡᠴᠦᠰ ᠭᠡᠭᠦ ᠳᠤ ᠴᠠᠬᠠᠷ ᠲᠤ ᠪᠠᠶ᠎ᠠ ᠳᠠᠭᠠᠭᠠᠭᠰᠠᠨ ᠥᠭᠡᠯᠡᠳ ᠤᠨ ᠭᠡᠳᠤᠨ ᠰᠤᠮᠤ᠂ ᠦᠪᠣᠷ ᠮᠤᠩᠭ᠋ᠤᠯ ᠤᠨ ᠬᠦᠬᠡ‍ᠨᠠᠭᠤᠷ ᠲᠤ 21 ᠬᠤᠰᠢᠭᠤ᠂ ᠢᠯᠢ ᠳᠠᠷᠪᠠᠭᠠᠳᠠᠢ ᠳᠤ ᠬᠠᠮᠤᠭ ᠤᠨ ᠣᠯᠠᠨ ᠪᠣᠶᠤ 26 ᠬᠤᠰᠢᠭᠤ᠂ ᠰᠢᠯᠢ ᠶᠢᠨ ᠭᠤᠤᠯ ᠤᠨ ᠰᠦᠨᠢᠳ ᠲᠤ᠂ ᠠᠯᠠᠱᠠ ᠳᠤ᠂ ᠣᠷᠬᠤᠨ - ᠲ᠋ᠠᠮᠢᠷ ᠤᠨ ᠰᠠᠪᠠ ᠭᠠᠵᠠᠷ ᠲᠤ ᠭᠡᠭᠦ ᠮᠠᠳᠤ 15 ᠭᠠᠵᠠᠷ ᠲᠤ ᠥᠭᠡᠯᠡᠳ ᠤᠨ ᠪᠠᠶ᠎ᠠ ᠳᠠᠭᠠᠭᠠᠭᠰᠠᠨ ᠬᠤᠰᠢᠭᠤᠳ ᠤᠨ ᠭᠤᠯᠤᠮᠳᠠ ᠨᠤᠭᠤᠳ ᠳᠠᠷᠬᠠᠨ ᠦᠯᠠᠳᠠᠵᠠᠢ᠃

ᠬᠤᠵᠢᠮ 1990 ᠊ᠭᠡᠳ ᠣᠨ ᠤ ᠦᠶ᠎ᠡ ᠳᠤ ᠰᠢᠠᠵᠢᠶᠠᠩ ᠤᠨ ᠦᠷᠦᠮᠴᠢ ᠬᠤᠳᠠ ᠶᠢᠨ ᠥᠭᠡᠯᠡᠳ ᠤᠳ ᠠᠷᠤᠬᠠᠩᠭ᠋ᠠᠢ ᠶᠢᠨ ᠦᠯᠵᠡᠢ᠌ᠳᠤ ᠳ᠋ᠠᠭᠢ ᠣᠭᠰᠠᠭ᠎ᠠ ᠨᠢᠭᠡᠳᠡᠨ ᠲᠡᠶ ᠪᠠᠨ ᠠᠭᠤᠯᠵᠠᠬᠤ ᠦᠶ᠎ᠡ ᠪᠠᠷ 《ᠠᠯᠳᠠᠨ ᠶᠠᠰᠤᠨ᠎ᠠ ᠺᠠᠯᠲ᠋ᠠᠷᠭᠢᠶ᠎ᠠ (ᠭᠡᠯᠳᠡᠷᠭᠡᠢ)᠂ ᠠᠯᠠᠭ ᠮᠢᠬᠠᠨ᠎ᠠ ᠳᠠᠰᠤᠷᠬᠠᠢ ᠁ ᠦᠰᠢᠷᠰᠢᠨ (ᠥᠰᠦᠷᠦᠭ᠍ᠰᠡᠨ) ᠴᠢᠰᠤᠨ᠂ ᠳᠠᠰᠤᠷᠠᠭᠰᠠᠨ ᠮᠢᠬᠠᠨ ᠁》 ᠭᠡᠮᠡᠯᠴᠡᠨ ᠪᠠᠢ᠌ᠬᠤᠢ ᠨᠢ  ᠡᠨᠡ ᠴᠠᠭ ᠡᠴᠡ ᠳᠠᠷᠤᠢ 250 ᠵᠢᠯ ᠤᠨ ᠡᠮᠦᠨ᠎ᠡ ᠰᠤᠷᠠᠭ ᠠᠯᠳᠠᠷᠠᠭᠰᠠᠨ ᠭᠡᠯᠭᠢᠶ᠎ᠡ ᠬᠤᠯᠪᠣᠭ᠎ᠠ ᠲᠡᠶ ᠣᠯᠪᠠᠭ᠎ᠠ ᠲᠡᠶ ᠠᠵᠢ᠃

《ᠠᠯᠳᠠᠨ ᠶᠠᠰᠤᠨ᠎ᠠ ᠭᠡᠯᠳᠡᠷᠭᠡᠢ ᠶᠢᠨ ᠠᠷᠤ ᠡᠴᠡ》 ᠶᠠᠪᠣᠵᠤ᠂ ᠭᠡᠡᠳᠢ ᠳᠤᠷᠤᠨᠠᠳᠤ ᠶᠢ ᠮᠠᠰᠢᠨ ᠶᠢᠡᠷ ᠳᠤᠭᠤᠯᠵᠤ ᠣᠯᠠᠮ ᠶᠢᠡᠷ ᠵᠡᠭᠦᠨ ᠬᠣᠢ᠌ᠳᠤ ᠭᠢᠳᠠᠤᠨ ᠤᠨ ᠨᠤᠳᠤᠭ ᠪᠣᠯᠬᠤ ᠬᠠᠢ᠌ᠯᠠᠷ᠂ ᠮᠠᠠᠵᠤᠤᠷ ᠣᠷᠤᠵᠤ ᠥᠵᠡᠭ᠍ᠰᠡᠨ ᠶᠤᠮ᠃

ᠬᠠᠢ᠌ᠯᠠᠷ ᠬᠤᠳᠠ ᠶᠢᠨ ᠣᠢ᠌ᠷᠠᠯᠴᠠᠭ᠎ᠠ ᠧᠡᠩᠭᠢ  ᠭᠡᠳᠡᠭ᠌ ᠬᠤᠰᠢᠭᠤ ᠪᠠᠢ᠌ᠳᠠᠭ ᠶᠤᠮ ᠪᠠᠢ᠌ᠨ᠎ᠠ᠃ ᠡᠨᠡ ᠨᠢ ᠥᠭᠡᠯᠡᠳ ᠤᠳ ᠤᠨ ᠡᠭᠢᠯᠡᠵᠤ ᠣᠴᠢᠭᠰᠠᠨ ᠨᠤᠳᠤᠭ ᠠᠵᠢ᠃ ᠳᠠᠠᠳᠠ ᠪᠠᠶᠠᠨ ᠳᠠᠯ᠎ᠠ ᠭᠠᠴᠠᠭᠠᠨ ᠤ ᠳᠠᠷᠤᠭ᠎ᠠ ᠰᠢᠵᠢᠷ ᠤᠨ ᠡᠵᠡᠮᠰᠢᠯ ᠭᠠᠵᠠᠷ ᠲᠤ ᠬᠤᠨᠤᠭᠯᠠᠨ᠂ ᠨᠤᠳᠤᠭ ᠤᠨ ᠠᠬᠠᠯᠠᠭᠴᠢ ᠫᠢᠯᠵᠢᠳ  ᠳᠤ ᠪᠠᠭᠤᠷᠠᠢ᠂ ᠳᠡᠭᠦᠨ ᠤ ᠡᠭᠡᠨᠡᠷ ᠨᠡᠩᠰᠡᠯᠮ᠎ᠡ ᠪᠠᠭᠰᠢ᠂ ᠭᠦᠤ ᠳᠦᠷᠦᠭᠡ᠂ ᠭᠡᠷᠡᠯᠳᠤ᠂ ᠢᠮᠢᠨ ᠰᠤᠮᠤᠨ ᠤ ᠳᠠᠳ᠋ ᠳᠠᠷᠤᠭ᠎ᠠ ᠰᠢᠨ᠎ᠠ᠂ ᠭᠠᠴᠠᠭᠠᠨ ᠤ ᠨᠠᠮ ᠤᠨ ᠳᠠᠷᠤᠭ᠎ᠠ ᠨᠠᠮᠠᠭ᠎ᠠ᠂ ᠪᠦᠭᠡ ᠬᠠᠠᠳᠠᠮ᠎ᠠ᠂ ᠳᠡᠯᠭᠡᠭᠦᠷ ᠤᠨ ᠡᠵᠡᠨ ᠴᠠᠷᠠᠩᠵᠢᠮ ᠵᠡᠷᠭᠡ ᠣᠯᠠᠨ ᠮᠤᠩᠭ᠋ᠤᠯ ᠭᠦᠮᠦᠰ ᠲᠡᠶ ᠠᠭᠤᠯᠵᠠᠨ ᠳᠡᠦᠭᠡ ᠰᠤᠶᠤᠯ᠂ ᠭᠡᠯᠡ ᠠᠶᠠᠯᠭᠤ᠂ ᠳᠠᠭᠤᠤ ᠬᠤᠭᠤᠷ ᠢ ᠨᠢᠳᠤ ᠪᠠᠷ ᠦᠵᠡᠵᠤ ᠴᠢᠭᠢ ᠪᠠᠷ ᠰᠤᠨᠤᠰᠤᠭᠰᠠᠨ ᠶᠤᠮ᠃   ᠲ᠋ᠠᠳᠠ ᠦᠪᠡᠷᠰᠠᠤᠨ ᠤᠨ ᠶᠢᠡᠨ ᠥᠣᠭᠡ ᠭᠠᠷᠪᠠᠯᠢ ᠶᠢ ᠮᠠᠰᠢ ᠰᠠᠢ᠌ᠨ ᠮᠡᠳᠡᠳᠡᠭ᠌ ᠠᠵᠢ᠃

ᠡ᠊ᠨᠳᠡᠭᠢ ᠶᠢᠨ ᠥᠭᠡᠯᠡᠳ ᠤᠳ 1732 ᠣᠨ ᠳᠤ ᠠᠷᠤ ᠮᠤᠩᠭ᠋ᠤᠯ ᠤᠨ ᠬᠠᠯᠬ᠎ᠠ ᠭᠤᠤᠯ ᠣᠷᠴᠢᠮ ᠡᠴᠡ ᠨᠡᠭᠦᠵᠤ ᠣᠴᠢᠵᠠᠢ᠃ ᠬᠠᠯᠬ᠎ᠠ ᠭᠤᠤᠯ ᠣᠷᠴᠢᠮ ᠡᠴᠡ ᠡ᠊ᠨᠳᠡ ᠢᠷᠡᠭᠦ ᠪᠣᠯᠤᠭᠰᠠᠨ ᠰᠢᠯᠳᠠᠭᠠᠨ ᠨᠢ ᠳᠠᠠᠳᠠ ᠪᠠᠷᠭᠤ ᠨᠤᠭᠤᠳ ᠣᠯᠠᠨ ᠶᠢᠡᠷ ᠨᠡᠭᠦᠨ ᠢᠷᠡᠭ᠍ᠰᠡᠨ᠂ ᠮᠦᠨ ᠰᠠᠴᠠᠨ ᠬᠠᠨ ᠤ ᠴᠣᠢ᠌ᠵᠢᠪ᠂ ᠰᠠᠮᠫᠢᠯ᠂ ᠵᠠᠮᠵᠢᠨ ᠭᠦᠩ ᠤᠨ ᠬᠤᠰᠢᠭᠤᠳ ᠤᠨ ᠢᠷᠭᠡᠳ ᠪᠠᠢ᠌ᠩᠭ᠋ᠤ ᠡᠪᠦᠯᠵᠢᠭᠦ ᠪᠣᠯᠤᠭᠰᠠᠨ ᠣᠴᠢᠷ ᠡᠴᠡ ᠨᠤᠳᠤᠭ ᠪᠠᠯᠴᠡᠭᠡᠷ ᠬᠤᠮᠰᠠᠳᠠᠭᠰᠠᠨ᠃ ᠳᠡᠭᠡᠭᠡᠳ 《ᠥᠭᠡᠯᠡᠳ ᠭᠦᠪᠠᠭᠡᠳᠤ ᠰᠢᠷ᠎ᠠ ᠬᠤᠰᠢᠭᠤ》 ᠨᠠᠷ᠎ᠠ ᠲᠡᠶ᠂ ᠰᠠᠪᠳᠠᠩᠪᠠᠮᠪᠣᠤ ᠪᠦᠭᠦᠳᠡ ᠶᠢᠨ ᠳᠠᠷᠤᠭ᠎ᠠ ᠲᠡᠶ ᠪᠠᠷ ᠳᠦᠪᠭᠢᠨᠡᠭ᠍ᠰᠡᠨ ᠶᠤᠮ ᠪᠠᠢ᠌ᠬ᠎ᠠ᠃ ᠥᠭᠡᠯᠡᠳ ᠤᠳ ᠢ ᠮᠠᠠᠵᠤ ᠶᠢᠨ ᠬᠠᠭᠠᠨ ᠢᠮᠢᠨ ᠭᠤᠤᠯ ᠤᠨ ᠣᠷᠴᠢᠮ ᠶᠢᠡᠷ ᠨᠤᠳᠤᠭ ᠵᠢᠭᠠᠵᠤ ᠥᠭ᠍ᠴᠤ ᠱᠠᠩᠨᠠᠵᠠᠢ᠃ ᠳᠠᠷᠠ ᠰᠠᠪᠳᠠᠩᠪᠠᠮᠪᠣᠤ ᠭᠡᠮᠡᠭᠦ ᠨᠢ ᠳᠤᠭᠠᠷ ᠷᠠᠪᠳᠠᠨ ᠣᠳᠤᠮ ᠣᠭᠰᠠᠭ᠎ᠠ᠃

ᠡᠳᠡᠭᠡᠷ ᠮᠤᠩᠭ᠋ᠤᠯᠴᠤᠳ ᠣᠳᠤ ᠶᠢᠨ ᠬᠤᠪᠳᠤ᠂ ᠠᠷᠤᠬᠠᠩᠭ᠋ᠠᠢ ᠵᠥᠭ᠌ ᠡᠴᠡ ᠣᠭᠰᠢᠯ ᠲᠡᠶ᠃ 1760 ᠣᠨ ᠳᠤ ᠪᠠᠰᠠ ᠳᠠᠭᠢᠨ ᠥᠭᠡᠯᠡᠳ ᠤᠳ ᠨᠡᠮᠡᠭ᠍ᠳᠡᠵᠤ ᠢᠷᠡᠭ᠍ᠰᠡᠨ ᠶᠢᠡᠷ ᠢᠮᠢᠨ ᠭᠤᠤᠯ ᠳᠤ ᠰᠢᠨ᠎ᠠ ᠵᠠᠢ᠂ ᠬᠠᠭᠤᠴᠢᠨ ᠦᠵᠢ ᠰᠤᠮᠤ ᠡᠭᠦᠰᠴᠤ᠂ 1948 ᠣᠨ ᠡᠴᠡ ᠵᠠᠰᠠᠭ ᠵᠠᠭᠢᠷᠭᠠᠨ ᠤ ᠥᠭᠡᠷᠡᠴᠢᠯᠡᠯᠳᠡ ᠳᠤ ᠣᠷᠤᠨ ᠢᠮᠢᠨ ᠰᠤᠮᠤ ᠭᠡᠭ᠍ᠳᠡᠭᠦ ᠪᠣᠯᠤᠭᠰᠠᠨ᠃ ᠢᠮᠢᠨ ᠰᠤᠮᠤ ᠵᠢᠳᠠᠨ᠂ ᠦᠦᠡᠭᠡᠨ᠂ ᠪᠢᠯᠢᠭᠦᠳᠤ ᠵᠡᠷᠭᠡ ᠨᠢ᠋ᠮᠠᠨ ᠭᠠᠴᠠᠭ᠎ᠠ᠂ ᠨᠢᠭᠡ ᠳᠤᠰᠬᠤᠨ ᠤ ᠪᠦᠳᠦᠴᠡ ᠲᠡᠶ ᠠᠵᠢ᠃

ᠰᠠᠶ‍ᠢᠬᠠᠨ ᠭᠡᠭᠦ ᠪᠠᠷ ᠳᠡᠦᠭᠡ ᠶᠢᠨ ᠶᠠᠪᠣᠴᠠ ᠳᠤ ᠮᠤᠩᠭ᠋ᠤᠯᠴᠤᠳ ᠣᠪᠣᠭ᠎ᠠ ᠦᠰᠦᠨ ᠳᠠᠪᠵᠢᠵᠤ ᠠᠳᠤᠭᠤ ᠮᠠᠯ ᠶᠢᠡᠨ ᠥᠰᠭᠡᠨ ᠠᠮᠤᠷ ᠵᠢᠮᠤᠷ ᠪᠠᠢ᠌ᠳᠠᠯ᠎ᠠ 1910-1920 ᠣᠨ ᠳᠤ ᠣᠷᠤᠰ ᠤᠨ ᠳᠠᠮᠤᠷ ᠵᠠᠮ ᠶᠢᠡᠷ ᠳᠠᠮᠵᠢᠵᠤ ᠢᠷᠡᠭ᠍ᠰᠡᠨ ᠳᠠᠷᠪᠠᠭᠠᠨ ᠳᠠᠬᠤᠯ ᠳᠤ ᠣᠯᠠᠩᠭᠢ ᠨᠢ ᠨᠡᠷᠪᠠᠭ᠍ᠳᠡᠭ᠍ᠰᠡᠨ ᠭᠡᠳᠡᠭ᠌᠃ ᠭᠠᠢ ᠡᠭᠦᠪᠠᠷ ᠳᠠᠭᠤᠰᠤᠭᠰᠠᠨ ᠦᠭᠡᠶ᠃ 1945 ᠣᠨ ᠳᠤ ᠡ᠊ᠨᠳᠡ ᠪᠠᠢ᠌ᠭᠰᠠᠨ ᠶᠠᠫᠣᠨ ᠤ ᠠᠷᠮᠢ ᠪᠠᠺ ᠳᠸᠷᠯᠤᠭ ᠤᠨ ᠳᠤᠷᠰᠢᠯᠳᠠ ᠭᠢᠭᠦ ᠶᠠᠪᠣᠴᠠ ᠳᠤ ᠳᠠᠭᠢᠭᠠᠤᠨ ᠣᠯᠠᠨ ᠵᠢᠷ ᠤᠨ ᠢᠷᠭᠡᠳ ᠭᠡᠯᠮᠡᠭ᠍ᠳᠡᠨ ᠠᠮᠢ ᠨᠠᠰᠤ ᠪᠠᠨ ᠠᠯᠳᠠᠵᠠᠢ᠃ ᠳᠠᠬᠤᠯ ᠭᠢᠵᠢᠭ᠌᠂ ᠳᠠᠢ᠌ᠨ ᠪᠠᠢ᠌ᠯᠳᠤᠭᠠᠨ ᠳᠠᠭᠤᠰᠤᠭᠰᠠᠨ 1960 ᠣᠨ ᠭᠡᠭᠦ ᠳᠤ ᠣᠷᠳᠤᠭᠠᠰᠢ ᠪᠠᠨ 300 ᠥᠭᠡᠯᠡᠳ ᠢᠷᠭᠡᠨ ᠥᠯᠡᠳᠡᠭ᠍ᠰᠡᠨ ᠪᠦᠭᠡᠳ ᠣᠳᠤ ᠮᠢᠩᠭ᠋᠎ᠠ ᠭᠦᠷᠭᠦ ᠦᠭᠡᠶ ᠦᠨᠳᠦᠰᠦᠨ ᠤ ᠴᠥᠭᠡᠩᠭᠢ ᠪᠠᠢ᠌ᠭ᠎ᠠ ᠠᠵᠢ᠃

ᠲ᠋ᠠᠳᠠ ᠨᠢ ᠳᠤᠳᠤᠷ᠎ᠠ ᠪᠠᠨ ᠳᠦᠷᠪᠡᠳ᠂ ᠳᠤᠷᠭᠤᠳ᠂ ᠮᠢᠩᠭ᠋ᠠᠤᠨ᠂ ᠵᠠᠭᠠᠮᠠᠤᠨ ᠭᠡᠭᠦ ᠮᠠᠳᠤᠴᠢᠯᠠᠨ 24 ᠣᠪᠣᠭ ᠢᠵᠠᠭᠤᠷ ᠲᠡᠶ᠃   ᠥᠭᠡᠯᠡᠳ ᠲᠡᠶ ᠵᠡᠷᠭᠡᠴᠡᠭᠡᠳ ᠪᠠᠷᠭᠤ᠂ ᠪᠣᠷᠢᠶᠠᠤᠨ᠂ ᠳᠠᠭᠤᠷ ᠵᠡᠷᠭᠡ ᠪᠣᠰᠤᠳ ᠮᠤᠩᠭ᠋ᠤᠯ ᠦᠨᠳᠦᠰᠦᠳᠠᠨ ᠨᠤᠭᠦᠳ ᠴᠤ ᠬᠠᠮᠳᠤ ᠬᠤᠯᠢᠯᠳᠤᠨ ᠨᠢᠭᠡ ᠳᠤᠤᠷ᠎ᠠ ᠪᠠᠢ᠌ᠴᠠᠭᠠᠨ᠎ᠠ᠃ ᠡᠳᠡ ᠨᠡᠷ ᠥᠭᠡᠷ᠎ᠡ ᠵᠠᠭᠤᠷ᠎ᠠ ᠭᠢᠳᠠᠤᠨ ᠶᠢᠡᠷ ᠶᠠᠷᠢᠯᠴᠠᠬᠤ ᠪᠣᠯᠪᠠᠴᠤ ᠳᠦᠴᠢ ᠡᠴᠡ ᠳᠡᠭᠡᠭ᠍ᠰᠢ ᠨᠠᠰᠤᠨ ᠤ ᠭᠢᠨ ᠤ ᠳᠤᠳᠤᠷ᠎ᠠ ᠥᠭᠡᠯᠡᠳ ᠠᠶᠠᠯᠭᠤ᠂ ᠵᠠᠩᠰᠢᠯ ᠶᠡᠭᠡ᠂ ᠪᠠᠭ᠎ᠠ ᠭᠡᠮᠵᠢᠶ᠎ᠡ ᠪᠠᠷ ᠬᠠᠳᠠᠭᠠᠯᠠᠭᠳᠠᠨ ᠦᠯᠠᠳᠠᠵᠠᠢ᠃

ᠢᠮᠢᠨ ᠭᠤᠤᠯ ᠤᠨ ᠥᠭᠡᠯᠡᠳ ᠤᠳ ᠲᠤ ᠪᠦᠭᠡ ᠶᠢᠨ ᠱᠠᠰᠢᠨ ᠤ ᠣᠯᠠ ᠮᠦᠷ ᠪᠠᠢ᠌ᠬᠤ ᠶᠢᠨ ᠵᠡᠷᠭᠡᠴᠡᠭᠡ 1785 ᠣᠨ ᠳᠤ ᠬᠠᠷ᠎ᠠ ᠬᠤᠵᠢᠷ ᠭᠡᠳᠡᠭ᠌ ᠭᠠᠵᠠᠷ ᠲᠤ ᠮᠠᠠᠵᠤ ᠨᠤᠭᠤᠳ 《ᠪᠣᠶᠠᠨ ᠵᠤᠵᠠᠭᠠᠳᠬᠠᠬᠤ》 ᠰᠦᠮ᠎ᠡ ᠪᠠᠷᠢᠵᠤ ᠥᠭ᠍ᠴᠤ ᠢᠪᠠᠭᠡᠵᠡᠢ᠃ ᠣᠭ ᠰᠦᠮ᠎ᠡ ᠳᠤ ᠠᠢ᠌ᠯ ᠪᠦᠷᠢ ᠶᠢᠨ ᠭᠦᠪᠠᠭᠦᠤᠨ ᠡᠴᠡ ᠯᠠᠮ᠎ᠠ ᠪᠣᠯᠭᠠᠵᠤ ᠪᠠᠢ᠌ᠭᠰᠠᠨ ᠣᠯᠠᠮᠵᠢᠯᠠᠯ ᠢ ᠨᠢ ᠭᠢᠳᠠᠤᠨ ᠲᠤ ᠥᠷᠨᠢᠭ᠍ᠰᠡᠨ ᠰᠤᠶᠤᠯ ᠤᠨ ᠬᠤᠪᠢᠰᠬᠠᠯ ᠣᠰᠠᠳᠬᠠᠭᠰᠠᠨ ᠠᠵᠢ᠃ ᠣᠳᠤ ᠵᠢᠯ ᠪᠦᠷᠢ ᠣᠪᠣᠭ᠎ᠠ ᠳᠠᠭᠢᠯᠭ᠎ᠠ᠂ ᠡᠷ᠎ᠡ ᠶᠢᠨ ᠭᠤᠷᠪᠠᠨ ᠨᠠᠭᠠᠳᠤᠮ ᠭᠢᠭᠦ ᠵᠡᠷᠭᠡ ᠬᠠᠭᠤᠴᠢᠨ ᠶᠤᠰᠤ ᠵᠠᠩᠰᠢᠯ ᠪᠠᠭ᠎ᠠ ᠵᠡᠷᠭᠡ ᠰᠡᠷᠭᠦᠵᠤ᠂ ᠳᠦᠪᠰᠢᠠᠪᠠᠶᠠᠷ᠂ ᠰᠠᠷᠠᠩᠳᠠᠰᠢ ᠨᠡᠷ ᠤᠨ ᠨᠥᠭᠦᠤᠨ ᠤᠨ ᠭᠢᠴᠢᠶᠠᠯ ᠵᠢᠦᠡᠭᠦᠯ ᠶᠢᠡᠷ ᠳᠠᠭᠤᠤ ᠬᠤᠭᠤᠷ ᠤᠨ ᠳᠤᠰᠬᠠᠢ ᠨᠡᠪᠳᠡᠷᠡᠭᠦᠯᠭᠡ ᠷᠠᠳᠢᠤ᠋᠂ ᠳᠸᠯᠸᠢᠰ ᠶᠢᠡᠷ ᠣᠯᠠᠠᠳᠠ ᠶᠠᠪᠣᠭᠳᠠᠬᠤ ᠪᠣᠯᠤᠭᠰᠠᠨ ᠪᠠᠢ᠌ᠨ᠎ᠠ᠃ ᠮᠤᠩᠭ᠋ᠤᠯ ᠠᠷᠠᠤᠨ ᠤᠨ ᠣᠷᠳᠤ ᠶᠢᠨ ᠳᠠᠭᠤᠤ ᠶᠢ ᠳᠠᠭᠤᠯᠠᠬᠤ ᠶᠠᠪᠣᠳᠠᠯ ᠨᠠᠩ ᠬᠤᠪᠣᠷᠳᠠᠭᠰᠠᠨ ᠪᠣᠯᠪᠠᠴᠤ ᠪᠣᠰᠤᠳ ᠪᠠᠰᠡᠷᠡᠭ᠌ ᠳᠠᠭᠤᠤ ᠭᠦᠭ᠍ᠵᠢᠮ ᠤᠨ ᠠᠶᠠᠰ᠂ ᠥᠭᠡ ᠭᠡᠯᠡᠯᠭᠡ ᠨᠢ ᠬᠤᠪᠳᠤ ᠨᠤᠳᠤᠭ ᠤᠨ ᠥᠭᠡᠯᠡᠳ ᠤᠳ ᠲᠡᠶ ᠣᠢ᠌ᠷᠠᠯᠴᠠᠭ᠎ᠠ ᠪᠠᠢ᠌ᠭ᠎ᠠ ᠨᠢ ᠢᠯᠠᠳᠳᠠ ᠮᠡᠳᠡᠷᠡᠭ᠍ᠳᠡᠳᠡᠭ᠌᠃

ᠥᠩᠭᠡᠷᠡᠭ᠍ᠰᠡᠨ ᠵᠤᠨ ᠢᠮᠢᠨ ᠰᠤᠮᠤᠨ ᠤ ᠵᠢᠷᠠᠨ ᠵᠢᠯ ᠤᠨ ᠣᠢ ᠪᠣᠯᠵᠠᠢ᠃ ᠣᠭ ᠣᠢ ᠳᠤ ᠵᠤᠷᠢᠭᠤᠯᠤᠭᠰᠠᠨ ᠠᠷᠭ᠎ᠠ ᠭᠡᠮᠵᠢᠶᠡᠨ ᠤ ᠳᠤᠳᠤᠷ᠎ᠠ 《ᠳᠤᠩᠭ᠋ᠠᠯᠠᠭ ᠢᠮᠢᠨ》 ᠭᠡᠮᠡᠭᠦ ᠨᠤᠳᠤᠭ ᠤᠨ ᠣᠭ ᠭᠠᠷᠪᠠᠯᠢ ᠶᠢᠨ ᠳᠤᠬᠠᠢ ᠪᠢᠴᠢᠭ᠍ᠰᠡᠨ ᠨᠤᠮ ᠢ ᠭᠠᠷᠭᠠᠭᠰᠠᠨ ᠪᠠᠢ᠌ᠨ᠎ᠠ᠃ ᠨᠤᠮ ᠳᠤ ᠨᠤᠳᠤᠭ ᠣᠰᠤᠨ ᠤ ᠭᠢ ᠪᠠᠨ ᠨᠠᠷ᠎ᠠ ᠶᠢ ᠰᠠᠢ᠌ᠨ ᠶᠢᠡᠷ ᠳᠠᠭᠤᠳᠠᠭᠤᠯᠤᠭᠰᠠᠨ ᠣᠯᠠᠨ ᠠᠯᠳᠠᠷᠳᠠᠨ ᠨᠤᠭᠤᠳ ᠤᠨ ᠳᠡᠦᠭᠡ ᠨᠠᠮᠳᠠᠷ ᠢ ᠣᠷᠤᠭᠤᠯᠵᠠᠢ᠃ ᠳᠤᠬᠠᠢ᠌ᠯᠠᠪᠠᠯ᠂ ᠶᠠᠫᠣᠨ ᠳᠤ ᠭᠤᠷᠪᠠᠨ ᠣᠳᠠᠭ᠎ᠠ ᠰᠤᠷᠭᠠᠭᠤᠯᠢ ᠳᠤ ᠰᠤᠷᠤᠯᠴᠠᠭᠰᠠᠨ᠂ ᠠᠷᠪᠠᠭᠠᠤᠨ ᠣᠯᠤᠰ ᠤᠨ ᠭᠡᠯᠡ ᠮᠡᠳᠡᠳᠡᠭ᠌᠂ ᠶᠠᠫᠣᠨ ᠤ ᠡᠵᠡᠷᠭᠡᠭ᠍ᠴᠢᠳ ᠤᠨ ᠭᠤᠷᠪᠠᠨ ᠣᠳᠠᠭ᠎ᠠ ᠶᠢᠨ ᠭᠦᠭᠡᠭᠡᠯᠳᠡ ᠡᠴᠡ ᠡᠷᠭᠡ ᠮᠠᠳᠠᠯ ᠶᠢᠡᠨ ᠠᠰᠢᠭᠯᠠᠨ ᠨᠤᠳᠤᠭ ᠣᠰᠤ ᠪᠠᠨ ᠠᠪᠴᠤ ᠥᠯᠡᠳᠡᠭ᠍ᠰᠡᠨ ᠴᠠᡁᠮᠠᠤᠨ ᠣᠪᠣᠭ ᠤᠨ ᠬᠠᠳᠠ ᠶᠢᠨ ᠳᠤᠬᠠᠢ ᠭᠠᠷᠳᠠᠭ᠃ ᠬᠠᠳᠠ ᠶᠢᠨ ᠦᠬᠢᠨ ᠷᠠᠵᠢᠤᠠᠮ᠎ᠠ ᠡᠴᠢᠭᠡ ᠶᠢᠨ ᠭᠢ ᠪᠠᠨ ᠮᠡᠡᠳᠦᠯᠡᠭ᠍ᠰᠡᠨ ᠤ 100 ᠵᠢᠯ ᠤᠨ ᠳᠤᠷᠠᠰᠬᠠᠯ ᠳᠤ ᠵᠤᠷᠢᠭᠤᠯᠤᠨ ᠪᠢᠴᠢᠭ᠍ᠰᠡᠨ 《ᠨᠤᠳᠤᠭ ᠤᠨ ᠮᠢᠨᠢ ᠥᠭᠡᠯᠡᠳ ᠤᠳ》 ᠭᠡᠰᠡᠨ ᠳᠤᠰᠬᠠᠢ ᠨᠤᠮ ᠴᠤ ᠪᠠᠢ᠌ᠨ᠎ᠠ᠃ ᠳᠠᠢ᠌ᠨ ᠤ ᠵᠢᠯ ᠤᠳ ᠲᠤ ᠶᠠᠫᠣᠨ ᠨᠤᠭᠤᠳ ᠡ᠊ᠨᠳᠡᠭᠢ ᠶᠢᠨ ᠮᠠᠯᠴᠢᠳ ᠢ ᠭᠠᠵᠠᠷ ᠳᠠᠷᠢᠶᠠᠯᠠᠩ ᠤᠨ ᠪᠦᠰᠡ ᠪᠣᠯᠭᠠᠬᠤ᠂ ᠠᠯᠳᠠᠨ ᠤ ᠠᠭᠤᠷᠬᠠᠢ ᠨᠡᠭᠡᠭᠡᠭᠦ᠂ ᠣᠷᠤᠰ ᠤᠨ ᠴᠡᠷᠢᠭ᠌ ᠤᠨ ᠵᠠᠮ ᠭᠦᠯ ᠡᠴᠡ ᠵᠠᠢ᠌ᠯᠠᠭᠤᠯᠬᠤ ᠰᠢᠯᠳᠠᠭᠠᠨ ᠶᠢᠡᠷ ᠣᠳᠠᠭ᠎ᠠ ᠳᠠᠷᠠᠭ᠎ᠠ ᠭᠦᠭᠡᠭᠡᠵᠤ ᠪᠠᠢ᠌ᠵᠠᠢ᠃

ᠥᠭᠡᠷ᠎ᠡ ᠨᠢᠭᠡ ᠰᠤᠨᠢᠷᠬᠠᠯ ᠲᠡᠶ ᠪᠠᠷᠢᠮᠳᠠ ᠣᠯᠤᠭᠰᠠᠨ ᠨᠢ ᠬᠠᠷ᠎ᠠ ᠮᠦᠷᠠᠨ ᠳᠤ ᠠᠮᠢᠳᠤᠷᠠᠵᠤ ᠪᠣᠢ ᠨᠢᠭᠡᠨ ᠮᠤᠩᠭ᠋ᠤᠯ ᠠᠢ᠌ᠯ ᠳᠤ ᠭᠠᠯᠳᠠᠨ ᠪᠣᠱᠤᠭᠳᠤ ᠬᠠᠭᠠᠨ ᠤ ᠦᠪᠡᠷ ᠤᠨ ᠭᠢᠨᠢ ᠡᠵᠡᠮᠰᠢᠵᠤ ᠪᠠᠢ᠌ᠭᠰᠠᠨ ᠨᠤᠮᠤ ᠰᠤᠮᠤ ᠣᠳᠤ ᠪᠣᠯᠳᠠᠯ᠎ᠠ ᠥᠪᠯᠡᠭ᠍ᠳᠡᠨ᠂ ᠬᠠᠳᠠᠭᠠᠯᠠᠭᠳᠠᠨ ᠥᠯᠡᠳᠡᠭ᠍ᠰᠡᠨ ᠳᠤᠬᠠᠢ ᠶᠤᠮ᠃ ᠴᠢᠴᠢᠬᠠᠷ ᠭᠡᠳᠡᠭ᠌ ᠬᠤᠳᠠ ᠳᠤ ᠥᠭᠡᠯᠡᠳ ᠡᠮᠡᠭᠡᠨ ᠤ ᠳᠤ ᠣᠭ ᠨᠤᠮᠤ ᠰᠤᠮᠤ ᠪᠠᠢ᠌ᠭ᠎ᠠ ᠶᠢ ᠧᠡᠩᠭᠢ ᠬᠤᠰᠢᠭᠤᠨ ᠤ ᠰᠤᠶᠤᠯ᠂ ᠳᠠᠮᠢᠷ᠂ ᠷᠠᠳᠢᠤ᠋ ᠳᠸᠯᠸᠢᠰ ᠤᠨ ᠳᠤᠪᠴᠢᠶᠠᠨ ᠤ ᠳᠠᠭᠠᠭᠠᠮᠠᠯ ᠢ᠊·ᠰᠡᠩᠭᠡ ᠰᠤᠷᠠᠭᠯᠠᠵᠤ ᠣᠴᠢᠭᠠᠤᠨ ᠬᠤᠳᠠᠯᠳᠤᠨ ᠠᠪᠬᠤ ᠦᠨ᠎ᠡ ᠬᠠᠩᠰᠢ ᠰᠤᠨᠤᠰᠤᠨ ᠣᠯᠠᠮ ᠶᠢᠡᠷ ᠵᠢᠷᠤᠭ ᠢ ᠨᠢ ᠪᠠᠭᠤᠯᠭᠠᠵᠤ ᠠᠪᠣᠭᠰᠠᠨ ᠪᠠᠢ᠌ᠨ᠎ᠠ᠃

ᠢᠮᠢᠨ ᠨᠤᠳᠤᠭ ᠲᠤ ᠳᠠᠪᠣ ᠬᠤᠨᠤᠭ ᠵᠤᠴᠢᠯᠠᠵᠤ᠂ ᠭᠦᠯᠤᠨ ᠪᠣᠢ᠌ᠷ ᠠᠢ᠌ᠮᠠᠭ ᠤᠨ ᠪᠠᠷᠭᠤ᠂ ᠦᠵᠦᠮᠤᠴᠢᠨ᠂ ᠪᠣᠷᠢᠶᠠᠤᠨ ᠵᠡᠷᠭᠡ ᠵᠤᠨ ᠣᠯᠠᠨ ᠲᠡᠶ ᠭᠡᠯᠭᠢᠶ᠎ᠡ ᠬᠤᠯᠪᠣᠭ᠎ᠠ ᠳᠤᠭᠳᠠᠭᠠᠨ 《ᠪᠠᠷᠭᠤᠵᠢᠨ》 《ᠠᠯᠳᠠᠨ ᠳᠦᠷᠦᠭᠡ》 《ᠠᠯᠳᠠᠷᠭᠠᠨ᠎ᠠ》 ᠨᠠᠭᠠᠳᠤᠮ ᠣᠯᠠᠮᠵᠢᠯᠠᠯ ᠪᠣᠯᠤᠨ ᠥᠷᠭᠡᠵᠢᠵᠤ ᠪᠠᠢ᠌ᠭ᠎ᠠ ᠶᠢ ᠰᠤᠨᠤᠰᠤᠭᠠᠤᠨ ᠨᠠᠩ ᠦᠨᠳᠦᠷ ᠰᠡᠳᠭᠢᠭ᠍ᠳᠡᠯ ᠲᠡᠶ ᠢᠷᠡᠭ᠍ᠰᠡᠨ ᠳᠤᠬᠠᠢ ᠪᠠᠨ ᠳᠤᠭ ᠱᠠᠪᠢ- ᠳᠤᠤᠬᠠᠷᠠ ᠣᠪᠣᠭᠳᠤ ᠰ·ᠪᠠᠳᠤᠲᠤᠯᠭ᠎ᠠ ᠪᠠᠷ ᠳᠡᠮᠳᠡᠭᠯᠡᠨ ᠪᠢᠴᠢᠵᠤ ᠮᠠᠨ ᠤ ᠳᠤ ᠢᠷᠡᠭᠦᠯᠦᠯ᠎ᠡ᠃


ᠵᠤᠬᠢᠶᠠᠭᠴᠢ ᠰ·ᠪᠠᠳᠤᠲ᠋ᠤᠯᠭ᠎ᠠ ᠪᠣᠯ ᠮᠤᠩᠭ᠋ᠤᠯ ᠣᠯᠤᠰ ᠤᠨ ᠣᠢ᠌ᠷᠠᠤᠨ ᠰᠤᠳᠤᠯᠭᠠᠨ ᠤ ᠨᠡᠢ᠌ᠭᠡᠮᠯᠢᠭ᠌ ᠤᠨ ᠨᠠᠷᠢᠨ ᠪᠢᠴᠢᠭ᠌ ᠤᠨ ᠳᠠᠷᠤᠭ᠎ᠠ


(ᠵᠤᠬᠢᠶᠠᠭᠴᠢ ᠶᠢᠨ ᠵᠦᠪᠰᠢᠶᠠᠷᠠᠯ ᠶᠢᠡᠷ ᠵᠠᠷᠢᠮ ᠵᠣᠢ᠌ᠯ ᠢ ᠵᠠᠰᠠᠪᠠ)


ᠵᠤᠬᠢᠶᠠᠭᠴᠢ ᠶᠢᠨ ᠬᠠᠶ‍ᠢᠭ ᠄ ᠮᠤᠩᠭ᠋ᠤᠯ ᠣᠯᠤᠰ ᠤᠨ ᠣᠢ᠌ᠷᠠᠤᠨ ᠰᠤᠳᠤᠯᠭᠠᠨ ᠤ ᠨᠡᠢ᠌ᠭᠡᠮᠯᠡᠭ᠌

ᠵᠤᠬᠢᠶᠠᠭᠴᠢ᠄ ᠰ·ᠪᠠᠳᠤᠲᠤᠯᠭ᠎ᠠ
ᠢᠷᠡᠯᠲᠡ᠄ ᠦᠭᠡᠯᠡᠳ ᠭᠠᠯᠳᠠᠨ ᠬᠠᠩᠭᠠᠪᠠ
ᠬᠠᠷᠢᠶ᠎ᠠ᠄ ᠮᠤᠩᠭᠤᠯ ᠲᠡᠦᠬᠡ
ᠳᠠᠷᠤᠮ᠄ 6988
ᠴᠠᠭ᠄ 2010 ᠤᠨ ᠤ 01 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ