ᠣᠯᠤᠭ᠎ᠠ ᠦᠭᠡᠶ ᠠᠮᠠᠷᠠᠭ

ᠣᠷᠤᠰᠢᠯ


ᠠᠯᠢᠪᠠ ᠪᠦᠭᠦᠨ ᠥᠩᠭᠡᠷᠡᠨ᠎ᠡ ᠳ᠋ᠠ

ᠣᠷᠤ ᠮᠦᠷ ᠦᠭᠡᠶ ᠳᠡᠭᠡᠵᠤ ᠯᠠ ᠣᠳᠤᠨ᠎ᠠ ᠳ᠋ᠠ

ᠣᠠᠴᠠᠭᠠᠢ ᠭᠡᠷᠪᠡ ᠥᠯᠡᠳᠡᠭᠦ ᠶᠠᠭᠤᠮ᠎ᠠ ᠪᠠᠢ᠌ᠪᠠᠯ

ᠣᠷᠢᠳᠤ ᠴᠢᠮ᠎ᠠ ᠳᠤ ᠳᠤᠷᠠᠯᠠᠭᠰᠠᠨ

ᠥ ᠰᠠᠪ ᠦᠭᠡᠶ ᠬᠠᠢ᠌ᠷ᠎ᠠ ᠶᠢᠨ ᠳᠤᠷᠠᠰᠤᠯ ᠪᠢᠵᠠ︖

ᠡᠷᠢᠶᠡᠯᠡᠭᠡᠤᠨ᠂ ᠡᠷᠡᠭᠡᠯᠵᠡᠭᠡᠤᠨ

ᠡᠴᠢᠭᠡ ᠰᠢᠭ᠌ ᠶᠠᠳᠠᠭᠤ ᠳᠠᠭᠠᠨ ᠭᠤᠮᠤᠳᠠᠭᠠᠤᠨ

ᠭᠡᠯᠡᠭᠡ ᠦᠭᠡᠶ ᠳᠤᠷᠠᠯᠠᠯ ᠤᠨ ᠥᠯᠢᠭᠡᠷ ᠦᠯᠠᠳᠠᠨ᠎ᠠ ᠳ᠋ᠠ

ᠦᠯᠠᠳᠠᠯ᠎ᠠ ᠭᠡᠤᠨ ᠳᠠᠷᠠ ᠥᠴᠦᠭᠡᠨ ᠴᠤ ᠳᠤᠰᠠ ᠦᠭᠡᠶ ᠨᠠᠳᠠᠳᠤ

ᠦᠳᠡᠰᠢ ᠶᠢᠨ ᠨᠢᠭᠡᠨ ᠥᠯᠢᠭᠡᠷ

ᠥᠩᠭᠡᠷᠡᠭᠦ ᠪᠠᠷ ᠶᠢᠡᠨ ᠥᠩᠭᠡᠷᠡᠨ᠎ᠡ

ᠦᠭ‍ᠭᠦᠭᠡ ᠥᠭᠡᠢ ᠨᠢ᠂ ᠠᠪᠬᠤ ᠵᠣᠢ᠌ᠯ ᠢ

ᠳᠠᠷᠠ ᠨᠢ ᠭᠡᠵᠤ

ᠳᠡᠷᠭᠡᠨ ᠤ ᠪᠣᠯᠤ ᠰᠢᠭ ᠡᠯᠡᠭ᠍ᠳᠡᠭ᠍ᠰᠡᠨ

ᠳᠡᠩᠴᠡᠭᠦᠷᠢ ᠪᠠᠨ ᠳᠤᠵᠢ ᠠᠯᠳᠠᠳᠠᠭ

ᠳᠡᠩᠴᠤᠨᠭᠡᠯ ᠪᠣᠰᠤ ᠶᠢᠨ ᠳᠤᠮᠢᠶ᠎ᠠ

ᠳᠦᠭᠦᠭᠡ ᠦᠭᠡᠶ ᠠᠮᠢᠳᠤᠷᠠᠯ ᠤᠨ ᠮᠢᠨᠢ ᠡᠭᠡᠰᠢᠭ᠌ ᠪᠠᠢ᠌ᠪᠠ

ᠪᠣᠰᠤᠳ ᠤᠨ ᠨᠢᠳᠤᠨ ᠳᠤ ᠪᠢ ᠴᠢᠨᠢ

ᠪᠣᠭᠤᠯ ᠤᠨ ᠪᠠᠢ᠌ᠷᠢ ᠦᠭᠡᠶ ᠶᠠᠪᠣᠭ᠎ᠠ ᠰᠢᠳᠠ ᠭᠡᠭᠦ ᠡᠴᠡ

ᠪᠣᠷᠤ ᠵᠢᠷᠦᠭᠡ ᠭᠡᠮ ᠶᠢᠡᠨ ᠠᠯᠳᠠᠭᠠᠤᠨ

ᠪᠣᠷᠪᠢ ᠡᠪᠦᠳᠦᠭ᠌ ᠶᠢᠡᠷ ᠨᠤᠭᠤᠷᠠᠭᠠᠤᠨ ᠪᠠᠢ᠌ᠬᠤ ᠶᠤᠮ

ᠠᠷᠢᠭᠢ ᠣᠤᠭᠤᠵᠤ ᠵᠡᠭᠡᠯᠢ ᠳᠤ ᠭᠡᠪᠳᠡᠭ᠍ᠰᠡᠨ

ᠠᠷᠠᠤᠨ ᠤᠨ ᠵᠤᠭᠤᠰ ᠦᠭᠡᠶ ᠪᠠᠳᠢᠷᠯᠠᠵᠤ ᠭᠦᠶ‍ᠦᠭ᠍ᠰᠡᠨ

ᠠᠮᠠᠷᠠᠭ ᠦᠭᠡᠶ ᠭᠡᠵᠤ ᠪᠣᠰᠤᠳ ᠢ ᠴᠢᠷᠠᠢ᠌ᠯᠠᠭᠰᠠᠨ᠁

ᠠᠯᠢᠪᠠ ᠪᠦᠭᠦᠨ ᠥᠩᠭᠡᠷᠡᠨ᠎ᠡ

ᠠᠯᠳᠠ ᠰᠢᠭ ᠴᠠᠭ ᠮᠦᠴᠡ

ᠠᠷᠠᠤᠨ ᠤᠨ ᠴᠠᠭᠳᠠᠭᠠᠨ ᠤ ᠬᠤᠸᠠᠷᠠᠨ ᠡᠴᠡ ᠳᠠᠭᠢᠨ ᠡᠭᠢᠯᠡᠨ᠎ᠡ

ᠴᠢᠨᠤ ᠡᠮᠦᠨ᠎ᠡ ᠴᠠᠴᠠᠷᠠᠵᠤ ᠵᠤᠭᠰᠤᠭᠰᠠᠨ

ᠴᠢᠮᠡᠭᠡ ᠦᠭᠡᠶ ᠰᠠᠯᠵᠤ ᠪᠣᠴᠠᠭᠰᠠᠨ

ᠳᠡᠷᠡᠭᠡᠨ ᠴᠠᠭ ᠮᠦᠴᠡ

ᠳᠠᠭᠢᠵᠤ ᠢᠷᠡᠭᠦ ᠦᠭᠡᠶ ᠳᠠᠰᠤ ᠥᠩᠭᠡᠷᠡᠨ᠎ᠡ

*      *    *

ᠣᠷᠴᠢᠯᠠᠩ ᠤᠨ ᠬᠠᠮᠢᠭ᠎ᠠ ᠨᠢ ᠶᠠᠪᠣᠭ᠎ᠠ ᠪᠢᠯᠠ︖

ᠣᠯᠤᠭ᠎ᠠ ᠦᠭᠡᠶ ᠠᠮᠠᠷᠠᠭ ᠮᠢᠨᠢ

ᠣᠷᠢᠳᠤ ᠶᠢᠨ ᠳᠠᠪᠢᠯᠠᠩ ᠣᠷᠣᠢ᠌ᠳᠠᠭᠰᠠᠨ ᠶᠤᠮ ᠦᠦ︖

ᠣᠴᠠᠷᠠᠳᠠᠭ ᠦᠭᠡᠶ ᠨᠢ ᠶᠠᠭᠤ ᠪᠢᠯᠠ︖

ᠣᠭᠳᠠᠷᠭᠤᠢ ᠶᠢᠨ ᠪᠣᠮᠠᠨ ᠣᠳᠤᠨ ᠤ

ᠠᠯᠢ ᠨᠢ ᠴᠢᠨᠤᠭᠢ ᠪᠠᠢ᠌ᠳᠠᠭ ᠪᠢᠯᠠ︖

ᠣᠠᠴᠠᠭᠠᠢ ᠭᠡᠷᠡᠯᠳᠡᠢ ᠨᠢ ᠮᠦᠨ ᠪᠣᠯ ᠦᠦ︖

ᠣᠳᠤ ᠪᠢ ᠴᠢᠨᠢ ᠡᠷᠢᠵᠤ ᠪᠠᠢ᠌ᠨ᠎ᠠ


ᠵᠡᠭᠦᠨ ᠰᠥᠪᠠᠭᠡᠨ ᠳᠤ ᠣᠰᠤ ᠬᠤᠷᠠᠭᠠᠤᠨ

ᠵᠢᠷᠢᠮ ᠤᠨ ᠡᠮᠨᠡᠯᠭᠡ ᠳᠤ ᠰᠢᠨᠠᠯᠵᠤ ᠪᠠᠢ᠌ᠬᠤ ᠳᠤ

ᠵᠢᠷᠦᠭᠡ ᠪᠠᠨ ᠠᠳᠬᠤᠭᠰᠠᠨ ᠨᠢᠭᠡ ᠭᠦᠮᠤᠨ

ᠵᠤᠪᠭᠢᠨ ᠳᠠᠭᠠᠨ ᠨᠢᠯᠪᠣᠰᠤ ᠲᠡᠶ ᠵᠤᠭᠰᠤᠵᠤ ᠪᠠᠢ᠌ᠭᠰᠠᠨ

ᠴᠢᠰᠤ ᠦᠭᠡᠶ ᠴᠢᠷᠠᠢ ᠳᠠᠭᠠᠨ ᠭᠤᠨᠢᠭ ᠶᠢᠡᠨ ᠰᠢᠩᠭᠡᠭᠡᠵᠤ

ᠴᠤᠭ ᠦᠭᠡᠶ ᠨᠢᠳᠤ ᠪᠠᠨ ᠠᠨᠢᠨ ᠭᠡᠪᠳᠡᠭᠦ ᠳᠤ

ᠴᠢᠮᠡᠭᠡ ᠦᠭᠡᠶ ᠳᠠᠷᠠ ᠭᠦᠮᠤᠨ ᠬᠠᠵᠠᠭᠤ ᠳᠤ ᠰᠠᠭᠤᠭᠠᠤᠨ

ᠴᠤᠮᠤ ᠲᠡᠶ ᠣᠰᠤ ᠣᠢ᠌ᠷᠠᠳᠤᠭᠤᠯᠵᠤ ᠪᠠᠢ᠌ᠭᠰᠠᠨ

ᠳᠠᠷᠠ ᠦᠬᠢᠨ ᠭᠡᠨ ᠪᠣᠯᠤᠭ᠎ᠠ ᠪᠣᠢ︖

ᠳᠠ ᠮᠠᠳᠠᠨ᠎ᠠ ᠦᠦ︖ ᠨᠠᠢ᠌ᠵᠠ ᠮᠢᠨᠢ

ᠮᠡᠳᠡᠭᠦ ᠭᠡᠵᠤ ᠶᠠᠭᠠᠷᠠᠭᠰᠠᠨ ᠤ ᠭᠡᠷᠡᠭ᠌ ᠦᠭᠡᠶ

ᠮᠦᠳᠳᠤ ᠯᠠ ᠴᠢᠮ᠎ᠠ ᠳᠤ ᠭᠡᠯᠡᠭᠡᠤᠨ ᠯᠠ ᠦᠭ‍ᠭᠦᠨ᠎ᠡ

ᠠᠯᠢᠮᠠᠨ ᠶᠠᠭᠠᠨ ᠬᠠᠴᠠᠷ ᠶᠢᠡᠨ

ᠠᠶᠠᠳᠠᠭᠤᠯᠵᠤ ᠡᠩᠭᠡᠷ ᠲᠤ ᠮᠢᠨᠢ ᠨᠠᠯᠠᠭᠰᠠᠨ

ᠠᠷᠴᠠᠨ ᠪᠠᠷᠭᠡ ᠶᠢᠨ ᠨᠤᠳᠤᠭ ᠲᠡᠶ ᠠᠶᠤᠮᠠᠷᠬᠠᠨ ᠭᠤᠶᠤ ᠦᠬᠢᠨ ᠰᠠᠨ

ᠠᠷᠭ᠎ᠠ ᠦᠭᠡᠶ ᠪᠢ ᠳᠤᠷᠠᠯᠠᠭᠰᠠᠨ ᠰᠠᠨ

ᠳᠤᠷᠠᠯᠠᠯ ᠤᠨ ᠮᠢᠨᠢ ᠶᠠᠳᠤᠭ᠎ᠠ ᠶᠢ ᠳᠠᠷᠠ ᠯᠠ ᠴᠢᠪᠬᠠᠳᠠᠵᠤ

ᠳᠠᠭᠤᠤ ᠡᠭᠡᠰᠢᠭ᠌ ᠭᠠᠷᠭᠠᠵᠤ ᠪᠢᠯᠠ

ᠳᠤᠷ᠎ᠠ ᠲᠡᠶ ᠭᠡᠵᠤ ᠳᠤᠷ᠎ᠠ ᠪᠠᠨ ᠦᠭ‍ᠭᠦᠭᠡᠤᠨ

ᠣᠷᠤᠭᠤᠯ ᠳᠡᠭᠡᠷ᠎ᠡ ᠮᠢᠨᠢ ᠥᠨᠦᠰᠦᠭ᠍ᠰᠡᠨ ᠪᠢᠯᠡ

ᠦᠬᠢᠨ ᠭᠦᠢᠰᠦᠳᠡᠨ ᠢ ᠠᠩᠬ᠎ᠠ ᠣᠳᠠᠭ᠎ᠠ

ᠡᠷᠡᠭᠡ ᠦᠭᠡᠶ ᠳᠡᠪᠠᠷᠢᠭ᠍ᠰᠡᠨ ᠰᠡᠨ

ᠡᠩᠭᠦᠷᠡᠢ ᠭᠡᠵᠢᠭᠡ ᠶᠢ ᠨᠢ ᠢᠯᠪᠢᠭᠡᠤᠨ

ᠢᠳᠡᠭᠡᠯ ᠭᠦᠰᠡᠯ ᠶᠢᠡᠨ ᠳᠤᠰᠢᠶᠠᠭᠰᠠᠨ ᠰᠠᠨ

ᠭᠡᠭᠦ ᠳᠡᠭᠡᠨ ᠪᠢᠳᠠ ᠬᠠᠤᠯᠢ ᠵᠥᠷᠢᠴᠡᠭᠡ ᠦᠭᠡᠶ

ᠭᠡᠨᠡᠨ ᠳᠦᠭ᠍ᠰᠢᠭᠦᠷᠢᠳᠤ ᠣᠢ᠌ᠯᠠ ᠶᠢ ᠭᠢᠭᠡ ᠦᠭᠡᠶ

ᠪᠣᠳᠤᠭ ᠰᠠᠭᠤᠭ᠎ᠠ ᠦᠭᠡᠶ ᠬᠠᠢ᠌ᠷ᠎ᠠ ᠪᠠᠷ ᠶᠢᠡᠨ

ᠪᠠᠶ᠎ᠠ ᠪᠠᠶ᠎ᠠ ᠪᠠᠨ ᠳᠤᠯᠠᠭᠠᠴᠠᠭᠤᠯᠵᠤ ᠪᠢᠯᠠ

ᠳᠤᠳᠤᠷ᠎ᠠ ᠪᠠᠨ ᠳᠤᠭ᠎ᠠ ᠦᠭᠡᠶ ᠳᠤᠷᠠᠯᠠᠭᠰᠠᠨ

ᠳᠦᠷᠪᠡᠨ ᠵᠢᠯ ᠤᠨ ᠳᠤᠷᠠᠯᠠᠯ ᠤᠨ ᠭᠠᠷᠨᠠᠳᠠ

ᠳᠦᠵᠢᠭᠢᠨᠡᠭ᠍ᠰᠡᠨ ᠭᠦᠭ᠍ᠵᠢᠮ ᠲᠡᠶ ᠨᠢᠭᠡᠨ ᠰᠦᠨᠢ

ᠲᠦᠩ ᠭᠡᠳᠡᠯ᠎ᠡ ᠳᠠᠯᠪᠠᠷᠠᠵᠤ ᠪᠢᠯᠠ

ᠬᠠᠢ᠌ᠷ᠎ᠠ ᠶᠢᠨ ᠴᠡᠩᠭᠡᠷ ᠣᠳᠤᠭᠠᠨ ᠳᠤ ᠨᠢ ᠬᠠᠬᠠᠭ᠎ᠠ ᠦᠭᠡᠶ ᠪᠢᠳᠠ ᠬᠤᠶᠠᠷ

ᠬᠠᠯᠠᠭᠤᠨ ᠭᠠᠷ ᠶᠢᠡᠨ ᠡᠷᠢᠵᠤ ᠠᠳᠬᠤᠭᠠᠤᠨ

ᠭᠠᠩᠭ᠋ᠠᠩ ᠬᠤᠷᠸ᠎ᠠ ᠳᠤ ᠬᠠᠮᠳᠤ ᠠᠮᠢᠳᠤᠷᠠᠬᠤ ᠶᠢᠨ

ᠭᠠᠩ ᠤᠨ ᠳᠠᠩᠭ᠋ᠠᠷᠢᠭ ᠳᠠᠯᠪᠢᠭᠰᠠᠨ ᠰᠠᠨ

ᠳᠠᠮᠢᠷ ᠤᠨ ᠳᠠᠯᠠᠪᠣᠷ ᠤᠨ ᠪᠠᠷᠠᠭᠤᠨ ᠥᠡᠴᠦᠭ᠌ ᠲᠤ

ᠳᠡᠭ᠍ᠵᠢᠨ ᠴᠢᠮᠢ᠋ᠢ ᠪᠠᠨ ᠠᠶᠠᠷᠬᠠᠨ ᠳᠠᠪᠠᠷᠢᠵᠤ

ᠳᠠᠢ᠌ᠮᠤ ᠯᠠ ᠠᠮᠳᠠᠳᠠᠢ ᠵᠥᠭᠡᠯᠡᠨ ᠣᠷᠤᠭᠤᠯ ᠢ

ᠳᠠᠪᠠ ᠪᠠᠨ ᠬᠠᠨᠤᠳᠠᠯ᠎ᠠ ᠪᠠᠨ ᠰᠢᠮᠠᠵᠤ ᠪᠢᠯᠠ

ᠡᠮᠡᠭ᠍ᠳᠡᠢ ᠭᠦᠮᠤᠨ ᠤ ᠰᠤᠳᠤᠨ ᠦᠨᠦᠷ ᠢ

ᠡᠨᠡ ᠪᠠᠶ᠎ᠠ ᠪᠠᠷ ᠶᠢᠡᠨ ᠨᠠᠳᠠᠳᠤ ᠮᠡᠳᠡᠭᠦᠯᠦᠭ᠍ᠰᠡᠨ

ᠡᠷᠭᠡᠯᠡᠭᠦ ᠳᠤᠷ᠎ᠠ ᠲᠡᠶ ᠳᠠᠷᠠ ᠦᠬᠢᠨ ᠢ

ᠡᠨᠡᠭᠡᠨ ᠨᠠᠰᠤᠨ ᠳᠠᠭᠠᠨ ᠮᠠᠷᠳᠠᠮ᠎ᠠ ᠦᠭᠡᠶ ᠨᠢ

ᠪᠦᠰᠡᠭᠦᠢ ᠭᠦᠮᠤᠨ ᠤ ᠪᠦᠷᠦᠭ᠌ ᠨᠢᠭᠤᠴᠠᠭᠠᠢ ᠶᠢ

ᠪᠦᠳᠤᠨ ᠪᠠᠶ᠎ᠡ ᠪᠠᠷ ᠶᠢᠡᠨ ᠨᠠᠳᠠᠳᠤ ᠳᠠᠨᠢᠭᠤᠯᠤᠭᠰᠠᠨ

ᠣᠪᠣᠭᠠᠨ ᠪᠤᠯᠦᠩ ᠤᠨ ᠳᠠᠷᠠ ᠦᠬᠢᠨ ᠢ

ᠣᠳᠤ ᠴᠤ ᠭᠡᠤᠨ ᠣᠮᠠᠷᠳᠠᠭ᠎ᠠ ᠦᠭᠡᠶ ᠨᠢ

ᠣᠷᠴᠢᠯᠠᠩ ᠤᠨ ᠬᠠᠮᠢᠭ᠎ᠠ ᠨᠢ ᠶᠠᠪᠣᠭ᠎ᠠ ᠪᠢᠯᠠ︖

ᠣᠯᠤᠭ᠎ᠠ ᠦᠭᠡᠶ ᠠᠮᠠᠷᠠᠭ ᠮᠢᠨᠢ

ᠣᠷᠢᠳᠤ ᠶᠢᠨ ᠳᠠᠪᠢᠯᠠᠩ ᠣᠷᠣᠢ᠌ᠳᠠᠭᠰᠠᠨ ᠶᠤᠮ ᠦᠦ︖

ᠣᠯᠵᠤ ᠠᠭᠤᠯᠵᠠᠳᠠᠭ ᠥᠭᠡᠢ ᠨᠢ ᠶᠠᠭᠤ ᠪᠢᠯᠠ︖

ᠣᠭᠳᠠᠷᠭᠤᠢ ᠶᠢᠨ ᠪᠣᠮᠠᠨ ᠣᠳᠤᠨ ᠊ᠤ

ᠠᠯᠢ ᠨᠢ ᠴᠤᠬᠤᠮ  ᠴᠢᠨᠤᠭᠢ ᠪᠢᠯᠠ︖

ᠣᠠᠴᠠᠭᠠᠢ ᠭᠡᠷᠡᠯᠳᠡᠢ ᠨᠢ ᠮᠦᠨ ᠭᠡᠤᠨ

ᠣᠳᠤ ᠪᠢ ᠴᠢᠨᠢ ᠡᠷᠢᠵᠤ ᠪᠠᠢ᠌ᠨ᠎ᠠ᠁

ᠵᠤᠬᠢᠶᠠᠭᠴᠢ᠄ ᠰ·ᠡᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2247
ᠴᠠᠭ᠄ 2008 ᠤᠨ ᠤ 12 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ