ᠡᠨᠡᠷᠢᠯ ᠤᠨ ᠳᠡᠭ᠍ᠷᠢ ᠡᠵᠢ ᠮᠢᠨᠢ

ᠬᠠᠯᠠᠭᠤᠨ ᠵᠢᠷᠦᠭᠡᠨ ᠤ ᠮᠢᠨᠢ ᠦᠷᠤᠴᠠᠨ ᠳᠤ ᠴᠡᠩᠭᠡᠷᠯᠡᠭᠦ

ᠬᠠᠢ᠌ᠷ᠎ᠠ ᠶᠢᠨ ᠮᠥᠩᠭᠦᠨ ᠭᠤᠤᠯ ᠰᠢᠭ

ᠬᠠᠯᠭᠢᠯᠠᠨ ᠣᠷᠤᠰᠬᠤ ᠬᠠᠳᠤᠨ ᠭᠤᠤᠯ ᠮᠢᠨᠢ

ᠬᠠᠳᠠᠭ ᠤᠨ ᠴᠡᠩᠭᠡᠷ ᠰᠡᠳᠭᠢᠯ ᠳᠤ ᠳᠤᠯᠠᠭᠠᠬᠠᠨ

ᠵᠦᠩ ᠤᠨ ᠭᠦᠭᠡ ᠳᠡᠭ᠍ᠷᠢ ᠶᠢᠨ ᠵᠥᠭᠡᠯᠡᠨ ᠢᠨᠢᠶᠡᠭᠦ ᠣᠳᠤᠳ ᠤᠨ ᠳᠤᠭ᠎ᠠ ᠪᠠᠷ

ᠵᠤᠯᠠᠢ ᠳᠡᠭᠡᠷ᠎ᠡ ᠮᠢᠨᠢ ᠦᠨᠦᠰᠴᠤ ᠨᠠᠮᠢ᠋ᠢ ᠪᠠᠨ ᠡᠩᠬᠦᠷᠡᠢ᠌ᠯᠡᠭ᠍ᠰᠡᠨ

ᠡᠵᠢ ᠶᠢᠨ ᠮᠢᠨᠢ ᠠᠷᠢᠭᠤᠨ ᠰᠦᠨᠠᠰᠤ ᠳᠠᠠᠳᠠ ᠣᠷᠤᠰᠢᠵᠤ ᠪᠠᠢ᠌ᠳᠠᠭ ᠶᠤᠮ

ᠣᠭᠤᠷᠠᠭ ᠰᠢᠭ ᠣᠰᠤ ᠶᠢ ᠨᠢ ᠠᠯᠠᠭᠠᠨ ᠳᠡᠭᠡᠷ᠎ᠡ ᠪᠠᠨ ᠳᠤᠰᠬᠤ ᠳ᠋ᠤ

ᠣᠯᠠᠨ ᠰᠦᠨᠢ ᠶᠢᠨ ᠨᠣᠢ᠌ᠷ ᠶᠢᠡᠨ ᠰᠡᠳᠭᠢᠯ ᠤᠨ ᠵᠤᠪᠠᠯᠠᠩ ᠶᠢᠡᠷ ᠰᠤᠯᠢᠵᠤ

ᠣᠷᠭᠤᠵᠤ ᠪᠠᠢ᠌ᠭ᠎ᠠ ᠨᠠᠰᠤᠨ ᠳᠤ ᠵᠢᠷᠭᠠᠯ ᠨᠠᠢ᠌ᠷᠠᠳᠠᠭ ᠡᠵᠢ ᠮᠢᠨᠢ ᠪᠣᠳᠤᠭᠳᠠᠨ᠎ᠠ

ᠡᠷᠭᠢ ᠪᠠᠨ ᠳᠡᠯᠡᠳᠭᠦ ᠲᠦᠯᠭᠡᠨ ᠣᠷᠤᠰᠬᠠᠯ ᠨᠢ ᠶᠠᠭ ᠯᠠ

ᠡᠩᠬᠦᠷᠡᠢ ᠦᠷ᠎ᠡ ᠶᠢᠨ ᠬᠠᠴᠠᠷ ᠢ ᠢᠯᠪᠢᠩᠭᠡᠨ ᠪᠠᠭᠤᠬᠤ

ᠡᠵᠢ ᠶᠢᠨ ᠮᠢᠨᠢ ᠵᠥᠭᠡᠯᠡᠨ ᠭᠠᠷ ᠰᠢᠭ ᠬᠠᠯᠠᠭᠤᠬᠠᠨ

ᠡᠩᠭᠡᠷ ᠤᠨ ᠴᠠᠭᠠᠨ ᠢᠷᠭᠤᠢ ᠰᠢᠭ ᠨᠠᠷᠭᠢᠮ᠎ᠠ ᠵᠠᠯᠠᠭᠤ ᠨᠠᠰᠤᠨ ᠳ᠋ᠠᠭᠠᠨ

ᠦᠵᠡᠭᠦ ᠨᠢᠳᠤᠨ ᠤ ᠪᠠᠨ ᠴᠡᠴᠡᠭᠡᠢ ᠰᠢᠭ᠌

ᠣᠨᠠᠭᠠᠨ ᠮᠦᠷᠦᠭᠡᠳᠦᠯ ᠮᠠᠨᠠᠭᠰᠠᠨ

ᠠᠵᠠᠢ ᠪᠣᠭᠤᠷᠤᠯ ᠡᠵᠢ ᠮᠢᠨᠢ

ᠠᠯᠠᠭ ᠵᠢᠷᠦᠭᠡ ᠶᠢ ᠮᠢᠨᠢ ᠡᠮᠳᠡᠷᠡᠭᠦᠯᠦᠮ᠎ᠡ ᠰᠠᠨᠠᠭᠳᠠᠨ᠎ᠠ

ᠭᠡᠯᠡᠶ᠎ᠡ ᠭᠡᠰᠡᠨ ᠥᠭᠡ ᠪᠠᠨ ᠭᠡᠯᠡᠵᠤ ᠠᠮᠵᠢᠭ᠎ᠠ ᠦᠭᠡᠶ

ᠭᠢᠯᠢ ᠦᠭᠡᠶ ᠬᠠᠢ᠌ᠷ᠎ᠠ ᠪᠠᠷ ᠶᠢᠡᠨ ᠨᠠᠮᠢ᠋ᠢ ᠥᠨᠦᠰᠦᠭᠡᠳ ᠶᠠᠪᠣᠬᠤ ᠡᠵᠢ ᠶᠢᠨ ᠮᠢᠨᠢ

ᠠᠮᠢ ᠨᠠᠰᠤᠨ ᠤ ᠭᠢᠨᠢ ᠡᠴᠦᠰ ᠤᠨ ᠨᠠᠷᠠ

ᠠᠮᠢᠨ ᠬᠠᠢ᠌ᠷ᠎ᠠ ᠪᠠᠷ ᠪᠦᠮᠪᠦᠷᠢᠭ᠍ᠰᠡᠨ ᠨᠢᠯᠪᠣᠰᠤ

ᠠᠩᠭᠢᠷ ᠦᠷ᠎ᠡ ᠶᠢᠨ ᠵᠢᠷᠦᠭᠡᠨ ᠳᠤ ᠭᠤᠤᠯ ᠪᠣᠯᠵᠤ ᠦᠶᠡᠷᠯᠠᠨ᠎ᠠ

ᠵᠣᠢ᠌ᠯ ᠤᠨ ᠪᠣᠳᠤᠯ ᠶᠢᠡᠨ ᠳᠤᠩᠭ᠋ᠠᠵᠤ ᠶᠠᠪᠣᠳᠠᠭ

ᠵᠢᠷᠦᠭᠡ ᠰᠡᠳᠭᠢᠯ ᠤᠨ ᠮᠢᠨᠢ ᠬᠠᠯᠠᠭᠤᠨ ᠭᠤᠤᠯ ᠳᠠᠰᠤᠷᠠᠯ᠎ᠠ

ᠡᠷᠭᠡ ᠨᠠᠰᠤ ᠶᠢ ᠡᠷᠭᠦᠵᠤ ᠪᠣᠰᠤᠭᠰᠠᠨ ᠮᠢᠨᠤ ᠳᠡᠭ᠍ᠷᠢ ᠨᠤᠷᠠᠯ᠎ᠠ

ᠰᠠᠠᠴᠢᠭ ᠪᠣᠭᠤᠷᠤᠯ ᠡᠵᠢ ᠮᠢᠨᠢ

ᠰᠠᠨᠠᠭ᠎ᠠ ᠰᠠᠷᠠᠭᠤᠯ ᠬᠤᠷᠸ᠎ᠠ ᠳ᠋ᠠᠭᠠᠨ

ᠬᠤᠨᠤᠭ ᠤᠨ ᠳᠤᠭᠤᠰᠤ ᠪᠠᠨ ᠴᠤ ᠭᠦᠪᠢᠭᠦ ᠵᠠᠪ ᠭᠠᠷᠤᠭᠰᠠᠨ ᠥᠭᠡᠢ

ᠰᠡᠳᠭᠢᠯ ᠤᠨ ᠴᠤᠩᠬᠤ ᠪᠠᠨ ᠬᠠᠭᠠᠭᠠᠤᠨ

ᠬᠤᠯᠠ ᠶᠢᠨ ᠬᠤᠯᠠ ᠪᠣᠷᠬᠠᠨ ᠣᠷᠤᠨ ᠳᠠᠭᠠᠨ ᠦᠨᠢᠳᠠ ᠮᠤᠷᠳᠠᠴᠢᠬᠠᠯ᠎ᠠ

ᠪᠣᠳᠤᠯ ᠰᠠᠮᠨᠠᠭᠰᠠᠨ ᠡᠳᠦᠷ ᠤᠨ ᠨᠠᠷᠠ

ᠪᠣᠴᠠᠬᠤ ᠰᠦᠨᠢ ᠶᠢᠨ ᠰᠤᠷᠮᠤᠤᠰᠤ ᠥᠨᠦᠰᠭᠦ ᠳ᠋ᠤ

ᠣᠢ᠌ᠮᠤᠷᠠᠬᠤ ᠰᠡᠳᠭᠢᠯ ᠳᠤ ᠵᠢᠷᠭᠠᠯ ᠬᠤᠭᠤᠰᠤᠯᠠᠭᠰᠠᠨ

ᠤᠢ᠌ᠳᠬᠠᠷᠳᠤ ᠰᠠᠷᠠᠨ ᠢ ᠰᠢᠷᠳᠠᠨ ᠰᠠᠭᠤᠬᠤ ᠳ᠋ᠤ

ᠨᠢᠯᠪᠣᠰᠤᠨ ᠳᠤᠰᠤᠯ ᠳᠤ ᠡᠩᠭᠡᠷ ᠳᠡᠪᠳᠦᠭ᠍ᠳᠡᠵᠤ

ᠨᠣᠢ᠌ᠷ ᠦᠭᠡᠶ ᠰᠦᠨᠢ ᠶᠢᠨ ᠭᠤᠨᠢᠭ ᠰᠡᠭᠦᠭ᠍ᠰᠡᠨ ᠪᠣᠷᠤ ᠬᠤᠨᠤᠭ ᠤᠳ

ᠵᠢᠰᠤ ᠪᠠᠨ ᠦᠵᠡᠭ᠍ᠰᠡᠨ ᠡᠵᠢ ᠶᠢᠨ ᠮᠢᠨᠢ ᠳᠤᠯᠢ ᠰᠢᠭ ᠳᠤᠳᠤᠷᠠᠵᠤ

ᠵᠡᠭᠦᠳᠤ ᠮᠠᠨᠠᠭᠰᠠᠨ ᠵᠢᠷᠦᠭᠡ ᠮᠢᠨᠢ ᠦᠶ᠎ᠡ ᠦᠶ᠎ᠡ ᠰᠢᠮᠰᠢᠷᠠᠨ᠎ᠠ

ᠣᠷᠳᠤ ᠰᠦᠨᠢ ᠶᠢᠨ ᠵᠡᠭᠦᠳᠤᠨ ᠠᠶᠤᠩᠭ᠋᠎ᠠ ᠵᠢ

ᠣᠳᠤ ᠳᠤᠭᠠᠯᠠᠭᠰᠠᠨ ᠵᠢᠷᠦᠭᠡ ᠪᠠᠷ ᠶᠢᠡᠨ ᠮᠠᠨᠠᠵᠤ

ᠣᠷᠤᠰᠤᠨ ᠤᠳᠬᠤ ᠭᠦᠪᠦᠷᠡᠭᠦ ᠴᠠᠭ ᠤᠨ ᠣᠷᠳᠤ ᠳᠤ ᠠᠮᠠᠷᠠᠭ᠎ᠠ ᠥᠭᠡᠢ

ᠣᠯᠠᠨ ᠰᠦᠨᠢ ᠶᠢᠨ ᠨᠣᠢ᠌ᠷ ᠶᠢᠡᠨ ᠣᠨᠠᠭᠠᠨ ᠪᠠᠭ᠎ᠠ ᠶᠢᠨ ᠨᠠᠰᠤᠨ ᠳᠤ ᠦᠷᠠᠯ᠎ᠠ

ᠡᠷᠭᠢᠭᠦ ᠬᠤᠷᠸ᠎ᠠ ᠶᠢᠨ ᠡᠩᠬᠡᠯ ᠳᠤᠩᠬᠤᠯ ᠠᠮᠢᠳᠤᠷᠠᠯ ᠳ᠋ᠤ

ᠭᠦᠢᠳᠡᠨ ᠵᠢᠪᠠᠷ ᠬᠠᠳᠠᠭᠤ ᠵᠠᠮ ᠭᠡᠯᠭᠢᠵᠤ

ᠡᠷᠭᠡᠯᠡᠵᠤ ᠶᠠᠪᠣᠭᠰᠠᠨ ᠦᠷ᠎ᠡ ᠪᠠᠨ

ᠭᠦᠯ ᠨᠢ ᠳᠦᠷᠦᠭᠡᠨ ᠳᠤ ᠭᠠᠷ ᠨᠢ ᠭᠠᠠᠵᠤᠭᠠᠨ ᠳᠤ

ᠭᠦᠮᠤᠨ ᠤ ᠣᠷᠤᠰᠬᠠᠯ ᠳᠤ ᠭᠦᠰᠡᠯ ᠤᠨ ᠳᠠᠭᠤᠤ ᠱᠠᠭᠢᠭᠤᠯᠤᠯ᠎ᠠ

ᠠᠮᠢᠳᠤ ᠶᠢᠨ ᠴᠡᠩᠭᠡᠷ ᠣᠷᠴᠢᠯᠠᠩ ᠳᠤ

ᠠᠯᠠᠭ ᠡᠳᠦᠷ ᠪᠦᠭᠦᠨ ᠢ ᠠᠳᠠᠯᠢᠬᠠᠨ ᠴᠤᠯᠪᠣᠭᠤᠷᠳᠠᠭᠰᠠᠨ

ᠠᠴᠢᠯᠠᠯ ᠶᠡᠭᠡᠳᠡᠢ ᠡᠵᠢ ᠶᠢᠨ ᠵᠢᠠᠨ

ᠨᠠᠷᠠ ᠰᠢᠭ ᠢᠯᠴᠢ ᠲᠡᠶ ᠬᠠᠢ᠌ᠷ᠎ᠠ ᠳ᠋ᠤᠨᠢ ᠪᠦᠪᠠᠢ᠌ᠯᠡᠭ᠍ᠳᠡᠵᠤ

ᠰᠠᠷᠠ ᠰᠢᠭ ᠭᠡᠷᠡᠯ ᠲᠡᠶ ᠣᠬᠠᠭᠠᠨ ᠳ᠋ᠤᠨᠢ ᠳᠤᠮᠤᠭᠠᠵᠢᠵᠤ ᠶᠠᠪᠣᠬᠤ ᠳᠠᠭᠠᠨ

ᠨᠠᠮᠢ᠋ᠢ ᠭᠦᠮᠤᠨ ᠪᠣᠯᠭᠠᠬᠤ ᠭᠡᠵᠤ ᠡᠵᠢ ᠮᠢᠨᠢ

ᠨᠠᠰᠤ ᠪᠠᠨ ᠭᠡᠭᠡᠵᠤ ᠶᠠᠪᠣᠭ᠎ᠠ ᠶᠢ ᠮᠡᠳᠡᠭᠡ ᠦᠭᠡᠶ

ᠬᠠᠷᠠᠮᠵᠢ ᠬᠠᠳᠠᠭᠤ ᠬᠤᠷᠸ᠎ᠠ ᠳᠤ ᠬᠠᠳᠠ ᠴᠢᠯᠠᠭᠤ ᠰᠢᠭ ᠬᠠᠭᠠᠷᠠᠳᠠᠭ

ᠬᠠᠭᠠᠴᠠᠬᠤ ᠶᠢᠨ ᠵᠤᠪᠠᠯᠠᠩ ᠢ ᠮᠡᠳᠡᠭᠡ ᠦᠭᠡᠶ ᠪᠠᠢ᠌ᠭᠰᠠᠨ

ᠬᠠᠵᠠᠢ᠌ᠭᠰᠠᠨ ᠭᠠᠵᠠᠷ ᠲᠤ ᠮᠢᠨᠢ ᠳᠦᠰᠢᠭ᠌ ᠪᠣᠯᠳᠠᠭ ᠡᠵᠢ ᠶᠢᠨ ᠶᠢᠡᠨ

ᠬᠠᠢ᠌ᠷ᠎ᠠ ᠬᠠᠯᠠᠭᠤᠨ ᠵᠥᠭᠡᠯᠡᠨ ᠭᠠᠷ ᠢ ᠪᠢ ᠮᠠᠷᠳᠠᠬᠤ ᠦᠭᠡᠶ

ᠬᠠᠯᠳᠤᠷᠢᠭᠰᠠᠨ ᠭᠠᠵᠠᠷ ᠲᠤ ᠮᠢᠨᠢ ᠨᠦᠮᠦᠷᠢ ᠪᠣᠯᠳᠠᠭ ᠡᠵᠢ ᠶᠢᠨ ᠵᠢᠠᠨ

ᠬᠠᠷᠠᠴᠠᠨ ᠳᠤ ᠢᠪᠢᠯᠦᠭ᠍ᠰᠡᠨ ᠬᠠᠢ᠌ᠷ᠎ᠠ ᠶᠢ ᠪᠢ ᠮᠠᠷᠳᠠᠬᠤ ᠥᠭᠡᠢ

ᠡᠮᠵᠡᠭ᠌ ᠰᠡᠳᠭᠢᠯ ᠢ ᠮᠢᠨᠢ ᠭᠢᠯᠢ ᠦᠭᠡᠶ ᠬᠠᠢ᠌ᠷ᠎ᠠ ᠪᠠᠷ ᠶᠢᠡᠨ ᠣᠶᠠᠷᠠᠭᠤᠯᠳᠠᠭ

ᠡᠵᠢ ᠶᠢᠨ ᠶᠢᠡᠨ ᠨᠢᠯᠪᠣᠰᠤ ᠶᠢ ᠪᠢ ᠮᠠᠷᠳᠠᠬᠤ ᠥᠭᠡᠢ

ᠬᠠᠢ᠌ᠷ᠎ᠠ ᠡᠴᠡ ᠬᠠᠢ᠌ᠷ᠎ᠠ ᠣᠷᠭᠤᠭᠤᠯᠵᠤ ᠨᠠᠮᠢ᠋ᠢ ᠦᠰᠭᠡᠭ᠍ᠰᠡᠨ

ᠬᠠᠢ᠌ᠷᠠᠳᠤ ᠡᠵᠢ ᠶᠢᠨ ᠮᠢᠨᠢ ᠠᠷᠢᠭᠤᠨ ᠰᠦᠨᠠᠰᠤ

ᠡᠷᠭᠢᠭᠦ ᠬᠤᠷᠸ᠎ᠠ ᠶᠢᠨ ᠣᠷᠭᠤᠬᠤ ᠠᠮᠢᠳᠤᠷᠠᠯ

ᠡᠷᠭᠡᠰ ᠭᠠᠷᠠᠭ ᠤᠨ ᠣᠷᠤᠰᠬᠠᠯ ᠨᠠᠷᠠ ᠵᠥᠭ᠌ ᠶᠢᠡᠨ ᠡᠷᠭᠢᠳᠡᠭ᠌

ᠨᠠᠷᠠ ᠳᠡᠯᠡᠭᠡᠢ ᠶᠢᠨ ᠬᠤᠷᠮᠤᠢ ᠳᠤ ᠵᠤᠰᠠᠨ᠎ᠠ

ᠴᠠᠴᠠᠨ ᠦᠷ᠎ᠡ ᠶᠢᠨ ᠰᠡᠳᠭᠢᠯ ᠳᠤ

ᠴᠡᠩᠭᠡᠷᠯᠡᠨ ᠬᠠᠷᠠᠭᠳᠠᠬᠤ ᠠᠭᠤᠯᠠ ᠰᠢᠭ ᠬᠠᠨᠠᠷᠠᠵᠤ

ᠵᠢᠷᠦᠭᠡ ᠮᠢᠯᠢᠶᠠᠵᠤ ᠨᠣᠢ᠌ᠷᠰᠤᠨ᠎ᠠ

ᠡᠡᠭ᠌ ᠦᠭᠡᠶ ᠬᠠᠢ᠌ᠷ᠎ᠠ ᠪᠠᠷ ᠶᠢᠡᠨ ᠡᠷᠭᠢᠭᠦ ᠪᠦᠮᠪᠦᠷᠴᠡᠭ᠌ ᠡᠷᠭᠦᠵᠤ

ᠡᠭᠡᠯ ᠳᠠᠷᠤᠤᠬᠠᠨ ᠳᠦᠷᠭᠦ ᠪᠠᠷ ᠶᠢᠡᠨ ᠣᠷᠴᠢᠯᠠᠩ ᠢ ᠵᠥᠭᠡᠯᠡᠯᠡᠵᠤ ᠮᠥᠰᠢᠶᠡᠭ᠍ᠰᠡᠨ

ᠮᠥᠮᠥ ᠶᠢᠨ ᠮᠢᠨᠢ ᠨᠢᠯᠪᠣᠰᠤ ᠵᠢᠷᠦᠭᠡᠨ ᠳᠤ ᠮᠥᠩᠭᠡᠷᠡᠨ᠎ᠡ

ᠮᠥᠴᠡᠯᠭᠡ ᠰᠢᠯᠦᠭ᠌ ᠤᠨ ᠮᠢᠨᠢ ᠮᠦᠷ ᠲᠤ ᠨᠠᠢ᠌ᠷᠠᠭ ᠪᠣᠯᠵᠤ ᠣᠶᠠᠩᠭ᠋ᠠᠷᠠᠨ᠎ᠠ

ᠦᠵᠦᠭ᠌ ᠤᠨ ᠮᠢᠨᠢ ᠦᠵᠦᠭᠦᠷ ᠲᠤ ᠬᠠᠢ᠌ᠷ᠎ᠠ ᠪᠣᠯᠵᠤ ᠣᠠᠳᠤᠷᠤᠨ᠎ᠠ

ᠦᠷᠤᠴᠠᠨ ᠳᠤ ᠮᠢᠨᠢ ᠵᠤᠯᠠ ᠪᠣᠯᠵᠤ ᠭᠡᠷᠡᠯᠳᠦᠨ᠎ᠡ

ᠮᠦᠷᠦᠭᠡᠳᠦᠯ ᠬᠠᠢ᠌ᠯᠠᠭᠰᠠᠨ ᠬᠠᠯᠠᠭᠤᠨ ᠵᠢᠷᠦᠭᠡᠨ ᠤ ᠮᠥᠩᠭᠡ ᠵᠤᠯᠠ ᠪᠠᠨ

ᠮᠥᠩᠭᠡ ᠶᠢᠨ ᠠᠷᠢᠭᠤᠨ ᠡᠯᠴᠢ ᠰᠢᠳᠦᠭᠡᠨ ᠡᠵᠢ ᠪᠣᠷᠬᠠᠨ ᠳᠠᠭᠠᠨ ᠨᠠᠮᠠᠠᠴᠢᠯᠠᠨ

ᠮᠦᠷᠭᠦᠵᠤ ᠰᠢᠳᠤᠨ ᠬᠠᠢ᠌ᠷᠠᠯᠠᠵᠤ ᠶᠠᠪᠣᠶ᠎ᠠ ᠭᠦᠮᠤᠨ ᠤ ᠬᠤᠷᠸ᠎ᠠ ᠶᠢᠨ ᠡᠭᠡ

ᠮᠥᠩᠭᠡ ᠳᠡᠭ᠍ᠷᠢ ᠶᠢᠨ ᠰᠢᠳᠢᠳᠤ ᠨᠠᠷᠠᠨ ᠡᠵᠢ ᠭᠦᠮᠤᠨ ᠶᠢᠡᠨ

                                              

      2013.6.27


ᠵᠤᠬᠢᠶᠠᠭᠴᠢ ᠶᠢᠨ ᠬᠠ‍‌ᠶᠢᠭ ᠄ ᠪᠠᠶᠠᠠᠨᠠᠭᠤᠷ ᠤᠨ ᠰᠤᠷᠭᠠᠨ ᠭᠦᠮᠦᠵᠢᠯ ᠤᠨ ᠳᠤᠪᠴᠢᠶ᠎ᠠ

ᠵᠤᠬᠢᠶᠠᠭᠴᠢ᠄ ᠭᠦᠭ᠍ᠵᠢᠯ
ᠬᠠᠷᠢᠶ᠎ᠠ᠄ ᠰᠢᠯᠦᠭ
ᠳᠠᠷᠤᠮ᠄ 2691
ᠴᠠᠭ᠄ 2013 ᠤᠨ ᠤ 11 ᠰᠠᠷ᠎ᠠ ᠶᠢᠨ 22