ᠦᠵᠦᠮᠤᠴᠢᠨ ᠣᠨᠢᠰᠤᠭ᠎ᠠ (ᠲ᠋ᠠᠪᠣ)

71. ᠮᠤᠳᠤᠨ ᠳᠡᠭᠡᠷ᠎ᠡ ᠮᠤᠭᠤᠯᠴᠠᠭ

ᠮᠤᠭᠠᠢ ᠪᠠᠢ᠌ᠭᠠᠤᠨ ᠳᠡᠭᠡᠯᠴᠡᠭ᠌

ᠲ᠋ᠠᠷᠠ ᠶᠢ ᠳᠠᠢ᠌ᠯᠬᠤ ᠦᠭᠡᠶ ᠶᠤᠮ ᠪᠣᠯ

ᠲ᠋ᠠᠠᠳᠠ ᠪᠠᠨ ᠳᠡᠭᠡᠭᠡᠯᠴᠡᠭ᠌

(ᠳᠡᠷᠭᠡᠨ ᠪᠣᠭᠤᠢ)

72. ᠭᠠᠭᠴᠠ ᠮᠤᠳᠤ ᠭᠠᠢ᠌ᠷ ᠭᠠᠢ᠌ᠷ

ᠭᠠᠵᠠᠷ ᠳᠡᠭ᠍ᠷᠢ ᠨᠢᠷ ᠨᠢᠷ

(ᠭᠡᠩᠭᠡᠷᠭᠡ)

73. ᠭᠡᠭᠡᠷ ᠮᠤᠷᠢ ᠭᠢᠪᠢᠮ᠎ᠠ ᠵᠢᠷᠤᠭ᠎ᠠ

ᠭᠢᠪᠢᠰᠤᠨ ᠭᠦᠯᠢᠮ ᠨᠠᠮᠢᠮ᠎ᠠ ᠵᠢᠷᠤᠭ᠎ᠠ

ᠠᠪᠣ ᠶᠢᠨ ᠭᠦᠤ ᠭᠠᠢ᠌ᠬᠠᠮ᠎ᠠ ᠵᠢᠷᠤᠭ᠎ᠠ

ᠭᠠᠵᠠᠷ ᠳᠡᠭ᠍ᠷᠢ ᠨᠠᠢ᠌ᠯᠠᠮ᠎ᠠ ᠵᠢᠷᠤᠭ

(ᠵᠡᠷᠭᠡᠯᠭᠡᠨ)

74. ᠯᠤᠤᠬ᠎ᠠ ᠶᠢᠨ ᠭᠤᠤᠯ ᠤᠨ ᠭᠦᠪᠠᠭᠡᠨ ᠳᠡᠭᠡᠷ᠎ᠡ

ᠯᠤᠤᠳᠠᠢ ᠴᠠᠭᠠᠨ ᠳᠠᠤᠯᠠᠢ

ᠲ᠋ᠠᠤᠯᠠᠢ ᠴᠤ ᠭᠡᠮᠡᠨ ᠳᠠᠤᠯᠠᠢ ᠦᠦ ᠳ᠋ᠠ

ᠲ᠋ᠤᠷᠭᠠᠨ ᠳᠠᠪᠠᠯ ᠲᠡᠶ ᠳᠠᠤᠯᠠᠢ ᠰᠢᠤ

(ᠰᠠᠷᠢᠮᠰᠤᠭ)

75. ᠳᠡᠭ᠍ᠷᠢ ᠳᠡᠭ᠍ᠷᠢ ᠶᠢᠨ ᠵᠠᠬ᠎ᠠ ᠳ᠋ᠤ

ᠲ᠋ᠠᠪᠢᠰᠤ ᠴᠠᠭᠠᠨ ᠬᠠᠳᠠᠨ ᠳ᠋ᠤ

ᠰᠤᠬᠠᠢ ᠣᠯᠠᠭᠠᠨ ᠮᠤᠳᠤᠨ ᠳ᠋ᠤ

ᠰᠤᠪᠣᠷᠭ᠎ᠠ ᠴᠠᠭᠠᠨ ᠬᠠᠳᠠᠨ ᠳ᠋ᠤ

ᠨᠠᠭᠠᠯᠳᠤᠭᠰᠠᠨ ᠨᠠᠩᠯᠤᠤ

ᠲ᠋ᠤᠷᠭᠢᠭᠰᠠᠨ ᠳᠦᠩᠯᠤᠤ

ᠪᠠᠭᠢ ᠳᠦᠷᠪᠠᠨ ᠳᠤᠯᠭᠠᠭᠤᠷᠢ ᠳᠠᠢ

ᠪᠢᠵᠢᠷ ᠰᠢᠵᠢᠷ ᠠᠯᠳᠠ ᠳᠠᠢ

(ᠰᠦᠮ᠎ᠡ)

76. ᠨᠠᠢ᠌ᠷ ᠨᠠᠢ᠌ᠷ ᠮᠤᠳᠤᠨ ᠳ᠋ᠤ

ᠨᠠᠶᠠᠨ ᠳᠠᠪᠤᠨ ᠦᠶ᠎ᠡ

ᠦᠶ᠎ᠡ ᠪᠣᠯᠭᠠᠨ ᠳᠤ ᠡᠭᠦᠷ ᠳᠠᠢ

ᠡᠭᠦᠷ ᠪᠣᠯᠭᠠᠨ ᠳᠤ ᠥᠡᠳᠡᠭᠡ ᠳᠠᠢ

ᠥᠡᠳᠡᠭᠡ ᠪᠣᠯᠭᠠᠨ ᠨᠢ ᠠᠩᠭ᠋ᠠᠬᠠᠢ

(ᠬᠠᠷ᠎ᠠ ᠪᠣᠳᠠᠭ᠎ᠠ)

77. ᠳᠠᠭᠠᠳᠠᠢ ᠳᠠᠭᠱᠢᠨ

ᠲ᠋ᠠᠪᠤᠨ ᠬᠤᠷᠤᠭᠤ ᠯᠤᠭᠰᠢᠨ

ᠮᠠᠠᠳᠤ ᠶᠢ ᠮᠠᠳᠠᠨ

ᠮᠠᠷᠰᠠᠮ ᠢ ᠳᠤᠭᠠᠯᠠᠨᠠᠮ

(ᠬᠤᠭᠤᠷ)

78. ᠡᠷᠳᠡᠨᠢ ᠠᠭᠤᠯᠠ ᠶᠢᠨ ᠣᠷᠤᠢ ᠳᠡᠭᠡᠷ᠎ᠡ

ᠪᠣᠭᠤ ᠰᠤᠭᠤ ᠬᠤᠶᠠᠷ

ᠡᠭᠦᠨ ᠢ ᠳᠠᠢ᠌ᠯᠤᠭᠰᠠᠨ ᠭᠦᠮᠤᠨ ᠳ᠋ᠤ

ᠪᠣᠭᠤᠷᠤᠯ ᠮᠤᠷᠢ ᠪᠠᠨ ᠪᠠᠭᠤᠭᠠᠤᠨ ᠦᠭ‍ᠭᠦᠶ᠎ᠡ

ᠪᠣᠯᠠᠭᠠᠨ ᠳᠠᠬ᠎ᠠ ᠪᠠᠨ ᠳᠠᠢ᠌ᠯᠠᠭᠠᠤᠨ ᠦᠭ‍ᠭᠦᠶ᠎ᠡ

(ᠨᠠᠷᠠ᠂ ᠰᠠᠷᠠ)

79. ᠵᠠᠰ ᠳᠤᠭᠤᠭ᠎ᠠ ᠳᠦᠭᠦᠷᠡᠩ ᠰᠠᠢ᠌ᠬᠠᠨ

ᠵᠡᠭᠡᠷ᠎ᠡ ᠶᠢᠨ ᠰᠢᠯᠪᠢ ᠦᠨᠳᠦᠷ ᠰᠠᠢ᠌ᠬᠠᠨ

(ᠵᠤᠯᠠ)

80. ᠬᠠᠵᠠᠭᠤ ᠳᠡᠭᠡᠷ᠎ᠡ

ᠬᠠᠷ᠎ᠠ ᠴᠠᠢ ᠪᠣᠴᠠᠯᠤᠨ᠎ᠠ

(ᠰᠢᠷᠭᠤᠯᠵᠢ)

81. ᠦᠷᠭᠡᠨ ᠳᠡᠯᠡᠭᠡᠢ ᠶᠢᠨ

ᠦᠷᠤᠨ ᠤ ᠭᠤᠤᠯ ᠳ᠋ᠤ

ᠦᠨᠳᠦᠷ ᠮᠤᠳᠤᠨ ᠤ ᠥᠭᠡᠳᠡᠰᠤ

ᠦᠷᠭᠡᠨ ᠳᠠᠮᠤᠷ ᠤᠨ ᠳᠠᠭᠠᠷᠢᠳᠠᠰᠤ

ᠦᠨᠦᠴᠢᠨ ᠪᠢᠷᠠᠭᠤᠨ ᠤ

ᠰᠢᠷᠢᠨ ᠤ ᠳᠠᠰᠤᠷᠬᠠᠢ

(ᠬᠤᠪᠣᠭᠤ)

82. ᠨᠢᠭᠡ ᠭᠦᠮᠤᠨ

ᠬᠤᠶᠠᠷ ᠬᠤᠰᠭᠢᠨᠠᠭ ᠳᠠᠢ

(ᠳᠡᠷᠭᠡᠨ ᠪᠣᠯᠤ)

83. ᠠᠬ᠎ᠠ ᠳᠡᠭᠦᠤ ᠭᠤᠷᠪᠠᠭᠤᠯᠠ

ᠡᠳ᠋ ᠤᠨ ᠰᠠᠢ᠌ᠬᠠᠨ ᠢ ᠡᠳ᠋ᠯᠡᠨ᠎ᠡ ᠭᠡᠵᠤ

ᠴᠠᠭᠠᠨ ᠬᠤᠪᠴᠠᠰᠤ ᠡᠮᠦᠰᠴᠤ

ᠡᠩᠭᠡ ᠮᠠᠠᠳᠤ ᠶᠠᠪᠣᠨ᠎ᠠ ᠭᠡᠵᠤ

ᠬᠠᠯᠠᠭᠤᠨ ᠷᠠᠰᠢᠶᠠᠨ ᠳᠤ ᠰᠠᠭᠤᠵᠠᠢ

(ᠪᠣᠤᠰᠠ)

84. ᠬᠠᠢ᠌ᠮᠠᠭ ᠵᠠᠢ᠌ᠮᠠᠭ ᠳᠡᠮᠡᠭᠡᠨ ᠠᠮᠠ

ᠬᠤᠶᠠᠷ ᠰᠠᠢ᠌ᠬᠠᠨ ᠬᠤᠨᠢᠨ ᠤ ᠠᠮᠠ

ᠳᠠᠪᠤᠨ ᠵᠢᠭᠠᠬᠠᠨ ᠳᠠᠭᠢᠶᠠᠨ ᠠᠮᠠ

ᠳᠠᠩᠰᠤᠭ ᠠᠷᠢᠭᠤᠨ ᠮᠤᠷᠢᠨ ᠤ ᠠᠮᠠ

(ᠳᠠᠪᠠᠯ)

85. ᠠᠪᠣ ᠭᠦᠤ ᠳᠤᠭᠤᠯᠠᠩ

ᠠᠴᠢ ᠭᠦᠤ ᠳᠤᠭᠤᠯᠠᠩ

ᠵᠢᠭᠡ ᠭᠦᠤ ᠳᠤᠭᠤᠯᠠᠩ

ᠵᠢᠭ᠍ᠵᠡᠪ ᠳᠤᠭᠤᠯᠠᠩ

( ᠬᠠᠨ᠎ᠠ ᠶᠢᠨ ᠠᠮᠠ)

86. ᠨᠢᠭᠡ ᠨᠥᠭᠡ ᠪᠠᠷ ᠣᠷᠤᠭᠠᠤᠨ

ᠬᠤᠶᠠᠷ ᠨᠥᠭᠡ ᠪᠠᠷ ᠭᠠᠷᠤᠨ᠎ᠠ

( ᠦᠮᠦᠳᠦ ᠡᠮᠦᠰᠭᠦ )

87. ᠱᠠᠮᠠᠢ᠌ᠭᠰᠠᠨ ᠰᠢᠷ᠎ᠠ ᠭᠦᠭ᠍ᠰᠢᠨ

ᠪᠣᠠᠳᠣᠢ᠌ᠭᠰᠠᠨ ᠣᠯᠠᠭᠠᠨ ᠭᠦᠤ ᠳᠠᠢ

( ᠥᠩᠭᠦᠯᠴᠡᠭ᠌)

88. ᠪᠣᠩ ᠪᠣᠩ ᠭᠡᠳ ᠢᠷᠡᠭᠦᠯᠡᠷ

ᠪᠦᠭᠡᠷ᠎ᠡ ᠶᠢ᠌ ᠨᠢ ᠰᠤᠭᠤ

(ᠨᠢᠰᠤ ᠨᠢᠭᠢᠭᠦ)

89. ᠪᠣᠯᠤᠩ ᠨᠢ ᠰᠡᠳᠡᠷᠭᠡᠢ ᠪᠦᠳᠡᠭᠡᠨ ᠲ᠋ᠡᠪᠢᠭᠦᠷ

ᠪᠣᠰᠤᠳ ᠢ ᠬᠠᠷᠠᠳᠠᠭ ᠰᠢᠯᠤᠨ ᠬᠤᠠᠳᠠᠭ᠎ᠠ

ᠪᠣᠷᠭᠠᠰᠤ ᠶᠡᠭᠡᠳᠡᠢ ᠭᠤᠤᠯ ᠤᠨ ᠳᠤᠬᠤᠢ

ᠪᠣᠳᠢᠭᠤᠯ ᠤᠨ ᠭᠡᠵᠢᠭᠡ ᠲᠡᠶ ᠬᠤᠶᠠᠷ ᠬᠡᠦᠬᠡᠳ

ᠪᠣᠴᠠᠵᠤ ᠰᠢᠪᠬᠠᠳᠠᠳᠠᠭ ᠢᠯᠠᠭᠠᠨ ᠭᠦᠪᠢᠭᠦᠷ

ᠪᠢᠰᠢᠯᠠᠭ ᠤᠨ ᠬᠡ ᠲᠡᠶ ᠳᠦᠷᠪᠠᠨ ᠳᠤᠯᠭᠠᠭᠤᠷᠢ

(ᠳᠡᠮᠡᠭᠡ)

90. ᠨᠢᠭᠡ ᠨᠢᠷᠤᠭᠤ ᠳᠠᠢ

ᠬᠤᠶᠠᠷ ᠭᠦᠯ ᠳᠠᠢ

ᠬᠤᠭᠤᠰᠤᠨ ᠠᠷᠠᠰᠤ

(ᠮᠠᠢ᠌ᠬᠠᠨ)ᠵᠤᠬᠢᠶᠠᠭᠴᠢ ᠶᠢᠨ ᠬᠠᠶ‍ᠢᠭ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 1836
ᠴᠠᠭ᠄ 2010 ᠤᠨ ᠤ 06 ᠰᠠᠷ᠎ᠠ ᠶᠢᠨ 09
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ