ᠮᠤᠩᠭ᠋ᠤᠯ ᠤᠨ ᠮᠠᠩᠬ᠎ᠠ

ᠴᠤᠭᠤᠷᠬᠠᠢ ᠬᠤᠤᠰ ᠣᠢ᠌ᠮᠤᠰᠤ


ᠴᠤᠭᠤᠷᠠᠵᠠᠢ ᠭᠡᠭᠦ ᠳᠤ ᠰᠡᠳᠭᠢᠯ ᠳᠤ ᠨᠢᠭᠡ ᠵᠤᠪᠠᠳᠠᠭ ᠶᠤᠮᠰᠠᠨ᠃ ᠬᠤᠤᠰ ᠣᠢ᠌ᠮᠤᠰᠤ ᠶᠢᠨ ᠲᠦᠯᠦᠭᠡ ᠯᠠ ᠪᠢᠰᠢ᠂ ᠬᠠᠷᠢᠨ ᠴᠥᠪᠦᠷᠢᠭᠦᠳᠦᠭ᠍ᠰᠡᠨ ᠭᠦᠯ ᠤᠨ ᠶᠢᠡᠨ ᠲᠦᠯᠦᠭᠡ ᠰᠢᠭ᠌ ︕

ᠳᠦᠷᠦᠭ᠍ᠰᠡᠨ ᠡᠨᠡ ᠪᠠᠶ᠎ᠠ ᠮᠢᠨᠢ ᠮᠤᠠᠳᠠᠭ ᠪᠢᠰᠢ ᠴᠤ᠂ ᠪᠦᠭᠦ ᠭᠦᠡᠳᠤ ᠭᠢᠭᠡᠳ ᠠᠮᠢ ᠨᠠᠰᠤ ᠶᠢ ᠳᠤᠯᠭᠠᠭᠤᠷᠢᠯᠠᠵᠤ ᠪᠠᠢ᠌ᠭ᠎ᠠ ᠬᠤᠶᠠᠷ ᠭᠦᠯ ᠤᠨ ᠮᠢᠨᠢ ᠵᠤᠪᠠᠯᠠᠩ ᠢ ᠨᠠᠮᠤᠭᠤᠳᠬᠠᠵᠤ᠂᠂ ᠬᠠᠳᠠᠭᠤᠬᠠᠨ ᠭᠤᠳᠤᠯ ᠭᠢᠭᠡᠳ ᠵᠥᠳᠡᠭᠦᠭᠡᠨ ᠭᠦᠯ ᠤᠨ ᠬᠤᠭᠤᠷᠤᠠᠳᠤ ᠨᠡᠮᠡᠭᠦᠭᠡᠨ ᠵᠠᠭᠤᠴᠢ ᠪᠣᠯᠬᠤ ᠳ᠋ᠤᠨᠢ ᠳᠠᠯᠠᠷᠬᠠᠶ᠎ᠠ ᠭᠡᠵᠤ ᠭᠡᠵᠢᠶᠡᠳᠡ ᠴᠤ ᠪᠣᠳᠤᠭ᠎ᠠ ᠦᠭᠡᠶ ᠶᠤᠮᠰᠠᠨ ︕

ᠡᠷᠡᠭᠦᠯ ᠰᠠᠢ᠌ᠨ ᠪᠠᠢ᠌ᠬᠤ ᠳ᠋ᠤᠨᠢ᠂ ᠳᠠᠨ ᠤ ᠲᠦᠯᠦᠭᠡ ᠵᠤᠪᠠᠭᠰᠠᠨ ᠣᠳᠠᠭ᠎ᠠ ᠨᠢᠭᠡ ᠴᠤ ᠦᠭᠡᠶ᠂ ᠬᠠᠷᠢᠨ ᠭᠦᠭᠡᠷᠦᠭᠦᠢ ᠭᠤᠳᠤᠯ ᠮᠢᠨᠢ ᠭᠡᠵᠤ ᠬᠠᠢ᠌ᠷᠠᠬᠠᠨ ᠭᠤᠳᠤᠯ ᠮᠢᠨᠢ ᠭᠡᠵᠤ ᠭᠡᠯᠳᠡᠷᠢᠭ᠍ᠰᠡᠨ ᠳ᠋ᠤᠨᠢ᠂ ᠳᠤᠭᠤᠰᠤᠳᠤᠭᠰᠠᠨ ᠳ᠋ᠤᠨᠢ᠂ ᠣᠷᠠᠭᠳᠠᠭᠰᠠᠨ ᠳ᠋ᠤᠨᠢ ᠵᠤᠪᠠᠯ ᠤᠨ ᠴᠢᠷᠠᠢ ᠪᠠᠨ ᠨᠢᠭᠡ ᠴᠤ ᠪᠢᠰᠢ᠂ ᠣᠯᠠᠨ ᠣᠳᠠᠭ᠎ᠠ ᠣᠷᠴᠠᠢ᠌ᠯᠭᠠᠨ ᠭᠡᠮᠰᠢᠵᠤ ᠬᠠᠷᠠᠮᠰᠠᠵᠤ ᠪᠢᠯᠠ ︕

ᠳᠠ ᠮᠢᠨᠢ᠂ ᠨᠠᠳᠠ ᠳᠤ ᠵᠠᠶᠠᠭᠠᠨ ᠣᠨᠤᠭᠳᠠᠭᠰᠠᠨ ᠳᠠᠭᠠᠨ ᠬᠠᠷᠠᠮᠰᠠᠭ᠎ᠠ ᠦᠭᠡᠶ ᠪᠢᠵᠠ ︖ ᠪᠢ ᠮᠡᠳᠡᠭᠦ ᠦᠭᠡᠶ᠃ ᠠᠯᠠᠭ ᠭᠦᠯ ᠢ ᠮᠢᠨᠢ ᠬᠠᠷᠠᠮᠨᠠᠵᠤ᠂ ᠠᠷᠪᠠᠢ᠌ᠭᠰᠠᠨ ᠬᠤᠷᠤᠭᠤ ᠶᠢ ᠮᠢᠨᠢ ᠪᠦᠭᠡᠴᠡᠢ᠌ᠯᠡᠵᠤ᠂ ᠰᠠᠪ ᠦᠭᠡᠶ ᠴᠠᠭᠠᠨ ᠪᠠᠶ᠎ᠠ ᠪᠠᠨ ᠡᠷᠢᠶᠡᠨ ᠬᠠᠯᠳᠠᠷ ᠪᠣᠯᠭᠠᠬᠤ ᠳᠠᠭᠠᠨ᠂ ᠳᠠ ᠮᠢᠨᠢ ᠵᠤᠪᠠᠯᠠᠩ ᠭᠡᠵᠤ ᠳᠤᠭᠠᠴᠠᠭ᠎ᠠ ᠦᠭᠡᠶ ᠳ᠋ᠤᠨᠢ᠂ ᠪᠢ ᠳᠠᠨ ᠳᠠᠭᠠᠨ ᠦᠷᠢᠳᠤᠵᠤ ᠪᠠᠢ᠌ᠭ᠎ᠠ ᠪᠠᠨ ᠬᠠᠮᠢᠭ᠎ᠠ ᠨᠢᠭᠡ᠂ ᠭᠡᠵᠢᠶ᠎ᠡ ᠨᠢᠭᠡ ᠴᠤ ᠪᠣᠳᠤᠳᠠᠭ ᠪᠢᠯᠠ ︕

ᠮᠠᠯᠠᠭᠠᠢ ᠴᠤᠭᠤᠷᠤᠭᠠᠤᠨ ᠨᠥᠭᠦᠵᠡᠢ ᠭᠡᠰᠡᠨ ᠭᠦᠮᠤᠨ ᠢ ᠪᠢ ᠣᠯᠠᠨ ᠣᠯᠵᠤ ᠰᠤᠨᠤᠰᠤᠭᠰᠠᠨ ᠦᠭᠡᠶ᠂ ᠣᠢ᠌ᠮᠤᠰᠤ ᠴᠤᠭᠤᠷᠠᠵᠠᠢ ᠭᠡᠭᠦ ᠳᠤ ᠳᠠᠭᠢᠨ ᠰᠢᠷᠢᠵᠠᠢ ᠭᠡᠰᠡᠨ ᠢ ᠣᠯᠠᠠᠳᠠ ᠰᠤᠨᠤᠰᠤᠭᠰᠠᠨ᠂ ᠥᠵᠡᠭ᠍ᠰᠡᠨ᠃ ᠭᠡᠳᠡᠯ᠎ᠡ ᠳᠠᠷᠠ ᠨᠢ ᠶᠠᠷᠤᠳᠠ ᠶᠢᠨ ᠭᠡᠯᠡᠳᠡᠭ᠌ 《ᠬᠤᠯᠠ ᠶᠢᠨ ᠥᠯᠢᠭᠡᠷ᠂ ᠳᠡᠦᠭᠡᠨ ᠯᠤᠷᠵᠤᠤ》 ᠪᠣᠯᠤᠭᠰᠠᠨ ᠶᠤᠮᠰᠠᠨ᠃ ᠣᠳᠤ ᠴᠤᠭᠤᠷᠬᠠᠢ ᠣᠢ᠌ᠮᠤᠰᠤ ᠶᠢ ᠨᠥᠭᠦᠨ᠎ᠡ ᠭᠡᠳᠡᠭ᠌ ᠢ ᠮᠡᠳᠡᠭᠦ ᠴᠠᠭ ᠪᠢᠰᠢ᠂ ᠨᠥᠭᠦᠭᠡᠰᠦᠳᠡᠢ ᠣᠢ᠌ᠮᠤᠰᠤ ᠡᠮᠦᠰᠴᠤ ᠪᠠᠢ᠌ᠨ᠎ᠠ ᠭᠡᠪᠠᠯ ᠭᠡᠵᠢᠭᠡᠨ ᠤ ᠭᠢᠨᠢ ᠥᠵᠦᠭᠦᠷ ᠳᠤᠨᠢ ᠳᠤᠯᠳᠠᠯ᠎ᠠ ᠭᠤᠳᠤᠮᠰᠢᠭ ᠲᠡᠶ ᠰᠢᠭ ᠪᠣᠳᠤᠭᠳᠠᠳᠠᠭ ᠪᠢᠵᠠ ︖ ᠣᠳᠤᠭᠢ ᠠᠮᠢᠳᠤᠷᠠᠯ ᠳᠤ ᠬᠠᠪᠣᠷ᠂ ᠵᠤᠨ᠂ ᠨᠠᠮᠤᠷ᠂ ᠡᠪᠦᠯ ᠤᠨ ᠠᠯᠢ ᠨᠢᠭᠡ ᠣᠯᠠᠷᠢᠯ ᠢ ᠴᠤ ᠨᠥᠭ᠍ᠴᠢᠭᠡᠭᠦ ᠳᠡᠭᠡᠨ ᠳᠠ ᠮᠢᠨᠢ ᠬᠠᠷᠠᠮᠰᠠᠬᠤ ᠮᠠᠭᠠᠤᠨ᠃ ᠬᠤᠪᠢ ᠳᠠᠪᠢᠯᠠᠩ ᠤᠨ ᠰᠠᠢ᠌ᠨ ᠵᠠᠶᠠᠭ᠎ᠠ ᠪᠠᠯᠭᠡᠳᠤ ᠢᠷᠦᠭᠡᠯ ᠦᠭᠡᠶ ᠳᠡᠭᠡᠨ ᠭᠤᠮᠤᠷᠬᠠᠭᠰᠠᠨ ᠮᠠᠭᠠᠤᠨ᠂ ᠰᠢᠷᠭᠡᠭ᠌ ᠪᠦᠷᠢ ᠨᠢ ᠰᠢᠮᠰᠢᠷᠠᠵᠤ᠂ ᠰᠠᠮᠠᠳᠠᠰᠤ ᠪᠦᠭᠦᠨ ᠨᠢ ᠨᠤᠵᠤᠭᠤᠷᠠᠭᠰᠠᠨ ᠮᠠᠭᠠᠤᠨ᠂ ᠭᠦᠪᠰᠦᠭᠡᠷ ᠵᠤᠵᠠᠭᠠᠨ ᠪᠠᠢ᠌ᠭᠰᠠᠨ ᠡᠴᠠ ᠭᠦᠷᠦᠰᠤ ᠮᠠᠬᠠᠪᠣᠤᠨ ᠴᠢᠨᠢ ᠨᠢᠮᠭᠡᠷᠡᠵᠤ᠂ ᠬᠠᠨᠠᠭᠠᠷ ᠬᠠᠭᠤᠷᠠᠢ ᠪᠠᠢ᠌ᠭᠰᠠᠨ ᠡᠴᠠ ᠪᠠᠨ ᠭᠦᠯᠦᠷᠡᠵᠤ ᠴᠢᠭᠢᠭ᠍ᠳᠤᠨ ᠢᠷᠡᠭᠦ ᠳᠡᠭᠡᠨ ︕ ᠳᠠ ᠮᠢᠨᠢ᠂ ᠭᠦᠰᠡᠵᠤ ᠢᠷᠡᠭ᠍ᠰᠡᠨ ᠠᠮᠢᠳᠤᠷᠠᠯ ᠤᠨ ᠶᠢᠡᠨ ᠨᠥᠭᠦᠭᠡ ᠣᠷᠤᠭᠤ ᠵᠥᠭ᠌ ᠳ᠋ᠤᠨᠢ ᠭᠤᠪ ᠰᠢᠪ ᠪᠣᠯᠵᠤ ᠳᠠᠯᠳᠠᠷᠢᠨ ᠶᠠᠪᠣᠭᠰᠠᠨ ︕

ᠰᠠᠯᠤᠨ᠎ᠠ ᠭᠡᠳᠡᠭ᠌ ᠭᠡᠴᠡᠭᠦᠤ ᠶᠤᠮ ︕ ᠳᠠᠰᠤᠷᠠᠨ᠎ᠠ ᠭᠡᠳᠡᠭ᠌ ᠵᠤᠪᠠᠯᠠᠩ ᠪᠢᠵᠠ ︕ ᠬᠠᠷᠠᠮᠰᠠᠯ ᠲᠡᠶ ᠳᠠᠷᠠ ᠨᠥᠭᠡ ᠶᠢᠨ ᠵᠠᠬ᠎ᠠ ᠳᠠᠠᠵᠢᠨ ᠳᠤ ᠳᠡᠡᠴᠢᠭᠦᠷᠡᠯ ᠤᠨ ᠭᠠᠭᠴᠠ ᠦᠷᠤᠪᠳᠠᠰᠤ ᠰᠡᠮᠡᠷᠭᠡᠨ ᠣᠶᠠᠷᠠᠳᠠᠭ ᠪᠠᠢ᠌ᠵᠤ ᠳ᠋ᠠ ︕

ᠠᠮᠢᠳᠤᠷᠠᠯ ᠭᠡᠵᠤ ᠬᠠᠳᠠᠭᠤ ᠶᠤᠮᠰᠠᠨ ︕ ᠬᠠᠷᠠᠵᠤ ᠶᠠᠪᠣᠭ᠎ᠠ᠂ ᠭᠦᠰᠡᠵᠤ ᠶᠠᠪᠣᠭ᠎ᠠ᠂ ᠢᠷᠠᠵᠤ ᠶᠠᠪᠣᠭ᠎ᠠ ᠪᠦᠷ ᠴᠤ ᠠᠳᠠᠯᠢ ᠦᠭᠡᠶ ᠪᠠᠢ᠌ᠳᠠᠭ ᠡᠴᠠ᠃ ᠴᠤᠭᠤᠷᠬᠠᠢ ᠬᠤᠶᠠᠷ ᠣᠢ᠌ᠮᠤᠰᠤ ᠮᠢᠨᠢ᠂ ᠳᠠ ᠨᠠᠳᠠ ᠳᠠᠭᠠᠨ ᠪᠢᠳᠡᠭᠡᠢ ᠭᠤᠮᠤᠳᠠᠭᠠᠷᠠᠢ ︕ ᠠᠮᠢᠳᠤᠷᠠᠯ ᠳᠠᠮᠠᠴᠠᠯ ᠤᠨ ᠡᠷᠴᠢᠮ ᠲᠤ ᠳᠠᠰᠤᠳᠠᠭᠳᠠᠬᠤ ᠵᠣᠢ᠌ᠯ ᠲᠦᠮᠡ ᠮᠢᠩᠭ᠋ᠠᠨ ᠵᠣᠢ᠌ᠯ ᠪᠠᠢ᠌ᠳᠠᠭ ᠡᠴᠠ ︕ ᠪᠢ ᠳᠠᠨ ᠳᠠᠭᠠᠨ ᠣᠰᠤᠯᠳᠠᠭᠰᠠᠠᠨ ᠴᠤ ︕ ᠳᠠᠨ ᠤ ᠵᠠᠶᠠᠭ᠎ᠠ ᠶᠢ ᠪᠢ ᠬᠤᠪᠢᠷᠠᠭᠠᠵᠤ ᠳᠡᠢ᠌ᠯᠭᠦ ᠦᠭᠡᠶ ︕


ᠮᠤᠩᠭ᠋ᠤᠯ ᠤᠨ ᠮᠠᠩᠬ᠎ᠠ


ᠵᠠᠮᠪᠠ ᠳᠤ ᠳᠠᠷᠤᠭᠳᠠᠭᠰᠠᠨ ᠨᠢᠯᠬ᠎ᠠ ᠨᠤᠭᠤᠭ᠎ᠠ ᠶᠢᠨ ᠳᠠᠮᠡᠤᠯᠠᠯ᠂ ᠢᠭ᠍ᠳᠦᠯᠦᠯ᠂ ᠬᠠᠢ᠌ᠷ᠎ᠠ ᠪᠠᠷ ᠶᠢᠡᠨ ᠦᠨᠦᠷᠳᠠᠨ ᠳᠠᠭᠠᠯᠠᠭᠰᠠᠨ ᠮᠠᠩᠬ᠎ᠠ ᠳᠠ ︕ ᠳᠠᠯ᠎ᠠ ᠨᠤᠳᠤᠭ ᠤᠨ ᠮᠢᠨᠢ ᠬᠠᠯᠴᠠᠭᠠᠢ᠌ᠷᠠᠭᠰᠠᠨ ᠭᠦᠷᠦᠰᠤᠨ ᠡᠴᠠ᠂ ᠭᠤᠪᠢ ᠴᠢᠯᠠᠭᠤᠨ ᠤ ᠬᠠᠪᠢ ᠡᠴᠠ᠂ ᠦᠨᠢᠷ ᠳᠠᠯ᠎ᠠ ᠶᠢᠨ ᠳᠠᠷᠢᠶᠠᠨ ᠵᠤᠷᠬᠠᠨ ᠡᠴᠠ᠂ ᠳᠤᠷ᠎ᠠ ᠪᠠᠷ ᠣᠭᠳᠤᠴᠢᠭᠰᠠᠨ ᠳᠤᠤᠷᠠᠢ ᠮᠤᠳᠤᠨ ᠤ ᠣᠭ ᠡᠴᠠ᠂ ᠭᠤᠷᠢᠳᠠᠨ ᠡᠷᠢᠭ᠍ᠰᠡᠨ ᠨᠢᠯᠬ᠎ᠠ ᠨᠤᠭᠤᠭᠠᠨ ᠤ ᠦᠨᠳᠦᠰᠦ ᠡᠴᠠ᠂ ᠰᠢᠮᠠᠳᠤ ᠬᠠᠷ᠎ᠠ ᠭᠦᠷᠦᠰᠤ ᠣᠷᠤᠰᠴᠤ ᠣᠷᠤᠰᠬᠠᠯ ᠤᠨ ᠰᠠᠯᠭᠢᠨ ᠳᠤ ᠭᠡᠢ᠌ᠰᠴᠤ᠂ ᠭᠦᠡᠳᠡᠭ᠍ᠳᠡᠯ ᠤᠨ ᠰᠠᠪᠠᠷ ᠲᠤ ᠰᠡᠭ᠍ᠴᠢᠭ᠍ᠳᠡᠭ᠍ᠰᠡᠭᠡᠷ᠂ ᠰᠢᠭᠤᠷᠭ᠎ᠠ ᠪᠣᠯᠵᠤ᠂ ᠡᠭᠡᠳᠡᠷᠡᠭᠡᠨ ᠲᠡᠶ ᠬᠤᠷᠸ᠎ᠠ ᠶᠢᠨ ᠪᠠᠴᠢᠮᠳᠠᠯ ᠳᠤ᠂ ᠬᠤᠰᠢᠭᠤᠴᠢ ᠨᠢ ᠪᠣᠯᠵᠤ ᠴᠤᠯᠭᠤᠷᠠᠭᠰᠠᠨ ︕ ᠨᠡᠭᠦᠳᠡᠯ ᠦᠭᠡᠶ ᠨᠠᠪᠳᠠᠷᠬᠠᠢ ᠬᠤᠮᠠᠭ ᠪᠣᠯᠵᠤ ᠪᠦᠭᠦᠳᠡ ᠶᠢᠨ ᠠᠩᠬᠠᠷᠤᠯ ᠢ ᠳᠠᠳᠠᠭᠰᠠᠨ᠃

ᠪᠢ ᠪᠢᠴᠢᠭ᠌ ᠤᠨ ᠨᠠᠷ᠎ᠠ ᠪᠠᠨ ᠮᠠᠩᠬ᠎ᠠ ᠭᠡᠵᠤ ᠨᠡᠷᠡᠯᠡᠭᠦ ᠪᠣᠯᠤᠭᠰᠠᠨ ᠳᠤ᠂ 《ᠮᠠᠨ ᠤ ᠨᠤᠳᠤᠭ ᠲᠤ ᠮᠠᠩᠬ᠎ᠠ ᠦᠭᠡᠶ》 ᠭᠡᠵᠤ ᠵᠠᠷᠢᠮ ᠡᠷᠳᠡᠮᠳᠡᠨ ᠰᠤᠷᠭᠠᠮᠵᠢᠯᠠᠭᠰᠠᠨ ︕ ᠭᠡᠳᠡᠯ᠎ᠡ ᠣᠳᠤᠭᠢ ᠮᠤᠩᠭ᠋ᠤᠯᠴᠤᠳ ᠤᠨ ᠠᠮᠢᠳᠤᠷᠠᠯ ᠭᠢᠭᠡᠳ ᠰᠤᠶᠤᠯ ᠤᠨ ᠦᠷᠭᠡᠨ ᠳᠠᠯ᠎ᠠ ᠳᠤ ᠮᠠᠩᠬ᠎ᠠ ᠠᠷᠪᠢᠨ ᠪᠠᠢ᠌ᠬᠤ ᠶᠢ ᠪᠢᠳᠠ ᠮᠡᠳᠡᠷᠡᠭᠦ ᠴᠢᠬᠤᠯᠠ ᠲᠡᠶ᠃ ᠮᠢᠨᠤ ᠪᠣᠳᠤᠬᠤ ᠪᠠᠷ 《ᠮᠠᠭᠤᠬᠠᠢ ᠮᠤᠩᠭ᠋ᠤᠯ ᠭᠦᠮᠤᠨ》 ᠭᠡᠵᠤ ᠴᠤ ᠭᠡᠯᠡᠭᠦ ᠶᠢᠨ ᠴᠢᠬᠤᠯᠠ ᠦᠭᠡᠶ᠂ ᠭᠡᠯᠡᠭ᠍ᠰᠡᠨ ᠴᠤ᠂ ᠬᠠᠷᠢᠶᠠᠭᠰᠠᠨ ᠴᠤ ᠭᠡᠷᠡᠭ᠍ᠴᠡᠭᠡ ᠦᠭᠡᠶ᠂ ᠡᠨᠡ ᠨᠢ ᠶᠠᠭ᠂ ᠮᠠᠩᠬᠠᠨ ᠳᠤ ᠳᠤᠰᠤᠯ ᠣᠰᠤ ᠶᠢ ᠴᠢᠳᠬᠤᠵᠤ ᠪᠠᠢ᠌ᠭ᠎ᠠ ᠲᠡᠶ ᠠᠳᠠᠯᠢ᠂ ᠰᠢᠨ᠎ᠡ ᠠᠮᠢᠯᠠᠯ ᠢ ᠣᠯᠵᠤ ᠬᠠᠷᠠᠨ᠎ᠠ ᠭᠡᠭ᠍ᠴᠢ ᠭᠡᠴᠢᠨᠡᠨ ᠦᠷᠤᠪᠳᠤᠯᠳᠢ ᠭᠦᠰᠡᠯ ᠠᠵᠠᠢ ︕ ᠪᠢ ᠮᠠᠩᠬ᠎ᠠ ᠪᠢᠰᠢ ᠪᠣᠯ ᠭᠡᠨ ᠨᠢ ᠮᠠᠩᠬ᠎ᠠ ᠪᠣᠯᠪᠠ ᠳ᠋ᠠ ︖ ︕ ᠬᠠᠮᠢᠭ᠎ᠠ ᠳᠡᠭ᠍ᠷᠢ ᠳᠠᠯᠢᠮ᠎ᠠ ᠨᠤᠭᠤᠭᠠᠨ ᠳᠠᠯ᠎ᠠ ᠪᠠᠢ᠌ᠬᠤ ᠠᠵᠠᠢ⁉

ᠡᠷ᠎ᠡ ᠮᠤᠬᠤᠯᠠᠢ ᠶᠢᠨ ᠵᠠᠯᠠᠢ᠌ᠳ ᠨᠤᠳᠤᠭ᠂ ᠪᠣᠭᠳᠠ ᠠᠭᠤᠯᠠ ᠶᠢᠨ ᠭᠡᠢ᠌ᠮᠦᠷᠢ ᠶᠢ ᠳᠤᠪᠰᠢᠵᠤ᠂ ᠣᠶᠤᠨ ᠳᠡᠯᠮᠡᠷᠡᠭᠦᠨ ᠴᠤᠤᠯ ᠭᠤᠤᠯ ᠤᠨ ᠴᠤᠯᠭᠢᠶ᠎ᠠ ᠳᠠᠪᠠᠯᠭᠠᠨ ᠢ ᠣᠭᠳᠤᠵᠤ᠂ ᠡᠷ᠎ᠡ ᠶᠢᠨ ᠵᠤᠷᠢᠭ ᠲᠤ ᠡᠷ᠎ᠡ ᠵᠤᠷᠢᠭ ᠡᠷᠡᠮᠡᠭᠡᠢ᠌ᠯᠡᠵᠤ᠂ ᠨᠤᠳᠤᠭ ᠵᠤᠨ ᠤ ᠮᠦᠷᠦᠭᠡᠳᠦᠯ ᠳᠤ ᠬᠠᠮᠤᠭ ᠠᠩᠬᠠᠨ ᠤ ᠴᠠᠯᠠᠭᠠᠢ᠌ᠷᠠᠭᠰᠠᠨ ᠨᠢ ᠮᠠᠩᠬ᠎ᠠ ᠪᠢᠰᠢ᠂ ᠬᠠᠷᠢᠨ ᠭᠦᠮᠤᠨ ᠨᠢ ᠶᠤᠮᠰᠠᠨ ︕

ᠳᠠᠯ᠎ᠠ ᠶᠢᠨ ᠴᠡᠴᠡᠭ᠌ ᠢ ᠮᠢᠨᠢ ᠳᠠᠰᠤᠳᠠᠬᠤ ᠭᠦᠮᠤᠨ ᠣᠯᠠᠨ ᠪᠠᠢ᠌ᠨ᠎ᠠ᠃ ᠪᠢᠳᠠ ᠴᠡᠴᠡᠭ᠌ ᠪᠣᠯᠤᠨ ᠰᠤᠯᠤᠩᠭ᠋ᠠᠷᠠᠬᠤ ᠶᠢ ᠭᠦᠰᠡᠳᠡᠭ᠌ ᠤᠨ ᠣᠯᠠᠮ ᠡᠴᠠ᠂ ᠪᠢᠳᠠ ᠨᠤᠳᠤᠭ ᠤᠨ ᠶᠢᠡᠨ ᠮᠠᠩᠬ᠎ᠠ ᠪᠣᠯᠵᠤ ᠦᠷ᠎ᠡ ᠬᠣᠢ᠌ᠴᠢᠰ ᠤᠨ ᠬᠠᠢ᠌ᠷ᠎ᠠ ᠰᠢᠩᠭᠡᠭᠡᠵᠤ᠂ ᠨᠢᠯᠪᠣᠰᠤ ᠰᠢᠩᠭᠡᠭᠡᠵᠤ᠂ ᠨᠤᠭᠤᠷᠠᠯ ᠰᠢᠩᠭᠡᠭᠡᠵᠤ᠂ ᠠᠳᠢᠰᠯᠠᠨ ᠪᠣᠰᠬᠤ ᠶᠢ ᠭᠦᠰᠡᠳᠡᠭ᠌ ᠪᠠᠢ᠌ᠨ᠎ᠠ ︕

ᠮᠠᠩᠬᠠᠨ ᠤ ᠨᠤᠭᠤᠭ᠎ᠠ ᠮᠢᠨᠢ ᠨᠠᠩ ᠴᠤ ᠠᠮᠢᠵᠢᠷᠠᠯ ᠤᠨ ᠭᠦᠴᠤᠨ ᠲᠡᠶ ᠶᠤᠮᠰᠠᠨ ︕ ᠮᠠᠩᠬᠠᠨ ᠤ ᠢᠳᠠᠮᠯᠠᠯ ᠮᠢᠨᠢ ᠦᠨᠦᠳᠤᠷ ᠤᠨ ᠮᠤᠩᠭ᠋ᠤᠯᠴᠤᠳ ᠤᠨ ᠮᠢᠨᠢ ᠭᠦᠰᠡᠯ ᠢ ᠢᠯᠡᠭᠦᠤ ᠳᠠᠳᠠᠳᠠᠭ ᠪᠢᠯᠠ ᠳ᠋ᠠ ︕

ᠣᠯᠠ ᠮᠦᠷ ᠶᠢᠡᠨ ᠮᠠᠩᠬᠠᠨ ᠳᠠᠭᠠᠨ ᠥᠯᠡᠳᠡᠭᠡᠶ᠎ᠡ ᠭᠡᠭᠦ ᠪᠣᠳᠤᠯ᠂ ᠭᠦᠷᠪᠠᠵᠢᠭᠦ ᠬᠤᠷᠸ᠎ᠠ ᠶᠢᠨ ᠠᠯᠢ ᠥᠡᠴᠦᠭ᠌ ᠪᠣᠯᠤᠩ ᠡᠴᠠ ᠴᠤᠤᠷᠢᠶᠠᠳᠤᠯᠳᠠᠢ᠂ ᠭᠡᠷᠪᠡ ᠪᠢᠳᠠ ᠦᠪᠡᠷ ᠤᠨ ᠪᠠᠶ᠎ᠠ ᠪᠠᠨ ᠭᠡᠵᠢᠶᠡᠳᠡ ᠨᠤᠭᠤᠭᠠᠨ ᠳᠠᠯ᠎ᠠ ᠭᠡᠵᠤ ᠢᠳᠡᠭᠡᠳᠡᠭ᠌ ᠪᠣᠯ᠂ ᠪᠢ ᠥᠭᠦᠵᠤ ᠬᠠᠳᠠᠭᠰᠠᠨ ᠡᠪᠠᠰᠤᠨ ᠦᠨᠳᠦᠰᠦᠨ ᠤ ᠨᠢᠭᠡ ᠰᠢᠷᠭᠡᠭ᠌ ᠨᠢ ᠪᠣᠯᠬᠤ ᠪᠢᠵᠠ ︕

ᠮᠠᠩᠬᠠᠨ ᠳᠠᠭᠠᠨ ᠪᠢ ᠬᠠᠢ᠌ᠷ᠎ᠠ ᠰᠢᠩᠭᠡᠭᠡᠵᠤ᠂ ᠪᠢ ᠡᠨᠡ ᠮᠠᠩᠬ᠎ᠠ ᠶᠢᠨ ᠰᠢᠭᠤᠷᠭᠠᠨ ᠤ ᠠᠯᠢ ᠨᠢᠭᠡᠨ ᠮᠥᠭᠦᠯᠢᠭ᠌ ᠪᠣᠯᠬᠤ ᠴᠢᠬᠤᠯᠳᠠᠢ ︕


ᠪᠣᠷᠬᠠᠨ ᠤ ᠨᠤᠮᠯᠠᠯ


ᠮᠢᠩᠭ᠋ᠠᠨ ᠣᠨ ᠤ ᠨᠤᠮ ᠤᠨ ᠭᠦᠷᠳᠤ ᠶᠢ ᠭᠡᠨ ᠡᠷᠭᠢᠭᠦᠯᠵᠤ ᠶᠠᠪᠣᠨ᠎ᠠ ᠳ᠋ᠠ᠂ ᠮᠤᠩᠭ᠋ᠤᠯᠴᠤᠳ ᠮᠢᠨᠢ ᠭᠡᠨ ᠡᠴᠠ ᠴᠤ ᠭᠦᠨ᠎ᠡ ᠨᠠᠮᠠᠠᠴᠢᠯᠠᠵᠤ ᠶᠠᠪᠣᠨ᠎ᠠ ᠳ᠋ᠠ ︕

ᠢᠯᠠᠭᠳᠠᠯ ᠤᠨ ᠭᠤᠮᠤᠷᠬᠠᠯ᠂ ᠠᠮᠵᠢᠯᠳᠠ ᠶᠢᠨ ᠳᠡᠭᠦᠯᠢᠯᠡᠯ᠂ ᠬᠠᠯᠢᠵᠤ ᠬᠠᠨᠢᠷᠬᠠᠬᠤ ᠬᠤᠪᠢ ᠳᠠᠪᠢᠯᠠᠩ ᠤᠨ ᠳᠤᠮᠳᠠ᠂ ᠠᠵᠠ ᠪᠠᠨ ᠪᠣᠳᠤᠳᠠᠭ ᠨᠢᠮᠭᠡᠨ ᠪᠣᠳᠤᠯ ᠤᠨ ᠭᠦᠨ᠎ᠡ ᠭᠦᠰᠡᠮᠯᠡᠯ ᠳᠤ ᠮᠤᠩᠭ᠋ᠤᠯᠴᠤᠳ ᠮᠢᠨᠢ ᠭᠦᠯᠴᠦᠭᠦᠷᠡᠵᠤ ᠪᠢᠯᠠ ︕

ᠬᠠᠳᠠᠨ ᠣᠶᠤᠨ ᠤ ᠭᠢᠨᠢ ᠵᠠᠭᠠᠭ ᠵᠠᠪᠰᠠᠷ ᠲᠤ᠂ ᠬᠠᠯᠢᠮᠠᠭ ᠣᠯᠠᠨ ᠪᠣᠳᠤᠯ ᠦᠷ᠎ᠡ ᠬᠠᠭᠠᠯᠠᠨ ᠰᠠᠷᠠᠢ᠌ᠵᠤ᠂ ᠦᠨᠳᠦᠰᠦ ᠣᠳᠤᠮᠯᠠᠨ ᠡᠰᠢᠯᠡᠵᠤ᠂ ᠵᠡᠭᠦᠳᠤᠨ ᠤ ᠵᠡᠭᠦᠳᠤᠨ ᠡᠴᠠ ᠬᠤᠯᠠ ᠶᠢᠨ ᠭᠠᠵᠠᠷ ᠲᠤ ᠭᠤᠷᠢ ᠳᠠᠮᠡᠤᠯᠠᠵᠤ ᠮᠡᠨᠡᠭ᠍ᠷᠡᠭ᠍ᠰᠡᠨ᠂ ᠳᠡᠭ᠍ᠷᠢ ᠪᠣᠷᠬᠠᠨ ᠡᠴᠠ ᠭᠤᠶᠤᠬᠤ ᠨᠢ ᠢᠯᠡᠭᠦᠤ ᠪᠣᠯᠵᠤ᠂ ᠵᠢᠩᠭᠢᠨᠢ ᠳᠠᠮᠠᠴᠠᠯ ᠢ ᠡᠷᠢᠭᠦ ᠭᠦᠮᠤᠨ ᠴᠥᠭᠡᠨ ᠪᠣᠯᠤᠭᠰᠠᠨ ᠨᠢ ᠬᠠᠷᠠᠮᠰᠠᠯᠳᠠᠢ ︕

《ᠣᠮ ᠮᠠ ᠨᠢ ᠪᠠᠤᠨ ᠮᠢ ᠬᠤᠩ》 ᠭᠡᠵᠤ ᠪᠣᠷᠬᠠᠨ ᠳᠠᠭᠠᠨ ᠵᠠᠯᠪᠠᠷᠢᠬᠤ ᠨᠢ ᠮᠠᠳ ᠪᠣᠯᠵᠤ᠂ ᠠᠮᠢᠳᠠᠨ ᠵᠢᠷᠭᠤᠭᠠᠨ ᠵᠣᠢ᠌ᠯ ᠳᠤ ᠬᠤᠤᠷ ᠦᠭᠡᠶ ᠭᠡᠵᠤ ᠳᠠᠭᠠᠳᠬᠠᠬᠤ ᠨᠢ ᠣᠯᠠᠨ ᠪᠣᠯᠵᠤ᠂ ᠭᠦᠰᠡᠯ ᠶᠢᠡᠨ ᠠᠯᠳᠠᠵᠤ᠂ ᠬᠠᠷᠠᠯᠳᠠ ᠪᠠᠨ ᠠᠯᠳᠠᠵᠤ᠂ ᠣᠷᠤᠰᠬᠠᠯ ᠢ ᠳᠠᠭᠠᠵᠤ᠂ ᠣᠳᠤᠮᠯᠠᠯ ᠶᠢᠡᠨ ᠭᠡᠭᠡᠭᠦ ᠨᠢ ᠳᠤᠩ ᠴᠤ ᠭᠤᠨᠢᠷᠬᠠᠯᠳᠠᠢ᠃

ᠪᠣᠷᠬᠠᠨ ᠨᠢᠭᠡ ᠴᠤ ᠪᠢᠰᠢ᠂ ᠠᠷᠢᠶᠠᠯᠪᠠᠤ ᠡᠴᠠ ᠾᠧᠷᠢᠰᠲ᠋ᠦᠰ᠂ ᠾᠧᠷᠢᠰᠲ᠋ᠦᠰ ᠡᠴᠠ ᠢᠰᠯᠠᠮ᠂ ᠠᠯᠢ ᠨᠢᠭᠡ ᠶᠢ ᠨᠢ ᠴᠤ ᠮᠤᠩᠭ᠋ᠤᠯᠴᠤᠳ ᠠᠯᠳᠠᠭ᠎ᠠ ᠦᠭᠡᠶ᠂ ᠬᠠᠷᠢᠨ ᠦᠪᠡᠷ ᠢ ᠪᠠᠨ ᠰᠢᠳᠦᠳᠡᠭ᠌ ᠮᠤᠩᠭ᠋ᠤᠯᠴᠤᠳ ᠬᠠᠷᠢᠨ ᠡᠳᠦᠷ ᠡᠴᠠ ᠡᠳᠦᠷ ᠴᠥᠭᠡᠷᠡᠵᠤ ᠪᠠᠢ᠌ᠨ᠎ᠠ ︕ ᠠᠭᠳᠠ ᠶᠢᠨ ᠳᠤᠭᠤᠷᠠᠢ ᠪᠠᠷ ᠠᠳᠠᠷ ᠤᠨ ᠭᠦᠷᠦᠰᠤ ᠶᠢ ᠭᠡᠮᠵᠢᠵᠤ᠂ ᠣᠷᠭ᠎ᠠ ᠶᠢᠨ ᠶᠢᠡᠨ ᠥᠵᠦᠭᠦᠷ ᠶᠢᠡᠷ ᠣᠭᠳᠠᠷᠭᠤᠢ ᠶᠢᠨ ᠣᠳᠤ ᠶᠢ ᠳᠡᠭᠡᠰᠦᠯᠡᠳᠡᠭ᠌ ᠮᠤᠩᠭ᠋ᠤᠯᠴᠤᠳ ᠮᠢᠨᠢ ᠴᠥᠭᠡᠨ ᠡᠴᠠ ᠴᠥᠭᠡᠨ ︕ ᠣᠭᠳᠠᠷᠭᠤᠢ ᠶᠢᠨ ᠴᠤᠯᠮᠤᠨ ᠰᠢᠭ ᠭᠢᠯᠠᠯᠵᠠᠵᠤ ᠪᠠᠢ᠌ᠭ᠎ᠠ ᠮᠤᠩᠭ᠋ᠤᠯ ᠤᠨ ᠭᠢᠨ ᠪᠠᠢ᠌ᠳᠠᠭ ᠢ ᠮᠢᠨᠢ ᠮᠡᠳᠡᠭᠦ ᠭᠦᠮᠤᠨ ᠴᠥᠭᠡᠨ ᠡᠴᠠ ᠴᠥᠭᠡᠨ ︕ ᠬᠤᠯᠠ ᠶᠢᠨ ᠢᠷᠡᠭᠡᠳᠦᠢ ᠳᠤ ᠮᠤᠩᠭ᠋ᠤᠯ ᠤᠨ ᠭᠢᠨ ᠪᠠᠢ᠌ᠳᠠᠭ ᠢ ᠪᠣᠳᠤᠳᠠᠭ ᠭᠦᠮᠤᠨ ᠴᠥᠭᠡᠨ ᠡᠴᠠ ᠴᠥᠭᠡᠨ ︕

ᠦᠷ ᠴᠠᠢ᠌ᠬᠤ ᠡᠴᠠ ᠡᠮᠤᠨ᠎ᠡ᠂ ᠨᠤᠮ ᠤᠨ ᠡᠭᠦᠳᠡ ᠬᠠᠮᠢᠭ᠎ᠠ ᠨᠡᠭᠡᠭᠡᠭ᠍ᠳᠡᠨ᠎ᠡ ︖ ᠣᠶᠠᠬᠠᠨ ᠠᠶᠠᠯᠭᠤ ᠲᠡᠶ ᠣᠢ᠌ᠭᠤᠷᠵᠢᠨ ᠮᠤᠩᠭ᠋ᠤᠯ ᠤᠨ ᠮᠢᠨᠢ ᠴᠤᠤᠷᠢᠶᠠᠳᠤᠯ ᠦᠦ ︖ ᠭᠦᠰᠡᠯ ᠳᠡᠮᠡᠦᠯᠡᠭ᠍ᠰᠡᠨ ᠰᠢᠨ᠎ᠡ ᠭᠠᠯᠢᠭ ᠤᠨ ᠳᠤᠭᠤᠷᠪᠢᠯ ᠲᠡᠶ ᠦᠦ ︖

ᠭᠡᠨ ᠴᠤ ᠳᠠᠭᠠᠮᠠᠭᠯᠠᠬᠤ ᠶᠢᠨ ᠠᠷᠭ᠎ᠠ ᠦᠭᠡᠶ᠂ ᠪᠢᠳᠠ ᠮᠤᠩᠭ᠋ᠤᠯ ᠪᠣᠯᠤᠭᠰᠠᠨ ᠳᠠᠭᠠᠨ ᠳᠠᠭᠠᠮᠠᠭᠯᠠᠵᠤ ᠳᠡᠢ᠌ᠯᠭᠦ ᠦᠭᠡᠶ ᠪᠣᠯ᠂ ᠬᠠᠷᠢ ᠦᠨᠳᠦᠰᠦᠳᠠᠨ᠂ ᠬᠠᠵᠠᠭᠠᠢ ᠪᠣᠳᠤᠯ ᠳᠤ ᠨᠠᠩ ᠴᠤ ᠶᠠᠭᠤ ᠭᠡᠵᠤ ᠪᠣᠳᠤᠬᠤ ᠠᠵᠠᠢ᠃


2012 ᠣᠨ ᠤ 3 ᠰᠠᠷ᠎ᠠ ᠵᠢᠨ 2 ᠊ᠨ᠎ᠠ


ᠵᠤᠬᠢᠶᠠᠭᠴᠢ ᠶᠢᠨ ᠬᠠ‍‌ᠶᠢᠭ ᠄ ᠭᠢᠩᠭᠠᠨ ᠠᠢ᠌ᠮᠠᠭ ᠤᠨ ᠵᠠᠯᠠᠢ᠌ᠳ ᠬᠤᠰᠢᠭᠤᠨ ᠤ ᠶᠠᠨᠳᠠᠷ ᠳᠠᠭᠢ ᠵᠢᠷᠭᠤᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠯᠢ ᠳᠢᠶᠠᠨ ᠰᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 2951
ᠴᠠᠭ᠄ 2012 ᠤᠨ ᠤ 03 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ