ᠨᠤᠳᠤᠬ ᠦᠨ ᠨᠠᠮᠤᠷ

ᠨᠠᠮᠤᠷ ᠴᠠᠭ ᠶ‍ᠠᠭᠠᠭᠢᠭᠰᠠᠨ ᠰᠠᠢ᠌ᠬᠠᠨ ᠪᠣᠢ᠃ ᠨᠠᠩ ᠴᠤ ᠮᠤᠩᠭ᠋ᠤᠯ ᠨᠤᠳᠤᠭ ᠊ᠤᠨ ᠨᠠᠮᠤᠷ ᠭᠡᠭ᠍ᠴᠢ ᠰᠠᠤᠠᠭᠢᠯ ᠳᠤ ᠥᠶ‍ᠦᠭ᠍ᠰᠢᠵᠤ ᠂ ᠪᠣᠳᠤᠯ ᠳᠤ ᠣᠶ‍ᠠᠩᠭ᠋ᠠᠷᠠᠭᠰᠠᠨ ᠳᠠᠷᠭᠤᠨ ᠳᠠᠩᠰᠤᠭ ᠣᠯᠠᠷᠢᠯ ᠳ᠋ᠠ ᠃ ᠬᠤᠷᠮᠤᠰᠳᠠ ᠶᠢᠨ ᠴᠡᠭᠡᠯ ᠳᠤ ᠬᠤᠷᠠᠭᠠᠨ ᠴᠠᠭᠠᠨ ᠡᠭᠦᠯᠡᠰ ᠭᠡᠰᠡᠭ᠌ ᠭᠡᠰᠡᠭ᠌ ᠶᠢᠡᠷ ᠨᠡᠭᠦᠳᠡᠯᠯᠡᠨ ᠬᠠᠨᠠᠭᠠᠷ ᠳᠠᠯ᠎ᠠ ᠳᠤ ᠬᠤᠩᠭ᠋ᠤᠷ ᠰᠠᠯᠭᠢ ᠦᠶ᠎ᠠ ᠥᠶ‍ᠡᠭᠡᠨ ᠡᠩᠭᠡᠷᠯᠡᠨ ᠰᠡᠪᠠᠯᠵᠡᠭᠡᠤᠨ ᠬᠤᠯᠠ ᠶᠢᠨ ᠳᠤᠷᠠᠰᠤᠯ ᠳᠤ ᠮᠥᠷᠦᠭᠡᠳᠦᠯ ᠰᠠᠭᠢᠭᠤᠯᠵᠤ ᠬᠤᠷᠸ᠎ᠠ ᠶᠢᠨ ᠵᠠᠢ ᠳᠤ ᠵᠢᠷᠭᠠᠯ ᠴᠠᠯᠭᠢᠭᠤᠯᠤᠨ ᠭᠦᠮᠤᠨ ᠤ ᠰᠠᠤᠠᠭᠢᠯ ᠢ ᠡᠷᠭᠡ ᠦᠭᠡᠶ ᠭᠦᠭ᠍ᠰᠡᠭᠦᠯᠤᠨ ᠳᠡᠷᠪᠠᠭᠦᠯᠦᠨ᠎ᠡ ᠃

ᠣᠷᠭᠢᠯ ᠰᠡᠵᠢᠭᠦᠷ ᠲᠡᠭᠡᠨ ᠣᠨᠢᠶ‍ᠠᠷ ᠮᠠᠨᠠᠨ ᠭᠦᠰᠢᠭᠯᠡᠭᠦᠯᠦᠭ᠍ᠰᠡᠨ ᠦᠠᠳᠤᠷ ᠰᠦᠷᠯᠢᠭ᠌ ᠠᠭᠤᠯᠠ ᠬᠠᠢ᠌ᠷᠬᠠᠤᠨ ᠤᠨ ᠨᠤᠶ‍ᠠᠨ ᠰᠠᠷᠢᠳᠠᠭ ᠰᠢᠷᠭᠠᠯᠳᠤᠨ ᠪᠣᠳᠠᠷᠠᠰᠭᠢᠵᠤ ᠂ ᠠᠭᠤᠳᠠᠮ ᠦᠷᠤᠴᠠᠨ ᠳᠡᠭᠡᠨ ᠨᠤᠮᠢᠨ ᠵᠡᠷᠭᠡᠯᠭᠡᠨ ᠥᠶ‍ᠡᠯᠵᠡᠭᠦᠯᠦᠭ᠍ᠰᠡᠨ ᠴᠡᠯᠭᠡᠷ ᠨᠤᠭᠤᠭᠠᠨ ᠰᠢᠯᠢ ᠭᠤᠪᠢ ᠵᠣᠢ᠌ᠯ ᠵᠢᠰᠤᠮ ᠤᠨ ᠪᠣᠯᠪᠠᠰᠤᠷᠠᠭᠰᠠᠨ ᠥᠩᠭᠡ ᠪᠠᠷ ᠪᠣᠳᠤᠭᠰᠢᠭᠠᠤᠨ ᠰᠠᠷᠠᠭᠤᠯ ᠴᠡᠯᠮᠡᠭ᠌ ᠭᠦᠳᠡᠭᠡ ᠳᠠᠯ᠎ᠠ ᠶᠢ ᠶ‍ᠠᠭ ᠯᠠ ᠨᠢᠭᠡ ᠣᠷᠠᠨ ᠵᠢᠷᠤᠭᠴᠢᠨ ᠤ ᠣᠷᠠᠯᠠᠨ ᠪᠦᠳᠦᠭᠡᠭ᠍ᠰᠡᠨ ᠭᠣᠢ᠌ᠳᠠ ᠰᠠᠢ᠌ᠬᠠᠨ ᠳᠤᠰᠤᠨ ᠪᠣᠳᠤᠭ ᠤᠨ ᠶ‍ᠢᠷᠳᠢᠠᠴᠤ ᠪᠣᠯᠭᠠᠵᠠᠢ ᠃ ᠡᠷᠭᠢᠭᠦ ᠳᠦᠷᠪᠠᠨ ᠤᠯᠠᠷᠢᠯ ᠳᠤ ᠠᠪᠴᠤ ᠭᠡᠯᠡᠪᠠᠯ ᠂ ᠬᠠᠮᠤᠭ ᠤᠨ ᠪᠠᠶ‍ᠠᠨ ᠳᠠᠩᠰᠤᠭ ᠮᠥᠷᠳᠡᠭᠡᠨ ᠪᠠᠢ᠌ᠭᠠᠯᠢ ᠶᠢᠨ ᠥᠩᠭᠡ ᠦᠵᠠᠮᠵᠢ ᠳᠡᠭᠦᠰ ᠪᠦᠷᠢᠳᠦᠭ᠍ᠰᠡᠨ ᠣᠯᠠᠷᠢᠯ ᠪᠣᠯ ᠳᠠᠷᠤᠢ ᠨᠠᠮᠤᠷ ᠴᠠᠭ ᠮᠦᠨ ᠃ ᠣᠷᠭᠤᠮᠠᠯ ᠪᠣᠳᠠᠰ ᠤᠨ ᠦᠷ᠎ᠠ ᠵᠢᠮᠢᠰ ᠪᠣᠯᠪᠠᠰᠤᠷᠠᠵᠤ ᠂ ᠣᠢ ᠮᠤᠳᠤᠳ ᠤᠨ ᠰᠠᠯᠠᠭ᠎ᠠ ᠨᠠᠪᠴᠢ ᠣᠯᠠᠪᠢᠷᠳᠠᠭᠠᠤᠨ ᠡᠪᠠᠰᠤᠨ ᠤ ᠨᠠᠮᠠᠭᠠᠨ ᠳᠤ ᠭᠢᠷᠠᠭᠤ ᠰᠢᠭᠦᠳᠡᠷᠢ ᠪᠦᠮᠪᠦᠭᠡᠨᠡᠨ ᠥᠷᠯᠦᠭᠡ ᠦᠳᠠᠰᠢ ᠳᠡᠭᠡᠨ ᠰᠡᠷᠢᠭᠦᠨ ᠵᠢᠪᠠᠷ ᠰᠠᠩᠭᠢᠨᠠᠵᠤ ᠭᠦᠮᠦᠰ ᠲᠤ ᠡᠷᠳᠡ ᠨᠠᠮᠤᠷ ᠤᠨ ᠰᠡᠷᠡᠭ᠍ᠳᠡᠯ ᠢ ᠥᠭ᠍‍ᠬᠦᠨ᠎ᠡ ᠃

ᠰᠦᠯ ᠬᠠᠯᠢᠭᠤᠷᠠᠭᠰᠠᠨ ᠳᠤᠷᠭᠠᠨ ᠪᠠᠯᠴᠢᠭᠡᠷ ᠲᠤ ᠳᠠᠷᠬᠠᠨ ᠢᠳᠡᠰᠢᠯᠡᠭᠦ ᠰᠥᠷᠦᠭ᠌ ᠰᠥᠷᠦᠭ᠌ ᠥᠭᠡᠷ ᠬᠤᠨᠢᠤᠨ ᠤᠨ ᠥᠭᠡᠭᠦᠨ ᠨᠢᠷᠤᠭᠤ ᠬᠤᠳᠤᠯᠵᠢᠨ ᠦᠰᠤ ᠰᠤᠷ ᠨᠢ ᠭᠢᠯᠳᠠᠭᠠᠨᠠᠭᠠᠤᠨ ᠥᠩᠰᠢᠭ᠌ ᠨᠠᠮᠤᠷ ᠤᠨ ᠳᠤᠰᠤᠨ ᠳᠠᠷᠭᠤ ᠭᠦᠢᠴᠡᠳ ᠠᠪᠣᠭᠰᠠᠨ ᠰᠢᠠᠵᠢ ᠳᠡᠮᠳᠡᠭ᠌ ᠮᠡᠳᠡᠷᠡᠭ᠍ᠳᠡᠵᠤ ᠥᠭᠡᠷᠴᠢᠨ ᠬᠤᠨᠢᠴᠢᠨ ᠤ ᠰᠠᠤᠠᠭᠢᠯ ᠢ ᠪᠠᠶ‍ᠠᠰᠬᠠᠨ᠎ᠠ᠃ ᠰᠢᠮᠡᠯᠢᠭ᠌ ᠭᠦᠷᠦᠰᠤᠨ ᠳᠤ ᠵᠤᠷᠬᠠᠯᠠᠨ ᠣᠷᠭᠤᠭᠰᠠᠨ ᠰᠢᠰᠢ ᠂ ᠨᠠᠷᠢᠮᠤ ᠂ ᠪᠣᠭᠤᠳᠠᠢ ᠮᠠᠳᠤ ᠶᠢᠨ ᠳᠠᠪᠤᠨ ᠳᠠᠷᠢᠶ᠎ᠠ ᠶᠢᠨ ᠦᠷ᠎ᠠ ᠬᠤᠷ᠎ᠠ ᠪᠣᠷᠤᠭᠠᠨ ᠤ ᠰᠢᠮ᠎ᠠ ᠂ ᠬᠤᠷᠴᠠ ᠨᠠᠷᠠᠨ ᠤ ᠢᠯᠴᠢᠨ ᠳᠤ ᠨᠢᠭᠡᠡᠳᠡ ᠢᠳᠡᠭᠡᠰᠢᠨ ᠪᠣᠯᠪᠠᠰᠤᠷᠠᠭᠠᠤᠨ ᠰᠢᠷᠭᠠᠯ ᠳᠦᠷᠦᠭᠦᠤ ᠰᠠᠵᠢᠯᠠᠭᠤᠯᠤᠨ ᠰᠢᠵᠢᠷ ᠳᠤᠯᠭᠢᠶ᠎ᠠ ᠬᠠᠶ‍ᠠᠯᠠᠨ᠎ᠠ ᠃

ᠠᠯᠤᠰ ᠤᠨ ᠭᠦᠡᠳᠡᠢ ᠳᠤ ᠣᠳᠤᠷ ᠤᠨ ᠣᠨᠢᠶ‍ᠠᠷ ᠰᠠᠩᠰᠠᠷᠴᠤ ᠠᠳᠤᠭᠤᠨ ᠤ ᠰᠠᠯᠭᠢ ᠡᠪᠠᠰᠤᠨ ᠤ ᠨᠠᠮᠠᠭᠠᠤᠨ ᠶᠢᠡᠷ ᠠᠯᠢᠶ‍ᠠᠯᠠᠨ ᠳᠤᠭᠯᠠᠭᠠᠤᠨ ᠰᠠᠤᠠᠭᠢᠯ ᠳᠤ ᠳᠠᠩᠳᠠ ᠪᠠᠭᠤᠳᠠᠭ 《ᠨᠡᠭᠦᠳᠡᠯᠴᠢᠨ ᠤ ᠨᠠᠮᠤᠷ》 ᠪᠣᠳᠠᠳᠤ ᠠᠮᠢᠳᠤᠷᠠᠯ ᠳᠤ ᠪᠠᠶ‍ᠠᠯᠠᠵᠤ ᠂ ᠰᠠᠨᠠᠭᠠᠨ ᠳᠤ ᠭᠡᠵᠢᠶ‍ᠡᠳᠡ ᠣᠶ‍ᠠᠩᠭ᠋ᠠᠳᠠᠢ ᠢᠨᠠᠭ ᠳᠤᠷᠠᠯᠠᠯ ᠤᠨ 《ᠣᠷᠳᠤ ᠨᠠᠮᠤᠷ》‍ ᠢ ᠪᠣᠳᠤᠭᠳᠠᠭᠤᠯᠵᠤ ᠂ ᠠᠯᠢᠶ᠎ᠠ ᠬᠤᠤᠰ ᠠᠮᠠᠷᠠᠭ ᠤᠳ ᠤᠨ ᠠᠷᠢᠭᠤᠨ ᠬᠠᠢ᠌ᠷ᠎ᠠ ᠶᠢᠨ ᠰᠢᠵᠢᠮ ᠢ ᠭᠤᠭᠴᠤᠭᠠᠷᠠᠭᠤᠯᠤᠨ᠎ᠠ ᠃ ᠠᠳᠠᠷ ᠭᠤᠪᠢ ᠶᠢᠨ ᠡᠯᠢᠭᠡᠨ ᠳᠤ ᠠᠯᠠᠭ ᠴᠡᠴᠡᠭ᠌ ᠮᠢᠷᠠᠯᠵᠠᠨ ᠳᠡᠯᠭᠡᠷᠡᠭᠡᠤᠨ ᠠᠭᠠᠷ ᠮᠠᠠᠳᠤᠯ ᠤᠨ ᠳᠠᠩᠨᠠᠢ ᠳᠤ ᠣᠯᠠᠨ ᠰᠢᠪᠠᠭᠤᠳ ᠳᠤᠩᠭ᠋ᠤᠳᠤᠯᠴᠠᠨ ᠠᠳᠤᠭᠤᠳ ᠶᠢᠡᠨ ᠬᠤᠮᠢᠬᠤ ᠣᠮᠤᠭᠯᠠᠩ ᠵᠢᠪᠬᠤᠭᠠᠳᠤ ᠵᠠᠯᠠᠭᠤ ᠬᠠᠷ᠎ᠠ ᠭᠦᠤ ᠶᠢᠨ ᠡᠷᠡᠮᠡᠭᠡᠢ ᠢᠰᠭᠡᠷᠦᠯ ᠪᠠ ᠬᠤᠨᠢᠤᠨ ᠶᠢᠡᠨ ᠪᠠᠯᠴᠢᠭᠡᠭᠦ ᠬᠤᠩᠭ᠋ᠤᠷ ᠭᠦᠭᠡᠷᠦᠭᠦᠨ ᠭᠡᠦᠭᠡᠨ ᠤ ᠢᠷᠠᠭᠤ ᠳᠤᠩᠭ᠋ᠠᠯᠠᠭ ᠬᠤᠭᠤᠯᠠᠢ ᠲᠡᠶ ᠠᠶ‍ᠠᠰ ᠡᠭᠡᠰᠢᠭ᠌ ᠨᠠᠢ᠌ᠯᠠᠯᠳᠤᠨ ᠡᠭᠡ ᠪᠠᠢ᠌ᠭᠠᠯᠢ ᠶᠢᠨ ᠬᠠᠮᠤᠭ ᠤᠨ ᠭᠤᠶ‍ᠤ ᠂ ᠬᠠᠮᠤᠭ ᠤᠨ ᠰᠤᠳᠤᠨ ᠨᠠᠢ᠌ᠷᠠᠯ ᠭᠦᠭ᠍ᠵᠢᠮ ᠢ ᠴᠢᠪᠬᠠᠳᠠᠨ᠎ᠠ ᠃

ᠪᠠᠬᠠᠷᠬᠠᠭᠠᠤᠨ ᠬᠠᠨᠤᠰᠢ ᠦᠭᠡᠶ ᠠᠭᠤᠯᠠᠰ ᠤᠨ ᠰᠥᠷᠯᠢᠭ᠌ ᠣᠷᠣᠢ ᠤᠳ ᠂ ᠠᠵᠢᠭᠯᠠᠭᠠᠤᠨ ᠳᠤᠭᠤᠯᠠᠰᠢ ᠦᠭᠡᠶ ᠣᠷᠳᠤ ᠰᠢᠯᠢ ᠶᠢᠨ ᠪᠠᠷ᠎ᠠ ᠮᠤᠩᠭ᠋ᠤᠯ ᠨᠤᠳᠤᠭ ᠲᠤ ᠯᠠ ᠰᠠᠨᠠᠭᠳᠠᠳᠠᠭ ᠰᠢᠳᠢᠳᠤ ᠣᠯᠠᠷᠢᠯ ᠤᠨ ᠥᠩᠭᠡ ᠪᠣᠳᠤᠭ ᠢ ᠢᠯᠡᠷᠡᠭᠦᠯᠵᠤ ᠂ ᠳᠤᠷᠠᠰᠴᠤ ᠳᠠᠭᠤᠯᠠᠬᠤ ᠳᠤ ᠰᠠᠤᠠᠭᠢᠯ ᠳᠤ ᠣᠨᠠᠵᠤ ᠂ ᠳᠤᠭᠳᠤᠯᠵᠤ ᠣᠶ‍ᠠᠷᠠᠬᠤ ᠳᠤ ᠪᠣᠳᠤᠯ ᠳᠤ ᠵᠢᠷᠭᠠᠰᠤᠭᠠᠤᠨ ᠭᠦᠮᠤᠨ ᠪᠠᠢ᠌ᠭᠠᠯᠢ ᠶᠢᠨ ᠣᠷᠭᠠᠨᠢᠭ ᠵᠤᠭᠢᠴᠠᠯ ᠨᠢ ᠭᠦᠳᠡᠭᠡ ᠨᠤᠳᠤᠭ ᠤᠨ ᠳᠠᠭᠠᠯᠠᠮᠵᠢᠳᠠᠢ ᠣᠷᠴᠢᠨ ᠂ ᠳᠠᠩᠰᠤᠭ ᠪᠠᠶ‍ᠠᠨ ᠣᠯᠠᠷᠢᠯ ᠳᠤ ᠭᠡᠵᠢᠶ‍ᠡᠳᠡ ᠢᠵᠢᠯᠰᠢᠨ ᠠᠭᠤᠰᠳᠠᠭ ᠭᠡᠰᠡᠨ ᠢ ᠦᠨᠠᠨ ᠮᠦᠨ ᠶᠢᠡᠷ ᠭᠡᠷᠡᠴᠢᠯᠡᠨ ᠬᠠᠷᠠᠭᠤᠯᠤᠨ᠎ᠠ ᠃

ᠨᠠᠯᠠᠭᠠᠷᠠᠵᠤ ᠰᠠᠭᠠᠳᠠᠬᠤ ᠪᠠᠢ᠌ᠭᠠᠯᠢ ᠶᠢᠨ ᠨᠠᠮᠤᠷ ᠡᠭᠡ ᠨᠤᠳᠤᠭ ᠤᠨ ᠮᠢᠨᠢ ᠠᠭᠤᠯᠠ ᠣᠰᠤᠨ ᠳᠤ ᠡᠳᠡᠭᠡᠤᠨ ᠰᠠᠢ᠌ᠬᠠᠨ ᠥᠩᠭᠡ ᠪᠣᠳᠤᠭ ᠶᠢᠡᠨ ᠨᠡᠮᠡᠷᠢᠯᠡᠭᠦ ᠳᠤ ᠨᠠᠷᠭᠢᠵᠤ ᠢᠷᠡᠭᠦ ᠨᠠᠰᠤᠨ ᠤ ᠨᠠᠮᠤᠷ ᠣᠢ ᠣᠬᠠᠭᠠᠨ ᠤ ᠳᠤᠯᠳᠤ ᠳᠤ ᠮᠢᠨᠢ ᠨᠤᠳᠤᠭᠴᠢ ᠰᠡᠦᠡᠭᠢᠯᠭᠡ ᠶᠢᠨ ᠡᠴᠢᠨ᠎ᠡ ᠳᠠᠯᠳᠠ ᠬᠠᠢ᠌ᠷ᠎ᠠ ᠶᠢᠨ ᠳᠦᠷᠦᠭ᠍ᠳᠡᠯ ᠢ ᠢᠪᠠᠭᠡᠨ ᠰᠤᠶ‍ᠤᠷᠬᠠᠨ᠎ᠠ᠃ ᠣᠷᠴᠢᠵᠤ ᠠᠮᠢᠳᠤᠷᠠᠬᠤ ᠨᠤᠳᠤᠭ ᠣᠩᠭ᠋ᠤᠨ ᠳᠠᠷᠬᠠᠨ ᠪᠠᠢ᠌ᠭᠠᠯᠢ ᠭᠡᠭ᠍ᠴᠢ ᠨᠢ ᠂ ᠡᠷᠭᠢᠭᠦ ᠳᠦᠷᠪᠠᠨ ᠣᠯᠠᠷᠢᠯ ᠶᠢᠡᠨ ᠣᠭᠳᠤᠵᠤ ᠦᠳᠠᠵᠤ ᠂ ᠦᠳᠠᠵᠤ ᠣᠭᠳᠤᠭᠰᠠᠭᠠᠷ ᠬᠠᠯᠠᠭᠤᠨ ᠡᠯᠢᠭᠡᠨ ᠳ᠋ᠤᠨᠢ ᠭᠦᠢ ᠵᠠᠯᠭᠠᠨ ᠣᠷᠤᠩᠨᠠᠬᠤ ᠠᠮᠢᠳᠠᠨ ᠭᠤᠤᠯᠳᠠᠨ ᠪᠦᠭᠦᠨ ᠶᠢᠡᠨ ᠮᠥᠩᠭᠡ ᠶᠢᠨ ᠰᠢᠳᠢ ᠪᠠᠷ ᠳᠦᠯᠵᠢᠭᠦᠯᠤᠨ ᠪᠦᠪᠠᠢ᠌ᠯᠡᠳᠡᠭ᠌ ᠣᠴᠢᠷᠳᠠᠢ ᠯᠠ ᠪᠠᠢ᠌ᠵᠠᠢ ᠃

ᠮᠦᠩᠬᠡ ᠣᠠᠳᠤᠷᠬᠤ ᠭᠤᠤᠯ ᠭᠤᠷᠤᠬ᠎ᠠ ᠲᠡᠶ᠂ ᠮᠠᠯᠵᠢᠵᠤ ᠨᠡᠭᠦᠭᠦ ᠪᠠᠯᠴᠢᠭᠡᠷ ᠣᠰᠤ ᠲᠡᠶ ᠮᠤᠩᠭ᠋ᠤᠯ ᠨᠤᠳᠤᠭ ᠤᠨ ᠨᠠᠮᠤᠷ ᠭᠡᠵᠢᠶ‍ᠡᠳᠡ ᠡᠢ᠌ᠮᠤ ᠯᠠ ᠳᠠᠷᠭᠤᠨ ᠳᠠᠩᠰᠤᠭ ᠭᠡᠪ ᠶᠢᠡᠷ ᠶᠢᠡᠨ ᠪᠠᠢ᠌ᠭᠠᠰᠠᠢ !

ᠵᠤᠬᠢᠶᠠᠭᠴᠢ᠄ ᠴᠡᠴᠡᠭ
ᠬᠠᠷᠢᠶ᠎ᠠ᠄ ᠨᠠᠢᠷᠠᠭᠤᠯᠤᠯ
ᠳᠠᠷᠤᠮ᠄ 5168
ᠴᠠᠭ᠄ 2004 ᠤᠨ ᠤ 07 ᠰᠠᠷ᠎ᠠ ᠶᠢᠨ 18