ᠴᠢᠮ᠎ᠠ ᠳ᠋ᠠᠭᠠᠨ

ᠡᠯᠢᠭᠡᠨ ᠳᠤ ᠴᠢᠨᠢ ᠨᠠᠭᠠᠯᠳᠤᠵᠤ

     ᠡᠩᠰᠡᠷᠡᠳᠡᠯ᠎ᠡ ᠣᠭᠢᠯᠠᠶ᠎ᠠ ᠭᠡᠭᠦ ᠳ᠋ᠤ

ᠡᠷ᠎ᠡ ᠭᠦᠮᠤᠨ ᠯᠠ ᠳ᠋ᠠ ᠴᠢ ᠭᠡᠵᠤ

     ᠳᠤᠭᠤᠭᠢᠯᠠᠬᠤ ᠡᠴᠡ ᠴᠢᠨᠢ ᠠᠶᠤᠨ᠎ᠠ

ᠪᠦᠮᠪᠦᠷᠴᠡᠭ᠌ ᠢ ᠬᠠᠭᠠᠷᠠᠳᠠᠯ᠎ᠠ

     ᠬᠠᠢ᠌ᠷᠠᠳᠠᠢ ᠭᠡᠵᠤ ᠬᠠᠰᠭᠢᠷᠤᠪᠠᠯ

ᠪᠠᠢ᠌ᠳᠠᠭ ᠭᠦᠮᠤᠨ ᠠᠮᠢᠳᠠᠨ ᠳ᠋ᠤ

     ᠣᠰᠤᠯᠳᠠᠴᠢᠬᠠᠬᠤ ᠡᠴᠡ ᠠᠶᠤᠨ᠎ᠠ

ᠡᠷᠢᠯ ᠮᠦᠷᠦᠭᠡᠳᠦᠯ ᠤᠨ ᠨᠢᠯᠪᠣᠰᠤ ᠪᠠᠨ

     ᠣᠷᠤᠰᠬᠠᠵᠤ ᠠᠷᠠᠢ ᠴᠢᠳᠠᠬᠤ ᠥᠭᠡᠢ

ᠦᠷᠭᠡᠨ ᠬᠠᠩᠭ᠋ᠠᠢ ᠭᠤᠪᠢ ᠪᠠᠨ

     ᠥᠶᠡᠷᠯᠡᠴᠢᠭᠡᠭᠦ ᠡᠴᠡ ᠠᠶᠤᠨ᠎ᠠ

ᠳᠤᠪᠣ ᠶᠢᠨ ᠴᠢᠯᠠᠭᠤᠳ ᠢ ᠰᠢᠳᠠᠵᠤ

     ᠣᠢ᠌ᠤᠠᠬᠠᠷ ᠶᠢᠡᠨ ᠳᠠᠢ᠌ᠯᠤᠶ᠎ᠠ ᠭᠡᠭᠦ ᠳ᠋ᠤ

ᠳᠠᠯ᠎ᠠ ᠶᠢᠨ ᠶᠢᠡᠨ ᠴᠠᠪᠠᠷ ᠴᠡᠴᠡᠭᠡᠰ ᠤᠨ

     ᠳᠠᠯᠪᠢ ᠶᠢ ᠡᠮᠳᠡᠯᠡᠭᠦ ᠡᠴᠡ ᠠᠶᠤᠨ᠎ᠠ

ᠰᠠᠨᠠᠮᠰᠠᠷ ᠦᠭᠡᠶ ᠭᠡᠯᠡᠭ᠍ᠰᠡᠨ ᠥᠭᠡᠰ

     ᠰᠡᠳᠭᠢᠯ ᠢ ᠴᠢᠨᠢ ᠭᠦᠡᠳᠡᠭ᠍ᠰᠡᠨ ᠮᠠᠭᠠᠤᠨ

ᠰᠠᠠᠰᠠᠷ ᠤᠨ ᠮᠦᠩᠭᠦᠨ ᠰᠠᠷᠠ ᠰᠢᠭ

     ᠰᠠᠯᠵᠤ ᠪᠢᠳᠡᠭᠡᠢ ᠬᠤᠯᠠᠤᠨ ᠳ᠋ᠠ

ᠭᠠᠭᠴᠠᠬᠠᠨ ᠴᠢᠮ᠎ᠠ ᠶᠢ ᠭᠡᠵᠤ

     ᠭᠠᠯᠪᠠ ᠶᠡᠭᠦᠷᠡᠭ᠍ᠰᠡᠨ ᠴᠤ ᠰᠠᠨᠠᠨ᠎ᠠ

ᠭᠠᠯ ᠬᠠᠯᠠᠭᠤᠨ ᠰᠡᠳᠭᠢᠯ ᠵᠢᠠᠨ

     ᠭᠠᠭᠴᠠᠬᠠᠨ ᠴᠢᠮ᠎ᠠ ᠳᠠᠭᠠᠨ ᠨᠤᠴᠤᠭᠠᠨ᠎ᠠ

ᠴᠢᠮ᠎ᠠ ᠲᠡᠶ ᠠᠳᠠᠯᠢᠬᠠᠨ ᠪᠣᠯᠬᠤᠷ

     ᠴᠡᠴᠡᠭᠡᠰ ᠢ ᠪᠢ ᠬᠠᠢ᠌ᠷᠠᠯᠠᠨ᠎ᠠ

ᠳᠡᠭᠡᠷ᠎ᠡ ᠨᠢ ᠴᠢ ᠪᠠᠢ᠌ᠬᠤ ᠪᠠᠷ ᠨᠢ

     ᠳᠡᠯᠡᠭᠡᠢ ᠪᠠᠨ ᠪᠢ ᠬᠠᠢ᠌ᠷᠠᠯᠠᠨ᠎ᠡ᠃


ᠵᠤᠬᠢᠶᠠᠭᠴᠢ᠄ ᠪᠠᠳᠤᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1442
ᠴᠠᠭ᠄ 2010 ᠤᠨ ᠤ 10 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁