ᠡᠷᠢᠶᠡᠨ ᠬᠤᠷᠸ᠎ᠠ ᠶᠢᠨ ᠡᠯᠳᠡᠪ ᠤᠴᠢᠷ

ᠣᠯᠠᠭᠠᠨ ᠰᠸᠯᠢᠩ


ᠬᠤᠷᠢᠳᠤᠭᠠᠷ ᠵᠠᠭᠤᠨ ᠤ ᠵᠢᠷᠠᠭᠠᠤᠨ ᠣᠨ ᠳᠤ ᠰᠦᠷ ᠳᠠᠯᠠᠢ᠌ᠴᠠ ᠲᠡᠶ ᠰᠤᠶᠤᠯ ᠤᠨ ᠬᠤᠪᠢᠰᠬᠠᠯ ᠤᠨ ᠣᠯᠠᠭᠠᠨ ᠰᠢᠭᠤᠷᠭ᠎ᠠ ᠡᠭᠡ ᠣᠯᠤᠰ ᠤᠨ ᠥᠡᠴᠦᠭ᠌ ᠪᠣᠯᠤᠩ ᠢ ᠴᠤ ᠥᠯᠡᠳᠡᠭᠡᠯ ᠦᠭᠡᠶ ᠳᠡᠪᠵᠢᠶᠡᠷᠡᠭᠦᠯᠭᠦ ᠳᠡᠭᠡᠨ ᠠᠶᠠᠠᠴᠢᠤᠨ ᠤᠨ ᠮᠠᠰᠢᠨ ᠨᠡᠪᠳᠡᠷᠡᠭᠡᠳᠦᠢ ᠡᠨᠧᠷᠭᠢ ᠴᠠᠭᠢᠯᠭᠠᠨ ᠢ ᠴᠤ ᠭᠡᠷᠡᠭᠯᠡᠵᠤ ᠳᠡᠢ᠌ᠯᠦᠭᠡᠳᠦᠢ ᠪᠠᠢ᠌ᠭᠰᠠᠨ ᠪᠣᠢ᠌ᠳᠠ ᠪᠦᠭᠯᠡᠭᠦᠤ ᠪᠣᠷᠬᠠᠠᠳᠤ ᠶᠢᠨ ᠠᠢ᠌ᠯ ᠢ ᠴᠤ ᠬᠤᠴᠤᠷᠤᠭᠤᠯᠤᠯ ᠦᠭᠡᠶ ᠪᠠᠷ ᠬᠤᠪᠢᠰᠬᠠᠯ ᠤᠨ ᠣᠯᠠᠭᠠᠨ ᠰᠢᠭᠤᠷᠭ᠎ᠠ ᠳᠠᠭᠠᠨ ᠬᠠᠮᠤᠨ ᠠᠪᠣᠭᠰᠠᠨ ᠪᠠᠢ᠌ᠯ᠎ᠠ ᠃

ᠪᠣᠷᠬᠠᠠᠳᠤ ᠶᠢᠨ ᠠᠢ᠌ᠯ ᠤᠨ ᠶᠢᠡᠨ ᠡᠷᠳᠡᠮ ᠰᠤᠶᠤᠯᠳᠠᠨ ᠤ ᠳᠠᠩᠰᠠᠨ ᠳᠤ ᠨᠠᠷ᠎ᠠ ᠪᠢᠴᠢᠭ᠍ᠳᠡᠵᠤ ᠶᠠᠪᠣᠳᠠᠭ ᠭᠦᠭᠡ ᠭᠤᠸᠠᠢ ᠰᠡᠭᠡᠭᠡᠷᠡᠭ᠍ᠰᠡᠨ ᠳᠠᠷᠢᠭᠢᠳᠠᠨ ᠤ ᠬᠤᠪᠢ ᠪᠠᠷ ᠬᠤᠪᠢᠰᠬᠠᠯ ᠤᠨ ᠡᠩᠨᠡᠭᠡᠨ ᠳᠤ ᠬᠤᠰᠢᠭᠤᠴᠢᠯᠠᠨ ᠣᠷᠤᠯᠴᠠᠬᠤ ᠨᠢ ᠭᠡᠨ ᠭᠡᠯᠡᠭ᠍ᠰᠡᠨ ᠴᠤ ᠠᠶᠠᠠᠳᠠᠭᠠᠨ ᠤ ᠭᠡᠷᠡᠭ᠌ ᠪᠢᠯᠠ ᠃

ᠭᠦᠭᠡ ᠭᠤᠸᠠᠢ ᠪᠣᠷᠬᠠᠠᠳᠤ ᠶᠢᠨ ᠠᠢ᠌ᠯ ᠤᠨ ᠶᠢᠡᠨ ᠰᠤᠶᠤᠯ ᠤᠨ ᠶᠡᠭᠡ ᠬᠤᠪᠢᠰᠬᠠᠯ ᠢ ᠳᠣᠢ᠌ᠯᠪᠣᠷᠢᠳᠠᠢ ᠰᠠᠢ᠌ᠨ ᠭᠢᠭᠦ ᠶᠢᠨ ᠳᠦᠯᠦᠭᠡ ᠶᠠᠭᠤᠨ ᠤ ᠣᠷᠢᠤᠨ ᠦᠪᠡᠷ ᠤᠨ ᠭᠡᠷ ᠡᠴᠡ ᠪᠠᠨ ᠡᠭᠢᠯᠡᠵᠤ ᠬᠤᠪᠢᠰᠬᠠᠯ ᠭᠢᠪᠠ ᠃ ᠳᠠᠷᠠ 《ᠳᠦᠷᠪᠡᠨ ᠬᠠᠭᠤᠴᠢᠨ》‍ ᠢ ᠡᠪᠳᠡᠵᠤ ᠦᠪᠡᠷ ᠤᠨ ᠭᠡᠷ ᠲᠡᠭᠡᠨ ᠦᠶ᠎ᠡ ᠣᠯᠠᠷᠢᠨ ᠥᠯᠡᠳᠡᠭ᠍ᠳᠡᠵᠤ ᠢᠷᠡᠭ᠍ᠰᠡᠨ 《ᠬᠠᠭᠤᠴᠢᠤᠨ》‍ ᠢ ᠰᠢᠳᠠᠭᠠᠪᠠ ᠃ ᠳᠡᠭᠦᠨ ᠤ ᠰᠢᠳᠠᠭᠠᠭᠰᠠᠨ ᠡᠳ᠋ ᠭᠡᠷᠡᠭ᠍ᠰᠡᠯ ᠨᠢ ᠡᠯᠦᠡᠴᠡ ᠡᠪᠦᠭᠡ ᠶᠢᠨ ᠭᠢᠨᠢ ᠣᠷᠠᠯᠠᠨ ᠰᠠᠢ᠌ᠯᠪᠣᠷᠢᠯᠠᠵᠤ ᠭᠢᠭ᠍ᠰᠡᠨ ᠮᠤᠩᠭ᠋ᠤᠯ ᠰᠢᠳᠠᠷ᠎ᠠ ᠂ ᠡᠪᠦᠭᠡ ᠳᠡᠭᠡᠳᠤ ᠶᠢᠨ ᠭᠢᠨᠢ ᠦᠶ᠎ᠡ ᠡᠴᠡ ᠣᠯᠠᠮᠵᠢᠯᠠᠵᠤ ᠢᠷᠡᠭ᠍ᠰᠡᠨ ᠪᠣᠷᠬᠠᠨ ᠭᠦᠩᠭ᠋ᠡᠷᠪᠡ ᠂ ᠭᠠᠤᠯᠢᠨ ᠳᠠᠭᠢᠯ ᠵᠤᠯᠠ ᠂ ᠮᠥᠩᠭᠦᠨ ᠴᠥᠭᠦᠴᠡ ᠂ ᠡᠵᠢ ᠶᠢᠨ ᠭᠢᠨᠢ ᠬᠠᠷᠢᠯᠠᠬᠤ ᠦᠶ᠎ᠡ ᠶᠢᠨ ᠳᠦᠷᠭᠦᠮ ᠡᠴᠡ ᠪᠠᠨ ᠠᠪᠴᠢᠷᠠᠭᠰᠠᠨ ᠯᠤᠤ ᠭᠠᠷᠤᠳᠢ ᠶᠢᠨ ᠭᠦᠪᠦᠭᠡᠷ ᠭᠡ ᠣᠭᠠᠯᠵᠠ ᠲᠡᠶ ᠭᠤᠶᠤ ᠰᠠᠢ᠌ᠬᠠᠨ ᠬᠤᠤᠰ ᠠᠪᠳᠠᠷ᠎ᠠ ᠭᠢᠭᠡᠤᠨ 《ᠭᠦᠭᠡ ᠰᠤᠳᠤᠷ》 ᠂ 《ᠮᠤᠩᠭ᠋ᠤᠯ ᠤᠨ ᠨᠢᠭᠤᠴᠠ ᠳᠤᠪᠴᠢᠶᠠᠨ》 ᠵᠡᠷᠭᠡ ᠡᠷᠳᠡᠨ ᠤ ᠨᠤᠮ ᠰᠤᠳᠤᠷ ᠤᠳ ᠪᠠᠢ᠌ᠯ᠎ᠠ ᠃ ᠭᠦᠭᠡ ᠭᠤᠸᠠᠢ ᠪᠣᠷᠬᠠᠠᠳᠤ ᠭᠡᠳᠡᠭ᠌ ᠨᠢ ᠠᠢ᠌ᠯ ᠪᠠᠷᠢᠭᠠᠳᠠ ᠶᠢᠨ ᠬᠤᠪᠢᠰᠬᠠᠯ ᠤᠨ ᠭᠦᠭ᠍ᠵᠢᠯᠳᠡ ᠶᠢ ᠬᠠᠷᠰᠢᠯᠠᠵᠤ ᠪᠠᠢ᠌ᠨ᠎ᠠ ᠭᠡᠤᠨ ᠠᠢ᠌ᠯ ᠤᠨ ᠶᠢᠡᠨ ᠨᠠᠷᠠᠢ᠌ᠳᠤᠯ ᠢ ᠳᠠᠪᠰᠢᠯᠳᠠ ᠪᠠᠷᠢᠭᠠᠳᠠ ᠭᠡᠵᠤ ᠬᠠᠯᠠᠭᠠᠤᠨ ᠂ ᠠᠪᠣ ᠡᠵᠢ ᠶᠢᠨ ᠶᠢᠡᠨ ᠳᠡᠭᠦᠨ ᠳᠤ ᠡᠩᠭᠦᠷᠡᠢ᠌ᠯᠡᠵᠤ ᠦᠭ‍ᠭᠦᠭ᠍ᠰᠡᠨ ᠭᠦᠭᠡ ᠭᠡᠳᠡᠭ᠌ ᠨᠠᠷ᠎ᠠ ᠶᠢ ᠬᠤᠪᠢᠰᠬᠠᠯᠴᠢ ᠭᠦᠮᠤᠨ ᠳᠤ ᠵᠤᠭᠢᠬᠤ ᠦᠭᠡᠶ ᠭᠡᠤᠨ ᠦᠪᠡᠷ ᠤᠨ ᠨᠠᠷ᠎ᠠ ᠪᠠᠨ ᠲᠤᠷᠦᠨᠠᠰᠠᠯᠭᠢ ᠭᠡᠵᠤ ᠳᠠᠭᠤᠳᠠᠬᠤ ᠪᠣᠯᠵᠠᠢ ᠃ ᠳᠠᠷᠠ ᠪᠠᠰᠠ ᠡᠭᠡᠨᠡᠷ ᠭᠡᠦᠭᠡᠤᠨ ᠤᠨ ᠶᠢᠡᠨ ᠨᠠᠷ᠎ᠠ ᠶᠢ ᠨᠢᠭᠡ ᠨᠢᠭᠡ ᠪᠠᠷ ᠬᠤᠪᠢᠰᠬᠠᠯ ᠤᠨ ᠭᠡᠷᠡᠭ᠍ᠴᠡᠭᠡ ᠳᠤ ᠨᠡᠢ᠌ᠴᠡᠭᠦᠯᠵᠤ ᠠᠯᠳᠠᠠᠨᠠᠷᠠᠨ ᠂ ᠣᠯᠠᠭᠠᠠᠳᠤᠭ ᠂ ᠣᠯᠠᠭᠠᠠᠠᠤᠳᠤ ᠂ ᠤᠯᠡᠭᠠᠡᠴᠡᠴᠡᠭ᠌ ᠭᠡᠪᠡ ᠃ ᠳᠡᠭᠡᠭᠡᠤᠨ ᠯᠠ ᠳᠡᠭᠦᠨ ᠤ ᠭᠡᠷ ᠨᠢ ᠶᠤᠰᠤᠳᠠᠢ ᠳᠤᠷᠤᠨ᠎ᠠ ᠶᠢᠨ ᠰᠠᠯᠭᠢᠨ ᠳᠤ ᠣᠯᠠᠭᠠᠨ ᠳᠤᠭ ᠣᠯᠠᠯᠵᠠᠨ ᠨᠠᠮᠢᠷᠠᠭᠰᠠᠨ ᠂ ᠠᠯᠳᠠᠨ ᠨᠠᠷᠠᠨ ᠤ ᠢᠯᠴᠢ ᠳᠤᠶᠠᠭ᠎ᠠ ᠪᠠᠷ ᠣᠯᠠᠭᠠᠨ ᠴᠡᠴᠡᠭ᠌ ᠣᠯᠠᠯᠵᠠᠳᠠᠯ᠎ᠠ ᠳᠡᠯᠭᠡᠷᠡᠭ᠍ᠰᠡᠨ ᠬᠤᠪᠢᠰᠬᠠᠯᠴᠢ ᠭᠡᠷ ᠪᠦᠯᠢ ᠪᠣᠯᠬᠤ ᠵᠥᠭ᠌ ᠲᠡᠭᠡᠨ ᠬᠠᠠᠳᠤᠵᠠᠢ ᠃

ᠭᠦᠭᠡ ᠭᠤᠸᠠᠢ ᠢᠩᠭᠢᠭᠡᠤᠨ ᠯᠠ ᠵᠤᠭᠰᠤᠭᠰᠠᠨ ᠦᠭᠡᠶ᠃ ᠳᠠᠷᠠ 《ᠬᠤᠪᠢᠰᠬᠠᠯ ᠭᠢᠪᠠᠯ ᠡᠷᠭᠡᠪᠠᠰᠢ ᠳᠣᠢ᠌ᠯᠪᠣᠷᠢᠳᠠᠢ ᠭᠢᠭᠦ ᠭᠡᠷᠡᠭ᠍ᠳᠡᠢ ᠂ ᠳᠤᠷᠭᠤᠨ ᠳᠤᠳᠠᠭᠤ ᠭᠢᠵᠤ ᠶᠠᠭᠠᠭᠢᠭᠰᠠᠨ ᠴᠤ ᠪᠣᠯᠬᠤ ᠦᠭᠡᠶ》 ᠭᠡᠵᠤ ᠡᠭᠦᠳᠡᠨ ᠡᠮᠦᠨ᠎ᠡ ᠪᠠᠨ ᠦᠨᠳᠦᠷ ᠴᠢᠭᠠᠨ ᠪᠣᠰᠬᠠᠵᠤ ᠳᠠᠪᠤᠨ ᠣᠳᠤᠳᠠᠢ ᠣᠯᠠᠭᠠᠨ ᠳᠤᠭ ᠨᠠᠮᠢᠷᠠᠭᠤᠯᠵᠤ ᠂ ᠡᠭᠦᠳᠡᠨ ᠭᠠᠳᠠᠨ᠎ᠠ ᠡᠴᠡ ᠪᠠᠨ ᠡᠭᠢᠯᠡᠭᠡᠤᠨ ᠭᠡᠷ ᠤᠨ ᠳᠤᠳᠤᠷᠠᠭᠢ ᠬᠠᠨ᠎ᠠ ᠳᠤᠭᠤᠷᠭ᠎ᠠ ᠳᠠᠭᠠᠨ ᠭᠦᠷᠳᠡᠯ᠎ᠡ ᠣᠯᠠᠭᠠᠨ ᠴᠠᠭᠠᠰᠤᠨ ᠳᠡᠭᠡᠷ᠎ᠡ 《ᠥᠭᠡ ᠶᠢᠨ ᠳᠡᠭᠦᠪᠦᠷᠢ》‍ ᠶᠢ ᠪᠢᠴᠢᠭᠡᠤᠨ ᠵᠠᠢ ᠵᠠᠪᠰᠠᠷ ᠦᠭᠡᠶ ᠨᠠᠭᠠᠵᠤ ᠣᠯᠠᠢ᠌ᠯᠭᠠᠨ᠎ᠠ ᠃ ᠭᠦᠭᠡ ᠭᠤᠸᠠᠢ ᠠᠮᠠ ᠨᠡᠭᠡᠭᠡᠮᠡᠭ᠍ᠴᠡ ᠪᠠᠨ 《ᠬᠠᠮᠤᠭ ᠳᠡᠭᠡᠳᠤ ᠵᠢᠭᠠᠪᠣᠷᠢ》 ᠭᠡᠮᠡᠨ ᠣᠩᠰᠢᠵᠤ ᠠᠯᠬᠤᠮ ᠪᠦᠷᠢ ᠳᠡᠭᠡᠨ ᠮᠠᠤ ᠳᠡᠷᠢᠭᠦᠯᠡᠭ᠍ᠴᠢ ᠶᠢᠨ ᠵᠢᠭᠠᠪᠣᠷᠢ ᠶᠢ ᠭᠡᠷᠡᠭ᠍ᠵᠢᠭᠦᠯᠵᠤ ᠂ ᠮᠠᠤ ᠽᠧ ᠳ᠋ᠦ᠋ᠩ ᠤᠨ ᠦᠵᠡᠯ ᠰᠠᠨᠠᠭ᠎ᠠ ᠶᠢ ᠰᠠᠤᠠᠭᠢᠯ ᠵᠢᠷᠦᠭᠡᠨ ᠳᠡᠭᠡᠨ ᠬᠠᠳᠠᠩᠰᠢᠭᠤᠯᠵᠤ ᠴᠢᠰᠤᠨ ᠳᠠᠭᠠᠨ ᠰᠢᠩᠭᠡᠭᠡᠵᠤ ᠂ ᠴᠤᠴᠠᠯᠳᠠ ᠦᠭᠡᠶ ᠴᠢᠩᠭ᠋᠎ᠠ ᠪᠠᠷᠢᠮᠳᠠᠯᠠᠨ ᠳᠤᠤᠱᠯᠠᠭᠤᠯᠵᠠᠢ ᠃ ᠥᠷᠯᠦᠭᠡ ᠪᠦᠷᠢ ᠦᠨᠳᠠᠢ᠌ᠵᠤ ᠪᠣᠰᠤᠮᠠᠭᠴᠠ ᠮᠠᠤ ᠳᠡᠷᠢᠭᠦᠯᠡᠭ᠍ᠴᠢ ᠶᠢᠨ ᠭᠦᠷᠦᠭ᠌ ᠤᠨ ᠡᠮᠦᠨ᠎ᠡ ᠭᠢᠵᠠᠭᠠᠯᠠᠰᠢ ᠦᠭᠡᠶ ᠦᠨᠡᠠᠴᠢ ᠪᠠᠢ᠌ᠬᠤ ᠪᠠᠨ ᠭᠠᠷ ᠡᠷᠭᠦᠨ ᠳᠠᠩᠭ᠋ᠠᠷᠢᠭᠯᠠᠵᠤ ᠂ ᠡᠳᠦᠷ ᠤᠨ ᠭᠤᠷᠪᠠᠨ ᠴᠠᠭ ᠤᠨ ᠬᠤᠭᠤᠯᠠ ᠪᠠᠨ ᠢᠳᠡᠭᠦ ᠡᠴᠡ ᠪᠠᠨ ᠣᠷᠢᠤᠨ ᠭᠡᠷ ᠤᠨ ᠪᠦᠭᠦᠨ ᠶᠢᠡᠷ ᠶᠢᠡᠨ ᠰᠦᠷ ᠵᠢᠪᠬᠤᠯᠠᠩᠳᠠᠢ ᠪᠠᠷ ᠮᠦᠷᠯᠠᠨ ᠵᠢᠭᠰᠠᠭᠠᠤᠨ 《ᠬᠠᠮᠤᠭ ᠳᠡᠭᠡᠳᠤ ᠵᠢᠭᠠᠪᠣᠷᠢ》‍‍ ᠶᠢ ᠣᠩᠰᠢᠬᠤ ᠶᠠᠪᠣᠳᠠᠯ ᠭᠦᠭᠡ ᠭᠤᠸᠠᠢ ᠶᠢᠨ ᠭᠡᠷ ᠲᠤ ᠠᠶᠤᠩᠭ᠋᠎ᠠ ᠨᠢᠷᠭᠡᠪᠠᠴᠤ ᠠᠯᠳᠠᠯ ᠦᠭᠡᠶ ᠪᠠᠷᠢᠮᠳᠠᠯᠠᠬᠤ ᠪᠠᠷ ᠣᠬᠤᠷᠬᠠᠨ ᠬᠤᠭᠤᠴᠠᠭᠠᠨ ᠳᠤ ᠳᠦᠷᠢᠮᠵᠢᠭᠡᠤᠨ ᠠᠮᠵᠢᠪᠠ ᠃ ᠳᠡᠭᠡᠭᠡᠤᠨ ᠯᠠ ᠪᠣᠷᠬᠠᠠᠳᠤ ᠶᠢᠨ ᠠᠢ᠌ᠯ ᠤᠨ ᠭᠦᠮᠦᠰ ᠭᠦᠭᠡ ᠭᠤᠸᠠᠢ ᠶᠢᠨ ᠬᠠᠭᠤᠴᠢᠨ ᠰᠢᠨ᠎ᠠ ᠨᠠᠷ᠎ᠠ ᠶᠢ ᠨᠢ ᠪᠦᠷ ᠣᠷᠭᠢᠭᠠᠤᠨ 《ᠣᠯᠠᠭᠠᠨ ᠰᠸᠯᠢᠩ》 ᠭᠡᠮᠡᠵᠤ ᠯᠠ ᠳᠠᠭᠤᠳᠠᠳᠠᠭ ᠪᠣᠯᠤᠭᠰᠠᠨ ᠪᠠᠢ᠌ᠯ᠎ᠠ ᠃ ᠢᠩᠭᠢᠵᠤ ᠳᠠᠭᠤᠳᠠᠬᠤ ᠶᠢ ᠰᠤᠨᠤᠰᠬᠤ ᠪᠣᠯᠭᠠᠨ ᠭᠦᠭᠡ ᠭᠤᠸᠠᠢ ᠳᠤ ᠪᠠᠶᠠᠷ ᠪᠠᠬᠠᠳᠤᠯ ᠲᠡᠶ ᠰᠠᠨᠠᠭᠳᠠᠵᠤ ᠪᠣᠷᠬᠠᠠᠳᠤ ᠶᠢᠨ ᠭᠦᠮᠦᠰ ᠳᠡᠭᠦᠨ ᠢ 《ᠣᠯᠠᠭᠠᠨ ᠬᠤᠪᠢᠰᠬᠠᠯᠴᠢ》 ᠭᠡᠳᠡᠭ᠌ ᠢ ᠨᠢᠭᠡᠡᠳᠡ ᠨᠤᠳᠠᠯᠠᠨ᠎ᠠ ᠭᠡᠵᠤ ᠪᠣᠳᠤᠭᠠᠤᠨ ᠰᠠᠤᠠᠭᠢᠯ ᠬᠠᠩᠬᠠᠯᠠᠭᠤᠨ ᠶᠠᠪᠣᠳᠠᠭ ᠪᠣᠯᠪᠠ᠃

ᠭᠦᠭᠡ ᠭᠤᠸᠠᠢ ᠪᠣᠷᠬᠠᠠᠳᠤ ᠳᠤ 《ᠣᠯᠠᠭᠠᠨ ᠰᠸᠯᠢᠩ》 ᠂ 《ᠣᠤᠭᠠᠨ ᠬᠤᠪᠢᠰᠬᠠᠯᠴᠢ》 ᠂ 《ᠠᠷᠠᠤᠨ ᠲᠦᠮᠡᠨ ᠤ ᠵᠢᠩᠭᠢᠨᠢ ᠥᠢᠯᠡᠴᠢᠯᠡᠭ᠍ᠴᠢ》 ᠭᠡᠮᠡᠭ᠍ᠳᠡᠨ ᠭᠢᠯᠠᠷᠠᠵᠤ ᠶᠠᠪᠣᠬᠤ ᠳᠠᠭᠠᠨ ᠪᠣᠰᠤᠳ ᠢ ᠪᠣᠳᠤᠵᠤ ᠶᠠᠪᠣᠭᠰᠠᠨ ᠡᠴᠡ ᠪᠢᠰᠢ ᠪᠠᠶ᠎ᠠ ᠪᠠᠨ ᠥᠴᠦᠭᠡᠨ ᠴᠤ ᠪᠣᠳᠤᠳᠠᠭ ᠦᠭᠡᠶ ᠨᠢ ᠦᠨᠡᠨ᠃ ᠭᠡᠪᠠᠴᠤ ᠡᠴᠢᠨᠡᠭᠡᠨ ᠵᠢᠯ ᠤᠳ ᠲᠤ ᠳᠠᠷᠠ ᠭᠠᠭᠴᠠ ᠭᠦ 《ᠬᠤᠪᠢᠰᠬᠠᠯ》 ᠭᠡᠵᠤ ᠯᠠ ᠬᠠᠰᠭᠢᠷᠴᠤ ᠶᠠᠪᠣᠭᠰᠠᠨ ᠡᠴᠡ ᠪᠢᠰᠢ ᠠᠢ᠌ᠯ ᠪᠠᠷᠢᠭᠠᠳᠠ ᠶᠢᠨ ᠠᠵᠤ ᠠᠬᠤᠢ ᠪᠣᠯᠤᠨ ᠠᠷᠠᠤᠨ ᠣᠯᠠᠨ ᠤ ᠠᠮᠢᠳᠤᠷᠠᠯ ᠢ ᠥᠴᠦᠭᠡᠨ ᠴᠤ ᠰᠠᠢ᠌ᠵᠢᠷᠠᠭᠤᠯᠵᠤ ᠴᠢᠳᠠᠭᠰᠠᠨ ᠦᠭᠡᠶ ᠨᠢ ᠨᠠᠩ ᠴᠤ ᠦᠨᠡᠨ ᠃ ᠠᠷᠪᠠᠭᠠᠤᠨ ᠵᠢᠯ ᠤᠨ ᠳᠤᠷᠰᠢ ᠳᠡᠭᠦᠨ ᠤ ᠮᠠᠷᠳᠠᠰᠢ ᠦᠭᠡᠶ ᠴᠡᠭᠡᠵᠢᠯᠡᠵᠤ ᠮᠠᠷᠭᠤᠰᠢ ᠦᠭᠡᠶ ᠪᠠᠷᠢᠮᠳᠠᠯᠠᠵᠤ ᠶᠠᠪᠣᠭᠰᠠᠨ ᠨᠢ 《ᠭᠡᠳᠦᠢ ᠶᠠᠳᠠᠭᠤ ᠪᠣᠯ ᠳᠠᠳᠤᠢ ᠬᠤᠪᠢᠰᠬᠠᠯᠴᠢ》 ᠭᠡᠳᠡᠭ᠌ ᠥᠭᠡ ᠯᠠ ᠪᠠᠢ᠌ᠭᠰᠠᠨ ᠃ ᠡᠨᠡ ᠭᠦ ᠣᠨᠤᠯ ᠢ ᠥᠢᠯᠡᠳᠦᠯᠭᠡᠵᠢᠭᠦᠯᠭᠦ ᠶᠢᠨ ᠳᠦᠯᠦᠭᠡ ᠭᠦᠭᠡ ᠭᠤᠸᠠᠢ ᠥᠭᠦᠨ ᠥᠭᠦᠳᠡᠯ᠎ᠡ ᠪᠠᠨ ᠵᠢᠦᠡᠭᠦᠭ᠍ᠰᠡᠨ ᠪᠠᠢ᠌ᠪᠠ ᠃ ᠳᠠᠢ᠌ᠮᠤ ᠡᠴᠡ ᠰᠤᠶᠤᠯ ᠤᠨ ᠶᠡᠭᠡ ᠬᠤᠪᠢᠰᠬᠠᠯ ᠤᠨ ᠰᠡᠭᠦᠯᠴᠢ ᠪᠠᠷ ᠭᠦᠭᠡ ᠭᠤᠸᠠᠢ ᠶᠢ ᠡᠨᠡ ᠳᠡᠯᠡᠭᠡᠢ ᠡᠴᠡ ᠠᠩᠭᠢᠵᠢᠷᠠᠬᠤ ᠪᠣᠯᠳᠠᠯ᠎ᠠ ᠳᠡᠭᠦᠨ ᠤ ᠭᠡᠷ ᠨᠢ ᠬᠠᠠᠵᠤᠨ ᠳᠠᠭᠠᠨ ᠴᠢᠭᠢᠷᠰᠤ ᠦᠭᠡᠶ ᠴᠤᠩᠬᠤᠨ ᠳᠠᠭᠠᠨ ᠴᠠᠭᠠᠰᠤ ᠦᠭᠡᠶ ᠭᠡᠮᠵᠢᠶᠡᠨ ᠳᠤ ᠭᠦᠷᠴᠤ ᠂ ᠪᠣᠷᠬᠠᠠᠳᠤ ᠶᠢᠨ ᠠᠢ᠌ᠯ ᠴᠤ ᠭᠡᠰᠡᠨ ᠣᠢ᠌ᠷ᠎ᠠ ᠣᠷᠴᠢᠮ ᠳᠠᠭᠠᠨ ᠥᠭᠡᠷ᠎ᠡ ᠪᠠᠢ᠌ᠬᠤ ᠦᠭᠡᠶ 《ᠬᠤᠪᠢᠰᠬᠠᠯᠴᠢ》 ᠶᠠᠳᠠᠭᠤ ᠪᠣᠯᠤᠭᠰᠠᠨ ᠪᠠᠢ᠌ᠯ᠎ᠠ ᠃

ᠭᠦᠭᠡ ᠭᠤᠸᠠᠢ ᠪᠣᠷᠬᠠᠠᠳᠤ ᠶᠢᠨ ᠶᠢᠡᠨ ᠬᠤᠪᠢᠰᠬᠠᠯ ᠤᠨ ᠳᠦᠯᠦᠭᠡ ᠭᠡᠵᠤ ᠥᠭᠦᠨ ᠴᠢᠷᠮᠠᠢ᠌ᠨ ᠵᠢᠦᠡᠭᠦᠭ᠍ᠰᠡᠭᠡᠷ ᠳᠦᠴᠢᠭᠡᠤᠨ ᠨᠠᠰᠤᠨ ᠳᠠᠭᠠᠨ ᠣᠯᠠᠭᠠᠨ ᠬᠤᠭᠤᠯᠠᠢ ᠶᠢᠨ ᠣᠮᠠᠨ ᠣᠯᠵᠠᠢ ᠃ ᠳᠤᠬᠠᠢ ᠶᠢᠨ ᠦᠶ᠎ᠡ ᠳᠤ ᠡᠮᠴᠢ ᠳᠡᠭᠦᠨ ᠤ ᠡᠪᠠᠦᠡᠴᠢᠨ ᠢ ᠣᠨᠤᠰᠢᠯᠠᠭᠠᠤᠨ ᠳᠤᠩᠬᠠᠯᠠᠬᠤ ᠳᠤ ᠭᠦᠭᠡ ᠭᠤᠸᠠᠢ ᠦᠪᠡᠷ ᠤᠨ ᠣᠯᠤᠭᠰᠠᠨ ᠡᠪᠠᠦᠡᠴᠢᠨ ᠨᠢ ᠴᠤ 《ᠣᠯᠠᠭᠠᠨ》 ᠭᠡᠭᠦ ᠶᠢ ᠰᠤᠨᠤᠰᠤᠮᠠᠭᠴᠠ ᠦᠮᠠᠨ ᠭᠡᠳᠡᠭ᠌ ᠥᠭᠦᠯ ᠤᠨ ᠵᠠᠷᠯᠠᠯ ᠡᠴᠡ ᠴᠤ ᠰᠥᠷᠳᠡᠭ᠍ᠰᠡᠨ ᠦᠭᠡᠶ ᠪᠦᠭᠡᠤᠨ ᠦᠪᠡᠷ ᠤᠨ ᠶᠢᠡᠨ 《ᠣᠯᠠᠭᠠᠨ ᠬᠤᠪᠢᠰᠬᠠᠯᠴᠢ》 ᠪᠣᠯᠤᠭᠰᠠᠨ ᠶᠢᠡᠨ ᠪᠦᠷᠢᠮᠦᠰᠤᠨ ᠢᠳᠡᠭᠡᠪᠡ ᠃ ᠳᠡᠭᠡᠭᠡᠤᠨ ᠯᠠ ᠳᠠᠷᠠ ᠮᠠᠨᠢ ᠭᠡᠳᠥᠢᠪᠠᠷ ᠨᠠᠰᠤ ᠵᠠᠯᠠᠭᠤ ᠪᠣᠯᠪᠠᠴᠤ ᠥᠴᠦᠭᠡᠨ ᠴᠤ ᠬᠠᠷᠠᠮᠰᠠᠯ ᠦᠭᠡᠶ ᠪᠠᠷ ᠨᠢᠳᠤ ᠠᠨᠢᠭᠰᠠᠨ ᠭᠡᠳᠡᠭ᠌ ᠪᠢᠯᠠ᠃

ᠰᠠᠢ᠌ᠨ ᠶᠠᠪᠣᠪᠠᠯ ᠳᠤᠷᠠᠰᠤᠯ ᠲᠡᠶ ᠭᠡᠭᠦ ᠳᠤ ᠮᠠᠭᠤ ᠶᠠᠪᠣᠪᠠᠯ ᠮᠦᠨ ᠴᠤ ᠨᠢᠭᠡ ᠳᠤᠷᠠᠰᠤᠯ ᠲᠡᠶ ᠠᠵᠠᠢ ᠃ ᠭᠦᠭᠡ ᠭᠤᠸᠠᠢ ᠬᠤᠷᠢᠳᠤᠭᠠᠷ ᠵᠠᠭᠤᠨ ᠤ ᠳᠠᠯᠠᠭᠠᠤᠨ ᠣᠨ ᠳᠤ ᠨᠠᠰᠤ ᠪᠣᠯᠵᠤ ᠨᠠᠷᠠᠳᠤ ᠶ‍ᠢᠷᠳᠢᠠᠴᠤ ᠡᠴᠡ ᠠᠩᠭᠢᠵᠢᠷᠠᠭᠠᠤᠨ ᠨᠢᠭᠡᠡᠳᠡ ᠭᠤᠴᠢᠨ ᠭᠡᠳᠤᠨ ᠵᠢᠯ ᠪᠣᠯᠤᠭᠰᠠᠨ ᠪᠣᠯᠪᠠᠴᠤ ᠭᠦᠮᠦᠰ ᠳᠡᠭᠦᠨ ᠢ ᠮᠠᠭᠳᠠᠬᠤ ᠪᠣᠶᠤ ᠮᠠᠭᠤᠰᠢᠶᠠᠬᠤ ᠶᠢᠨ ᠠᠯᠢᠨ ᠳ᠋ᠤᠨᠢ ᠴᠤ ᠣᠷᠭᠢᠳᠠᠭᠤᠯᠤᠯ ᠦᠭᠡᠶ ᠳᠤᠷᠠᠰᠤᠨ ᠳᠤᠷᠠᠰᠤᠭᠰᠠᠭᠠᠷ ᠪᠠᠢ᠌ᠯ᠎ᠠ ᠃


ᠶᠠᠪᠠ ᠠᠳᠤᠭᠤᠰᠤ ᠢᠮᠠᠭ᠎ᠠ ᠯᠠ ᠭᠦᠭᠡᠷᠦᠭᠦᠢ


᠊᠊᠊᠊᠊᠊᠊᠊᠊᠊᠊᠊᠊᠊ ᠣᠳᠠᠬᠤ ᠦᠭᠡᠶ ᠣᠳᠠᠬᠤ ᠦᠭᠡᠶ ᠳᠠᠷᠤᠭ᠎ᠠ ᠰᠤᠯᠢᠭᠠᠤᠨ ᠪᠠᠢ᠌ᠬᠤ ᠯᠠ ᠭᠡᠴᠡᠭᠦᠤ ᠂ ᠣᠠᠳᠤᠤ ᠪᠠᠰᠠ ᠨᠢᠭᠡ ᠶᠢ ᠪᠣᠷᠳᠤᠵᠤ ᠳᠠᠷᠭᠤᠯᠠᠭᠤᠯᠤᠭᠠᠤᠨ ᠳᠡᠭᠡᠭ᠍ᠰᠢ ᠡᠷᠭᠦᠭᠡᠤᠨ ᠳᠡᠪᠰᠢᠭᠦᠯᠭᠦ ᠪᠣᠯᠳᠠᠯ᠎ᠠ ᠠᠷᠠᠤᠨ ᠵᠤᠪᠠᠭᠠᠤᠨ ᠯᠠ ᠵᠤᠭᠰᠤᠨ᠎ᠠ ᠦᠦ᠂ ᠨᠠᠭᠤᠷ ᠰᠢᠷᠭᠢᠭᠡᠤᠨ ᠨᠤᠳᠤᠭ ᠴᠤ ᠡᠯᠡᠭ᠍ᠳᠡᠨ᠎ᠡ ᠃ ᠡᠡᠳᠡᠭᠢ ᠭᠦᠮᠦᠰ ᠢᠩᠭᠢᠵᠤ ᠵᠤᠪᠠᠳᠠᠭ ᠪᠣᠯᠪᠠᠴᠤ ᠡᠢ᠌ᠨ ᠭᠦ ᠪᠠᠢ᠌ᠳᠠᠯ ᠡᠨᠡᠭᠦᠭᠡᠨ ᠳᠤ ᠡᠷᠭᠢᠯᠳᠡ ᠭᠠᠷᠬᠤ ᠮᠠᠶ‍ᠢᠭ ᠦᠭᠡᠶ ᠪᠠᠢ᠌ᠭᠰᠠᠭᠠᠷ ᠃ ᠳᠠᠢ᠌ᠮᠤ ᠡ ᠂ ᠭᠠᠳᠠᠨ᠎ᠠ ᠡᠴᠡ ᠳᠠᠷᠤᠭ᠎ᠠ ᠭᠡᠤᠨ ᠳᠤᠮᠢᠯᠠᠵᠤ ᠢᠷᠡᠭᠦᠯᠳᠡᠭ᠌ ᠯᠠ ᠪᠠᠢ᠌ᠭᠰᠠᠨ ᠃ ᠳᠠᠮᠠᠢ ᠭᠡᠳᠤᠨ ᠵᠢᠯ ᠪᠣᠯᠤᠯ ᠦᠭᠡᠶ ᠳᠠᠷᠠ ᠨᠢ ᠵᠡᠷᠭᠡ ᠨᠡᠮᠡᠭ᠍ᠳᠡᠭᠡᠤᠨ ᠶᠠᠪᠣᠳᠠᠭ ᠯᠠ ᠪᠠᠢ᠌ᠭᠰᠠᠨ ᠃ ᠢᠩᠭᠢᠵᠤ ᠡᠭᠡᠯᠵᠢᠯᠡᠨ ᠰᠤᠯᠢᠨ ᠳᠡᠵᠢᠭᠡᠭ᠍ᠰᠡᠭᠡᠷ ᠪᠠᠢ᠌ᠭᠠᠤᠨ ᠡᠡᠳᠡᠭᠢ ᠠᠷᠠᠤᠨ ᠨᠢᠭᠡᠮᠦᠰᠤᠨ ᠬᠠᠰᠢᠷᠠᠴᠢᠬᠠᠵᠠᠢ ᠃

ᠱᠠᠨ ᠳᠠᠷᠤᠭ᠎ᠠ ᠪᠠᠷ ᠭᠡᠯᠡᠶ᠎ᠡ ᠂ ᠳᠠᠷᠠ S ᠬᠤᠰᠢᠭᠤᠨ ᠳᠤ ᠨᠢᠭᠡᠳᠦᠭᠡᠷ ᠭᠠᠷ ᠶᠢᠡᠷ ᠳᠤᠮᠢᠯᠠᠭᠳᠠᠵᠤ ᠢᠷᠡᠮᠡᠭ᠍ᠴᠡ ᠠᠪᠤᠨ ᠳᠤᠤᠷ᠎ᠠ ᠪᠠᠨ ᠠᠮᠵᠢᠯᠳᠠ ᠭᠠᠷᠭᠠᠵᠤ ᠠᠯᠤᠰ ᠢᠷᠡᠭᠡᠳᠦᠢ ᠳᠡᠭᠡᠨ ᠱᠠᠳᠤ ᠳᠠᠯᠪᠢᠬᠤ ᠪᠠᠨ ᠪᠣᠳᠤᠯᠭᠢᠯᠠᠪᠠ ᠃ ᠳᠠᠷᠠ ᠳᠤᠰ ᠬᠤᠰᠢᠭᠤ ᠶᠢᠨ ᠮᠠᠯᠵᠢᠬᠤ ᠪᠠᠷ ᠭᠤᠤᠯ ᠪᠣᠯᠭᠠᠳᠠᠭ ᠪᠣᠳᠠᠳᠤ ᠪᠠᠢ᠌ᠳᠠᠯ ᠢ ᠴᠤ ᠬᠠᠮᠢᠶᠠᠷᠤᠯ ᠦᠭᠡᠶ ᠪᠠᠷ 《ᠳᠠᠷᠢᠶᠠᠯᠠᠩ ᠢ ᠶᠡᠭᠡᠪᠠᠷ ᠭᠦᠭ᠍ᠵᠢᠭᠦᠯᠭᠦ ᠪᠣᠯ S ᠬᠤᠰᠢᠭᠤᠨ ᠤ ᠴᠤᠷ ᠤᠨ ᠭᠠᠭᠴᠠ ᠭᠠᠷᠬᠤ ᠵᠠᠮ ᠮᠦᠨ》 ᠭᠡᠭᠦ ᠰᠢᠨ᠎ᠠ ᠰᠠᠤᠠᠭᠢᠴᠠ ᠂ ᠴᠤᠴᠠᠰᠢ ᠦᠭᠡᠶ ᠪᠠᠷᠢᠮᠳᠠᠯᠠᠬᠤ ᠰᠢ᠌ᠤᠠᠪᠣᠷᠢᠳᠤ ᠪᠣᠳᠤᠯᠭ᠎ᠠ ᠭᠡᠮᠡᠨ ᠳᠤᠷᠠᠤᠠᠴᠤ ᠳᠠᠷᠠ ᠳᠠᠷᠤᠢ ᠭᠡᠷᠡᠭ᠍ᠵᠢᠭᠦᠯᠭᠦ ᠪᠣᠯᠤᠯ᠎ᠠ ᠃ ᠡᠡᠳᠡᠭᠢ ᠭᠦᠮᠦᠰ ᠡᠰᠡᠷᠭᠦᠴᠡᠭᠦ ᠰᠠᠨᠠᠯ ᠳᠤᠷᠠᠳᠤᠭᠰᠠᠨ ᠪᠣᠯᠪᠠᠴᠤ ᠱᠠᠨ ᠳᠠᠷᠤᠭ᠎ᠠ ᠰᠠᠨᠠᠭ᠎ᠠ ᠵᠤᠷᠢᠭ ᠰᠢᠭᠤᠤᠠᠴᠤ ᠂ 《ᠮᠠᠯ ᠠᠵᠤ ᠠᠬᠤᠢ ᠶᠢ ᠭᠦᠭ᠍ᠵᠢᠭᠦᠯᠭᠦ ᠪᠣᠯ ᠶᠠᠪᠣᠭᠠᠤᠨ ᠥᠩᠭᠡᠷᠡᠭ᠍ᠰᠡᠨ ᠬᠠᠭᠤᠴᠢᠨ ᠵᠠᠮ ᠃ ᠵᠠᠭᠤᠨ ᠲᠦᠮᠡᠨ ᠮᠠᠯ ᠴᠢᠨᠢ ᠵᠤᠳ ᠳᠠᠭᠠᠷᠠᠪᠠᠯ ᠳᠠᠷᠤᠢ ᠥᠭᠦᠭᠡᠤᠨ ᠳᠠᠭᠤᠰᠤᠨ᠎ᠠ ᠃ ᠳᠡᠭᠡᠭ᠍ᠰᠡᠭᠡᠷ ᠯᠠ ᠪᠢᠳᠠ ᠴᠢᠨᠢ ᠪᠣᠳᠠᠭ᠎ᠠ ᠭᠤᠶᠤᠬᠤ ᠨᠢ ᠃ ᠠᠷᠳᠠᠭ ᠪᠠᠢ᠌ᠭᠠᠯᠢ ᠶᠢ ᠡᠷᠭᠡᠰᠢᠶᠡᠨ ᠠᠳᠠᠷ ᠭᠠᠵᠠᠷ ᠢ ᠠᠰᠢᠭᠯᠠᠵᠤ ᠰᠢᠡᠵᠢᠯᠡᠭᠦ ᠣᠬᠠᠭᠠᠠᠴᠢ ᠪᠠᠷ ᠳᠠᠷᠢᠶ᠎ᠠ ᠳᠠᠷᠢᠬᠤ ᠪᠣᠯ ᠰᠠᠶ‍ᠢ ᠮᠠᠨ ᠤ ᠶᠠᠪᠣᠬᠤ ᠭᠡᠷᠡᠭ᠍ᠳᠡᠢ ᠰᠢᠨ᠎ᠠ ᠵᠠᠮ ᠮᠦᠨ》 ᠭᠡᠵᠤ ᠦᠪᠡᠷ ᠤᠨ ᠦᠵᠡᠯᠳᠠ ᠪᠠᠨ ᠥᠭᠦᠨ ᠪᠠᠷᠢᠮᠳᠠᠯᠠᠵᠤ ᠦᠩ ᠰᠢᠮᠡᠯᠢᠭ᠌ ᠪᠠᠯᠴᠢᠭᠡᠷ ᠬᠠᠳᠤᠯᠠᠩ ᠢ ᠥᠪᠴᠢᠭ᠍ᠰᠡᠨ ᠶᠤᠮᠰᠢᠭ ᠨᠠᠢ᠌ᠳᠠᠮ ᠬᠠᠭᠠᠯᠪᠣᠷᠢᠯᠠᠯ᠎ᠠ ᠃

S ᠬᠤᠰᠢᠭᠤᠨ ᠤ ᠪᠠᠯᠴᠢᠭᠡᠷ ᠬᠠᠳᠤᠯᠠᠩ ᠭᠠᠵᠠᠷ ᠨᠤᠳᠤᠭ ᠶᠡᠭᠡ ᠪᠠᠷ ᠡᠪᠳᠡᠭ᠍ᠳᠡᠭ᠍ᠰᠡᠨ ᠡᠴᠡ ᠪᠣᠯᠵᠤ ᠡᠪᠠᠰᠤ ᠪᠠᠯᠴᠢᠭᠡᠷ ᠳᠠᠴᠢᠷᠳᠠᠵᠤ ᠡᠯᠡᠰᠤ ᠮᠠᠩᠬ᠎ᠠ ᠨᠠᠢ᠌ᠳᠠᠮ ᠨᠠᠯᠣᠢ᠌ᠯ᠎ᠠ ᠃ ᠬᠤᠷ᠎ᠠ ᠪᠣᠷᠤᠭ᠎ᠠ ᠪᠠᠭᠠᠰᠴᠤ ᠨᠠᠭᠤᠷ ᠴᠥᠭᠦᠷᠦᠮ ᠰᠢᠷᠭᠢᠵᠤ ᠬᠠᠳᠠᠯ᠎ᠠ ᠃ ᠡᠭᠡ ᠭᠠᠵᠠᠷ ᠪᠠᠶ᠎ᠠ ᠳᠦᠭᠦᠷᠡᠩ ᠰᠢᠷᠬ᠎ᠠ ᠰᠤᠷᠪᠢ ᠳᠠᠭᠠᠨ ᠡᠮᠵᠡᠭᠯᠡᠵᠤ ᠡᠳᠦᠷ ᠦᠨᠵᠢᠯ ᠦᠭᠡᠶ ᠡᠯᠡᠰᠤᠨ ᠰᠢᠭᠤᠷᠭ᠎ᠠ ᠪᠣᠰᠤᠭᠠᠤᠨ ᠠᠵᠤ ᠣᠢ᠌ᠯᠠᠤᠠᠪᠣᠷᠢᠯᠠᠯ ᠪᠣᠯᠤᠨ ᠠᠷᠠᠤᠨ ᠣᠯᠠᠨ ᠤ ᠠᠮᠢᠳᠤᠷᠠᠯ ᠳᠤ ᠳᠤᠩ ᠶᠡᠭᠡ ᠭᠠᠢ ᠵᠤᠪᠠᠯᠠᠩ ᠠᠪᠴᠢᠷᠠᠯ᠎ᠠ ᠃

ᠨᠢᠭᠡ ᠮᠡᠳᠡᠭᠦ ᠳᠤ ᠱᠠᠨ ᠳᠠᠷᠤᠭ᠎ᠠ ᠨᠠᠰᠤᠨ ᠳᠠᠭᠠᠨ ᠨᠠᠭᠠᠰᠢ ᠬᠠᠠᠳᠤᠬᠤ ᠦᠭᠡᠶ ᠪᠠᠷ ᠵᠢᠯᠢ᠌ᠵᠠᠢ ᠃ ᠳᠠᠷᠠ ᠠᠷᠠᠤᠨ ᠣᠯᠠᠨ ᠤ ᠭᠦᠴᠤ ᠭᠦᠯᠦᠰᠤ ᠶᠢ ᠴᠠᠤᠠᠳᠠᠯ᠎ᠠ ᠪᠠᠨ ᠢᠳᠡᠭᠡᠤᠨ ᠱᠠᠯᠬᠠᠢ᠌ᠳᠠᠯ᠎ᠠ ᠪᠠᠨ ᠳᠠᠷᠭᠤᠯᠠᠵᠤ ᠂ ᠬᠤᠷᠤᠰᠳᠠᠭ ᠨᠢᠭᠡ ᠶᠢ ᠪᠠᠨ ᠲᠦᠯᠬᠢᠵᠤ ᠣᠨᠠᠭᠠᠭᠠᠤᠨ ᠂ ᠰᠠᠤᠠᠭᠢᠯ ᠤᠨ ᠭᠦᠮᠤᠨ ᠶᠢᠡᠨ ᠡᠷᠭᠦᠵᠤ ᠳᠡᠪᠰᠢᠭᠦᠯᠦᠭᠡᠤᠨ ᠂ ᠣᠯᠳᠠᠭ ᠪᠠ ᠠᠯᠳᠠᠳᠠᠭ ᠪᠦᠭᠦᠨ ᠢ ᠣᠯᠤᠭᠠᠤᠨ ᠂ ᠵᠢᠩᠰᠠ ᠪᠦᠳᠦᠭᠦᠷᠡᠨ ᠵᠡᠷᠭᠡ ᠨᠡᠮᠡᠭ᠍ᠳᠡᠭᠡᠤᠨ ᠨᠥᠭᠦᠴᠡᠯ ᠰᠠᠢ᠌ᠨ ᠭᠠᠵᠠᠷ ᠢ ᠰᠤᠩᠭ᠋ᠤᠵᠤ ᠠᠵᠢᠯ ᠰᠢᠯᠵᠢᠭᠡᠤᠨ ᠶᠠᠪᠣᠭᠰᠠᠨ ᠪᠠᠢ᠌ᠪᠠ ᠃ ᠡᠨᠡ ᠥᠨᠡᠭᠡᠷ 《ᠣᠯᠳᠠᠭ ᠨᠢ ᠣᠯᠪᠣᠭ ᠵᠤᠵᠠᠭᠠᠷᠠᠨ᠎ᠠ ᠂ ᠠᠯᠳᠠᠳᠠᠭ ᠨᠢ ᠭᠢᠯᠢᠰ ᠵᠤᠵᠠᠭᠠᠷᠠᠨ᠎ᠠ ᠂ ᠠᠭᠤᠷ ᠠᠮᠢᠰᠬᠤᠯ ᠳᠤ ᠳᠤᠭᠤᠰᠤ ᠵᠤᠵᠠᠭᠠᠷᠠᠨ᠎ᠠ ᠂ ᠡᠴᠦᠰ ᠲᠡᠭᠡᠨ ᠨᠡᠢ᠌ᠭᠡᠮ ᠯᠠ ᠨᠢᠮᠭᠡᠷᠡᠨ᠎ᠡ》 ᠭᠡᠳᠡᠭ᠌ ᠪᠣᠯᠠᠢ ᠃

ᠬᠤᠤᠷ ᠢ ᠨᠢ ᠬᠣᠢ᠌ᠨᠠᠭᠢ ᠭᠦᠮᠦᠰ ᠠᠮᠰᠠᠭᠠᠤᠨ ᠬᠤᠷᠠᠯᠳᠠᠢ ᠪᠣᠯᠵᠤ ᠦᠨᠳᠦᠰᠦ ᠰᠢᠯᠳᠠᠭᠠᠨ ᠢ ᠨᠢ ᠡᠷᠢᠪᠡ ᠃ ᠭᠡᠷᠡᠭ᠌ ᠢ ᠦᠨᠡᠨ ᠶᠢᠡᠷ ᠨᠢ ᠭᠡᠯᠡᠵᠤ ᠪᠣᠯᠬᠤ ᠦᠭᠡᠶ ᠭᠠᠴᠢᠭᠳᠠᠬᠤ ᠳᠠᠭᠠᠨ ᠳᠠᠳᠠ ᠭᠦᠭᠡᠷᠦᠭᠦᠢ ᠠᠳᠤᠭᠤᠰᠤ ᠢᠮᠠᠭᠠᠨ ᠳᠤ ᠶᠠᠯ᠎ᠠ ᠳᠤᠭᠳᠠᠭᠠᠵᠠᠢ ᠃ 《ᠬᠤᠶᠠᠷ ᠡᠪᠠᠷ ᠲᠡᠭᠡᠨ ᠡᠷᠳᠡᠢ᠌ᠵᠤ ᠬᠠᠪᠢᠳᠠᠭᠰᠠᠨ ᠪᠣᠯᠭᠠᠨ ᠢ ᠮᠥᠷᠭᠦᠵᠤ ᠰᠡᠵᠢᠭᠡᠤᠨ ᠂ ᠬᠤᠭᠢᠰᠤ ᠰᠢᠭᠢᠷ᠎ᠠ ᠨᠢ ᠭᠡᠵᠢᠶᠡᠳᠡ ᠠᠮᠠᠷ ᠪᠠᠢ᠌ᠬᠤ ᠦᠭᠡᠶ ᠬᠠᠳᠤᠯᠠᠩ ᠪᠠᠯᠴᠢᠭᠡᠷ ᠢ ᠡᠪᠳᠡᠭᠡᠤᠨ ᠂ ᠬᠤᠩᠰᠢᠶᠠᠷ ᠠᠮᠠ ᠨᠢ ᠵᠥᠭᠡᠷ ᠪᠠᠢ᠌ᠬᠤ ᠦᠭᠡᠶ ᠣᠢ ᠮᠤᠳᠤ ᠶᠢ ᠮᠥᠯᠢᠭᠡᠤᠨ ᠂ ᠬᠤᠳᠤᠭᠤᠳᠤ ᠪᠠᠨ ᠳᠦᠭᠦᠷᠭᠡᠴᠢᠭᠡᠪᠠᠯ ᠭᠦᠮᠤᠨ ᠤ ᠦᠪᠡᠷ ᠤᠨ ᠭᠡᠷᠡᠮ ᠬᠠᠰᠢᠶ᠎ᠠ ᠪᠠᠷ ᠦᠰᠦᠷᠴᠤ ᠣᠷᠤᠭᠠᠤᠨ ᠡᠮᠡᠰ ᠦᠬᠢᠤᠨ ᠢ ᠥᠢᠮᠡᠭᠦᠯᠵᠤ ᠡᠯᠳᠡᠪ ᠭᠡᠯᠡ ᠠᠮᠠ ᠳᠠᠳᠠᠭᠠᠤᠨ᠁》 ᠭᠡᠵᠤ ᠶᠠᠩᠵᠤ ᠪᠣᠯᠭᠠᠨ ᠤ ᠶᠠᠯ᠎ᠠ ᠳᠤᠭᠳᠠᠭᠠᠭᠠᠤᠨ ᠬᠤᠷᠤᠭ᠎ᠠ ᠬᠠᠰᠢᠶᠠᠨ ᠡᠴᠡ ᠨᠢ ᠭᠠᠷᠭᠠᠬᠤ ᠦᠭᠡᠶ ᠪᠠᠷ ᠬᠤᠷᠢᠬᠤ ᠬᠠᠳᠠᠭᠤ ᠰᠢ᠌ᠦᠡᠭᠡᠯ ᠥᠭ᠍ᠴᠡᠢ ᠃ ᠭᠠᠳᠠᠷ ᠶᠢᠡᠨ ᠦᠰᠦ ᠲᠡᠶ ᠳᠤᠳᠤᠷ ᠶᠢᠡᠨ ᠰᠠᠪᠠᠰᠤ ᠲᠡᠶ ᠶᠠᠪᠠ ᠠᠳᠤᠭᠤᠰᠤ ᠢᠮᠠᠭ᠎ᠠ ᠯᠠ ᠭᠦᠭᠡᠷᠦᠭᠦᠢ ︕


ᠨᠠ᠊ ᠠᠪᠣᠭᠠᠢ ᠮᠢᠨᠢ ᠳ᠋ᠠ


ᠨᠠᠮᠠᠬᠠᠢ ᠶᠢ ᠭᠦᠮᠦᠰ ᠴᠦᠮ ᠴᠠᠭ ᠤᠨ ᠥᠩᠭᠡ ᠪᠠᠷ ᠯᠠ ᠳᠦᠷᠦᠴᠢᠭᠡᠭ᠍ᠰᠡᠨ ᠭᠦᠮᠤᠨ ᠭᠡᠯᠴᠢᠳᠡᠭ᠌ ᠃ ᠡᠨᠡ ᠥᠭᠡ ᠦᠨᠡᠨ ᠳᠡᠭᠡᠨ ᠣᠷᠤ ᠲᠡᠶ ᠪᠢᠯᠠ ᠃ ᠨᠠ᠊ ᠠᠪᠣᠭᠠᠢ ᠰᠢᠭ᠌ ᠭᠦᠭᠡ ᠶᠢ ᠦᠵᠡᠪᠠᠯ ᠭᠦᠷᠪᠠᠵᠤ ᠣᠯᠠᠭᠠᠨ ᠢ ᠦᠵᠡᠪᠠᠯ ᠣᠷᠪᠠᠳᠠᠭ 《ᠭᠦᠷᠪᠠᠯ》 ᠰᠢᠭ᠌ ᠭᠦᠮᠤᠨ ᠥᠨᠡᠭᠡᠷ ᠬᠤᠪᠣᠷ ᠳ᠋ᠠ ᠃

ᠨᠠ᠊ ᠠᠪᠣᠭᠠᠢ ᠳᠠᠷᠤᠭ᠎ᠠ ᠶᠢ ᠥᠵᠡᠭ᠍ᠰᠡᠭᠡᠷ ᠯᠠ ᠪᠦᠭᠦᠯᠵᠡᠨ ᠳᠤᠭᠢᠯᠵᠠᠭᠠᠤᠨ ᠳᠠᠷᠤᠭ᠎ᠠ ᠶᠢᠨ ᠨᠢᠭᠡ ᠥᠭᠡ ᠳᠡᠭᠦᠨ ᠳᠤ ᠲᠦᠮᠡᠨ ᠥᠭᠡ ᠲᠡᠶ ᠳᠠᠩᠴᠠᠨ᠎ᠠ ᠃ ᠳᠠᠷᠤᠭ᠎ᠠ ᠶᠢᠨ ᠵᠠᠭᠢᠶ᠎ᠠ ᠶᠢ ᠭᠦᠢᠴᠤᠨᠭᠡᠭᠦ ᠳᠡᠭᠡᠨ ᠳᠠᠷᠠ ᠭᠡᠵᠢᠶᠡᠳᠡ ᠪᠣᠰᠤᠭ᠎ᠠ ᠱᠤᠩᠰᠢᠶ᠎ᠠ ᠪᠠᠷ ᠶᠠᠪᠣᠭᠠᠤᠨ ᠪᠦᠩᠰᠢᠶ᠎ᠡ ᠪᠠᠷ ᠪᠣᠴᠠᠵᠤ ᠢᠷᠡᠭᠡᠤᠨ ᠪᠦᠭᠦᠯᠵᠡᠳᠡᠭ᠌ ᠃

ᠨᠠᠮᠠᠬᠠᠢ ᠪᠦᠭᠦ ᠪᠠᠶ᠎ᠠ ᠶᠢᠨ ᠶᠢᠡᠨ ᠡᠰ ᠮᠠᠳᠠᠷᠠᠯ ᠪᠣᠯᠴᠢᠩ ᠰᠢᠷᠪᠣᠰᠤ ᠪᠦᠭᠦᠨ ᠶᠢᠡᠨ ᠡᠪ ᠬᠠᠪᠣ ᠶᠢ ᠨᠢ ᠦᠵᠡᠵᠤ ᠳᠠᠷᠤᠭ᠎ᠠ ᠶᠢᠨ ᠳᠠᠭᠠᠯᠠᠮᠵᠢ ᠳᠤ ᠵᠤᠭᠢᠴᠠᠭᠤᠯᠬᠤ ᠪᠠᠷ ᠭᠡᠵᠢᠶ᠎ᠡ ᠴᠤ ᠪᠠᠯᠡᠭᠡᠨ ᠪᠠᠢ᠌ᠯᠭᠠᠳᠠᠭ ᠃

ᠭᠦᠮᠤᠨ ᠦᠨᠡᠨ ᠰᠠᠤᠠᠭᠢᠯ ᠡᠴᠡ ᠪᠠᠨ ᠨᠢᠭᠡ ᠣᠳᠠᠭ᠎ᠠ ᠬᠠᠳᠠᠭᠠᠨᠠᠳᠠᠯ᠎ᠠ ᠢᠨᠢᠶᠡᠭᠦ ᠳᠤ ᠪᠦᠭᠦ ᠪᠠᠶ᠎ᠠ ᠶᠢᠨ ᠭᠡᠳᠤᠨ ᠠᠷᠪᠠᠨ ᠭᠡᠰᠡᠭ᠌ ᠪᠣᠯᠴᠢᠩ ᠰᠢᠷᠪᠣᠰᠤ ᠵᠠᠳᠠᠷᠠᠨ᠎ᠠ ᠭᠡᠳᠡᠭ᠌ ᠪᠢᠯᠠ ᠃ ᠭᠡᠳᠡᠯ᠎ᠡ ᠭᠦᠮᠤᠨ ᠨᠢᠭᠡ ᠣᠳᠠᠭ᠎ᠠ ᠬᠠᠭᠤᠷᠮᠠᠭ ᠶᠢᠡᠷ ᠢᠨᠢᠶᠡᠭᠦ ᠳᠤ ᠴᠤᠬᠤᠮ ᠭᠡᠳᠦᠢ ᠭᠡᠰᠡᠭ᠌ ᠪᠣᠯᠴᠢᠩ ᠵᠠᠩᠭᠢᠷᠠᠨ᠎ᠠ ᠭᠡᠳᠡᠭ᠌ ᠢ ᠭᠡᠨ ᠴᠤ ᠰᠤᠳᠤᠯᠤᠭᠰᠠᠨ ᠦᠭᠡᠶ ᠪᠠᠢ᠌ᠵᠤ ᠮᠠᠳᠠᠨ᠎ᠠ ᠃ ᠭᠡᠶ᠎ᠡ ᠢᠩᠭᠢᠭᠦ ᠳᠤ ᠭᠦᠮᠤᠨ ᠤ ᠪᠠᠶ᠎ᠠ ᠳᠤᠩ ᠵᠦᠳᠡᠷᠡᠯᠳᠠᠢ ᠰᠠᠨᠠᠭᠳᠠᠨ᠎ᠠ ᠭᠡᠳᠡᠭ᠌ ᠢ ᠭᠡᠨ ᠴᠤ ᠪᠦᠷ ᠮᠠᠳᠠᠨ᠎ᠠ ᠃ ᠭᠡᠳᠡᠯ᠎ᠡ ᠨᠠᠮᠠᠬᠠᠢ ᠬᠠᠷᠢᠨ ᠢᠩᠭᠢᠵᠤ ᠬᠠᠭᠤᠷᠮᠠᠭᠯᠠᠵᠤ ᠶᠠᠪᠣᠬᠤ ᠶᠢ ᠥᠴᠦᠭᠡᠨ ᠴᠤ ᠶᠠᠷᠰᠢᠭ ᠳᠦᠪᠠᠭ᠌ ᠭᠡᠵᠤ ᠪᠣᠳᠤᠳᠠᠭ ᠦᠭᠡᠶ᠃ ᠳᠠᠷᠠ ᠳᠠᠷᠤᠭ᠎ᠠ ᠯᠠ ᠥᠵᠡᠭ᠍ᠰᠡᠭᠡᠷ ᠳᠤᠳᠤᠭᠠᠳᠤ ᠰᠠᠤᠠᠭᠢᠯ ᠡᠴᠡ ᠪᠠᠨ ᠪᠠᠶᠠᠷᠯᠠᠭ᠎ᠠ ᠦᠭᠡᠶ ᠪᠣᠯᠪᠠᠴᠤ ᠳᠡᠭᠡᠵᠤ ᠰᠠᠢ᠌ᠬᠠᠨ ᠢᠷᠠᠯᠵᠠᠳᠠᠯ᠎ᠠ ᠢᠨᠢᠶᠠᠵᠤ ᠯᠠ ᠪᠠᠢ᠌ᠳᠠᠭ ᠃

A ᠳᠠᠷᠤᠭ᠎ᠠ ᠶᠢ ᠡᠷᠭᠡ ᠰᠦᠷ ᠲᠡᠶ ᠶᠠᠪᠣᠭ᠎ᠠ ᠡᠳᠦᠷ ᠤᠳ ᠲᠤ ᠨᠠ᠊ ᠠᠪᠣᠭᠠᠢ ᠶᠠᠭ ᠰᠡᠭᠦᠯ ᠨᠢ ᠰᠢᠭ᠌ ᠰᠢᠷᠪᠠᠯᠵᠠᠨ ᠰᠡᠭᠦᠳᠡᠷ ᠨᠢ ᠰᠢᠭ᠌ ᠨᠠᠪᠳᠤᠯᠵᠠᠵᠤ ᠳᠠᠭᠠᠵᠤ ᠯᠠ ᠶᠠᠪᠣᠳᠠᠭ ᠪᠠᠢ᠌ᠭᠰᠠᠨ ᠃ A ᠳᠠᠷᠤᠭ᠎ᠠ ᠠᠵᠢᠯ ᠶᠠᠭᠠᠷᠠᠤ ᠡᠴᠡ ᠪᠣᠯᠵᠤ ᠭᠡᠷ ᠲᠡᠭᠡᠨ ᠬᠠᠷᠢᠬᠤ ᠵᠠᠪ ᠦᠭᠡᠶ ᠪᠣᠯᠬᠤ ᠪᠦᠷᠢ ᠡᠳᠦᠷ ᠰᠦᠨᠢ ᠶᠢᠨ ᠬᠤᠷᠢᠨ ᠳᠦᠷᠪᠡᠨ ᠴᠠᠭ ᠲᠤ ᠪᠦᠷ ᠯᠠ ᠨᠠᠮᠠᠬᠠᠢ ᠠᠰᠠᠷᠠᠨ᠎ᠠ ᠃ A ᠳᠠᠷᠤᠭ᠎ᠠ ᠠᠵᠢᠯ ᠶᠢᠡᠷ ᠭᠠᠳᠠᠭᠰᠢ ᠭᠠᠷᠬᠤ ᠪᠣᠯᠭᠠᠨ ᠳᠤ ᠨᠠᠮᠠᠬᠠᠢ ᠬᠤᠪᠴᠠᠰᠤ ᠬᠤᠨᠠᠷ ᠢ ᠨᠢ ᠡᠭᠦᠷᠴᠤ ᠠᠯᠪᠠᠨ ᠪᠣᠭᠴᠤ ᠶᠢ ᠨᠢ ᠳᠡᠭᠦᠵᠢᠯᠡᠵᠤ ᠂ ᠪᠠᠬᠠᠨ ᠳᠤᠳᠤᠷᠬᠠᠢ ᠭᠡᠯᠡᠪᠠᠯ A ᠳᠠᠷᠤᠭ᠎ᠠ ᠶᠢᠨ ᠭᠠᠷ ᠥᠵᠦᠭᠦᠷ ᠵᠠᠷᠤᠬᠤ ᠴᠠᠭᠠᠰᠤ ᠶᠢ ᠨᠢ ᠭᠦᠷᠳᠡᠯ᠎ᠡ ᠪᠠᠯᠤᠨᠭᠡᠭᠡᠤᠨ ᠬᠠᠮᠠᠷ ᠤᠨ ᠥᠵᠦᠭᠦᠷ ᠡᠴᠡ ᠪᠠᠨ ᠭᠦᠯᠦᠰᠤ ᠪᠣᠷᠵᠠᠢ᠌ᠯᠭᠠᠴᠢᠬᠠᠭᠰᠠᠨ ᠳᠠᠭᠠᠳᠠᠭ ᠃ A ᠳᠠᠷᠤᠭ᠎ᠠ ᠠᠯᠪᠠᠨ ᠠᠰᠠᠷ ᠲᠠᠭᠠᠨ ᠵᠤᠷᠯᠤᠩ ᠪᠣᠶᠤ ᠡᠨᠡ ᠳᠠᠷᠠ ᠭᠡᠷ ᠶᠢᠡᠷ ᠣᠷᠤᠬᠤ ᠪᠣᠯᠪᠠᠯ ᠨᠠᠮᠠᠬᠠᠢ ᠳᠠᠷᠤᠢ ᠳᠠᠷᠤᠭ᠎ᠠ ᠶᠢᠨ ᠴᠤᠮᠤ ᠲᠡᠶ ᠣᠰᠤ ᠡᠨᠡ ᠳᠠᠷᠠ ᠶᠢ ᠨᠢ ᠪᠠᠷᠢᠴᠢᠬᠠᠭᠰᠠᠨ ᠳᠠᠭᠠᠵᠤ ᠶᠠᠪᠣᠬᠤ ᠳᠠᠭᠠᠨ ᠴᠤᠮᠤ ᠲᠡᠶ ᠣᠰᠤ ᠶᠢ ᠨᠢ ᠴᠠᠯᠭᠢᠭᠤᠯᠴᠢᠬᠠᠬᠤ ᠡᠴᠡ ᠴᠤ ᠭᠢᠴᠢᠶᠡᠳᠡᠭ᠌ ᠪᠠᠢ᠌ᠯ᠎ᠠ ᠃

ᠶᠠᠮᠠᠷ ᠨᠢᠭᠡᠨ ᠪᠠᠶᠠᠷ ᠳᠤᠷᠠᠰᠬᠠᠯ ᠤᠨ ᠡᠳᠦᠷ ᠭᠦᠷᠴᠤ ᠢᠷᠡᠭᠦ ᠪᠠᠷ ᠵᠠᠪ ᠲᠤᠬᠢᠶᠠᠯ ᠢ ᠠᠯᠳᠠᠳᠠᠭ ᠦᠭᠡᠶ ᠨᠠ᠊ ᠠᠪᠣᠭᠠᠢ ᠣᠪᠣᠭ᠎ᠠ ᠳᠤᠪᠣᠭ᠎ᠠ ᠪᠠᠯᠡᠭ᠌ ᠰᠠᠯᠳᠠ ᠲᠡᠶ ᠪᠠᠷ A ᠳᠠᠷᠤᠭ᠎ᠠ ᠶᠢᠨ ᠡᠮᠦᠨ᠎ᠡ ᠭᠦᠷᠴᠢᠭᠡᠭᠡᠤᠨ ᠶᠠᠭ ᠪᠠᠶᠠᠷ ᠤᠨ ᠱᠠᠭᠠᠵᠠᠭᠠᠢ ᠰᠢᠭ ᠱᠠᠭᠰᠢᠳᠠᠭ ᠪᠢᠯᠠ ᠃ ᠵᠢᠯ ᠪᠦᠷᠢ ᠶᠢᠨ ᠰᠢᠨᠠᠯᠠᠵᠤ ᠴᠠᠭᠠᠯᠠᠬᠤ ᠪᠣᠯᠤᠭᠰᠠᠭᠠᠷ ᠨᠠ᠊ ᠠᠪᠣᠭᠠᠢ ᠡᠮᠡᠰ ᠭᠡᠦᠭᠡᠤᠨ ᠶᠢᠡᠨ ᠭᠦᠷᠳᠡᠯ᠎ᠡ ᠳᠠᠭᠠᠭᠤᠯᠴᠢᠬᠠᠭᠰᠠᠨ ᠶᠢᠡᠨ A ᠳᠠᠷᠤᠭ᠎ᠠ ᠶᠢᠨ ᠭᠡᠦᠭᠡᠤᠨ ᠡᠴᠡ ᠨᠢ ᠣᠷᠢᠤᠠᠴᠤ ᠰᠢᠨ᠎ᠠ ᠶᠢᠨ ᠵᠤᠯᠭᠠᠯᠳᠠ ᠭᠢᠭᠡᠤᠨ ᠬᠤᠭᠤᠯᠠ ᠴᠠᠢ ᠶᠢ ᠨᠢ ᠪᠠᠵᠠᠭᠠᠵᠤ ᠬᠤᠯᠮᠠᠯᠵᠠᠵᠤ ᠶᠠᠪᠣᠳᠠᠭ ᠃

A ᠳᠠᠷᠤᠭ᠎ᠠ ᠭᠡᠭ᠍ᠴᠢ ᠨᠢᠭᠡᠨ ᠠᠰᠪᠣᠷ ᠭᠦᠮᠤᠨ ᠳᠤᠯᠠ ᠨᠠᠮᠠᠬᠠᠢ ᠶᠢ 《ᠥᠳᠡᠯᠭᠦ ᠦᠶ᠎ᠡ ᠳ᠋ᠤᠨᠢ ᠳᠠᠶᠠᠭ ᠪᠣᠯᠵᠤ ᠂ ᠥᠭᠦᠭᠦ ᠦᠶ᠎ᠡ ᠳᠤ ᠳᠤᠯᠤᠭᠠᠢ ᠶᠢ ᠲᠦᠰᠢᠵᠤ ᠶᠠᠰᠤ ᠶᠢ ᠪᠠᠷᠢᠬᠤ ᠭᠦᠮᠤᠨ》 ᠭᠡᠵᠤ ᠢᠳᠡᠭᠡᠵᠡᠢ ᠃ ᠳᠡᠭᠡᠭᠡᠤᠨ ᠡᠩ ᠤᠨ ᠨᠢᠭᠡᠨ ᠠᠵᠢᠯᠳᠠᠨ ᠪᠠᠢ᠌ᠭᠰᠠᠨ ᠨᠠᠮᠠᠬᠠᠢ ᠶᠢ ᠡᠷᠭᠦᠨ ᠳᠡᠪᠰᠢᠭᠦᠯᠵᠤ ᠰᠠᠯᠠᠭᠠᠨ ᠳᠠᠷᠤᠭ᠎ᠠ ᠶᠢᠨ ᠪᠠᠢ᠌ᠷᠢ ᠳᠤ ᠭᠠᠷᠭᠠᠪᠠ ᠃

A ᠳᠠᠷᠤᠭ᠎ᠠ ᠠᠮᠠᠷᠠᠯᠳᠠ ᠪᠠᠨ ᠠᠪᠬᠤ ᠪᠣᠯᠤᠯ᠎ᠠ ᠃ ᠡᠨᠡ ᠴᠤ ᠬᠠᠴᠢᠨ ᠪᠢᠰᠢ ᠂ 《ᠭᠦᠮᠤᠨ ᠵᠠᠯᠠᠭᠤ ᠪᠠᠷ ᠶᠢᠡᠨ ᠪᠠᠢ᠌ᠳᠠᠭ ᠦᠭᠡᠶ᠂ ᠭᠦᠪᠳᠤ ᠨᠤᠭᠤᠭᠠᠨ ᠶᠢᠡᠷ ᠶᠢᠡᠨ ᠪᠠᠢ᠌ᠳᠠᠭ ᠦᠭᠡᠶ》 ᠵᠢᠮ᠎ᠠ ᠲᠡᠶ ᠬᠣᠢ᠌ᠨ᠎ᠠ ᠃ A ᠳᠠᠷᠤᠭ᠎ᠠ ᠶᠢ ᠠᠮᠠᠷᠠᠯᠳᠠ ᠪᠠᠨ ᠠᠪᠣᠭᠰᠠᠨ ᠳᠠᠷᠠ ᠡᠳᠦᠷ ᠡᠴᠡ ᠡᠭᠢᠯᠡᠭᠡᠤᠨ ᠨᠠᠮᠠᠬᠠᠢ ᠬᠠᠷᠢᠨ ᠳᠠᠳᠠᠨ ᠤ ᠭᠢᠨ ᠤ ᠡᠭᠦᠳᠡ ᠨᠢ ᠬᠠᠮᠢᠭᠠᠰᠢ ᠬᠠᠠᠳᠤᠵᠤ ᠪᠠᠢ᠌ᠳᠠᠭ ᠢ ᠮᠡᠳᠡᠭᠦ ᠦᠭᠡᠶ ᠪᠣᠯᠴᠢᠬᠠᠭᠰᠠᠨ ᠪᠠᠢ᠌ᠯ᠎ᠠ ᠃ ᠬᠠᠶᠠ ᠵᠡᠭᠡᠯᠢ ᠳᠡᠭᠡᠷ᠎ᠡ A ᠳᠠᠷᠤᠭ᠎ᠠ ᠶᠢᠨ ᠪᠠᠷ᠎ᠠ ᠶᠢ ᠣᠯᠵᠤ ᠬᠠᠷᠠᠮᠠᠭᠴᠠ ᠬᠠᠮᠠᠭᠤ ᠨᠢ ᠬᠠᠯᠳᠠᠬᠤ ᠡᠴᠡ ᠠᠶᠤᠭᠰᠠᠨ ᠰᠢᠭ ᠬᠤᠯᠠ ᠡᠴᠡ ᠵᠠᠢ᠌ᠯᠠᠨ ᠶᠠᠪᠣᠳᠠᠭ ᠪᠠᠢ᠌ᠪᠠ ᠃ 《ᠭᠦᠮᠤᠨ ᠤ ᠰᠠᠢ᠌ᠨ ᠢ ᠶᠠᠪᠤᠨ ᠪᠠᠢ᠌ᠵᠤ ᠮᠠᠳᠠᠨ᠎ᠠ ᠭᠦᠯᠦᠭ᠌ ᠤᠨ ᠰᠠᠢ᠌ᠨ ᠢ ᠣᠨᠤᠨ ᠪᠠᠢ᠌ᠵᠤ ᠮᠠᠳᠠᠨ᠎ᠠ》 ᠭᠡᠳᠡᠭ᠌ ᠥᠭᠡ ᠶᠢ ᠥᠨᠡᠭᠡᠷ ᠰᠠᠢ᠌ᠬᠠᠨ ᠭᠡᠯᠡᠭ᠍ᠰᠡᠨ ᠠᠵᠠᠢ ᠃ ᠳᠠᠷᠠ ᠣᠳᠤ ᠠᠯᠢ ᠳᠠᠷᠤᠭ᠎ᠠ ᠶᠢ ᠰᠡᠭᠦᠯᠳᠡᠭᠡᠤᠨ ᠪᠦᠩᠰᠢᠵᠤ ᠱᠤᠩᠰᠢᠵᠤ ᠶᠠᠪᠣᠭ᠎ᠠ ᠪᠣᠯ⁈


ᠬᠤᠪᠢ ᠳᠠᠪᠢᠯᠠᠩ


ᠭᠦᠮᠤᠨ ᠳᠤ ᠬᠤᠪᠢ ᠳᠠᠪᠢᠯᠠᠩ ᠭᠡᠵᠤ ᠪᠠᠢ᠌ᠬᠤ ᠡᠰᠡᠭᠦ ᠶᠢ ᠭᠡᠨ ᠴᠤ ᠳᠤᠳᠤᠷᠬᠠᠢ ᠭᠡᠯᠡᠵᠤ ᠴᠢᠳᠠᠬᠤ ᠦᠭᠡᠶ ᠪᠠᠢ᠌ᠳᠠᠭ ᠃ ᠭᠡᠳᠡᠯ᠎ᠡ ᠡᠩ ᠳᠡᠯᠡᠭᠡᠢ ᠶᠢᠨ ᠭᠦᠮᠤᠨ ᠤ ᠰᠠᠨᠠᠭ᠎ᠠ ᠪᠠᠷ ᠪᠣᠯᠵᠤ ᠥᠭ᠍ᠳᠡᠭ᠌ ᠦᠭᠡᠶ ᠵᠠᠷᠢᠮ ᠣᠴᠢᠷ ᠤᠳ ᠵᠠᠮ ᠨᠢ ᠳᠠᠭᠠᠷᠠᠭᠠᠤᠨ ᠵᠠᠶᠠᠭ᠎ᠠ ᠨᠢ ᠳᠡᠭᠡᠷᠡᠳᠡᠪᠠᠯ ᠠᠶᠠᠠᠳᠠᠭᠠᠨ ᠪᠣᠯᠵᠤ ᠪᠦᠳᠦᠳᠡᠭ᠌ ᠪᠢᠯᠠ᠃ ᠡᠭᠦᠨ ᠢ ᠮᠠᠨ ᠤ ᠮᠤᠩᠭ᠋ᠤᠯᠴᠤᠳ 《ᠪᠣᠶᠠᠨ ᠨᠢ ᠢᠷᠠᠪᠠᠯ ᠪᠣᠬ᠎ᠠ ᠨᠢ ᠳᠤᠭᠤᠯᠯᠠᠨ᠎ᠠ》 ᠭᠡᠵᠤ ᠶ‍ᠥᠮᠦᠷᠯᠢᠭ᠌ ᠰᠠᠢ᠌ᠬᠠᠨ ᠭᠡᠯᠡᠳᠡᠭ᠌ ᠪᠢᠰᠢ ᠪᠢᠯᠢᠤ︖ ᠳᠡᠭᠡᠭᠦ ᠳᠡᠭᠡᠨ ᠵᠠᠷᠢᠮ ᠭᠦᠮᠤᠨ ᠶᠠᠮᠠᠷ ᠴᠤ ᠡᠷᠳᠡᠮ ᠴᠢᠳᠠᠪᠣᠷᠢ ᠦᠭᠡᠶ ᠪᠣᠯᠪᠠᠴᠤ ᠣᠯᠠᠨ ᠤ ᠳᠡᠭᠡᠳᠡᠢ ᠣᠪᠣᠷᠳᠠᠵᠤ ᠣᠯᠤᠭᠠᠢ ᠬᠤᠳᠤᠭᠤᠳᠤ ᠪᠠᠨ ᠪᠠᠯᠠᠨ ᠶᠢᠡᠷ ᠳᠦᠭᠦᠷᠭᠡᠭᠡᠤᠨ ᠨᠠᠰᠤᠨ ᠳᠤᠷᠰᠢ ᠵᠢᠷᠭᠠᠵᠤ ᠭᠦᠯ ᠶᠢᠡᠨ ᠳᠡᠭ᠍ᠷᠢ ᠥᠭᠡᠳᠡ ᠵᠢᠭᠢᠵᠤ ᠶᠠᠪᠣᠳᠠᠭ ᠪᠢᠯᠠ ᠃ B ᠳᠠᠷᠤᠭ᠎ᠠ ᠪᠣᠯ ᠳᠠᠷᠤᠢ ᠡᠢ᠌ᠨ ᠭᠦ ᠬᠤᠪᠢ ᠳᠠᠪᠢᠯᠠᠩ ᠳᠡᠭᠡᠷᠡᠳᠡᠭ᠍ᠰᠡᠳ ᠤᠨ ᠨᠢᠭᠡ ᠨᠢ ᠪᠢᠯᠠ ᠃

B ᠳᠠᠷᠤᠭ᠎ᠠ ᠭᠢᠳᠠᠤᠨ ᠪᠢᠴᠢᠭ᠌ ᠢ ᠪᠣᠤ ᠭᠡᠯᠡ ᠲᠦᠷᠦᠯᠭᠢ ᠡᠴᠡ ᠪᠠᠨ ᠰᠤᠷᠤᠭᠰᠠᠨ ᠮᠤᠩᠭ᠋ᠤᠯ ᠪᠢᠴᠢᠭ᠌ ᠶᠢᠡᠨ ᠴᠤ ᠪᠦᠷᠢᠨ ᠳᠠᠨᠢᠳᠠᠭ ᠦᠭᠡᠶ ᠭᠦᠮᠤᠨ ᠪᠠᠢ᠌ᠭᠰᠠᠨ ᠃ ᠪᠠᠭ᠎ᠠ ᠳᠤ ᠨᠢ ᠪᠠᠭᠰᠢ ᠨᠢ ᠳᠡᠭᠦᠨ ᠳᠤ 《ᠠ ᠡ ᠡᠢ》 ᠭᠡᠵᠤ ᠣᠷᠤᠭᠤᠯ ᠶᠢᠡᠨ ᠨᠢᠮᠭᠡᠷᠡᠳᠡᠯ᠎ᠡ ᠣᠩᠰᠢᠵᠤ ᠵᠢᠭᠠᠭᠠᠤᠨ ᠳᠠᠭᠢᠨ B ᠪᠠᠷ ᠣᠩᠰᠢᠭᠤᠯᠬᠤ ᠳᠤ ᠮᠠᠨ ᠤ ᠭᠦᠮᠤᠨ 《ᠡᠢ ᠠ ᠡ》 ᠭᠡᠤᠨ ᠯᠠ ᠣᠩᠰᠢᠭᠠᠤᠨ ᠥᠭ᠍ᠳᠡᠭ᠌ ᠭᠡᠰᠡᠨ ᠃ ᠪᠠᠭᠰᠢ ᠨᠢ ᠪᠢ ᠰᠠᠶ‍ᠢ 《ᠠ ᠡ ᠡᠢ》 ᠭᠡᠵᠤ ᠣᠩᠰᠢᠯ᠎ᠠ ᠪᠢᠵᠠ ᠭᠡᠭᠦ ᠳᠤ B ᠬᠠᠷᠢᠨ 《ᠪᠢ ᠰᠠᠶ‍ᠢ ᠮᠠᠷᠳᠠᠴᠢᠬᠠᠭᠰᠠᠨ》 ᠭᠡᠵᠤ ᠭᠡᠯᠡᠭᠡᠤᠨ ᠮᠤᠯᠳᠤᠭ ᠳᠤᠯᠤᠭᠠᠢ ᠪᠠᠨ ᠬᠠᠷ ᠬᠠᠷ ᠮᠠᠭᠠᠵᠢᠳᠠᠭ ᠭᠡᠨ᠎ᠡ ᠃ ᠪᠠᠭᠰᠢ ᠨᠢ ᠠᠷᠭ᠎ᠠ ᠶᠠᠳᠠᠬᠤ ᠳᠠᠭᠠᠨ 《ᠪᠠᠢ᠌ᠰᠭᠢᠭᠡᠤᠨ ᠰᠠᠢ᠌ᠳᠤᠷ ᠣᠩᠰᠢᠵᠤ ᠰᠤᠷ》 ᠭᠡᠭᠦ ᠳᠤ B ᠬᠠᠷᠢᠨ 《ᠪᠠᠢ᠌ᠰᠭᠢᠭᠡᠤᠨ ᠪᠦᠷ ᠮᠠᠷᠳᠠᠴᠢᠬᠠᠬᠤ ᠦᠭᠡᠶ ᠦᠦ︖》 ᠭᠡᠳᠡᠭ᠌ ᠠᠯᠢᠶ᠎ᠠ ᠮᠥᠷᠳᠡᠭᠡᠨ ᠪᠢᠳᠠᠭᠤ ᠭᠡᠦᠭᠡᠤᠨ ᠪᠠᠢ᠌ᠯ᠎ᠠ ᠭᠡᠳᠡᠭ᠌ ᠃

ᠭᠡᠶ᠎ᠡ ᠂ B ᠳᠤ ᠦᠨᠦᠳᠤᠷ ᠶᠡᠭᠡ ᠰᠤᠷᠭᠠᠭᠤᠯᠢ ᠶᠢᠨ ᠵᠢᠩᠭᠢᠨᠢ ᠠᠩᠭᠢ ᠳᠡᠭᠦᠰᠦᠭ᠍ᠰᠡᠨ ᠳᠤᠮᠤ ᠳᠠᠮᠠᠭ᠎ᠠ ᠶᠢ ᠳᠤᠪ ᠳᠤᠳᠤᠷᠬᠠᠢ ᠳᠠᠮᠠᠭᠠᠯᠠᠭᠰᠠᠨ ᠣᠪ ᠣᠯᠠᠭᠠᠨ ᠦᠨᠡᠮᠯᠠᠯ ᠪᠠᠢ᠌ᠳᠠᠭ ᠢ ᠭᠡᠨ ᠨᠢ ᠠᠯᠢ ᠡᠰᠡ ᠭᠡᠭᠦ ᠪᠢᠯᠠ ᠃

B ᠳᠠᠷᠤᠭ᠎ᠠ ᠬᠤᠷᠠᠯ ᠪᠣᠯᠭᠠᠨ ᠳᠤ ᠳᠠᠢ᠌ᠵᠠᠨ ᠤ ᠭᠤᠤᠯ ᠳᠤ ᠯᠠᠭᠱᠠᠨ ᠳᠦᠷᠢ ᠪᠠᠷ ᠵᠠᠯᠠᠷᠠᠨ ᠰᠠᠭᠤᠳᠠᠭ ᠃ ᠬᠠᠶᠠ ᠨᠢᠭᠡ ᠪᠢᠴᠢᠭ᠌ ᠮᠠᠲ᠋ᠸᠷᠢᠶᠠᠯ ᠣᠩᠰᠢᠬᠤ ᠨᠢ ᠮᠠᠩᠬᠠᠨ ᠳᠤ ᠳᠤᠷᠤᠭᠰᠠᠨ ᠳᠡᠷᠭᠡ ᠰᠢᠭ᠌ ᠪᠠᠢ᠌ᠳᠠᠭ ᠃ ᠭᠡᠳᠡᠯ᠎ᠡ ᠡᠩ ᠤᠨ ᠦᠶ᠎ᠡ ᠳᠤ ᠡᠮᠡᠰ ᠦᠬᠢᠤᠨ ᠤᠨ ᠵᠤᠭᠤᠭ ᠂ ᠵᠠᠳᠠᠭᠠᠢ ᠮᠠᠷᠵᠠᠩ ᠱᠤᠭ ᠤᠳ ᠢ ᠭᠡᠯᠡᠭᠦ ᠨᠢ ᠰᠤᠨᠤᠰᠤᠭᠴᠢᠤᠨ ᠤᠨ ᠳᠤᠷ᠎ᠠ ᠰᠤᠨᠢᠷᠬᠠᠯ ᠢ ᠰᠤᠷᠢᠠᠵᠢᠨ ᠰᠢᠭ᠌ ᠳᠠᠳᠠᠳᠠᠯ᠎ᠠ ᠰᠤᠨᠤᠰᠪᠣᠷᠢᠳᠠᠢ ᠰᠠᠢ᠌ᠬᠠᠨ ᠭᠡᠯᠡᠳᠡᠭ᠌ ᠪᠠᠢ᠌ᠯ᠎ᠠ ᠃

B ᠳᠠᠷᠤᠭ᠎ᠠ ᠠᠵᠢᠯ ᠤᠨ ᠬᠠᠷᠢᠭᠤ ᠮᠡᠳᠡᠭᠦᠯᠦᠯᠳᠡ ᠭᠢᠭᠦ ᠳᠡᠭᠡᠨ ᠳᠤᠩ ᠴᠢᠳᠠᠮᠠᠭᠠᠢ ᠪᠠᠢ᠌ᠳᠠᠭ ᠃ ᠳᠠᠷᠠ ᠪᠠᠷ ᠦᠪᠡᠷ ᠤᠨ ᠶᠢᠡᠨ ᠭᠢᠭᠡ ᠦᠭᠡᠶ ᠠᠵᠢᠯ ᠶᠢᠡᠨ ᠭᠢᠭ᠍ᠰᠡᠨ ᠡᠴᠡ ᠴᠤ ᠬᠤᠯᠠ ᠰᠠᠢ᠌ᠬᠠᠨ ᠭᠡᠯᠡᠵᠤ ᠂ ᠪᠦᠳᠦᠭᠡᠵᠤ ᠴᠢᠳᠠᠭᠰᠠᠨ ᠦᠭᠡᠶ ᠶᠠᠪᠣᠳᠠᠯ ᠶᠢᠡᠨ ᠪᠦᠳᠦᠭᠡᠭ᠍ᠰᠡᠨ ᠡᠴᠡ ᠴᠤ ᠬᠤᠯᠠ ᠢᠯᠡᠭᠦᠤ ᠪᠦᠮᠪᠦᠷᠭᠡᠨ ᠪᠣᠯᠭᠠᠵᠤ ᠭᠡᠯᠡᠵᠤ ᠴᠢᠳᠠᠨ᠎ᠠ ᠃ ᠳᠠᠢ᠌ᠮᠤ ᠡᠴᠡ ᠳᠠᠷᠠ ᠳᠡᠭᠡᠳᠤ ᠱᠠᠳᠤᠨ ᠡᠴᠡ ᠠᠵᠢᠯ ᠪᠠᠢ᠌ᠴᠠᠭᠠᠬᠤ ᠪᠠᠷ ᠢᠷᠡᠭ᠍ᠰᠡᠨ ᠳᠠᠷᠤᠭ᠎ᠠ ᠨᠡᠷ ᠢ ᠰᠠᠳᠤᠯᠳᠠ ᠣᠯᠳᠠᠯ᠎ᠠ ᠂ ᠰᠠᠤᠠᠭᠢᠯ ᠭᠦᠳᠡᠯᠳᠡᠯ᠎ᠡ ᠭᠡᠯᠡᠭᠡᠤᠨ ᠳᠤᠭ᠎ᠠ ᠦᠭᠡᠶ ᠣᠯᠠᠨ ᠮᠠᠭᠳᠠᠭᠠᠯ ᠰᠠᠢ᠌ᠰᠢᠶᠠᠯ ᠪᠣᠯᠤᠨ ᠭᠦᠭᠢᠭᠦᠯᠦᠯ ᠱᠠᠩᠨᠠᠯ ᠭᠠᠷᠳᠠᠵᠤ ᠶᠠᠪᠣᠭᠰᠠᠨ ᠪᠢᠯᠠ ᠃

B ᠳᠠᠷᠤᠭ᠎ᠠ ᠪᠠᠰᠠ ᠳᠡᠭᠦᠨ ᠳᠤ ᠲᠦᠷᠦᠯᠭᠢ ᠪᠠᠢ᠌ᠳᠠᠭ ᠳᠡᠢ᠌ᠡᠭᠦ ᠮᠠᠶ‍ᠢᠭ ᠤᠨ ᠴᠠᠴᠠᠨ ᠣᠬᠠᠭᠠᠨ ᠴᠡᠯᠮᠡᠭ᠌ ᠣᠶᠤᠨ ᠶᠢᠡᠷ ᠶᠢᠡᠨ ᠭᠦᠮᠦᠰ ᠤᠨ ᠰᠢ᠌ᠤᠠᠪᠣᠷᠢᠯᠠᠵᠤ ᠳᠡᠢ᠌ᠯᠭᠦ ᠦᠭᠡᠶ ᠭᠦᠴᠢᠷ ᠳᠦᠪᠠᠭ᠌ ᠲᠡᠶ ᠠᠰᠠᠭᠤᠳᠠᠯ ᠢ ᠠᠪᠤᠨ ᠳᠤᠤᠷ᠎ᠠ ᠪᠠᠨ ᠠᠷᠭᠠᠴᠠᠭᠠᠵᠤ ᠴᠢᠳᠠᠳᠠᠭ ᠶᠢᠡᠷ ᠶᠢᠡᠨ ᠭᠦᠮᠦᠰ ᠤᠨ ᠪᠢᠰᠢᠷᠠᠯ ᠢ ᠣᠯᠵᠤ ᠪᠠᠢ᠌ᠳᠠᠭ ᠃ ᠳᠠᠷᠠ ᠳᠠᠢ᠌ᠨ ᠭᠦ ᠠᠷᠭ᠎ᠠ ᠴᠢᠳᠠᠪᠣᠷᠢ ᠪᠠᠷ ᠶᠢᠡᠨ ᠣᠯᠠᠨ ᠤ ᠳᠡᠭᠡᠳᠡᠢ ᠵᠠᠪᠢᠯᠠᠬᠤ ᠪᠠᠷ ᠶᠢᠡᠨ ᠵᠠᠪᠢᠯᠠᠨ ᠵᠠᠯᠭᠢᠬᠤ ᠪᠠᠷ ᠶᠢᠡᠨ ᠵᠠᠯᠭᠢᠵᠤ ᠂ ᠣᠯᠠᠨ ᠤ ᠪᠣᠶᠠᠨ ᠣᠪᠣᠭᠠᠨ ᠤ ᠭᠡᠰᠢᠭ᠌ ᠢ ᠳᠡᠭᠡᠵᠢᠯᠡᠵᠤ ᠶᠠᠪᠣᠳᠠᠭ ᠪᠦᠭᠡᠤᠨ ᠡᠩ ᠳᠡᠯᠡᠭᠡᠢ ᠶᠢᠨ ᠠᠯᠢᠪᠠ ᠶᠠᠪᠣᠳᠠᠯ ᠢ ᠦᠪᠡᠷ ᠤᠨ ᠶᠢᠡᠨ ᠰᠠᠨᠠᠭ᠎ᠠ ᠪᠠᠷ ᠡᠷᠭᠢᠭᠦᠯᠵᠤ ᠴᠢᠳᠠᠬᠤ ᠮᠥᠷᠳᠡᠭᠡᠨ ᠠᠭᠠᠷ ᠳᠡᠭ᠍ᠷᠢ ᠶᠢᠨ ᠠᠯᠢᠶ᠎ᠠ ᠰᠠᠯᠭᠢ ᠶᠢ ᠴᠤ ᠦᠪᠡᠷ ᠤᠨ ᠶᠢᠡᠨ ᠳᠦᠯᠦᠭᠡ ᠰᠠᠯᠭᠢᠯᠠᠭᠤᠯᠵᠤ ᠴᠢᠳᠠᠳᠠᠭ ᠪᠢᠯᠠ ᠃ ᠳᠡᠭᠡᠭᠦ ᠳᠡᠭᠡᠨ ᠳᠠᠷᠠ ᠦᠨᠦᠳᠤᠷ ᠵᠢᠩᠰᠠ ᠶᠢᠨ ᠣᠯᠠᠭᠠᠨ ᠢ ᠵᠡᠭᠦᠵᠤ ᠂ ᠵᠡᠷᠭᠡ ᠶᠢᠨ ᠦᠨᠳᠦᠷ ᠲᠤ ᠭᠢᠯᠠᠷᠠᠵᠤ ᠶᠠᠪᠣᠭ᠎ᠠ ᠶᠤᠮᠰᠠᠨ ᠃ ᠡᠨᠡ ᠪᠣᠯ ᠳᠠᠷᠤᠢ ᠡᠩ ᠬᠤᠷᠸ᠎ᠠ ᠶᠢᠨ ᠭᠦᠮᠤᠨ ᠤ ᠬᠤᠪᠢ ᠳᠠᠪᠢᠯᠠᠩ ᠪᠣᠯᠠᠢ ᠃

ᠵᠤᠬᠢᠶᠠᠭᠴᠢ᠄ ᠰᠡᠷᠵᠢᠮ᠎ᠠ
ᠬᠠᠷᠢᠶ᠎ᠠ᠄ ᠨᠠᠢ᠌ᠷᠠᠭᠤᠯᠤᠯ
ᠳᠠᠷᠤᠮ᠄ 11988
ᠴᠠᠭ᠄ 2005 ᠤᠨ ᠤ 12 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁