ᠥᠭᠡᠯᠡᠳ ᠤᠨ ᠭᠠᠯᠳᠠᠨ ᠪᠣᠱᠤᠭᠳᠤ ᠬᠠᠭᠠᠨ
ᠥᠭᠡᠯᠡᠳ ᠠᠢ᠌ᠮᠠᠭ ᠤᠨ ᠳᠤᠪᠴᠢ ᠳᠡᠦᠭᠡ


ᠥᠭᠡᠯᠡᠳ ᠠᠢ᠌ᠮᠠᠭ ᠪᠣᠯᠪᠠᠰᠤ ᠡᠷᠳᠡᠨ ᠤ ᠦᠶ᠎ᠡ ᠳᠤ ᠨᠢᠭᠡᠨ ᠶᠡᠭᠡ ᠠᠯᠳᠠᠷ ᠲᠡᠶ ᠭᠦᠴᠦᠷᠭᠡᠭ᠌ ᠠᠢ᠌ᠮᠠᠭ ᠣᠯᠤᠰ ᠪᠠᠢ᠌ᠭᠰᠠᠨ ᠶᠤᠮ ᠪᠠᠢ᠌ᠨ᠎ᠠ᠃ ᠶᠤᠸᠠᠨ ᠣᠯᠤᠰ ᠤᠨ ᠡᠴᠦᠰ ᠤᠨ ᠴᠠᠭᠳᠤ᠂ ᠥᠭᠡᠯᠡᠳ ᠤᠨ ᠡᠰᠡᠨ ᠬᠠᠭᠠᠨ ᠪᠠᠷᠠᠭᠤᠨ ᠬᠣᠢ᠌ᠳᠤ ᠭᠢᠵᠠᠭᠠᠷ ᠢ ᠡᠵᠡᠯᠡᠵᠤ ᠰᠠᠭᠤᠭᠰᠠᠨ ᠡᠴᠡ ᠨᠠᠩ ᠭᠦᠴᠦᠳᠡᠢ ᠪᠣᠯᠵᠤ ᠢᠯᠢ᠂ ᠠᠯᠳᠠᠢ ᠶᠢᠨ ᠭᠠᠵᠠᠷ ᠤᠳ ᠢ ᠡᠵᠡᠯᠡᠭ᠍ᠰᠡᠨ ᠨᠢᠭᠡᠨ ᠭᠦᠴᠦᠷᠭᠡᠭ᠌ ᠣᠯᠤᠰ ᠪᠠᠢ᠌ᠵᠢ᠃ ᠳᠡᠭᠦᠡᠴᠡ ᠮᠢᠩ ᠣᠯᠤᠰ ᠤᠨ ᠦᠶ᠎ᠡ ᠳᠤ᠂ ᠡᠰᠡᠨ ᠬᠠᠭᠠᠨ ᠵᠢᠤᠢ ᠿᠦᠩ ᠭᠤᠸᠠᠨ ᠪᠣᠭᠤᠮᠳᠠ ᠪᠠᠷ ᠣᠷᠤᠵᠤ ᠱᠤ ᠮᠤ ᠭᠠᠵᠠᠷᠴᠠ ᠮᠢᠩ ᠣᠯᠤᠰ ᠤᠨ ᠢᠩ ᠽᠦᠩ ᠬᠠᠭᠠᠨ ᠢ ᠠᠮᠢᠳᠤ ᠪᠠᠷ ᠪᠠᠷᠢᠵᠤ ᠠᠪᠣᠭᠰᠠᠨ ᠡᠴᠡ ᠠᠯᠳᠠᠷ ᠰᠦᠷ ᠨᠢ ᠣᠯᠠᠮᠠᠷ᠎ᠠ ᠶᠡᠭᠡ ᠪᠣᠯᠤᠭᠰᠠᠨ ᠪᠠᠢ᠌ᠨ᠎ᠠ᠃

ᠬᠣᠢ᠌ᠨ᠎ᠠ ᠳᠠᠢ᠌ᠴᠢᠩ ᠣᠯᠤᠰ ᠤᠨ ᠡᠩᠬᠡ ᠠᠮᠤᠭᠤᠯᠠᠩ ᠬᠠᠭᠠᠨ ᠤ ᠦᠶ᠎ᠡ ᠳᠤ᠂ ᠬᠠᠯᠬ᠎ᠠ ᠶᠢᠨ ᠲᠦᠰᠢᠶᠠᠳᠤ ᠬᠠᠭᠠᠨ᠂ ᠵᠠᠰᠠᠭᠳᠤ ᠬᠠᠨ ᠬᠤᠶᠠᠷ ᠠᠢ᠌ᠮᠠᠭ ᠳᠤᠳᠤᠷ᠎ᠠ ᠵᠠᠭᠤᠷ᠎ᠠ ᠪᠠᠨ ᠪᠠᠢ᠌ᠯᠳᠤᠭᠠᠨ ᠭᠢᠵᠤ᠂ ᠪᠠᠰᠠ ᠥᠭᠡᠯᠡᠳ ᠯᠦᠭᠡ ᠦ ᠰᠠᠪ ᠭᠠᠷᠴᠤ᠂ ᠬᠠᠯᠬ᠎ᠠ ᠥᠭᠡᠯᠡᠳ ᠤᠨ ᠳᠠᠢ᠌ᠨ ᠰᠠᠮᠠᠭᠤᠨ ᠣᠯᠠᠮ ᠶᠡᠭᠡᠳᠡᠭ᠍ᠰᠡᠭᠡᠷ᠂ ᠺᠠᠯᠳᠠᠨ ᠪᠣᠱᠤᠭᠳᠤ ᠶᠡᠭᠡ ᠴᠡᠷᠢᠭ᠌ ᠠᠪᠴᠤ ᠬᠠᠯᠬ᠎ᠠ ᠶᠢᠨ ᠠᠢ᠌ᠮᠠᠭ ᠬᠤᠰᠢᠭᠤᠳ ᠢ ᠶᠡᠭᠡᠳᠡ ᠳᠠᠷᠤᠭᠰᠠᠨ ᠣᠴᠢᠷᠳᠤ᠂ ᠳᠠᠢ᠌ᠴᠢᠩ ᠣᠯᠤᠰ ᠤᠨ ᠲᠦᠷᠦ ᠳᠤᠭᠳᠠᠭᠠᠤᠨ ᠳᠠᠪᠢ ᠰᠢᠬᠠᠮ ᠣᠨ ᠪᠣᠯᠳᠠᠯ᠎ᠠ ᠳᠠᠭᠠᠵᠤ ᠣᠷᠤᠵᠤ ᠥᠭᠦᠭ᠍ᠰᠡᠨ ᠳᠤᠰᠬᠠᠷ᠎ᠠ ᠳᠤᠭᠳᠠᠨᠢᠵᠤ ᠪᠠᠢ᠌ᠭᠰᠠᠨ ᠬᠠᠯᠬ᠎ᠠ ᠶᠢᠨ ᠵᠢᠪᠽᠤᠩᠳᠠᠮᠪᠠ ᠬᠤᠳᠤᠭᠳᠤ ᠬᠠᠷᠢᠶᠠᠳᠤ ᠭᠡᠳᠤᠨ ᠠᠢ᠌ᠮᠠᠭ ᠤᠳ ᠶᠢᠡᠨ ᠠᠪᠴᠤ ᠡᠩᠭᠡ ᠠᠮᠤᠭᠤᠯᠠᠩ ᠬᠠᠭᠠᠨ ᠳᠤ ᠦᠪᠰᠤᠪᠠᠨ ᠳᠠᠭᠠᠵᠤ ᠣᠷᠤᠭᠰᠠᠨ ᠬᠣᠢ᠌ᠨ᠎ᠠ᠂ ᠶᠡᠭᠡ ᠴᠡᠷᠢᠭ᠌ ᠭᠠᠷᠴᠤ ᠳᠦᠪᠰᠢᠦᠡᠭᠡᠭ᠍ᠰᠡᠨ ᠪᠦᠭᠡᠤᠨ ᠨᠠᠨ ᠣᠴᠠᠷᠠᠴᠠ ᠥᠭᠡᠯᠡᠳ᠂ ᠳᠤᠷᠭᠤᠳ᠂ ᠬᠤᠲᠤᠩ ᠨᠠᠷᠤᠨ ᠭᠦᠴᠤᠨ ᠪᠠᠭᠤᠷᠠᠵᠤ᠂ ᠵᠠᠷᠢᠮ ᠠᠨᠤ ᠳᠠᠢ᠌ᠨ ᠰᠠᠮᠠᠭᠤᠨ ᠡᠴᠡ ᠵᠡᠭᠦᠡᠰᠢ ᠨᠡᠭᠦᠵᠤ ᠢᠷᠡᠭᠡᠤᠨ᠂ ᠨᠤᠳᠤᠭᠯᠠᠬᠤ ᠭᠠᠵᠠᠷ ᠭᠤᠶᠤᠵᠤ ᠬᠠᠯᠬ᠎ᠠ᠂ ᠭᠦᠯᠤᠨ ᠪᠣᠢ᠌ᠷ᠂ ᠴᠠᠬᠠᠷ ᠵᠡᠷᠭᠡ ᠶᠢᠨ ᠭᠠᠵᠠᠷ ᠤᠳ ᠲᠤ ᠭᠡᠰᠡᠭ᠌ ᠪᠦᠯᠦᠭ᠌ ᠶᠢᠡᠷ ᠰᠠᠭᠤᠭᠰᠠᠨ ᠶᠤᠮ᠃

ᠳᠡᠭᠦᠨᠤ ᠬᠣᠢ᠌ᠨ᠎ᠠ ᠳᠡᠭ᠍ᠷᠢ ᠲᠡᠳᠬᠦᠭ᠍ᠴᠢ ᠶᠢᠨ ᠬᠤᠷᠢᠨ ᠬᠤᠶ‍ᠠᠳᠤᠭᠠᠷ ᠣᠨ ᠳᠤ᠂ ᠣᠯᠢᠶᠠᠰᠤᠳᠠᠢ ᠶᠢᠨ ᠳᠤᠰᠠᠯᠠᠬᠤ ᠵᠠᠩᠵᠤᠨ ᠴᠸᠩᠭᠦᠡᠵᠡᠪ᠂ ᠠᠷᠠᠠᠳᠠᠢ ᠨᠡᠷ ᠠᠢ᠌ᠯᠠᠤᠠᠬᠠᠵᠤ ᠳᠦᠷᠪᠡᠤᠨ ᠠᠢ᠌ᠮᠠᠭ ᠤᠨ ᠳᠠᠢ᠌ᠵᠢ ᠪᠦᠳᠦᠭᠦ᠂ ᠪᠦᠷᠢᠨ᠂ ᠳ᠋ᠸᠮᠴᠢ ᠪᠠᠢ᠌ᠯᠭᠠᠭᠰᠠᠨ᠂ ᠺᠠᠯᠵᠢᠳ ᠠᠢ᠌ᠮᠠᠭ ᠤᠨ ᠳ᠋ᠡᠰᠢᠽᠸᠩᠪᠧ᠂ ᠮᠢᠩᠭ᠋ᠠᠤᠨ ᠠᠢ᠌ᠮᠠᠭ ᠤᠨ ᠳ᠋ᠸᠮᠴᠢ ᠪᠦᠵᠦᠷᠢ ᠨᠠᠷᠤᠨ ᠭᠤᠷᠪᠠᠨ ᠠᠢ᠌ᠮᠠᠭ ᠤᠨ ᠰᠢᠨ᠎ᠠ ᠥᠭᠡᠯᠡᠳ ᠨᠡᠷ ᠢ ᠨᠡᠭᠦᠯᠭᠡᠨ ᠢᠷᠡᠭᠦᠯᠵᠤ᠂ ᠳᠠᠪᠢᠨ ᠳᠠᠪᠣᠳᠤᠭᠠᠷ ᠣᠨ ᠳᠤ ᠬᠠᠭᠤᠴᠢᠨ ᠥᠭᠡᠯᠡᠳ ᠤᠨ ᠬᠤᠶᠠᠷ ᠰᠤᠮᠤᠨ ᠳᠤ ᠬᠤᠪᠢᠶᠠᠨ ᠣᠷᠤᠭᠤᠯᠵᠤ ᠵᠠᠭᠢᠷᠠᠭᠤᠯᠤᠭᠰᠠᠨ ᠶᠤᠮ᠃

ᠡᠨᠡᠭᠦ ᠬᠠᠭᠤᠴᠢᠨ ᠥᠭᠡᠯᠡᠳ ᠪᠣᠯ ᠨᠠᠢ᠌ᠷᠠᠯᠳᠤ ᠲᠦᠪ ᠤᠨ ᠠᠷᠪᠠᠨ ᠨᠢᠭᠡᠳᠦᠭᠡᠷ ᠣᠨ ᠳᠤ ᠬᠠᠷᠢᠶᠠᠳᠤ ᠰᠠᠢ᠌ᠳ ᠰᠸᠪᠳᠡᠭᠸᠡᠩᠪᠦ ᠳᠠᠭᠠᠭᠤᠯᠤᠨ ᠠᠪᠴᠢᠷᠠᠵᠤ᠂ ᠮᠠᠨ ᠤ ᠭᠦᠯᠤᠨ ᠪᠣᠢ᠌ᠷ ᠤᠨ ᠭᠠᠵᠠᠷ᠎ᠠ ᠳᠤᠯᠭᠤᠷ᠎ᠠ ᠰᠠᠭᠤᠯᠭᠠᠭᠰᠠᠨ ᠶᠤᠮ᠃ ᠡᠭᠦᠡᠳᠤ ᠪᠠᠰᠠ ᠥᠭᠡᠯᠡᠳ ᠤᠨ ᠸᠠᠩ ᠰᠸᠪᠳᠠᠩᠸᠠᠩᠪᠣ ᠶᠢᠨ ᠣᠤᠯ ᠨᠢᠭᠡᠨ ᠬᠤᠰᠢᠭᠤᠨ ᠤ ᠠᠷᠠᠤᠨ ᠨᠢ ᠬᠠᠯᠬ᠎ᠠ ᠭᠤᠤᠯ ᠵᠡᠷᠭᠡ ᠭᠠᠵᠠᠷ ᠲᠤ ᠨᠤᠳᠤᠭᠯᠠᠨ ᠰᠠᠭᠤᠵᠤ ᠪᠠᠢ᠌ᠭᠠᠤᠨ᠂ ᠬᠣᠢ᠌ᠰᠢ ᠨᠡᠭᠦᠵᠤ ᠳᠤᠢ᠌ ᠭᠤᠤᠯ ᠭᠡᠮᠡᠭᠦ ᠭᠠᠵᠠᠷ ᠣᠳᠤᠭᠰᠠᠨ ᠬᠣᠢ᠌ᠨ᠎ᠠ᠂ ᠬᠠᠯᠬ᠎ᠠ ᠭᠤᠤᠯ ᠤᠨ ᠣᠷᠤᠰᠬᠠᠯ ᠶᠢᠡᠷ ᠭᠢᠯᠢ ᠪᠣᠯᠭᠠᠵᠤ᠂ ᠭᠤᠤᠯ ᠤᠨ ᠵᠡᠭᠦᠨ ᠡᠳᠡᠭᠡᠤᠨ ᠢ ᠪᠠᠷᠭᠤ ᠨᠡᠷ ᠲᠤ᠂ ᠪᠠᠷᠠᠭᠤᠨ ᠡᠳᠡᠭᠡᠤᠨ ᠢ ᠬᠠᠯᠬ᠎ᠠ ᠳᠤ ᠣᠯᠭᠤᠵᠤ ᠥᠭ᠍ᠴᠡᠢ᠃

ᠳᠡᠭᠦᠡᠴᠡ ᠡᠨᠡᠭᠦ ᠥᠭᠡᠯᠡᠳ ᠤᠨ ᠬᠠᠭᠤᠴᠢᠨ ᠰᠠᠢ᠌ᠳ ᠭᠢᠶᠦ᠋ᠨ ᠸᠠᠩ ᠰᠸᠪᠳᠡᠭᠸᠠᠩᠪᠣ ᠪᠣᠯ᠂ ᠳᠠᠷᠠ ᠦᠶ᠎ᠡ ᠶᠢᠨ ᠴᠢᠩ ᠣᠯᠤᠰ ᠤᠨ ᠬᠠᠭᠠᠨ ᠤ ᠭᠦᠷᠭᠡᠨ ᠠᠬ᠎ᠠ ᠪᠣᠯᠬᠤ ᠣᠴᠷᠠᠴᠠ ᠶᠡᠭᠡᠳᠡ ᠳᠤᠳᠤᠭᠠᠯᠠᠭᠳᠠᠵᠤ᠂ ᠳᠤᠰ ᠥᠭᠡᠯᠡᠳ ᠤᠨ ᠲᠦᠰᠢᠮᠠᠯ ᠪᠠ ᠴᠡᠷᠢᠭ᠌ ᠨᠡᠷ ᠲᠤ ᠪᠦᠭᠦᠯᠢ ᠹᠦᠩᠯᠤ ᠴᠠᠯᠢᠩ ᠣᠯᠭᠤᠵᠤ ᠵᠠᠷᠴᠢᠮ ᠳᠤᠭᠳᠠᠭᠠᠭᠰᠠᠨ ᠪᠦᠭᠡᠤᠨ᠂ ᠪᠣᠰᠤᠳ ᠮᠠᠨ ᠤ ᠭᠦᠯᠤᠨ ᠪᠣᠢ᠌ᠷ ᠤᠨ ᠬᠤᠰᠢᠭᠤᠨ ᠤ ᠠᠷᠠᠤᠨ ᠲᠦᠰᠢᠮᠠᠯ ᠪᠠ ᠴᠡᠷᠢᠭ᠌ ᠨᠠᠷᠠᠳᠤ ᠴᠦᠮ ᠬᠠᠭᠠᠰ ᠹᠦᠩᠯᠤ ᠴᠠᠯᠢᠩ ᠲᠡᠶ ᠠᠭᠰᠠᠨ᠃

ᠡᠨᠡᠭᠦ ᠥᠭᠡᠯᠡᠳ ᠬᠤᠶᠠᠷ ᠰᠤᠮᠤ ᠪᠣᠯᠪᠠᠰᠤ ᠣᠤᠯ ᠨᠤᠳᠤᠭ ᠤᠨ ᠥᠭᠡᠯᠡᠳ ᠡᠴᠡ ᠳᠤᠰᠬᠠᠢ ᠰᠠᠯᠵᠤ ᠢᠷᠡᠭ᠍ᠰᠡᠨ ᠥᠴᠦᠭᠡᠨ ᠳᠠᠳᠤᠢ ᠰᠠᠯᠪᠣᠷᠢ ᠪᠣᠢ᠃

ᠡᠭᠦᠡᠳᠤ ᠥᠭᠡᠯᠡᠳ ᠭᠡᠳᠡᠭ᠌ ᠣᠯᠠᠨ ᠭᠠᠵᠠᠷ ᠶᠡᠭᠡᠭᠡᠨ ᠭᠡᠮᠵᠢᠶᠡᠳᠡᠢ ᠪᠠᠢ᠌ᠬᠤ ᠶᠤᠮ ᠪᠠᠢ᠌ᠨ᠎ᠠ᠃ ᠶᠠᠭᠤᠪᠢ ᠭᠡᠪᠠᠯ ᠢᠯᠢ ᠳᠤᠷᠭᠤᠳ ᠥᠭᠡᠯᠡᠳ᠂ ᠠᠯᠳᠠᠢ ᠥᠭᠡᠯᠡᠳ᠂ ᠵᠦᠩᠭ᠋ᠠᠷ ᠥᠭᠡᠯᠡᠳ᠂ ᠭᠦᠭᠡ ᠨᠠᠭᠤᠷ ᠤᠨ ᠥᠭᠡᠯᠡᠳ ᠭᠤᠴᠢᠨ ᠬᠤᠶᠠᠷ ᠬᠤᠰᠢᠭᠤ᠂ ᠠᠯᠠᠭᠱᠠ ᠥᠭᠡᠯᠡᠳ ᠨᠢᠭᠡ ᠬᠤᠰᠢᠭᠤ ᠬᠤᠷᠢᠨ ᠰᠤᠮᠤ᠂ ᠡᠳᠡᠭᠡᠷ ᠥᠭᠡᠯᠡᠳ ᠴᠦᠮ ᠨᠢᠭᠡᠨ ᠣᠭᠰᠠᠭ᠎ᠠ ᠪᠣᠶᠤ᠃

ᠳᠡᠭᠦᠡᠴᠡ ᠡᠷᠳᠡ ᠴᠠᠭᠳᠤ ᠣᠢ᠌ᠭᠤᠷ ᠭᠡᠮᠡᠭᠦ ᠦᠨᠳᠦᠰᠦᠳᠠᠨ ᠨᠠᠷᠠᠳᠠᠢ ᠪᠣᠢ ᠠᠭᠠᠳ᠂ ᠬᠣᠢ᠌ᠨ᠎ᠠ ᠮᠤᠩᠭ᠋ᠤᠯ ᠤᠨ ᠡᠯᠪᠠᠭ᠍ᠨᠢᠭᠦᠯᠡᠰᠭᠦᠢ ᠬᠠᠭᠠᠨ ᠤ ᠦᠶ᠎ᠡ ᠳᠤ ᠳᠦᠷᠪᠡᠨ ᠣᠢ᠌ᠷᠠᠤᠨ ᠭᠡᠮᠡᠭᠦᠢ ᠢᠨᠤ ᠥᠭᠡᠯᠡᠳ ᠮᠦᠨ ᠪᠣᠶᠤ᠃ ᠪᠠᠰᠠ ᠳᠡᠭᠦᠡᠴᠡ ᠨᠠᠯᠢᠶᠠᠤᠨ ᠬᠣᠢ᠌ᠨ᠎ᠠ ᠳᠠᠢ᠌ᠴᠢᠩ ᠣᠯᠤᠰ ᠤᠨ ᠲᠦᠷᠦ ᠳᠤᠭᠳᠠᠭᠤᠨ ᠪᠠᠢ᠌ᠬᠤᠢ ᠦᠶ᠎ᠡ ᠳᠤ᠂ ᠳᠡᠭᠡᠷ᠎ᠡ ᠭᠡᠯᠡᠭ᠍ᠰᠡᠨ ᠶᠤᠰᠤᠭᠠᠷ ᠬᠠᠯᠬ᠎ᠠ ᠠᠢ᠌ᠮᠠᠭ ᠤᠳ ᠳᠤᠳᠤᠷ᠎ᠠ ᠵᠠᠭᠤᠷᠠᠪᠠᠨ ᠳᠠᠢ᠌ᠨ ᠪᠠᠢ᠌ᠯᠳᠤᠭᠠᠨ ᠪᠣᠯᠵᠤ᠂ ᠳᠠᠷᠠ ᠳᠤᠬᠠᠢ ᠳᠤ ᠥᠭᠡᠯᠡᠳ ᠤᠨ ᠺᠠᠯᠳᠠᠨ ᠰᠢᠷᠡᠭᠡᠳᠤ ᠶᠢᠨ ᠳᠡᠭᠦᠤ ᠶᠢ ᠬᠠᠯᠬ᠎ᠠ ᠶᠢᠨ ᠰᠠᠮᠠᠭᠤᠨ ᠳᠤ ᠲᠤᠬᠢᠶᠠᠯᠳᠤᠵᠤ ᠬᠤᠷᠤᠭᠤᠭᠳᠠᠭᠰᠠᠨ ᠤ ᠣᠴᠢᠷᠳᠤ᠂ ᠪᠠᠷᠠᠭᠤᠨ ᠵᠤᠤ ᠶᠢᠨ ᠺᠠᠯᠳᠠᠨ ᠭᠡᠢ᠌ᠤᠨ ᠤᠨ ᠺᠠᠯᠳᠠᠨ ᠳ᠋ᠢᠪᠠ ᠰᠢᠷᠡᠭᠡᠳᠤ ᠪᠯᠠᠮ᠎ᠠ ᠪᠣᠱᠤᠭᠳᠤ ᠭᠡᠮᠡᠨ ᠨᠠᠷ᠎ᠠ ᠠᠯᠳᠠᠷᠰᠢᠭᠰᠠᠨ ᠳᠠᠷᠠ ᠭᠦᠮᠤᠨ ᠬᠠᠯᠬ᠎ᠠ ᠯᠤᠭ᠎ᠠ ᠡᠢ᠌ᠨ ᠭᠦ ᠥ ᠰᠠᠪ ᠡᠭᠦᠰᠴᠤ᠂ ᠦᠰᠢᠶ᠎ᠠ ᠲᠡᠶ ᠪᠣᠯᠤᠭᠠᠤᠨ᠂ ᠦᠪᠡᠷᠤᠨ ᠥᠭᠡᠯᠡᠳ ᠠᠢ᠌ᠮᠠᠭ ᠤᠳ ᠤᠨ ᠴᠡᠷᠢᠭ᠌ ᠢ ᠡᠯᠰᠡᠵᠤ ᠳᠠᠳᠠᠭᠠᠤᠨ ᠢᠨᠠᠭᠰᠢ ᠴᠡᠷᠢᠭᠯᠵᠤ ᠬᠠᠯᠬ᠎ᠠ ᠨᠡᠷ ᠢ ᠶᠡᠭᠡᠳᠡ ᠳᠦᠢᠪᠠᠭᠡᠭ᠍ᠰᠡᠨ ᠠᠨᠤ᠂ ᠺᠠᠯᠳᠠᠨ ᠪᠣᠱᠤᠭᠳᠤ ᠶᠢᠨ ᠭᠦᠯ ᠥᠢᠮᠡᠭᠡᠨ ᠭᠡᠵᠤ ᠡᠳᠦᠭᠡ ᠪᠣᠯᠳᠠᠯ᠎ᠠ ᠭᠡᠯᠴᠡᠳᠡᠭ᠌ ᠳᠠᠷᠠ ᠪᠢᠯᠠ᠃ ᠡᠨᠡᠭᠦ ᠳᠠᠢ᠌ᠨ ᠪᠠᠢ᠌ᠯᠳᠤᠭᠠᠨ ᠳᠠᠢ᠌ᠴᠢᠩ ᠣᠯᠤᠰ ᠤᠨ ᠡᠭᠢᠨ ᠦᠶ᠎ᠡ ᠳᠤ᠂ ᠡᠩᠭᠡ ᠠᠮᠤᠭᠤᠯᠠᠩ ᠬᠠᠭᠠᠨ ᠪᠠᠶ᠎ᠠ ᠪᠠᠷ ᠶᠡᠭᠡ ᠴᠡᠷᠢᠭ᠌ ᠠᠪᠴᠤ ᠭᠤᠷᠪᠠ ᠣᠳᠠᠭ᠎ᠠ ᠴᠡᠷᠢᠭᠯᠡᠵᠤ ᠳᠦᠪᠰᠢᠦᠡᠭᠡᠭ᠍ᠰᠡᠨ ᠪᠣᠯᠪᠠᠴᠤ᠂ ᠳᠡᠭᠦᠨᠤ ᠦᠨᠳᠦᠰᠦ ᠬᠤᠭ ᠨᠢ ᠡᠰᠡ ᠠᠷᠢᠯᠤᠨ᠂ ᠵᠠᠯᠭᠠᠮᠵᠢᠯᠠᠨ ᠶᠡᠭᠡᠭᠡᠨ ᠨᠠᠷᠠᠳᠠᠢ ᠴᠠᠸᠠᠩᠷᠠᠪᠠᠳᠠᠨ᠂ ᠭᠠᠯᠳᠠᠠᠴᠠᠷᠠᠨ ᠭᠡᠮᠡᠭᠦ ᠳᠡᠷᠢᠭᠦᠳᠡᠨ ᠨᠤᠭᠦᠳ ᠣᠯᠠᠨ ᠵᠢᠯ ᠶᠢᠡᠷ ᠣᠳᠠᠭᠠᠨ ᠣᠷᠤᠰᠢᠵᠤ ᠠᠭᠰᠠᠨ ᠪᠣᠯᠪᠠᠴᠤ᠂ ᠮᠦᠨ ᠳᠤᠰ ᠣᠯᠤᠰ ᠤᠨ ᠭᠡᠳᠤᠨ ᠬᠠᠭᠠᠤᠨ ᠤᠨ ᠣᠯᠠᠷᠢᠯ ᠳᠤ ᠰᠠ‍‌ᠶᠢ᠌ ᠨᠢᠭᠡ ᠡᠡᠷᠡᠢ᠌ᠭᠡᠵᠤ ᠴᠡᠪᠠᠷᠡᠯᠭ᠍ᠰᠡᠨ ᠪᠣᠢ ᠪᠣᠯᠤᠯᠳᠠᠢ᠃

ᠪᠠᠰᠡᠭᠦ ᠬᠠᠯᠬ᠎ᠠ ᠨᠡᠷ ᠢ ᠡᠩᠭᠡ ᠠᠮᠤᠭᠤᠯᠠᠩ ᠬᠠᠭᠠᠨ ᠠᠷᠪᠠᠨ ᠭᠤᠷᠪᠠᠨ ᠵᠢᠯ ᠴᠠᠭᠠᠨ ᠭᠡᠷᠡᠮ ᠤᠨ ᠣᠷᠴᠢᠮ ᠠᠮᠤᠭᠤᠯᠤᠨ ᠳᠡᠵᠢᠭᠡᠵᠤ᠂ ᠳᠡᠷᠡᠭᠦ ᠺᠠᠯᠳᠠᠨ ᠪᠣᠱᠤᠭᠳᠤ ᠶᠢᠨ ᠳᠠᠢ᠌ᠨ ᠡᠴᠡ ᠬᠠᠮᠠᠭᠠᠯᠠᠵᠤ ᠠᠭᠰᠠᠨ ᠪᠦᠯᠦᠭᠡ᠃ ᠳᠠᠷᠠ ᠭᠢᠷᠢ ᠳᠤ ᠬᠠᠯᠬ᠎ᠠ ᠶᠢᠨ ᠠᠩᠬᠠᠳᠤᠭᠠᠷ ᠵᠢᠪᠽᠤᠩᠳᠠᠮᠪᠠ ᠬᠤᠳᠤᠭᠳᠤ ᠦᠨᠳᠦᠷ ᠪᠣᠭᠳᠠ ᠳᠦᠷᠦᠭᠦᠤ ᠲᠡᠶ ᠳᠤᠯᠤᠨ ᠨᠠᠭᠤᠷ ᠲᠤ ᠬᠤᠷᠠᠯᠳᠤᠭᠠᠨ ᠭᠢᠵᠤ᠂ ᠳᠠᠢ᠌ᠴᠢᠩ ᠣᠯᠤᠰ ᠲᠤ ᠳ᠋ᠠᠩ ᠬᠠᠯᠬ᠎ᠠ ᠳᠡᠳᠥᠢᠭᠡᠨ ᠳᠠᠭᠠᠵᠤ ᠣᠷᠤᠪᠠᠢ ᠭᠡᠮᠡᠵᠤ ᠪᠠᠢ᠌ᠳᠤᠭᠠᠢ᠂ ᠳᠠᠶᠠᠭᠠᠷ ᠳᠡᠯᠡᠭᠡᠢ ᠳ᠋ᠠᠭᠢᠨ ᠤ ᠬᠤᠷᠢᠶᠠᠭᠳᠠᠬᠤ ᠳᠠᠰᠢᠷᠠᠮ ᠳᠤ ᠠᠶᠠᠠᠳᠠᠭᠠᠨ ᠠᠯᠤᠰ ᠬᠤᠯᠠ ᠶᠢᠨ ᠠᠢ᠌ᠮᠠᠭ ᠤᠳ ᠤᠨ ᠬᠠᠮᠳᠤ ᠣᠯᠠᠨ ᠭᠠᠵᠠᠷᠤᠨ ᠥᠭᠡᠯᠡᠳ ᠨᠡᠷ ᠦᠪᠰᠤᠪᠠᠨ ᠳᠠᠢ᠌ᠪᠣᠷᠠᠵᠤ ᠳᠠᠢ᠌ᠴᠢᠩ ᠣᠯᠤᠰ ᠤᠨ ᠬᠠᠷᠢᠶᠠᠳᠤ ᠪᠣᠯᠵᠤ᠂ ᠦᠪᠡᠷ ᠦᠪᠡᠷ᠎ᠠ ᠳᠡᠭᠡᠨ ᠰᠠᠭᠤᠷᠢᠰᠢᠭᠰᠠᠨ ᠪᠠᠢ᠌ᠨ᠎ᠠ᠃

ᠵᠢᠴᠢ ᠪᠠᠰᠠ ᠥᠭᠡᠯᠡᠳ ᠤᠨ ᠱᠠᠰᠢᠨ ᠰᠢᠳᠦᠯᠭᠡ ᠪᠣᠯᠪᠠᠰᠤ᠂ ᠪᠣᠷᠬᠠᠨ ᠱᠠᠭᠵᠠᠮᠤᠨᠢ ᠶᠢᠨ ᠱᠠᠰᠢᠨ ᠲᠦᠪᠡᠳ᠂ ᠮᠤᠩᠭ᠋ᠤᠯ ᠳᠤ ᠣᠯᠠᠭᠠᠨ ᠥᠩᠭᠡ ᠪᠠᠷ ᠳᠡᠯᠭᠡᠷᠡᠵᠤ ᠪᠠᠢ᠌ᠬᠤᠢ ᠦᠶ᠎ᠡ ᠳᠤ ᠳᠠᠷᠢᠨᠢ ᠶᠢᠨ ᠱᠠᠰᠢᠨ ᠨᠠᠷᠠᠳᠢ ᠥᠡᠳᠦᠰᠦᠯᠡᠭᠡᠤᠨ᠂ ᠬᠣᠢ᠌ᠨ᠎ᠠ ᠨᠢ ᠽᠤᠩᠺᠠᠪᠠ ᠪᠠᠷᠠᠭᠤᠨ ᠵᠤᠤ ᠳᠤ ᠵᠠᠯᠠᠷᠠᠵᠤ ᠰᠤᠳᠤᠷ ᠳᠠᠷᠢᠨᠢ ᠶᠢᠨ ᠱᠠᠰᠢᠨ ᠶᠤᠰᠤᠨ ᠢ ᠬᠠᠷᠢᠯᠴᠠᠨ ᠵᠤᠭᠢᠯᠳᠤᠭᠤᠯᠤᠨ ᠨᠤᠮᠯᠠᠵᠤ᠂ ᠬᠤᠶᠠᠷ ᠭᠦᠯ ᠶᠢᠡᠷ ᠡᠭᠡᠯᠵᠢᠯᠡᠨ ᠭᠢᠰᠭᠢᠭᠦ ᠯᠤᠭᠡ ᠠᠳᠠᠯᠢ ᠰᠤᠳᠤᠷ ᠳᠠᠷᠨᠢ ᠬᠤᠶᠠᠭᠤᠯᠠ ᠶᠢ ᠴᠦᠮ ᠰᠤᠳᠤᠯᠬᠤ ᠭᠡᠷᠡᠭ᠍ᠳᠡᠢ ᠪᠣᠯᠭᠠᠨ᠂ ᠰᠢᠷ᠎ᠠ ᠶᠢᠨ ᠱᠠᠰᠢᠨ ᠭᠡᠮᠡᠨ ᠬᠠᠯᠠᠵᠤ ᠶᠠᠪᠣᠭᠤᠯᠤᠭᠰᠠᠨ ᠪᠣᠯᠪᠠᠴᠤ ᠵᠠᠷᠢᠮ ᠭᠠᠵᠠᠷ ᠳᠠᠮᠠᠢ ᠶᠡᠭᠡ ᠡᠰᠡ ᠣᠢ᠌ᠰᠢᠶᠠᠨ᠂ ᠭᠡᠪ ᠶᠢᠡᠷ ᠣᠯᠠᠭᠠᠨ ᠤ ᠱᠠᠰᠢᠨ ᠶᠢᠡᠨ ᠡᠷᠭᠢᠮᠯᠡᠭ᠍ᠰᠡᠭᠡᠷ ᠪᠠᠢ᠌ᠬᠤᠢ ᠳᠤ ᠵᠦᠩᠭ᠋ᠠᠷ ᠥᠭᠡᠯᠡᠳ ᠤᠨ ᠳ᠋ᠦᠺᠠᠷ ᠵᠠᠢ᠌ᠰᠠᠩ ᠭᠡᠳᠡᠭ᠌ ᠵᠤᠤ ᠶᠢᠨ ᠣᠷᠤᠨ ᠭᠦᠷᠳᠡᠯ᠎ᠡ ᠣᠤᠠᠴᠤ᠂ ᠳᠡᠭᠡᠷ᠎ᠡ ᠭᠠᠷᠤᠭᠰᠠᠨ ᠶᠤᠰᠤᠭᠠᠷ ᠰᠢᠷ᠎ᠠ ᠶᠢᠨ ᠱᠠᠰᠢᠨ ᠢ ᠳᠠᠭᠢᠨ ᠶᠡᠭᠡᠳᠡ ᠮᠠᠠᠳᠤᠭᠤᠯᠵᠤᠬᠤᠢ᠃


* ᠳᠤᠰ ᠳᠡᠦᠭᠡᠨ ᠰᠤᠷᠪᠣᠯᠵᠢ ᠮᠠᠲ᠋ᠸᠷᠢᠶᠠᠯ (ᠨᠤᠮ) ᠊ᠢ 《ᠭᠦᠯᠤᠨ ᠪᠣᠢ᠌ᠷ ᠬᠤᠳᠠ ᠶᠢᠨ ᠳᠠᠩᠰᠠ ᠡᠪᠭᠡᠮᠡᠯ ᠤᠨ ᠳᠤᠪᠴᠢᠶᠠᠨ》 ᠳ᠋ᠠᠭᠢ ᠣᠭ ᠡᠭᠢ ᠡᠴᠡ ᠪᠠᠭᠤᠯᠭᠠᠪᠠᠢ᠃

ᠵᠤᠬᠢᠶᠠᠭᠴᠢ᠄
ᠢᠷᠡᠯᠲᠡ᠄ ᠥᠭᠡᠯᠡᠳ ᠭᠠᠯᠳᠠᠨ ᠬᠠᠩᠭ᠋ᠠᠪᠠ
ᠳᠠᠷᠤᠮ᠄ 5448
ᠴᠠᠭ᠄ 2005 ᠤᠨ ᠤ 11 ᠰᠠᠷ᠎ᠠ ᠶᠢᠨ 23
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠮᠤᠩᠭ᠋ᠤᠯ ᠲᠡᠦᠬᠡ - ᠥᠭᠡᠯᠡᠳ ᠤᠨ ᠭᠠᠯᠳᠠᠨ ᠪᠣᠱᠤᠭᠳᠤ ᠬᠠᠭᠠᠨ