ᠬᠠᠮᠤᠭ ᠤᠨ ᠰᠡᠭᠦᠯᠴᠢ ᠶᠢᠨ ᠪᠣᠷᠤᠭᠠᠨ

ᠬᠦᠬᠡ‍ᠨᠠᠭᠤᠷ ᠡᠴᠡ ᠬᠦᠬᠡᠬᠤᠲᠠ ᠳᠤ ᠵᠠᠷᠤᠳᠠᠯ ᠶᠢᠡᠷ ᠰᠤᠷᠤᠯᠴᠠᠬᠤ ᠪᠠᠷ ᠭᠦᠷᠦᠭ᠍ᠰᠡᠳ ᠲᠤ ᠵᠥᠪᠭᠡᠨ ᠮᠥᠩᠭᠦᠨ ᠪᠢᠳᠠ ᠬᠤᠶᠠᠷ ᠪᠠᠢ᠌ᠯ᠎ᠠ᠃ ᠭᠡᠵᠢᠶᠡᠳᠡ ᠶᠠᠭᠤ ᠨᠢᠭᠡ ᠶᠢ ᠭᠡᠯᠡᠭᠡᠤᠨ ᠪᠠᠢ᠌ᠮᠠᠷ ᠰᠠᠨᠠᠭᠳᠠᠳᠠᠭ ᠭᠦᠭᠡᠷᠦᠭᠦᠨ ᠬᠠᠷ᠎ᠠ ᠨᠢᠳᠤ ᠲᠡᠶ ᠠᠭᠤᠯᠠᠨ ᠡᠴᠡ ᠠᠰᠬᠠᠷᠠᠭᠰᠠᠨ ᠭᠦᠷᠭᠢᠷ᠎ᠡ ᠰᠢᠭ᠌ ᠭᠦᠰᠢᠭᠡᠯᠡᠨ ᠪᠠᠭᠤᠭᠰᠠᠨ ᠣᠷᠳᠤ ᠬᠠᠷ᠎ᠠ ᠭᠡᠵᠢᠭᠡ ᠲᠡᠶ ᠭᠦᠳᠡᠭᠡ ᠶᠢᠨ ᠪᠣᠷᠤ ᠭᠡᠦᠭᠡᠨ ᠲᠡᠶ ᠬᠤᠶᠠᠷ ᠵᠢᠯ ᠳᠤᠬᠤᠢ ᠮᠥᠷᠭᠦᠭᠦᠯᠵᠤ ᠳᠤᠯᠤᠭᠠᠢ ᠬᠤᠯᠪᠣᠵᠤ ᠰᠤᠷᠤᠯᠴᠠᠬᠤ ᠳᠠᠭᠠᠨ ᠴᠠᠭ ᠡᠴᠡ ᠪᠠᠨ ᠣᠷᠣᠢ᠌ᠳᠠᠵᠤ ᠢᠷᠡᠭ᠍ᠰᠡᠨ ᠭᠡᠨᠡᠨ ᠬᠠᠢ᠌ᠷ᠎ᠠ ᠶᠢᠨ ᠳᠦᠭᠦᠭᠡᠢ ᠥᠯᠢᠭᠡᠷ ᠨᠢᠭᠡ ᠶᠢ ᠨᠠᠷᠠᠵᠤ ᠪᠦᠰᠡᠭᠦᠢ ᠦᠷ᠎ᠡ ᠡᠴᠡ ᠪᠠᠨ ᠬᠤᠯᠠ ᠪᠠᠢ᠌ᠭᠰᠠᠨ ᠨᠢᠴᠦᠭᠦᠨ ᠴᠠᠭ ᠤᠨ ᠭᠦᠡᠳᠡᠢ ᠶᠢ ᠠᠮᠢᠳᠤᠷᠠᠯ ᠬᠠᠢ᠌ᠷ᠎ᠠ ᠶᠢᠨ ᠭᠦᠭᠡᠷᠦᠭᠦᠨ ᠳᠤᠷᠠᠤᠠᠬᠠᠯ ᠶᠢᠡᠷ ᠳᠦᠭᠦᠷᠭᠡᠵᠤ ᠶᠠᠪᠣᠯ᠎ᠠ᠃

ᠴᠠᠭ ᠮᠦᠴᠡ ᠭᠡᠵᠤ ᠶᠠᠭᠠᠭᠢᠭᠰᠠᠨ ᠬᠤᠷᠳᠤᠨ ᠪᠢᠯᠠ︖ ᠨᠢᠳᠤ ᠢᠷᠮᠡᠭᠦ ᠵᠠᠭᠤᠷ᠎ᠠ ᠰᠤᠷᠤᠯᠭ᠎ᠠ ᠶᠢᠨ ᠬᠤᠭᠤᠴᠠᠭ᠎ᠠ ᠳᠠᠭᠤᠰᠴᠤ ᠳᠡᠭᠦᠰᠭᠦ ᠮᠦᠴᠡ ᠭᠡᠳᠥᠢᠨ ᠭᠦᠵᠦᠭᠦᠨ ᠳᠡᠭᠡᠷ᠎ᠡ ᠳᠤᠯᠤᠭᠠᠤᠨ ᠢᠷᠡᠴᠢᠭᠡᠭ᠍ᠰᠡᠨ᠃ ᠵᠥᠭ᠌ ᠪᠦᠷᠢ ᠶᠢᠨ ᠳᠡᠭ᠍ᠷᠢ ᠳᠤᠤᠷ᠎ᠠ ᠡᠴᠡ ᠵᠢᠭᠦᠷᠳᠡᠨ ᠰᠢᠪᠠᠭᠤᠳ ᠰᠢᠭ ᠪᠣᠴᠠᠯᠤᠨ ᠢᠷᠡᠭᠡᠤᠨ ᠨᠢᠭᠡ ᠡᠭᠦᠷ ᠤᠨ ᠠᠩᠭ᠋ᠠᠬᠠᠢ ᠰᠢᠭ ᠢᠵᠢᠯᠳᠤᠨ ᠳᠠᠰᠴᠤ ᠰᠤᠷᠬᠤ ᠶᠢᠨ ᠶᠠᠭᠠᠷᠠᠤ ᠳᠤ ᠥᠢᠮᠡᠭ᠍ᠰᠡᠨ ᠡᠳᠦᠷ ᠬᠤᠨᠤᠭ ᠭᠡᠵᠤ ᠮᠦᠨ ᠬᠠᠢ᠌ᠷᠠᠯᠠᠯᠳᠠᠢ ᠰᠠᠨᠠᠭᠳᠠᠬᠤ ᠶᠤᠮ᠃ ᠬᠠᠮᠳᠤ ᠨᠥᠭᠦᠤᠨ ᠮᠠᠨᠢ ᠣᠯᠢᠭ ᠲᠡᠶ ᠨᠢᠭᠡ ᠳᠡᠭᠦᠰᠭᠦ ᠨᠠᠢ᠌ᠷ ᠭᠢᠭᠦ ᠶᠤᠮ ᠭᠡᠤᠨ ᠭᠡᠳᠤᠨ ᠡᠳᠦᠷ ᠤᠨ ᠡᠮᠦᠨ᠎ᠡ ᠡᠴᠡ ᠭᠦᠯ ᠪᠣᠯᠵᠠᠭᠠᠵᠤ᠂ ᠬᠠᠷ᠎ᠠ ᠥᠷᠯᠦᠭᠡᠭᠦᠷ ᠦᠯᠦᠨ ᠭᠡᠳᠡᠰᠤ ᠪᠠᠨ ᠠᠷᠭᠠᠯᠠᠮᠠᠭᠴᠠ ᠪᠦᠭᠦᠳᠡᠭᠡᠷ ᠭᠠᠵᠠᠷ ᠪᠦᠭᠦᠨ ᠳᠤ ᠳᠠᠷᠪᠢᠨ ᠠᠯᠠᠭ᠎ᠠ ᠪᠣᠯᠪᠠ᠃ ᠠᠩᠭᠢ ᠳᠤᠳᠤᠷ᠎ᠠ ᠪᠠᠨ ᠪᠣᠯᠤᠮᠠᠷ ᠭᠡᠰᠡᠨ ᠭᠡᠳᠤᠨ ᠮᠦᠷ ᠰᠢᠯᠦᠭ᠌ ᠳᠠᠳᠠᠯᠠᠴᠢᠬᠠᠳᠠᠭ ᠨᠠᠳᠠ ᠳᠠᠭᠠᠨ ᠪᠢᠴᠢᠭᠦ ᠡᠪᠯᠡᠭᠦ ᠠᠵᠢᠯ ᠦᠭ‍ᠭᠦᠭ᠍ᠰᠡᠨ ᠪᠣᠯᠬᠤᠷ ᠳᠡᠭᠦᠰᠭᠦ ᠨᠠᠢ᠌ᠷ ᠤᠨ ᠳᠠᠰ ᠳᠠᠷᠠᠭ᠎ᠠ ᠶᠢ ᠳᠢᠭᠯᠡᠭᠦ᠂ ᠡᠭᠢᠯᠡᠭᠦ ᠥᠭᠡ ᠪᠡᠯᠡᠳᠭᠡᠭᠦ ᠮᠠᠳᠤ ᠶᠢᠨ ᠭᠦᠩᠭᠡᠨ ᠣᠢ᠌ᠯᠠ ᠳᠤ ᠣᠶᠠᠭᠳᠠᠵᠤ ᠪᠠᠢ᠌ᠷᠢᠨ ᠳᠤ ᠭᠠᠭᠴᠠᠭᠠᠷ ᠬᠤᠴᠤᠷᠤᠯ᠎ᠠ᠃

ᠦᠨᠦᠳᠤᠷ ᠤᠨ ᠳᠡᠭ᠍ᠷᠢ ᠭᠡᠵᠤ ᠶᠠᠭ ᠯᠠ ᠪᠠᠯᠠ ᠪᠠᠨ ᠠᠯᠳᠠᠭᠰᠠᠨ ᠮᠠᠢ᠌ᠮᠠᠢ᠌ᠴᠢᠨ ᠤ ᠪᠠᠷᠤᠭᠠᠷ ᠴᠢᠷᠠᠢ ᠭᠠᠷᠴᠤ ᠪᠣᠷᠤᠭᠠᠯᠠᠬᠤ ᠰᠢᠠᠵᠢ ᠳᠠᠢ ᠪᠠᠢ᠌ᠨ᠎ᠠ᠃ ᠬᠠᠶᠠ ᠨᠢᠭᠡ ᠳᠤᠷ᠎ᠠ ᠲᠡᠶ ᠳᠤᠷ᠎ᠠ ᠦᠭᠡᠶ ᠥᠯᠢᠶᠡᠭᠦ ᠬᠤᠳᠠ ᠶᠢᠨ ᠳᠠᠨᠤᠮᠠᠯ ᠰᠠᠯᠭᠢᠨ ᠳᠤ ᠭᠠᠩ ᠵᠢᠯ ᠤᠨ ᠨᠠᠷᠠᠨ ᠳᠤ ᠰᠢᠳᠠᠵᠤ ᠳᠡᠩᠳᠡᠭᠦᠤ ᠡᠷᠳᠡ ᠰᠢᠷᠠᠯᠠᠨ ᠬᠠᠳᠠᠭᠰᠠᠨ ᠮᠤᠳᠤᠳ ᠤᠨ ᠨᠠᠪᠴᠢᠰ ᠵᠢᠪᠬᠤᠭ᠎ᠠ ᠮᠠᠭᠤᠳᠠᠢ ᠰᠠᠵᠢᠯᠠᠨ᠎ᠠ᠃

ᠣᠷᠤᠬᠤ ᠴᠠᠭ ᠲᠠᠭᠠᠨ ᠣᠷᠤᠭᠰᠠᠨ ᠦᠭᠡᠶ ᠪᠣᠷᠤᠭᠠᠨ ᠣᠷᠣᠢ᠌ᠳᠠᠵᠤ ᠪᠣᠯᠤᠭᠠᠤᠨ ᠴᠤ ᠶᠠᠭᠠᠭᠢᠨ᠎ᠠ ᠪᠣᠢ︖ ᠡᠵᠡᠭᠦᠢ ᠪᠠᠢ᠌ᠷᠢ ᠶᠢᠨ ᠴᠤᠩᠬᠤ ᠪᠠᠷ ᠡᠴᠢᠭᠡ ᠳᠡᠭ᠍ᠷᠢ ᠶᠢᠨ ᠡᠯᠳᠡᠪ ᠠᠭᠠᠰᠢ ᠶᠢ ᠬᠠᠷᠠᠵᠤ ᠭᠡᠪᠳᠡᠭᠦ ᠳᠤ ᠳᠤᠳᠤᠷ᠎ᠠ ᠣᠢ᠌ᠮᠤᠷᠠᠨ ᠣᠢ᠌ᠤᠠᠬᠠᠷ ᠪᠣᠭᠢᠨᠢᠳᠤᠯ ᠤᠨ ᠪᠣᠷᠤᠭᠠᠨ ᠦᠷᠦ ᠵᠢᠷᠦᠭᠡᠨ ᠳᠤ ᠱᠠᠭᠢᠨ᠎ᠠ᠃ ᠪᠢᠴᠢᠵᠤ ᠡᠪᠯᠡᠭᠦ ᠳᠤᠷ᠎ᠠ ᠵᠢᠭᠠᠬᠠᠨ ᠴᠤ ᠭᠦᠷᠭᠦ ᠦᠭᠡᠶ ᠳᠡᠭᠡᠷ᠎ᠡ ᠪᠣᠳᠤᠯ ᠰᠠᠨᠠᠭᠠᠨ ᠳᠤ ᠵᠥᠪᠭᠡᠨ ᠮᠥᠩᠭᠦᠨ ᠲᠡᠶ ᠬᠠᠮᠳᠤ ᠪᠠᠢ᠌ᠭᠰᠠᠨ ᠬᠤᠯᠠᠨ ᠰᠢᠷᠭᠠᠯ ᠡᠳᠦᠷ ᠤᠳ ᠮᠠᠨᠢ ᠶᠢᠨ ᠡᠷᠢᠭᠡ ᠰᠢᠭ᠌ ᠨᠢᠭᠡ ᠨᠢᠭᠡ ᠪᠠᠷ ᠪᠦᠮᠪᠦᠷᠢᠨ ᠣᠨᠠᠵᠤ ᠣᠬᠠᠭᠠᠨ ᠴᠢᠳᠠᠯ ᠢ ᠡᠴᠡᠭᠡᠨ᠎ᠡ᠃ ᠮᠥᠩᠭᠦᠨ ᠨᠠᠳᠠᠳᠤ ᠬᠠᠢ᠌ᠷᠠᠳᠠᠢ᠃ ᠵᠤᠭᠢᠬᠤ ᠴᠠᠭ ᠭᠢᠭᠡᠤᠨ ᠪᠣᠳᠠᠳᠤ ᠠᠮᠢᠳᠤᠷᠠᠯ ᠤᠨ ᠰᠢᠯᠭᠠᠯᠳᠠ ᠪᠠᠷ ᠳᠠᠮᠵᠢᠨ ᠪᠢ ᠴᠤ ᠮᠥᠩᠭᠦᠨ ᠳᠤ ᠰᠠᠤᠠᠭᠢᠯ ᠲᠡᠶ ᠪᠣᠯᠤᠭᠰᠠᠨ ᠶᠢᠡᠨ ᠨᠢᠭᠤᠵᠤ ᠴᠢᠳᠠᠬᠤ ᠦᠭᠡᠶ ᠶᠤᠮ᠃ ᠭᠡᠳᠡᠯ᠎ᠡ ᠨᠢᠭᠡ ᠭᠦᠮᠤᠨ ᠤ ᠰᠠᠢ᠌ᠨ ᠰᠠᠢ᠌ᠬᠠᠨ ᠬᠤᠪᠢ ᠢᠷᠦᠭᠡᠯ ᠠᠵᠠ ᠲᠤᠬᠢᠶᠠᠯ᠂ ᠭᠠᠭᠴᠠᠬᠠᠨ ᠠᠷᠢᠭᠤᠨ ᠡᠷᠭᠢᠮ ᠢᠨᠠᠭ ᠬᠠᠢ᠌ᠷ᠎ᠠ ᠶᠢᠨ ᠡᠴᠦᠰ ᠳᠡᠭᠦᠰᠭᠡᠯ ᠪᠢᠰᠢ ᠪᠠᠢ᠌ᠵᠠᠢ᠃ ᠡᠨᠡ ᠣᠷᠤᠢ ᠮᠥᠩᠭᠦᠨ ᠪᠢᠳᠠ ᠬᠤᠶᠠᠷ ᠬᠠᠮᠤᠭ ᠡᠴᠦᠰ ᠤᠨ ᠨᠢᠭᠡ ᠪᠣᠯᠵᠤᠭ᠎ᠠ ᠪᠠᠨ ᠰᠤᠷᠭᠠᠭᠤᠯᠢ ᠶᠢᠨ ᠵᠡᠭᠦᠨ ᠡᠭᠦᠳᠡᠨ ᠳ᠋ᠠᠭᠢ ᠪᠢᠴᠢᠬᠠᠨ ᠴᠡᠴᠡᠷᠯᠢᠭ᠌ ᠲᠤ ᠳᠤᠭᠳᠠᠯ᠎ᠠ᠃ ᠬᠠᠢ᠌ᠷᠠᠯᠠᠯᠴᠠᠵᠤ ᠬᠠᠮᠳᠤᠷᠠᠬᠤ ᠣᠳᠤᠨ ᠳᠡᠭᠡᠷ᠎ᠡ ᠵᠠᠶᠠᠭᠠᠭᠰᠠᠨ ᠦᠭᠡᠶ ᠬᠣᠢ᠌ᠨ᠎ᠠ ᠰᠠᠯᠤᠯᠴᠠᠬᠤ ᠳᠠᠭᠠᠨ ᠳᠠᠭᠠᠷᠠᠨ᠎ᠠ᠃ ᠭᠡᠪᠠᠴᠤ ᠭᠦᠮᠤᠨ ᠤ ᠠᠮᠢᠳᠤᠷᠠᠯ ᠳᠤ ᠲᠤᠬᠢᠶᠠᠯᠳᠤᠬᠤ ᠬᠠᠯᠠ ᠵᠤᠪᠠᠯᠠᠩ ᠤᠨ ᠳᠤᠳᠤᠷ᠎ᠠ ᠬᠠᠢ᠌ᠷ᠎ᠠ ᠳᠤᠷᠠᠯᠠᠯ ᠤᠨ ᠳᠠᠷᠴᠢᠯᠭᠠᠯ ᠬᠠᠮᠤᠭ ᠤᠨ ᠭᠡᠴᠡᠭᠦᠤ ᠪᠠᠢ᠌ᠳᠠᠭ ᠢ ᠬᠦᠬᠡᠬᠤᠲᠠ ᠳᠤ ᠪᠠᠢ᠌ᠭᠰᠠᠨ ᠡᠳᠦᠷ ᠬᠤᠨᠤᠭ ᠤᠳ ᠨᠠᠳᠠ ᠵᠢᠭᠠᠵᠤ ᠥᠭ᠍ᠴᠡᠢ᠃ ᠬᠦᠬᠡᠬᠤᠲᠠ ᠳᠤ ᠢᠷᠡᠭ᠍ᠰᠡᠨ ᠠᠩᠬᠠᠨ ᠤ ᠡᠳᠦᠷ ᠤᠳ ᠲᠤ ᠮᠥᠩᠭᠦᠨ ᠪᠢᠳᠠ ᠬᠤᠶᠠᠷ ᠡᠭᠡᠭᠡ ᠯᠠ ᠢᠵᠢᠯᠢ ᠡᠴᠡ ᠪᠠᠨ ᠰᠠᠯᠤᠭᠰᠠᠨ ᠭᠡᠭᠡᠷ᠎ᠡ ᠶᠢᠨ ᠬᠤᠶᠠᠷ ᠢᠠᠵᠠᠭ᠎ᠠ ᠰᠢᠭ ᠥᠷᠭᠦᠯᠵᠢ ᠬᠠᠮᠳᠤ ᠶᠠᠪᠣᠳᠠᠭ ᠪᠠᠢ᠌ᠯ᠎ᠠ᠃ ᠳᠠᠨᠢᠯ ᠪᠣᠰᠤ ᠬᠠᠷᠢ ᠶᠢᠨ ᠭᠠᠵᠠᠷ ᠨᠢᠭᠡ ᠨᠤᠳᠤᠭ ᠡᠴᠡ ᠬᠠᠮᠳᠤ ᠣᠴᠢᠭᠰᠠᠨ ᠤ ᠣᠴᠢᠷ ᠪᠢᠵᠠ︕ ᠶᠠᠭᠤ ᠣᠷᠤᠯᠳᠤᠵᠤ ᠬᠠᠮᠢᠭ᠎ᠠ ᠶᠠᠪᠣᠭᠰᠠᠨ ᠴᠤ ᠮᠥᠩᠭᠦᠨ ᠪᠢᠳᠠ ᠬᠤᠶᠠᠷ ᠤᠨ ᠥᠭᠡ ᠬᠠᠮᠠᠷ ᠲᠤᠩ ᠨᠡᠢ᠌ᠯᠡᠳᠡᠭ᠌ ᠪᠠᠢ᠌ᠭᠰᠠᠨ᠃ ᠳᠡᠭᠡᠭᠡᠤᠨ ᠴᠤ ᠭᠡᠳᠤ ᠣᠳᠠᠭ᠎ᠠ ᠪᠣᠰᠤᠳ ᠲᠤ ᠨᠢᠭᠡ ᠭᠡᠷ ᠤᠨ ᠭᠢᠨ ᠭᠡᠵᠤ ᠡ᠊ᠨᠳᠡᠭᠦᠷᠡᠭ᠍ᠳᠡᠵᠤ ᠶᠠᠪᠣᠭᠰᠠᠨ ᠨᠢ ᠦᠨᠡᠨ ᠶᠤᠮ᠃ ᠮᠥᠩᠭᠦᠨ ᠨᠠᠳᠠ ᠡᠴᠡ ᠠᠷᠪᠠᠭᠠᠤᠨ ᠨᠠᠰᠤ ᠳᠡᠭᠦᠤ ᠪᠠᠢ᠌ᠵᠤ᠂ ᠠᠮᠢᠳᠤᠷᠠᠯ ᠤᠨ ᠳᠤᠨᠤᠯᠵᠢᠨ ᠵᠠᠮ ᠳᠡᠭᠡᠷ᠎ᠡ ᠠᠷᠭ᠎ᠠ ᠦᠭᠡᠶ ᠣᠷᠣᠢ᠌ᠳᠠᠵᠤ ᠠᠭᠤᠯᠵᠠᠭᠤᠯᠤᠭᠰᠠᠨ ᠨᠢ ᠨᠠᠰᠤᠨ ᠤ ᠬᠠᠷᠠᠮᠰᠠᠯ ᠪᠣᠯᠤᠨ ᠰᠠᠤᠠᠭᠢᠯ ᠳᠤ ᠭᠦᠨ ᠳᠤᠨᠤᠵᠠᠢ᠃ ᠠᠩᠭᠢ ᠶᠢᠨ ᠭᠡᠷ ᠲᠤ ᠭᠦᠷᠪᠠᠯ ᠪᠢᠳᠠ ᠪᠣᠰᠤᠳ ᠡᠴᠡ ᠬᠤᠴᠤᠷᠬᠤ ᠦᠭᠡᠶ ᠭᠡᠮᠡᠨ ᠪᠦᠰᠡ ᠪᠠᠨ ᠴᠢᠩᠭ᠋ᠠᠯᠠᠨ ᠴᠢᠷᠮᠠᠢ᠌ᠵᠤ ᠭᠠᠷᠠᠭ ᠤᠨ ᠡᠳᠦᠷ ᠪᠣᠯᠪᠠᠯ ᠬᠤᠶᠠᠭᠤᠯᠠ ᠪᠠᠨ ᠵᠡᠭᠡᠯᠢ ᠭᠡᠰᠦᠵᠤ ᠴᠡᠴᠡᠷᠯᠢᠭ᠌ ᠶᠢᠡᠷ ᠳᠤᠭᠤᠷᠢᠨ ᠬᠠᠷᠠᠭ᠎ᠠ ᠪᠣᠳᠤᠯ ᠶᠢᠡᠨ ᠮᠤᠩᠭ᠋ᠤᠯ ᠬᠤᠳᠠ ᠶᠢᠨ ᠭᠤᠶᠤ ᠦᠵᠡᠮᠵᠢ ᠳᠤ ᠪᠠᠯᠴᠢᠭᠡᠵᠤ ᠶᠠᠪᠣᠳᠠᠭ ᠪᠠᠢ᠌ᠯ᠎ᠠ᠃ ᠮᠥᠩᠭᠦᠨ ᠮᠢᠨᠤ ᠪᠢᠴᠢᠭ᠍ᠰᠡᠨ ᠰᠢᠯᠦᠭ᠌ ᠢ ᠬᠠᠮᠤᠭ ᠡᠴᠡ ᠪᠠᠬᠠᠷᠬᠠᠳᠠᠭ ᠪᠠᠢ᠌ᠭᠰᠠᠨ᠃ ᠰᠤᠨᠢᠨ ᠰᠡᠳᠭᠦᠯ ᠳᠡᠭᠡᠷ᠎ᠡ ᠬᠠᠶᠠ ᠨᠢᠭᠡ ᠰᠢᠨ᠎ᠠ ᠪᠦᠳᠦᠭᠡᠯ ᠨᠡᠢ᠌ᠳᠡᠯᠡᠭ᠍ᠳᠡᠪᠠᠯ ᠨᠠᠳᠠ ᠡᠴᠡ ᠢᠯᠡᠭᠦᠤ ᠭᠦᠭ᠍ᠰᠡᠨ ᠪᠠᠶᠠᠷᠯᠠᠵᠤ᠂ ᠣᠷᠠᠨ ᠡᠪᠯᠢᠭ᠌ ᠬᠠᠢ᠌ᠴᠢᠯᠠᠵᠤ ᠠᠪᠣᠭᠠᠤᠨ ᠳᠡᠮᠳᠡᠭᠯᠡᠯ ᠤᠨ ᠳᠠᠪᠳᠠᠷ ᠳᠡᠭᠡᠨ ᠨᠠᠭᠠᠨ ᠬᠠᠳᠠᠭᠠᠯᠠᠬᠤ ᠶᠢ ᠬᠠᠷᠠᠨ ᠪᠢ ᠦᠪᠡᠷ ᠤᠨ ᠡᠷᠭᠡ ᠦᠭᠡᠶ ᠣᠮᠤᠭᠰᠢᠨ ᠪᠠᠶᠠᠰᠳᠠᠭ ᠪᠠᠢ᠌ᠯ᠎ᠠ᠃ ᠰᠢᠯᠦᠭ᠌ ᠵᠤᠬᠢᠶᠠᠯ ᠣᠷᠤᠯᠳᠠᠳᠠᠭ ᠭᠦᠮᠤᠨ ᠤ ᠬᠠᠮᠤᠭ ᠤᠨ ᠶᠡᠭᠡ ᠪᠠᠶᠠᠷ ᠪᠠᠬᠠᠳᠤᠯ ᠪᠣᠯ ᠪᠢᠴᠢᠭ᠍ᠰᠡᠨ ᠵᠤᠬᠢᠶᠠᠯ ᠢ ᠨᠢ ᠣᠩᠰᠢᠳᠠᠭ᠂ ᠣᠢ᠌ᠯᠭᠠᠳᠠᠭ᠂ ᠳᠤᠭᠤᠳᠠᠭ᠂ ᠪᠢᠰᠢᠷᠡᠳᠡᠭ᠌ ᠣᠯᠠᠨ ᠣᠯᠠᠨ ᠣᠩᠰᠢᠭᠴᠢ ᠪᠠᠢ᠌ᠳᠠᠭ ᠲᠤ ᠪᠠᠢ᠌ᠬ᠎ᠠ︕ ᠵᠠᠷᠢᠮ ᠳᠠᠭᠠᠨ ᠪᠢ ᠴᠡᠴᠡᠷᠯᠢᠭ᠌ ᠤᠨ ᠨᠤᠭᠤᠭᠠᠨ ᠵᠥᠯᠭᠡᠨ ᠳᠡᠭᠡᠷ᠎ᠡ ᠵᠠᠪᠢᠯᠠᠵᠤ ᠰᠠᠭᠤᠭᠠᠤᠨ ᠰᠢᠯᠦᠭ᠌ ᠪᠢᠴᠢᠭᠦ ᠳᠤ ᠮᠥᠩᠭᠦᠨ ᠳᠤᠪ ᠳᠤᠭᠤᠢ ᠪᠣᠯᠵᠤ ᠪᠠᠯᠴᠢᠷ ᠭᠡᠦᠭᠡᠤᠨ ᠰᠢᠭ᠌ ᠬᠤᠶᠠᠷ ᠭᠠᠷ ᠶᠢᠡᠷ ᠶᠢᠡᠨ ᠡᠷᠡᠤ ᠪᠠᠨ ᠳᠤᠯᠴᠢᠬᠠᠭᠠᠤᠨ ᠬᠠᠵᠠᠭᠤ ᠡᠴᠡ ᠣᠳᠠᠳᠠᠯ᠎ᠠ ᠬᠠᠷᠠᠵᠤ ᠰᠠᠭᠤᠳᠠᠭ ᠪᠠᠢ᠌ᠯ᠎ᠠ᠃ ᠨᠢᠭᠡ ᠭᠦᠮᠤᠨ ᠤ ᠥᠩᠭᠡ ᠵᠢᠰᠤ ᠶᠢ ᠨᠢ ᠪᠢᠰᠢ ᠬᠠᠷᠢᠨ ᠣᠤᠷ ᠴᠢᠨᠠᠷ ᠠᠪᠢᠶᠠᠰ ᠪᠢᠯᠢᠭ᠌᠂ ᠳᠤᠷ᠎ᠠ ᠰᠤᠨᠢᠷᠬᠠᠯ ᠢ ᠨᠢ ᠬᠠᠮᠳᠤ ᠳ᠋ᠤᠨᠢ ᠬᠠᠢ᠌ᠷᠠᠯᠠᠨ ᠳᠤᠭᠤᠬᠤ ᠭᠡᠦᠭᠡᠨ ᠭᠦᠮᠤᠨ ᠤ ᠦᠨᠡᠠᠴᠢ ᠴᠠᠢ᠌ᠯᠭᠠᠨ ᠰᠠᠤᠠᠭᠢᠯ ᠭᠡᠵᠤ ᠭᠡᠴᠢᠨᠡᠨ ᠡᠷᠭᠢᠮ ᠳᠡᠭᠡᠳᠤ ᠠᠵᠠᠢ᠃

ᠬᠠᠮᠠᠷ ᠲᠤ ᠴᠢᠭᠢᠭ᠌ ᠤᠨ ᠦᠨᠦᠷ ᠬᠠᠩᠬᠤᠯᠤᠨ ᠰᠢᠭᠤᠷᠭᠠᠨ ᠳᠤ ᠭᠦᠭᠡᠭᠡᠭ᠍ᠳᠡᠭ᠍ᠰᠡᠨ ᠭᠤᠪᠢ ᠶᠢᠨ ᠳᠡᠮᠡᠭᠡᠤᠨ ᠤᠨ ᠨᠢᠯᠪᠣᠰᠤ ᠰᠢᠭ ᠪᠦᠳᠦᠭᠦᠨ ᠪᠦᠳᠦᠭᠦᠨ ᠪᠣᠷᠤᠭᠠᠨ ᠤ ᠳᠤᠰᠤᠯ ᠤᠳ ᠴᠤᠩᠬᠤᠨ ᠳᠡᠭᠡᠷ᠎ᠡ ᠨᠢᠭᠡ ᠬᠤᠶᠠᠷ ᠶᠢᠡᠷ ᠴᠤᠭᠢᠯᠠᠵᠤ ᠡᠭᠢᠯᠡᠯ᠎ᠡ᠃ ᠪᠣᠳᠤᠯ ᠰᠠᠨᠠᠯ ᠭᠡᠭ᠍ᠴᠢ ᠶᠠᠭ ᠰᠠᠷᠯᠤᠭ ᠤᠨ ᠳᠠᠭᠢ ᠲᠡᠶ ᠰᠡᠭᠦᠯ ᠰᠢᠭ᠌ ᠰᠢᠷᠢᠯᠳᠤᠨ ᠣᠷᠢᠶᠠᠯᠳᠤᠵᠤ ᠴᠤᠭ ᠰᠦᠯᠳᠡ᠂ ᠰᠥᠭ᠌ ᠰᠦᠨᠠᠰᠤ ᠪᠠᠨ ᠭᠡᠭᠡᠭ᠍ᠰᠡᠨ ᠡᠨᠡ ᠮᠠᠭᠤ ᠪᠠᠶ᠎ᠠ ᠶᠢ ᠣᠷᠠᠵᠤ ᠬᠠᠶᠠᠮᠠᠷ ᠰᠡᠭ᠍ᠴᠢᠨ᠎ᠡ᠁

ᠨᠢᠳᠤᠨᠤᠨ ᠡᠪᠦᠯ ᠤᠨ ᠡᠴᠦᠰ ᠤᠨ ᠰᠢᠯᠭᠠᠯᠳᠠ ᠶᠢᠨ ᠦᠶ᠎ᠡ ᠪᠠᠷ ᠮᠥᠩᠭᠦᠨ ᠡᠪᠠᠦᠡᠴᠢᠯᠡᠵᠤ ᠭᠡᠪᠳᠡᠷᠢ ᠳᠤ ᠣᠷᠤᠯ᠎ᠠ᠃ ᠡᠮᠨᠡᠯᠭᠡ ᠶᠢᠨ ᠬᠤᠷᠢᠶᠠᠨ ᠳᠤ ᠭᠦᠷᠴᠤ ᠪᠠᠢ᠌ᠴᠠᠯᠭᠠᠭᠰᠠᠨ ᠤ ᠳ᠋ᠦ᠋ᠩ ᠳᠤ ᠰᠦᠰᠦᠨ ᠴᠢᠯᠠᠭᠤᠵᠢᠬᠤ ᠡᠪᠠᠦᠡᠴᠢᠨ ᠭᠡᠳᠡᠭ᠌ ᠢ ᠳᠤᠳᠤᠯᠠᠵᠤ᠂ ᠬᠤᠷᠳᠤᠨ ᠮᠠᠰᠠ ᠵᠠᠰᠠᠯ ᠭᠢᠯᠭᠡᠭᠦ ᠭᠡᠷᠡᠭ᠍ᠳᠡᠢ ᠭᠡᠭᠦᠯᠡᠷ ᠭᠦᠮᠤᠨ ᠤ ᠠᠮᠢ ᠨᠠᠰᠤ ᠭᠡᠳᠡᠭ᠌ ᠶᠠᠭᠤ ᠶᠠᠭᠤᠨ ᠡᠴᠡ ᠴᠤ ᠴᠢᠬᠤᠯᠠ ᠭᠡᠳᠡᠭ᠌ ᠢ ᠰᠠᠨᠠᠵᠤ 《ᠰᠢᠯᠦᠭ᠌ ᠤᠨ ᠳᠡᠭᠦᠪᠦᠷᠢ》 ᠭᠡᠪᠯᠡᠭᠦᠯᠭᠦ ᠭᠡᠵᠤ ᠪᠠᠢ᠌ᠭᠰᠠᠨ ᠵᠤᠭᠤᠰ ᠶᠢᠡᠨ ᠭᠠᠷᠭᠠᠵᠤ ᠮᠥᠩᠭᠦᠨ ᠳᠤ ᠮᠠᠰᠠ ᠵᠠᠰᠠᠯ ᠭᠢᠯᠭᠡᠯ᠎ᠡ᠃

ᠬᠤᠶᠠᠷ ᠭᠠᠷᠠᠭ ᠤᠨ ᠳᠠᠷᠠᠭ᠎ᠠ ᠰᠢᠯᠭᠠᠯᠳᠠ ᠥᠩᠭᠡᠷᠡᠵᠤ ᠬᠠᠮᠳᠤ ᠰᠤᠷᠤᠭᠴᠢᠳ ᠪᠦᠷ ᠭᠡᠷ ᠲᠡᠭᠡᠨ ᠬᠠᠷᠢᠴᠢᠬᠠᠪᠠ᠃ ᠡᠳᠦᠷ ᠰᠦᠨᠢ ᠦᠭᠡᠶ ᠮᠥᠩᠭᠦᠨ ᠤ ᠳᠡᠷᠭᠡᠳᠡ ᠡᠴᠡ ᠳᠦᠭᠡ ᠰᠠᠯᠤᠯ ᠦᠭᠡᠶ ᠰᠠᠭᠢᠵᠤ ᠰᠠᠭᠤᠭᠰᠠᠨ ᠨᠠᠳᠠ ᠭᠡᠷ ᠨᠤᠳᠤᠭ᠂ ᠠᠪᠣ ᠡᠵᠢ ᠡᠴᠡ ᠪᠠᠨ ᠬᠤᠯᠠ ᠰᠠᠯᠵᠤ ᠢᠷᠡᠭ᠍ᠰᠡᠨ ᠮᠥᠩᠭᠦᠨ ᠢ ᠶᠠᠭᠠᠭᠢᠵᠤ ᠡᠷᠡᠭᠦᠯ ᠮᠠᠠᠳᠤ᠂ ᠡᠩᠭᠡ ᠠᠮᠤᠷ ᠶᠢᠡᠷ ᠳᠠᠭᠠᠭᠤᠯᠵᠤ ᠪᠣᠴᠠᠬᠤ ᠪᠢᠯᠠ ᠭᠡᠳᠡᠭ᠌ ᠬᠠᠳᠠᠭᠤ ᠪᠣᠳᠤᠯ ᠳᠤ ᠪᠦᠭᠦ ᠣᠬᠠᠭᠠᠨ ᠶᠢᠡᠨ ᠡᠵᠡᠯᠡᠭᠦᠯᠵᠤ ᠳᠡᠭᠦᠨ ᠢ ᠬᠤᠷᠳᠤᠨ ᠡᠳᠡᠭᠡᠷᠡᠵᠤ ᠰᠠᠢ᠌ᠨ ᠪᠣᠯᠬᠤ ᠶᠢ ᠴᠠᠭ ᠮᠦᠴᠡ ᠭᠦᠰᠡᠨ ᠭᠦᠯᠢᠶᠡᠵᠤ ᠰᠠᠭᠤᠯ᠎ᠠ᠃ ᠮᠥᠩᠭᠦᠨ ᠤ ᠪᠠᠶ᠎ᠠ ᠴᠤ ᠡᠳᠦᠷ ᠡᠴᠡ ᠡᠳᠦᠷ ᠡᠷᠡᠭᠦᠯᠰᠢᠵᠤ ᠢᠷᠠᠪᠠ᠃ ᠥᠷᠭᠦᠯᠵᠢ ᠣᠯᠠᠭ᠎ᠠ ᠪᠣᠳᠠᠷᠠᠨ ᠪᠠᠢ᠌ᠳᠠᠭ ᠪᠣᠯᠪᠠᠷᠠᠢ ᠴᠠᠭᠠᠨ ᠴᠢᠷᠠᠢ ᠨᠢ ᠭᠡᠳᠥᠢ᠌ᠪᠠᠷ ᠴᠢᠰᠤ ᠦᠭᠡᠶ ᠴᠠᠢ᠌ᠭᠰᠠᠨ ᠪᠣᠯᠪᠠᠴᠤ ᠵᠡᠭᠦᠨ ᠬᠠᠴᠠᠷ ᠳᠡᠭᠡᠷᠡᠭᠢ ᠡᠷᠡᠭᠡᠢ ᠬᠤᠷᠤᠭᠤ ᠪᠠᠷ ᠳᠠᠷᠤᠴᠢᠬᠠᠭᠰᠠᠨ ᠶᠤᠮ ᠰᠢᠭ᠌ ᠭᠦᠨ ᠬᠤᠠᠳᠠᠭ᠎ᠠ ᠨᠢ ᠳᠤᠳᠤᠬᠠᠨ ᠳᠤᠶᠠᠭᠠᠷᠠᠨ᠎ᠠ᠃

ᠮᠦᠨ ᠥᠷᠯᠦᠭᠡ ᠨᠢ ᠠᠯᠢ ᠴᠤ ᠡᠳᠦᠷ ᠡᠴᠡ ᠢᠯᠡᠭᠦᠤ ᠣᠷᠮ᠎ᠠ ᠪᠠᠶᠠᠷ ᠲᠡᠶ ᠬᠤᠭᠤᠯᠯᠠᠵᠤ ᠪᠠᠷᠠᠭᠰᠠᠨ ᠮᠥᠩᠭᠦᠨ ᠭᠦᠨ ᠪᠣᠯᠠᠭ ᠤᠨ ᠣᠰᠤ ᠰᠢᠭ ᠳᠤᠩᠭ᠋ᠠᠯᠠᠭ ᠭᠦᠭᠡᠷᠦᠭᠦᠨ ᠨᠢᠳᠤ ᠪᠠᠷ ᠨᠠᠮᠢ᠋ᠢ ᠲᠤᠨᠤᠷᠠᠳᠠᠯ᠎ᠠ ᠰᠢᠷᠳᠡᠭᠡᠤᠨ᠄

— ᠵᠠᠶᠠᠭ᠎ᠠ ᠨᠢ ᠬᠠᠵᠠᠢ᠌ᠵᠤ ᠪᠣᠶᠠᠨ ᠨᠢ ᠵᠠᠢ᠌ᠯᠠᠭᠰᠠᠨ ᠡᠨᠡ ᠮᠠᠭᠤ ᠪᠠᠶ᠎ᠠ ᠡᠪᠠᠦᠡᠴᠢᠯᠡᠭᠡᠤᠨ ᠳᠠᠨ ᠢ ᠵᠤᠪᠠᠭᠠᠵᠤ ᠭᠦᠢᠴᠡᠯ᠎ᠡ᠃ ᠠᠰᠠᠷᠠᠵᠤ ᠬᠠᠷᠠᠭᠠᠯᠵᠠᠭᠰᠠᠨ ᠠᠭᠤᠯᠠ ᠰᠢᠭ ᠠᠴᠢ ᠬᠠᠢ᠌ᠷ᠎ᠠ ᠶᠢ ᠳᠠᠨᠢ ᠡᠨᠡ ᠨᠠᠰᠤᠨ ᠳᠠᠭᠠᠨ ᠶᠠᠭᠠᠭᠢᠵᠤ ᠬᠠᠷᠢᠭᠤᠯᠵᠤ ᠪᠠᠷᠠᠬᠤ ᠪᠢᠯᠠ︖ ᠭᠡᠤᠨ ᠵᠤᠪᠠᠭᠤᠷᠢᠳᠠᠢ᠌ᠬᠠᠨ ᠢᠨᠢᠶᠡᠮᠰᠦᠭᠯᠡᠪᠡ᠃

— ᠴᠢᠭ᠌ ᠵᠥᠭ᠌ ᠦᠭᠡᠶ ᠠᠷᠪᠢᠨ ᠶᠠᠭᠤᠮ᠎ᠠ ᠪᠣᠳᠤᠵᠤ ᠪᠠᠶ᠎ᠠ ᠪᠠᠨ ᠪᠢᠳᠡᠭᠡᠢ ᠵᠤᠪᠠᠭ᠎ᠠ᠃ ᠡᠪᠠᠦᠡᠴᠢᠨ ᠴᠢᠨᠢ ᠬᠤᠭ ᠦᠭᠡᠶ ᠡᠳᠡᠭᠡᠷᠡᠪᠠᠯ ᠮᠢᠨᠤ ᠬᠠᠮᠤᠭ ᠤᠨ ᠶᠡᠭᠡ ᠵᠤᠯ ᠵᠠᠪᠰᠢᠶᠠᠨ ᠪᠣᠯᠤᠨ᠎ᠠ ᠭᠡᠤᠨ ᠳᠡᠭᠦᠨ ᠳᠤ ᠠᠯᠮᠤᠷᠠᠤᠨ ᠬᠠᠯᠢᠰᠤᠯᠠᠵᠤ ᠦᠭ‍ᠭᠦᠯ᠎ᠡ᠃

— ᠢᠳᠡᠭᠡᠨ ᠪᠢᠰᠢᠷᠠᠵᠤ ᠪᠣᠳᠤᠯ ᠵᠢᠷᠦᠭᠡᠨ ᠳᠡᠭᠡᠨ ᠬᠠᠮᠤᠭ ᠡᠴᠡ ᠣᠢ᠌ᠷ᠎ᠠ ᠰᠠᠨᠠᠵᠤ ᠶᠠᠪᠣᠳᠠᠭ ᠭᠦᠮᠤᠨ ᠶᠢᠡᠨ ᠢᠩᠭᠢᠵᠤ ᠵᠤᠪᠠᠭᠠᠨ ᠰᠠᠭᠤᠬᠤ ᠳᠤ ᠰᠠᠤᠠᠭᠢᠯ ᠳᠦᠪᠳᠡᠭᠦ ᠦᠭᠡᠶ ᠪᠠᠢ᠌ᠨ᠎ᠠ ᠭᠡᠤᠨ ᠵᠠᠢ᠌ᠷ ᠭᠦᠶ‍ᠦᠯᠭᠡᠨᠡᠭ᠍ᠰᠡᠨ ᠨᠢᠳᠤ ᠪᠠᠷ ᠡᠭ᠍ᠴᠡᠯᠡᠨ ᠬᠠᠷᠠᠨ᠎ᠠ᠃

— ᠭᠦᠮᠤᠨ ᠤ ᠨᠤᠳᠤᠭ ᠭᠦᠡᠳᠡᠯᠡᠨ ᠤ ᠭᠠᠵᠠᠷ ᠳᠦᠰᠢᠭᠦ ᠭᠦᠮᠤᠨ ᠳᠤᠯᠬᠤ ᠮᠤᠳᠤ ᠦᠭᠡᠶ ᠵᠦᠳᠠᠷᠠᠵᠤ ᠶᠠᠪᠣᠬᠤ ᠪᠢᠳᠠ ᠬᠤᠶᠠᠷ ᠨᠢᠭᠡ ᠨᠢᠭᠡ ᠪᠠᠨ ᠬᠠᠷᠠᠭᠠᠯᠵᠠᠬᠤ ᠬᠠᠷᠠᠬᠤ ᠦᠭᠡᠶ ᠶᠠᠭᠠᠭᠢᠵᠤ ᠪᠣᠯᠤᠨ᠎ᠠ ᠪᠣᠢ︖ ᠭᠡᠷᠪᠡ ᠪᠢ ᠡᠪᠠᠦᠡᠴᠢᠯᠡᠭ᠍ᠰᠡᠨ ᠪᠣᠯ ᠴᠢ ᠮᠦᠨ ᠠᠳᠠᠯᠢᠬᠠᠨ ᠬᠠᠪᠰᠤᠷᠤᠨ ᠬᠠᠷᠠᠭᠠᠯᠵᠠᠬᠤ ᠪᠢᠰᠢ ᠦᠦ︖ ᠵᠠ᠂ ᠣᠯᠠᠨ ᠶᠠᠭᠤᠮ᠎ᠠ ᠶᠠᠷᠢᠬᠤ ᠪᠠᠨ ᠪᠠᠢ᠌ᠶ᠎ᠠ᠂ ᠴᠢ ᠮᠢᠨᠤ ᠰᠢᠯᠦᠭ᠌ ᠢ ᠥᠵᠡᠭᠦ ᠭᠡᠳᠡᠭ᠌ ᠪᠢᠰᠢ ᠦᠦ︖ ᠡᠭᠦᠨ ᠢ ᠥᠵᠡᠭᠡᠤᠨ ᠰᠠᠭᠤᠵᠤ ᠪᠠᠢ ᠭᠡᠤᠨ ᠰᠢᠯᠦᠭ᠌ ᠡᠷᠢᠶᠡᠴᠡᠳᠡᠭ᠌ ᠮᠠᠭᠤ ᠳᠠᠪᠳᠠᠷ ᠶᠢᠡᠨ ᠳᠡᠭᠦᠨ ᠳᠤ ᠦᠭ‍ᠭᠦᠯ᠎ᠡ᠃

ᠪᠢ ᠡᠮᠨᠡᠯᠭᠡ ᠡᠴᠡ ᠭᠠᠷᠴᠤ ᠢᠷᠡᠭᠡᠤᠨ ᠰᠤᠷᠭᠠᠭᠤᠯᠢ ᠳᠤ ᠭᠦᠷᠴᠤ ᠠᠩᠭᠢ ᠶᠢᠨ ᠪᠠᠭᠰᠢ ᠲᠡᠶ ᠠᠭᠤᠯᠵᠠᠨ ᠡᠨᠡ ᠣᠳᠠᠭᠠᠨ ᠤ ᠰᠢᠯᠭᠠᠯᠳᠠ ᠪᠠᠨ ᠭᠡᠷᠭᠢᠨ ᠨᠥᠭᠦᠭᠦ ᠳᠤᠬᠠᠢ ᠶᠠᠷᠢᠯᠴᠠᠨ ᠳᠤᠭᠳᠠᠵᠤ᠂ ᠪᠠᠰᠠ ᠬᠤᠪᠢ ᠶᠢᠨ ᠢᠭᠢᠷ ᠰᠢᠭᠢᠷ ᠶᠠᠪᠣᠳᠠᠯ ᠶᠢᠡᠨ ᠪᠦᠳᠦᠭᠡᠭᠡᠤᠨ ᠪᠣᠴᠠᠬᠤ ᠳᠤ ᠨᠢᠭᠡᠨᠲᠡ ᠦᠳᠡ ᠥᠩᠭᠡᠷᠡᠵᠤ ᠳᠡᠭ᠍ᠷᠢ ᠪᠦᠷᠭᠦᠨ ᠴᠠᠰᠤ ᠬᠠᠶᠠᠯᠠᠵᠤ ᠡᠭᠢᠯᠡᠭ᠍ᠰᠡᠨ ᠪᠠᠢ᠌ᠯ᠎ᠠ᠃ ᠭᠤᠷᠪᠠ ᠶ‍ᠢᠰᠤ ᠶᠢᠨ ᠬᠠᠷ᠎ᠠ ᠭᠦᠢᠳᠡᠨ ᠳᠤ ᠨᠤᠤᠰᠤᠨ ᠭᠦᠷᠮ᠎ᠡ ᠪᠠᠨ ᠨᠦᠮᠦᠷᠢᠨ ᠴᠤᠩᠬᠤᠨ ᠨᠠᠭᠠᠨ᠎ᠠ ᠵᠤᠭᠰᠤᠵᠤ᠂ ᠳᠡᠭ᠍ᠷᠢ ᠡᠴᠡ ᠪᠣᠳᠠᠷᠠᠨ ᠪᠠᠭᠤᠬᠤ ᠴᠠᠰᠤ ᠶᠢ ᠭᠦᠯᠢᠷᠡᠨ ᠰᠢᠷᠳᠠᠵᠤ ᠪᠠᠢ᠌ᠭᠰᠠᠨ ᠮᠥᠩᠭᠦᠨ ᠮᠢᠨᠤ ᠣᠷᠤᠵᠤ ᠢᠷᠡᠭ᠍ᠰᠡᠨ ᠢ ᠳᠠᠭ ᠮᠡᠳᠡᠭ᠍ᠰᠡᠨ ᠦᠭᠡᠶ᠃

— ᠡᠨᠡ ᠭᠦᠢᠳᠡᠨ ᠳᠤ ᠡᠪᠠᠦᠡᠴᠢᠡᠳᠡᠢ ᠭᠦᠮᠤᠨ ᠶᠠᠭᠠᠭᠢᠭᠠᠤᠨ ᠣᠷᠤᠨ ᠡᠴᠡ ᠪᠠᠨ ᠪᠣᠰᠴᠢᠬᠠᠭᠰᠠᠨ ᠪᠣᠢ︖ ᠬᠤᠷᠳᠤᠨ ᠭᠡᠪᠳᠡ︕ ᠭᠡᠤᠨ ᠶᠠᠭᠠᠷᠠᠨ ᠭᠡᠯᠡᠭᠦ ᠳᠤ ᠳᠠᠷᠠ ᠰᠠ‍‌ᠶᠢ ᠮᠢᠨᠤ ᠢᠷᠡᠭ᠍ᠰᠡᠨ ᠢ ᠮᠠᠳᠠᠵᠤ᠄

— ᠭᠡᠮ ᠦᠭᠡᠶ ᠠᠬ᠎ᠠ ᠡ︕ ᠭᠠᠳᠠᠨ᠎ᠠ ᠯᠠᠪᠰᠠᠯᠠᠬᠤ ᠴᠠᠰᠤ ᠶᠢ ᠴᠤᠩᠬᠤ ᠪᠡᠷ ᠬᠠᠷᠠᠵᠤ ᠵᠤᠭᠰᠤᠬᠤ ᠭᠡᠭ᠍ᠴᠢ ᠬᠠᠷᠠᠭᠠᠨ ᠤ ᠵᠢᠷᠭᠠᠯ ᠪᠠᠢ᠌ᠵᠠᠢ ᠭᠡᠤᠨ ᠵᠥᠭᠡᠯᠡᠨ ᠢᠨᠢᠶᠠᠨ᠎ᠠ᠃ ᠪᠢ ᠵᠥᠪᠭᠡᠨ ᠮᠥᠩᠭᠦᠨ ᠢ ᠪᠠᠷᠤᠭ ᠡᠷᠭᠦᠭᠦ ᠶᠢᠨ ᠨᠠᠭᠠᠭᠤᠷ ᠭᠤᠶᠤᠵᠤ ᠪᠠᠢ᠌ᠭᠠᠤᠨ ᠣᠷᠤᠨ ᠳᠤ ᠨᠢ ᠭᠡᠪᠳᠡᠭᠦᠯᠵᠤ᠄

— ᠪᠢ ᠪᠠᠭᠰᠢ ᠲᠡᠶ ᠠᠭᠤᠯᠵᠠᠭᠠᠤᠨ ᠳᠤᠭᠳᠠᠭᠰᠠᠨ᠂ ᠪᠢᠳᠠ ᠬᠤᠶᠠᠷ ᠢ ᠨᠤᠳᠤᠭ ᠲᠠᠭᠠᠨ ᠬᠠᠷᠢᠵᠤ ᠰᠢᠨᠡᠯᠡᠭᠡᠤᠨ ᠰᠤᠷᠭᠠᠭᠤᠯᠢ ᠡᠭᠢᠯᠡᠭᠦ ᠡᠴᠡ ᠡᠮᠦᠨ᠎ᠡ ᠭᠡᠳᠤᠨ ᠡᠳᠦᠷ ᠣᠷᠢᠤᠠᠴᠢᠯᠠᠨ ᠢᠷᠠᠵᠤ ᠡᠨᠡ ᠣᠳᠠᠭᠠᠨ ᠤ ᠰᠢᠯᠭᠠᠯᠳᠠ ᠪᠠᠨ ᠨᠥᠭᠦ ᠭᠡᠰᠡᠨ ᠭᠡᠵᠤ ᠪᠠᠶᠠᠷᠳᠠᠢ ᠭᠡᠯᠡᠯ᠎ᠡ᠃

ᠮᠢᠨᠤ ᠰᠠᠨᠠᠭᠠᠨ ᠳᠠᠭᠠᠨ ᠭᠦᠷᠦᠭ᠍ᠰᠡᠨ ᠨᠢᠯᠬ᠎ᠠ ᠭᠡᠦᠭᠡᠤᠨ ᠰᠢᠭ ᠭᠢᠵᠠᠭᠠᠷ ᠦᠭᠡᠶ ᠶᠡᠭᠡ ᠪᠠᠶᠠᠰᠤᠨ ᠭᠦᠭᠡᠷᠴᠤ ᠪᠠᠢ᠌ᠭ᠎ᠠ ᠶᠢ ᠠᠵᠢᠨ ᠮᠡᠳᠡᠭ᠍ᠰᠡᠨ ᠮᠥᠩᠭᠦᠨ᠄

— ᠳᠠ ᠭᠡᠷ ᠲᠡᠭᠡᠨ ᠬᠠᠷᠢᠬᠤ ᠶᠢ ᠲᠤᠩ ᠶᠠᠭᠠᠷᠠᠵᠤ ᠪᠠᠢ᠌ᠨ᠎ᠠ ᠦᠦ︖ ᠪᠦᠰᠡᠭᠦᠢ ᠭᠡᠦᠭᠡᠤᠨ ᠶᠢᠡᠨ ᠯᠠᠪ ᠰᠠᠨᠠᠵᠤ ᠪᠠᠢ᠌ᠯᠭᠦᠢ ᠳ᠋ᠠ᠂ ᠣᠬᠤᠷᠬᠠᠨ ᠬᠤᠭᠤᠴᠠᠭᠠᠨ ᠳᠤ ᠰᠠᠯᠤᠯᠴᠠᠭᠠᠤᠨ ᠪᠦᠰᠡᠭᠦᠢ ᠭᠡᠦᠭᠡᠨ ᠶᠢᠡᠨ ᠥᠭᠡᠢ᠌ᠯᠡᠵᠤ ᠣᠴᠢᠷᠳᠠᠢ ᠰᠠᠢ᠌ᠬᠠᠨ ᠨᠠᠢ᠌ᠷᠠᠭ ᠪᠣᠴᠠᠯᠭᠠᠵᠤ ᠶᠠᠪᠣᠭᠰᠠᠨ ᠭᠦᠮᠤᠨ ᠳᠤ ᠢᠩᠭᠢᠵᠤ ᠣᠳᠠᠭᠠᠨ ᠰᠠᠯᠤᠯᠴᠠᠬᠤ ᠭᠡᠭ᠍ᠴᠢ ᠬᠠᠯᠠ ᠲᠡᠶ ᠪᠠᠢ᠌ᠬᠤ ᠡ ᠭᠡᠤᠨ ᠨᠠᠳᠠ ᠡᠴᠡ ᠬᠠᠷᠠᠴᠠ ᠪᠠᠨ ᠪᠣᠷᠤᠭᠤᠯᠠᠨ ᠭᠠᠳᠠᠭᠰᠢ ᠬᠠᠷᠠᠯ᠎ᠠ᠃

ᠮᠥᠩᠭᠦᠨ ᠮᠢᠨᠤ ᠳᠡᠮᠳᠡᠭᠯᠡᠯ ᠤᠨ ᠳᠠᠪᠳᠠᠷ ᠢ ᠨᠢᠭᠤᠷ ᠳᠠᠷᠠᠭᠠᠯᠠᠨ ᠣᠩᠰᠢᠵᠤ ᠪᠦᠰᠡᠭᠦᠢ ᠭᠡᠦᠭᠡᠨ ᠳᠡᠭᠡᠨ ᠵᠤᠷᠢᠭᠤᠯᠵᠤ ᠪᠢᠴᠢᠭ᠍ᠰᠡᠨ ᠰᠢᠯᠦᠭ᠌ ᠢ ᠬᠠᠷᠠᠴᠢᠬᠠᠭᠠᠤᠨ ᠡᠨᠡ ᠥᠭᠡ ᠶᠢ ᠭᠡᠯᠡᠵᠤ ᠪᠠᠢ᠌ᠬᠤ ᠶᠢ ᠭᠠᠳᠠᠷᠯᠠᠭᠰᠠᠨ ᠪᠢ᠄

— ᠰᠠᠭᠢᠪᠠᠯ ᠣᠢ᠌ᠳᠤᠵᠤ᠂ ᠰᠠᠯᠪᠠᠯ ᠰᠠᠨᠠᠳᠠᠭ ᠨᠢ ᠭᠦᠮᠤᠨ ᠤ ᠠᠮᠢᠳᠤᠷᠠᠯ ᠤᠨ ᠨᠠᠷᠢᠨ ᠨᠢᠭᠤᠴᠠ ᠶᠤᠮ᠃ ᠠᠮᠢᠳᠤᠷᠠᠯ ᠤᠨ ᠬᠠᠮᠢᠶ᠎ᠠ ᠲᠡᠶ ᠠᠷᠪᠢᠨ ᠮᠡᠳᠡᠯᠭᠡ ᠶᠢ ᠴᠢ ᠰᠤᠷᠤᠭᠠᠳᠤᠢ ᠪᠣᠯᠬᠤᠷ ᠮᠡᠳᠡᠭᠦ ᠦᠭᠡᠶ ᠶᠤᠮ᠃ ᠬᠤᠵᠢᠮ ᠰᠠᠢ᠌ᠬᠠᠨ ᠴᠠᠭᠠᠨ ᠨᠥᠭᠦᠷ ᠲᠡᠶ ᠪᠣᠯᠤᠭᠠᠤᠨ ᠰᠠ‍‌ᠶᠢ ᠠᠮᠢᠳᠤᠷᠠᠯ ᠤᠨ ᠳᠤᠬᠠᠢ ᠲᠡᠶ ᠣᠯᠠᠨ ᠭᠡᠴᠢᠶᠡᠯ ᠢ ᠭᠦᠮᠤᠨ ᠪᠣᠯᠤᠭᠰᠠᠨ ᠶᠢᠠᠷ ᠶᠢᠡᠨ ᠰᠤᠷᠤᠭᠠᠤᠨ ᠪᠠᠷᠠᠬᠤ ᠦᠭᠡᠶ ᠭᠡᠳᠡᠭ᠌ ᠢ ᠣᠬᠠᠭᠠᠷᠠᠬᠤ ᠪᠣᠯᠤᠨ᠎ᠠ ᠭᠡᠤᠨ ᠪᠢ ᠨᠠᠭᠠᠳᠤᠮ ᠦᠨᠡᠨ ᠤ ᠬᠤᠭᠤᠷᠤᠠᠳᠤ ᠭᠡᠯᠡᠯ᠎ᠡ᠃

ᠭᠠᠳᠠᠨᠠᠭᠢ ᠨᠠᠮ ᠳᠤᠭᠳᠠᠭᠤᠨ ᠳᠡᠭ᠍ᠷᠢ ᠶᠢ ᠮᠠᠯᠠᠷᠠᠨ ᠰᠢᠷᠳᠠᠵᠤ ᠪᠠᠢ᠌ᠭᠰᠠᠨ ᠮᠥᠩᠭᠦᠨ ᠣᠷᠳᠤᠬᠠᠨ ᠰᠡᠭᠦᠷᠡᠰᠤ ᠠᠯᠳᠠᠭᠠᠤᠨ᠄

— ᠪᠢ ᠣᠷᠢᠳᠠ ᠨᠢ ᠳᠠᠨ ᠢ ᠪᠦᠰᠡᠭᠦᠢ ᠭᠡᠦᠭᠡᠨ ᠲᠡᠶ ᠭᠦᠮᠤᠨ ᠭᠡᠳᠡᠭ᠌ ᠢ ᠶᠠᠭ ᠪᠣᠳᠤᠵᠤ ᠣᠯᠤᠭᠰᠠᠨ ᠦᠭᠡᠶ᠂ ᠶᠠᠷᠤᠨᠢ ᠡᠯᠡᠰᠤ ᠪᠠᠷ ᠭᠡᠷ ᠪᠠᠷᠢᠬᠤ ᠶᠢ ᠴᠤ ᠭᠢᠯᠪᠠᠷᠬᠠᠨ ᠣᠢ᠌ᠯᠠ ᠭᠡᠵᠤ ᠥᠵᠡᠳᠡᠭ᠌ ᠵᠠᠯᠠᠭᠤ ᠴᠠᠭ ᠤᠨ ᠳᠦᠭᠦᠭᠡᠢ ᠣᠮᠤᠭ ᠡᠴᠡ ᠪᠣᠯᠵᠤ ᠭᠦᠮᠤᠨ ᠤ ᠠᠮᠢᠳᠤᠷᠠᠯ ᠢ ᠠᠪᠳᠠᠷ᠎ᠠ ᠶᠢᠨ ᠨᠢᠭᠤᠷ ᠰᠢᠭ ᠥᠴᠦᠭᠡᠨ ᠴᠤ ᠥ ᠰᠠᠪ ᠦᠭᠡᠶ ᠭᠦᠯᠢᠭᠡᠷ ᠰᠢᠯᠤᠭᠤᠨ ᠭᠡᠵᠤ ᠪᠣᠳᠤᠵᠤ ᠶᠠᠪᠣᠭᠰᠠᠨ ᠮᠢᠨᠢ ᠡ᠊ᠨᠳᠡᠭᠦᠷᠡᠯ ᠪᠠᠢ᠌ᠵᠠᠢ᠃ ᠳᠡᠭᠡᠭᠡᠤᠨ ᠠᠮᠢᠳᠤᠷᠠᠯ ᠭᠡᠵᠤ ᠶᠠᠭ ᠮᠠᠭᠤ ᠰᠠᠷᠭᠢᠨᠠᠭ ᠤᠨ ᠳᠠᠪᠠᠭ᠎ᠠ ᠰᠢᠭ ᠵᠠᠭᠤᠨ ᠭᠦᠳᠦᠭᠦᠷ ᠵᠢᠷᠠᠨ ᠬᠤᠳᠤᠭᠤᠷ ᠶᠢᠡᠷ ᠪᠦᠳᠦᠭ᠍ᠰᠡᠨ ᠭᠡᠳᠡᠭ᠌ ᠢ ᠦᠨᠦᠳᠤᠷ ᠰᠠ‍‌ᠶᠢ ᠣᠬᠠᠭᠠᠷᠠᠵᠤ ᠪᠠᠢ᠌ᠨ᠎ᠠ᠃ ᠳᠠᠨ ᠲᠡᠶ ᠣᠴᠠᠷᠠᠭᠰᠠᠨ ᠨᠢ ᠮᠢᠨᠤ ᠬᠠᠮᠤᠭ ᠤᠨ ᠶᠡᠭᠡ ᠠᠵᠠ ᠵᠠᠪᠰᠢᠶᠠᠨ ᠪᠦᠭᠡᠤᠨ ᠮᠦᠨᠴᠤ ᠵᠤᠯ ᠪᠣᠰᠤ ᠪᠠᠢ᠌ᠵᠤ ᠮᠠᠳᠠᠨ᠎ᠠ᠂ ᠭᠡᠵᠢᠶᠡᠳᠡ ᠨᠠᠮ ᠳᠤᠭᠳᠠᠭᠤᠨ ᠪᠠᠢ᠌ᠳᠠᠭ ᠪᠣᠳᠤᠯ ᠰᠠᠤᠠᠭᠢᠯ ᠮᠢᠨᠢ ᠳᠠᠨ ᠲᠡᠶ ᠵᠤᠯᠭᠠᠬᠤ ᠪᠦᠷᠢ ᠭᠡᠪ ᠶᠢᠡᠨ ᠠᠯᠳᠠᠨ ᠳᠤᠭᠳᠤᠯᠬᠤ ᠶᠢ ᠶᠠᠭᠠᠭᠢᠨ᠎ᠠ︖ ᠬᠠᠯᠠᠭᠤᠨ ᠵᠢᠷᠦᠭᠡᠨ ᠳᠤ ᠨᠢᠭᠡᠨᠲᠡ ᠬᠠᠢ᠌ᠯᠵᠤ ᠣᠷᠤᠰᠤᠭᠰᠠᠨ ᠬᠠᠢ᠌ᠷ᠎ᠠ ᠰᠠᠤᠠᠭᠢᠯ ᠢ ᠴᠠᠷᠴᠠᠭᠠᠵᠤ ᠣᠷᠭᠢᠨ᠎ᠠ ᠭᠡᠳᠡᠭ᠌ ᠬᠠᠩᠭ᠋ᠠᠢ ᠶᠢᠨ ᠪᠣᠭᠤ ᠶᠢ ᠣᠷᠭᠠᠯᠠᠬᠤ ᠡᠴᠡ ᠴᠤ ᠭᠡᠴᠡᠭᠦᠤ ᠣᠢ᠌ᠯᠠ ᠪᠠᠢ᠌ᠬᠤ ᠳ᠋ᠠ᠃ ᠬᠤᠵᠢᠮ ᠤᠨ ᠠᠮᠢᠳᠤᠷᠠᠯ ᠳᠤ ᠮᠢᠨᠢ ᠰᠠᠨᠠᠭ᠎ᠠ ᠰᠠᠤᠠᠭᠢᠯ ᠳᠠᠭᠠᠷᠠᠬᠤ ᠰᠠᠢ᠌ᠬᠠᠨ ᠬᠠᠨᠢ ᠬᠠᠷᠭᠤᠳᠠᠭ ᠴᠤ ᠪᠣᠯᠪᠠᠤ︖ ᠭᠡᠤᠨ ᠨᠠᠳᠠ ᠶᠢ ᠨᠢᠯᠪᠣᠰᠤ ᠲᠡᠶ ᠨᠢᠳᠤ ᠪᠠᠷ ᠰᠢᠷᠳᠠᠨ᠎ᠠ᠃ ᠬᠠᠢ᠌ᠷᠠᠯᠠᠵᠤ ᠳᠤᠷᠠᠯᠠᠭᠰᠠᠨ ᠭᠦᠮᠤᠨ ᠲᠡᠶ ᠪᠠᠨ ᠬᠠᠮᠳᠤᠷᠠᠵᠤ ᠬᠠᠨᠢᠯᠠᠵᠤ ᠴᠢᠳᠠᠳᠠᠭ ᠦᠭᠡᠶ ᠭᠦᠮᠤᠨ ᠤ ᠠᠮᠢᠳᠤᠷᠠᠯ ᠤᠨ ᠭᠠᠰᠢᠭᠤᠨ ᠭᠤᠨᠢᠭ ᠢ ᠡᠨᠡ ᠬᠤᠶᠠᠷ ᠨᠢᠳᠤ ᠨᠠᠳᠠ ᠭᠡᠯᠡᠵᠤ ᠪᠠᠢ᠌ᠯ᠎ᠠ᠃

ᠭᠠᠳᠠᠨ᠎ᠠ ᠰᠢᠷᠠᠯᠠᠭᠰᠠᠨ ᠨᠠᠪᠴᠢᠰ ᠣᠭᠢᠶᠠᠨ ᠡᠨᠡ ᠵᠢᠯ ᠤᠨ ᠣᠷᠣᠢ᠌ᠳᠠᠭᠰᠠᠨ ᠪᠣᠷᠤᠭᠠᠨ ᠭᠠᠵᠠᠷ ᠳᠠᠪᠳᠤᠳᠠᠯ᠎ᠠ ᠱᠠᠭᠢᠨ᠎ᠠ᠃ ᠭᠦᠮᠤᠨ ᠳᠤ ᠦᠨᠡᠨ ᠬᠠᠢ᠌ᠷᠠᠯᠠᠭᠳᠠᠵᠤ ᠶᠠᠪᠣᠭᠰᠠᠨ ᠴᠤ ᠭᠦᠮᠤᠨ ᠢ ᠢᠯᠠ ᠪᠠᠷ ᠬᠠᠢ᠌ᠷᠠᠯᠠᠵᠤ ᠶᠠᠪᠣᠬᠤ ᠵᠠᠶᠠᠭ᠎ᠠ ᠢᠷᠦᠭᠡᠯ ᠦᠭᠡᠶ ᠮᠢᠨᠤ ᠪᠣᠳᠤᠯ ᠰᠠᠤᠠᠭᠢᠯ ᠶᠠᠭ ᠪᠣᠷᠤᠭᠠᠠᠳᠤ ᠳᠡᠭ᠍ᠷᠢ ᠰᠢᠭ᠌ ᠬᠤᠤᠠᠬᠤᠯᠳᠤᠨ ᠣᠢ᠌ᠮᠤᠷᠠᠵᠤ ᠪᠠᠢ᠌ᠯ᠎ᠠ᠁

ᠪᠣᠮᠠᠨ ᠴᠠᠭᠠᠨ ᠴᠡᠴᠡᠭᠡᠰ ᠪᠣᠷᠬᠠᠨ ᠳᠡᠭ᠍ᠷᠢ ᠡᠴᠡ ᠠᠰᠬᠠᠷᠠᠨ ᠪᠠᠭᠤᠭᠰᠠᠨ ᠳᠠᠷᠠ ᠦᠳᠡ ᠶᠢᠨ ᠬᠣᠢ᠌ᠨ᠎ᠠ ᠪᠢᠳᠠ ᠬᠤᠶᠠᠷ ᠨᠠᠮ ᠰᠡᠯᠡᠭᠦᠨ ᠡᠪᠠᠦᠡᠴᠢᠳᠡᠨ ᠤ ᠥᠷᠦᠭᠡᠨ ᠳᠤ ᠰᠡᠳᠬᠢᠯ ᠤᠨ ᠥᠭᠡᠰ ᠶᠢᠡᠨ ᠢᠷᠤᠭᠠᠷ ᠶᠢᠡᠷ ᠨᠢ ᠠᠰᠬᠠᠯ᠎ᠠ᠃ ᠪᠠᠶ᠎ᠠ ᠰᠠᠤᠠᠭᠢᠯ ᠤᠨ ᠳᠠᠪᠬᠤᠷ ᠵᠤᠪᠠᠯᠠᠩ ᠢ ᠰᠢᠳᠤ ᠵᠠᠭᠤᠨ ᠳᠠᠰᠴᠤ ᠭᠦᠮᠤᠨ ᠤ ᠥᠭᠡᠳᠡ ᠡᠴᠡ ᠭᠦᠴᠤ ᠪᠠᠷ ᠢᠨᠢᠶᠡᠮᠰᠦᠭᠯᠡᠨ ᠪᠠᠢ᠌ᠭ᠎ᠠ ᠮᠥᠩᠭᠦᠨ ᠢ ᠪᠢ ᠦᠨᠡᠨ ᠵᠢᠷᠦᠭᠡᠨ ᠡᠴᠡ ᠪᠠᠨ ᠪᠢᠰᠢᠷᠠᠨ ᠳᠤᠭᠤᠯ᠎ᠠ᠃ ᠣᠷᠣᠢ᠌ᠳᠠᠵᠤ ᠣᠴᠠᠷᠠᠭᠰᠠᠨ ᠭᠡᠨᠡᠨ ᠬᠠᠢ᠌ᠷ᠎ᠠ ᠶᠢᠨ ᠨᠢᠮᠭᠡᠨ ᠥᠯᠢᠭᠡᠷ ᠤᠳ ᠦᠨᠢ ᠮᠥᠩᠭᠡ ᠶᠢᠨ ᠪᠣᠷᠤ ᠳᠤᠷᠠᠤᠠᠬᠠᠯ ᠪᠣᠯᠵᠤ ᠡ᠊ᠨᠳᠡ ᠳᠠᠮᠠᠭᠠᠯᠠᠭᠳᠠᠨ ᠬᠤᠴᠤᠷᠴᠠᠢ᠃ ᠬᠠᠢ᠌ᠷ᠎ᠠ ᠳᠤᠷᠠᠯᠠᠯ ᠪᠦᠭᠦᠨ ᠵᠥᠪᠭᠡᠨ ᠬᠠᠮᠳᠤ ᠠᠮᠢᠳᠤᠷᠠᠬᠤ ᠶᠢᠨ ᠳᠦᠯᠦᠭᠡ ᠵᠢᠮᠢᠰᠯᠠᠨ ᠥᠷᠡᠯᠡᠭᠦ ᠪᠢᠰᠢ ᠭᠡᠰᠡᠨ ᠰᠢᠨ᠎ᠠ ᠳᠤᠮᠢᠶᠠᠯᠠᠯ ᠢ ᠴᠤ ᠬᠤᠶᠠᠭᠤᠯᠠ ᠪᠠᠨ ᠰᠠᠨᠠᠯ ᠨᠢᠭᠡᠳᠡᠢ ᠪᠠᠳᠤᠯᠠᠪᠠ᠃ ᠬᠠᠯᠠᠭᠤᠨ ᠪᠦᠯᠢᠶᠡᠨ ᠭᠡᠷ ᠪᠦᠯᠢ ᠶᠢ ᠬᠠᠭᠠᠴᠠᠭᠤᠯᠤᠨ ᠡᠪᠳᠡᠭᠦ ᠭᠤᠷᠪᠠᠳᠤᠭᠠᠷ ᠡᠳᠡᠭᠡᠤᠨ ᠪᠣᠯᠵᠤ ᠨᠠᠷ᠎ᠠ ᠨᠢᠭᠤᠷ ᠶᠢᠡᠨ ᠪᠠᠷᠠᠬᠤ ᠦᠭᠡᠶ ᠮᠥᠷᠳᠡᠭᠡᠨ ᠦᠪᠡᠷ ᠤᠨ ᠵᠤᠯ ᠵᠢᠷᠭᠠᠯ ᠶᠢᠡᠨ ᠪᠣᠰᠤᠳ ᠤᠨ ᠵᠤᠪᠠᠯᠠᠩ ᠳᠡᠭᠡᠷ᠎ᠡ ᠪᠠᠢ᠌ᠭᠤᠯᠬᠤ ᠦᠭᠡᠶ ᠭᠡᠳᠡᠭ᠌ ᠴᠠᠢ᠌ᠯᠭᠠᠨ ᠰᠠᠨᠠᠭ᠎ᠠ ᠪᠠᠨ ᠮᠥᠩᠭᠦᠨ ᠢᠯᠡᠳᠭᠡᠪᠡ᠃

ᠰᠠᠨᠠᠭ᠎ᠠ ᠰᠠᠤᠠᠭᠢᠯ᠂ ᠭᠦᠰᠡᠯ ᠪᠣᠳᠤᠯ ᠶᠢᠡᠨ ᠴᠢᠯᠦᠭᠡᠳᠡᠢ ᠶᠠᠷᠢᠯᠴᠠᠨ ᠪᠢᠳᠠ ᠨᠠᠯᠢᠶᠠᠤᠨ ᠣᠷᠤᠢ ᠪᠣᠯᠤᠯ᠎ᠠ᠃ ᠭᠠᠳᠠᠨ᠎ᠠ ᠬᠠᠷᠠᠩᠭ᠋ᠤᠢ ᠪᠣᠯᠵᠤ ᠳᠡᠭ᠍ᠷᠢ ᠶᠢᠨ ᠬᠤᠷᠮᠤᠢ ᠪᠠᠷ ᠭᠢᠯᠠᠯᠵᠠᠬᠤ ᠬᠠᠶᠠ ᠭᠠᠭᠴᠠ ᠣᠳᠤ ᠪᠦᠳᠡᠭᠡᠯᠭᠡ ᠲᠡᠶ ᠴᠤᠩᠬᠤᠨ ᠤ ᠵᠠᠪᠰᠠᠷ ᠶᠢᠡᠷ ᠰᠢᠷᠭᠤᠵᠤ ᠢᠷᠡᠭᠡᠤᠨ ᠠᠯᠢᠶ᠎ᠠ ᠭᠦᠤ ᠶᠢᠨ ᠭᠦᠭᠡᠷᠦᠭᠦᠨ ᠨᠢᠳᠤ ᠪᠠᠷ ᠳᠤᠷᠮᠤᠯᠵᠠᠨ ᠳᠤᠭᠯᠠᠨ᠎ᠠ᠃ ᠪᠢ ᠮᠥᠩᠭᠦᠨ ᠢ ᠡᠪᠯᠡᠨ ᠣᠠᠳᠠᠭᠤᠯᠵᠤ ᠭᠡᠷᠡᠮ ᠤᠨ ᠪᠦᠯᠦᠡᠭ᠌ ᠳ᠋ᠠᠭᠢ ᠭᠦᠡᠵᠢᠯᠡ ᠳᠡᠪᠢᠰᠭᠡᠷ ᠶᠢᠡᠨ ᠳᠠᠪᠠᠷᠢᠨ ᠰᠠᠪᠬ᠎ᠠ ᠰᠢᠭ ᠨᠠᠷᠢᠬᠠᠨ ᠱᠠᠹᠠ ᠣᠷᠤᠭᠤ ᠣᠴᠢᠳᠠᠯ᠎ᠠ ᠳᠠᠷᠠ᠄

— ᠭᠡᠦᠭᠡᠨ ᠭᠦᠮᠤᠨ ᠤ ᠨᠠᠷᠢᠨ ᠪᠠᠯᠭᠡᠭᠦᠰᠤ ᠠᠷᠠᠢ ᠪᠠᠭᠳᠠᠮᠠᠷ ᠳᠠᠢ᠌ᠮᠤ ᠪᠠᠴᠢᠮ ᠭᠠᠵᠠᠷ ᠳᠠᠨ ᠰᠢᠭ ᠪᠠᠶ᠎ᠠ ᠭᠦᠢᠴᠡᠭ᠍ᠰᠡᠨ ᠪᠣᠰᠤᠭ᠎ᠠ ᠡᠷ᠎ᠡ ᠣᠠᠳᠠᠬᠤ ᠳᠤ ᠵᠤᠪᠠᠬᠤ ᠪᠠᠢ᠌ᠯᠭᠦᠢ᠂ ᠶᠠᠭᠤᠮ᠎ᠠ ᠰᠠᠨᠠᠬᠤ ᠦᠭᠡᠶ ᠪᠣᠯ ᠬᠤᠶᠠᠭᠤᠯᠠ ᠪᠠᠨ ᠨᠢᠭᠡ ᠣᠷᠤᠨ ᠳᠡᠭᠡᠷ᠎ᠡ ᠣᠠᠳᠠᠴᠢᠬᠠᠶ᠎ᠠ ᠭᠡᠤᠨ ᠲᠤᠩ ᠴᠠᠭᠠᠪᠣᠷ ᠢᠨᠢᠶᠡᠮᠰᠦᠭᠯᠡᠨ ᠭᠡᠯᠡᠪᠡ᠃

— ᠪᠠᠶ᠎ᠠ ᠴᠢᠨᠢ ᠰᠠᠢ᠌ᠨ ᠳᠡᠩᠭᠡᠷᠡᠭᠡᠳᠦᠢ ᠪᠠᠢ᠌ᠨ᠎ᠠ᠃ ᠡᠪᠠᠦᠡᠴᠢᠡ ᠲᠡᠢ ᠭᠦᠮᠤᠨ ᠲᠡᠶ ᠪᠠᠨ ᠰᠢᠬᠠᠯᠴᠠᠨ ᠣᠠᠳᠠᠵᠤ ᠪᠠᠢ᠌ᠭᠠᠤᠨ ᠡᠢ᠌ᠮᠤ ᠳᠠᠢ᠌ᠮᠤ ᠪᠣᠯᠪᠠᠯ ᠪᠣᠯᠬᠤ ᠦᠭᠡᠶ ᠰᠢᠤ︕ ᠪᠢ ᠣᠠᠳᠠᠭᠰᠠᠨ ᠬᠣᠢ᠌ᠨ᠎ᠠ ᠪᠠᠨ ᠢᠰᠭᠦᠯᠵᠤ ᠳᠡᠯᠴᠢᠯᠡᠭᠦ ᠮᠠᠭᠤ ᠭᠡᠮ ᠲᠡᠶ ᠭᠡᠤᠨ ᠮᠥᠩᠭᠦᠨ ᠳᠤ ᠳᠠᠢ᠌ᠯᠪᠣᠷᠢᠯᠠᠯ᠎ᠠ᠃

ᠠᠷᠪᠠᠭᠠᠤᠨ ᠡᠳᠦᠷ ᠤᠨ ᠳᠠᠷᠠᠭ᠎ᠠ ᠮᠥᠩᠭᠦᠨ ᠤ ᠪᠠᠶ᠎ᠠ ᠪᠦᠷᠢᠮᠦᠰᠤᠨ ᠰᠠᠢ᠌ᠨ ᠪᠣᠯᠬᠤ ᠪᠡᠷ ᠪᠢᠳᠠ ᠨᠤᠳᠤᠭ ᠣᠷᠤᠭᠤ ᠪᠠᠨ ᠡᠷᠭᠢᠯ᠎ᠡ᠃ ᠵᠠᠮ ᠤᠨ ᠭᠦᠪᠠᠭᠡ ᠪᠠᠷ ᠵᠢᠷᠢᠯᠵᠠᠨ ᠥᠩᠭᠡᠷᠡᠭᠦ ᠬᠤᠯᠠ ᠶᠢᠨ ᠳᠤᠷᠭᠠᠨ ᠪᠠᠷ᠎ᠠ ᠳᠤ ᠬᠠᠷᠠᠭ᠎ᠠ ᠳᠠᠯᠠᠵᠤ ᠪᠣᠳᠤᠯ ᠰᠤᠩᠭ᠋ᠠᠨ ᠠᠶᠠᠯᠠᠬᠤ ᠳᠤ ᠮᠥᠩᠭᠦᠨ ᠶᠠᠭ ᠭᠡᠭᠡᠷ᠎ᠡ ᠶᠢᠨ ᠰᠡᠷᠭᠦᠯᠡᠩ ᠪᠣᠯᠵᠤᠮᠤᠷ ᠰᠢᠭ ᠵᠠᠮ ᠳᠤᠵᠢ ᠵᠢᠷᠭᠢᠵᠤ ᠶᠠᠪᠣᠯ᠎ᠠ᠃ ᠥᠩᠭᠡᠨ ᠳᠡᠭᠡᠷ᠎ᠡ ᠪᠠᠨ ᠶᠠᠮᠠᠷ ᠴᠤ ᠰᠠᠤᠠᠭᠢᠯ ᠤᠨ ᠭ᠍‍ᠬᠢᠷ ᠳᠤᠭᠤᠰᠤ ᠦᠭᠡᠶ ᠶᠤᠮ ᠰᠢᠭ ᠭᠦᠭᠡᠷᠤᠨ ᠳᠡᠪᠭᠡᠷᠴᠤ ᠪᠠᠢ᠌ᠪᠠᠴᠤ ᠳᠠᠷᠠ ᠨᠢ ᠵᠥᠪᠭᠡᠨ ᠪᠣᠳᠤᠯ ᠰᠠᠤᠠᠭᠢᠯ ᠶᠢᠡᠨ ᠬᠠᠭᠤᠷᠬᠤ ᠬᠤᠷᠤᠮᠬᠠᠨ ᠵᠠᠭᠤᠷ᠎ᠠ ᠶᠢᠨ ᠳᠠᠢ᠌ᠤᠠᠬᠠᠷᠠᠭᠤᠯᠤᠯ ᠳᠠᠳᠤᠢ ᠭᠡᠳᠡᠭ᠌ ᠢ ᠪᠢ ᠰᠠᠢ᠌ᠨ ᠮᠠᠳᠠᠵᠤ ᠪᠠᠢ᠌ᠨ᠎ᠠ᠃ ᠬᠠᠢ᠌ᠷᠠᠯᠠᠵᠤ ᠳᠤᠷᠠᠯᠠᠭᠰᠠᠨ ᠭᠦᠮᠤᠨ ᠳᠡᠭᠡᠨ ᠥᠭ᠍ᠴᠤ ᠪᠣᠯᠤᠭᠠᠤᠨ ᠪᠣᠴᠠᠭᠠᠵᠤ ᠴᠢᠳᠠᠳᠠᠭ ᠦᠭᠡᠶ ᠬᠠᠢ᠌ᠷ᠎ᠠ ᠰᠠᠤᠠᠭᠢᠯ ᠭᠡᠵᠤ ᠲᠤᠩ ᠬᠤᠪᠢᠠᠴᠢᠷ ᠪᠠᠢ᠌ᠳᠠᠭ᠃ ᠡᠨᠡ ᠦᠶ᠎ᠡ ᠶᠢᠨ ᠮᠥᠩᠭᠦᠨ ᠤ ᠰᠠᠤᠠᠭᠢᠯ ᠵᠢᠷᠦᠭᠡ ᠭᠡᠵᠤ ᠶᠠᠭ ᠡᠢ᠌ᠮᠦᠷᠭᠦ ᠬᠤᠪᠢᠠᠴᠢᠷ ᠬᠠᠢ᠌ᠷ᠎ᠠ ᠶᠢᠨ ᠣᠩᠭ᠋ᠤᠨ ᠭᠠᠯ ᠳᠤ ᠣᠩᠭ᠋ᠤᠤᠠᠴᠤ ᠶᠠᠪᠣᠭᠰᠠᠨ ᠪᠠᠢ᠌ᠬᠤ ᠳ᠋ᠠ᠃ ᠳᠡᠭᠡᠭᠡᠤᠨ ᠴᠠᠭ ᠡᠴᠡ ᠪᠠᠨ ᠭᠡᠳᠦᠷᠭᠡᠢ ᠰᠡᠭᠦᠯᠳᠡᠵᠤ ᠭᠦᠪᠦᠷᠢᠭ᠍ᠰᠡᠨ ᠢᠨᠠᠭ ᠬᠠᠢ᠌ᠷ᠎ᠠ ᠶᠢᠨ ᠱᠠᠯᠳᠠᠩ ᠳᠤᠮᠤᠭ ᠶᠢᠡᠨ ᠪᠢᠳᠠ ᠶᠤᠰᠤ ᠵᠠᠩᠰᠢᠯ ᠤᠨ ᠠᠷᠢᠭᠤᠨ ᠨᠢᠳᠤ ᠪᠠᠷ ᠨᠠᠠᠳᠢᠩᠨᠠᠨ ᠦᠵᠡᠵᠤ ᠬᠦᠬᠡᠬᠤᠲᠠ ᠶᠢᠨ ᠵᠡᠭᠡᠯᠢ ᠭᠤᠳᠤᠮᠵᠢ ᠪᠠᠷ ᠪᠦᠮᠪᠦᠷᠢᠭ᠍ᠰᠡᠨ ᠮᠥᠷᠦᠭᠡᠳᠦᠯ ᠤᠨ ᠰᠢᠷᠭᠠᠯ ᠡᠳᠦᠷ ᠤᠳ ᠶᠢᠡᠨ ᠳᠤᠷᠠᠤᠠᠬᠠᠯ ᠤᠨ ᠭᠦᠷᠦᠰᠤᠨ ᠳᠤ ᠳᠠᠷᠢᠭᠠᠤᠨ ᠠᠮᠢᠳᠤᠷᠠᠯ ᠬᠠᠢ᠌ᠷ᠎ᠠ ᠶᠢᠨ ᠰᠢᠨ᠎ᠠ ᠨᠢᠭᠡᠨ ᠠᠭᠤᠯᠭ᠎ᠠ ᠪᠠᠷ ᠢᠳᠡᠭᠡᠯ ᠭᠦᠰᠡᠯ ᠶᠢᠡᠨ ᠮᠢᠯᠢᠶᠠᠵᠤ ᠢᠷᠠᠯ᠎ᠠ᠃

《ᠪᠣᠴᠠᠭᠠᠭᠠᠤᠨ ᠰᠠᠤᠠᠭᠢᠯ ᠳᠦᠪᠳᠡᠭᠦ ᠦᠭᠡᠶ ᠪᠦᠯᠢᠶᠡᠨ ᠬᠠᠢ᠌ᠷ᠎ᠠ ᠶᠢᠨ ᠭᠠᠯ ᠳᠤ ᠰᠢᠳᠠᠵᠤ ᠮᠠᠨ ᠤ ᠭᠦᠮᠤᠨ ᠪᠠᠷᠤᠭ ᠪᠦᠳᠤᠨ ᠡᠳᠦᠷ ᠤᠨ ᠪᠣᠳᠤᠯ ᠳᠠᠭᠤᠭᠰᠠᠨ ᠪᠠᠢ᠌ᠬ᠎ᠠ》 ᠭᠡᠰᠡᠨ ᠣᠯᠠᠨ ᠤ ᠢᠨᠢᠶᠠᠳᠤᠨ ᠳᠤ ᠪᠢ ᠰᠡᠭᠡᠰᠭᠢᠯ᠎ᠡ᠃

ᠨᠡᠭᠡᠭᠡᠯᠳᠡ ᠲᠡᠶ ᠴᠤᠩᠬᠤ ᠪᠠᠷ ᠰᠡᠷᠢᠭᠦᠨ ᠴᠠᠭᠠᠨ ᠵᠢᠪᠠᠷ ᠰᠠᠩᠭᠢᠨᠠᠨ ᠢᠰᠭᠡᠷᠴᠤ ᠭᠠᠩ ᠳᠠᠢ᠌ᠯᠵᠤ ᠭᠠᠵᠠᠷ ᠨᠤᠳᠤᠭ ᠣᠰᠤᠯᠠᠭᠰᠠᠨ ᠵᠤᠨ ᠤ ᠰᠡᠭᠦᠯᠴᠢ ᠶᠢᠨ ᠠᠵᠢᠷᠭᠠᠨ ᠪᠣᠷᠤᠭᠠᠨ ᠵᠤᠭᠰᠤᠭᠠᠤᠨ ᠣᠷᠤᠢ ᠶᠢᠨ ᠰᠡᠯᠡᠭᠦᠨ ᠭᠡᠳᠥᠢᠨ ᠰᠠᠭᠠᠳᠠᠭᠰᠠᠨ ᠪᠠᠢ᠌ᠯ᠎ᠠ᠃

ᠳᠤᠷᠠᠰᠤᠯ ᠤᠨ ᠨᠤᠭᠤᠭᠠᠨ ᠨᠠᠪᠴᠢᠰ ᠳᠡᠭᠦᠨ ᠡᠷᠭᠢᠴᠡᠭᠦᠯᠦᠯ ᠤᠨ ᠨᠠᠷᠢᠬᠠᠨ ᠵᠥᠷᠢᠭ᠌ ᠶᠢᠡᠷ ᠳᠠᠨᠤᠨ ᠭᠡᠯᠳᠦᠷᠢᠭ᠍ᠰᠡᠭᠡᠷ ᠨᠢᠭᠡ ᠡᠳᠦᠷ ᠢ ᠪᠠᠷᠠᠵᠤ᠂ ᠬᠠᠮᠳᠤ ᠨᠥᠭᠦᠤᠨ ᠤᠨ ᠪᠣᠴᠠᠵᠤ ᠢᠷᠡᠭ᠍ᠰᠡᠨ ᠢ ᠴᠤ ᠣᠪᠠᠢ᠌ᠯᠠᠭᠰᠠᠨ ᠦᠭᠡᠶ ᠳᠡᠭᠡᠨ ᠵᠢᠭᠠᠬᠠᠨ ᠢᠴᠢᠩᠭᠦᠷᠡᠵᠤ ᠣᠷᠤᠨ ᠡᠴᠡ ᠪᠠᠨ ᠰᠤᠭᠤᠷᠠᠨ ᠪᠣᠰᠤᠭᠠᠤᠨ ᠨᠢᠭᠤᠷ ᠭᠠᠷ ᠶᠢᠡᠨ ᠣᠭᠢᠶᠠᠵᠤ ᠬᠤᠭᠤᠯᠠᠨ ᠳᠤ ᠶᠠᠪᠣᠬᠤ ᠪᠠᠷ ᠪᠡᠯᠡᠳᠭᠡᠯ᠎ᠡ᠃ ᠣᠳᠤ ᠭᠡᠳᠤᠨ ᠡᠳᠦᠷ ᠥᠩᠭᠡᠷᠡᠪᠠᠯ᠂ ᠭᠡᠷ ᠲᠡᠭᠡᠨ ᠭᠦᠷᠴᠤ ᠪᠦᠰᠡᠭᠦᠢ ᠶᠢᠨ ᠶᠢᠡᠨ ᠭᠠᠷ ᠡᠴᠡ ᠪᠦᠯᠢᠶᠡᠨ ᠪᠣᠳᠠᠭ᠎ᠠ ᠳᠤᠰᠤᠨ᠎ᠠ ᠭᠡᠳᠡᠭ᠌ ᠰᠠᠢ᠌ᠬᠠᠨ ᠪᠣᠳᠤᠯ ᠬᠠᠷᠪᠣᠭᠰᠠᠨ ᠴᠤ ᠪᠠᠶᠠᠷᠯᠠᠬᠤ ᠰᠠᠨᠠᠭ᠎ᠠ ᠨᠠᠳᠠ ᠣᠷᠤᠭᠰᠠᠨ ᠦᠭᠡᠶ᠂ ᠮᠥᠩᠭᠦᠨ ᠡ᠊ᠨᠳᠡ ᠪᠠᠨ ᠦᠯᠠᠳᠠᠵᠤ ᠥᠷᠭᠦᠯᠵᠢᠯᠡᠨ ᠰᠤᠷᠬᠤ ᠰᠠᠨᠠᠭ᠎ᠠ ᠲᠡᠶ᠃ ᠨᠠᠰᠤ ᠵᠠᠯᠠᠭᠤ ᠴᠢᠰᠤ ᠰᠢᠩᠭᠡᠨ ᠭᠡᠦᠭᠡᠨ ᠤ ᠬᠤᠵᠢᠮ ᠮᠠᠷᠭᠠᠰᠢ ᠶᠢᠨ ᠵᠠᠮ ᠪᠠᠰᠠ ᠣᠷᠳᠤ ᠪᠠᠢ᠌ᠭᠰᠠᠭᠠᠷ᠁ ᠵᠠᠯᠠᠭᠤ ᠬᠠᠯᠠᠭᠤᠨ ᠨᠠᠰᠤᠨ ᠳᠠᠭᠠᠨ ᠡᠷᠳᠡᠮ ᠰᠤᠶᠤᠯ ᠤᠨ ᠬᠠᠷᠭᠤᠢ ᠪᠠᠷ ᠭᠦᠰᠡᠯ ᠢᠳᠡᠭᠡᠯ ᠶᠢᠡᠨ ᠰᠤᠩᠭ᠋ᠤᠵᠤ ᠶᠠᠪᠣᠬᠤ ᠭᠡᠭ᠍ᠴᠢ ᠰᠠᠢ᠌ᠬᠠᠨ ᠶᠤᠮ᠃

ᠮᠥᠩᠭᠦᠨ ᠭᠠᠳᠤᠷ᠎ᠠ ᠶᠢᠨ ᠢᠷᠤᠭᠠᠷ ᠰᠢᠭ ᠳᠦᠭᠦᠷᠢᠭ᠌ ᠰᠠᠷᠠ ᠦᠨᠳᠠᠢ᠌ᠨ ᠣᠷᠭᠤᠭᠰᠠᠨ ᠰᠠᠷᠠᠭᠤᠯ ᠭᠡᠭᠡᠨ ᠦᠳᠡᠰᠢ ᠢᠷᠡᠭᠦᠯᠡᠷ ᠪᠢ ᠭᠦᠡᠳᠤ ᠪᠣᠳᠤᠯ ᠳᠠᠭᠠᠨ ᠳᠠᠷᠤᠭᠳᠠᠨ ᠮᠥᠩᠭᠦᠨ ᠲᠡᠶ ᠥᠷᠭᠦᠯᠵᠢ ᠪᠣᠯᠵᠤᠨ ᠵᠤᠯᠭᠠᠳᠠᠭ ᠪᠠᠢ᠌ᠭᠰᠠᠨ ᠰᠤᠷᠭᠠᠭᠤᠯᠢ ᠶᠢᠨ ᠭᠦᠷᠢᠶᠡᠨ ᠤ ᠵᠡᠭᠦᠨ ᠡᠭᠦᠳᠡᠨ ᠳ᠋ᠠᠭᠢ ᠵᠢᠵᠢᠭ᠌ ᠴᠡᠴᠡᠷᠯᠢᠭ᠌ ᠲᠤ ᠣᠴᠢᠯ᠎ᠠ᠃ ᠨᠠᠮᠢ᠋ᠢ ᠭᠦᠷᠭᠦ ᠳᠤ ᠮᠥᠩᠭᠦᠨ᠂ ᠮᠤᠳᠤᠳ ᠤᠨ ᠮᠦᠴᠢᠷ ᠳᠡᠭᠡᠭᠦᠷ ᠭᠢᠯᠠᠯᠵᠠᠨ ᠪᠦᠮᠪᠦᠷᠢᠭᠦ ᠪᠣᠷᠤᠭᠠᠨ ᠤ ᠮᠥᠩᠭᠦᠨ ᠳᠤᠰᠤᠯ ᠤᠳ ᠢ ᠭᠠᠢ᠌ᠬᠠᠨ ᠰᠢᠷᠳᠠᠵᠤ ᠪᠠᠢ᠌ᠯ᠎ᠠ᠃

ᠪᠢ ᠰᠢᠭᠤᠳ ᠳᠡᠷᠭᠡᠳᠡ ᠨᠢ ᠭᠦᠷᠦᠭᠡᠤᠨ᠄

— ᠣᠷᠣᠢ᠌ᠳᠠᠵᠤ ᠪᠠᠭᠤᠭᠰᠠᠨ ᠡᠨᠡ ᠵᠢᠯ ᠤᠨ ᠪᠣᠷᠤᠭᠠᠨ ᠡᠪᠠᠰᠤ ᠪᠠᠯᠴᠢᠭᠡᠷ ᠤᠨ ᠭᠠᠩ ᠳᠠᠢ᠌ᠯᠤᠵᠤ ᠨᠤᠭᠤᠰᠤ ᠰᠢᠪᠠᠭᠤᠨ ᠤ ᠳᠤᠭᠤᠰᠤ ᠶᠢ ᠭᠦᠪᠢᠯ᠎ᠡ᠃ ᠭᠡᠪᠠᠴᠤ ᠴᠠᠭ ᠡᠴᠡ ᠪᠠᠨ ᠣᠷᠣᠢ᠌ᠳᠠᠭᠰᠠᠨ ᠴᠠᠭᠠᠨ ᠰᠠᠷᠠᠨ ᠤ ᠳᠤᠤᠷᠠᠭᠢ ᠡᠨᠡ ᠪᠣᠯᠵᠤᠭ᠎ᠠ ᠰᠠᠨᠠᠭ᠎ᠠ ᠰᠠᠤᠠᠭᠢᠯ ᠳᠤ ᠳᠤᠨᠤᠭᠰᠠᠨ ᠬᠠᠢ᠌ᠷ᠎ᠠ ᠶᠢᠨ ᠭᠬᠢᠷ ᠢ ᠠᠷᠢᠯᠭᠠᠵᠤ ᠴᠢᠳᠠᠳᠠᠭ ᠪᠣᠯᠪᠠᠤ ᠭᠡᠤᠨ ᠭᠦᠨ ᠰᠡᠭᠦᠷᠡᠰᠤ ᠠᠯᠳᠠᠪᠠ᠃

— ᠴᠢᠳᠠᠨ᠎ᠠ᠂ ᠬᠤᠷ᠎ᠠ ᠣᠰᠤᠨ ᠳᠠᠭᠠᠨ ᠣᠭᠢᠶᠠᠭᠳᠠᠨ ᠬᠤᠷᠸ᠎ᠠ ᠳᠡᠯᠡᠭᠡᠢ ᠰᠢᠨᠡᠳᠳᠡᠭ᠌ ᠪᠣᠯ ᠬᠤᠩᠭ᠋ᠤᠷ ᠰᠠᠤᠠᠭᠢᠯ ᠶᠢᠡᠷ ᠬᠠᠢ᠌ᠯᠤᠨ ᠣᠶᠠᠷᠠᠵᠤ ᠬᠤᠷᠠᠭ ᠤᠨ ᠵᠠᠯᠠᠭᠤᠰ ᠬᠠᠢ᠌ᠷ᠎ᠠ ᠪᠠᠷ ᠳᠦᠰᠢᠯᠴᠠᠵᠤ ᠶᠠᠪᠣᠬᠤ ᠵᠠᠶᠠᠭ᠎ᠠ ᠲᠡᠶ ᠪᠠᠢ᠌ᠬᠤ ᠡ ᠭᠡᠤᠨ ᠮᠥᠩᠭᠦᠨ ᠢᠳᠡᠭᠡᠯ ᠲᠡᠶ ᠶᠠᠷᠢᠯ᠎ᠠ᠃

— ᠳᠠᠢ᠌ᠮᠤ ᠡ᠂ ᠢᠳᠡᠭᠡᠯ ᠬᠠᠢ᠌ᠷ᠎ᠠ ᠪᠠᠷ ᠶᠢᠡᠨ ᠳᠦᠰᠢᠯᠴᠡᠭᠦ ᠠᠮᠢᠳᠤᠷᠠᠯ ᠤᠨ ᠬᠠᠳᠠᠭᠤ ᠬᠠᠤᠯᠢ ᠡᠴᠡ ᠳᠡᠷᠰᠯᠡᠭᠦ ᠶᠢᠨ ᠠᠷᠭ᠎ᠠ ᠦᠭᠡᠶ᠂ ᠬᠦᠬᠡᠬᠤᠲᠠ ᠳᠤ ᠰᠤᠷᠤᠯᠴᠠᠭᠰᠠᠨ ᠡᠨᠡ ᠭᠦ ᠣᠬᠤᠷᠬᠠᠨ ᠬᠤᠭᠤᠴᠠᠭᠠᠨ ᠳᠤ ᠡᠭᠦᠷᠦᠭᠡᠤᠨ ᠪᠣᠴᠠᠮᠠᠷ ᠡᠷᠳᠡᠮ ᠰᠤᠷᠤᠭᠰᠠᠨ ᠦᠭᠡᠶ ᠴᠤ ᠭᠦᠮᠤᠨ ᠪᠣᠯᠬᠤ ᠶᠢᠨ ᠣᠴᠢᠷ ᠶᠤᠰᠤᠨ ᠡᠴᠡ ᠶᠠᠭᠤ ᠨᠢᠭᠡ ᠶᠢ ᠣᠬᠠᠭᠠᠷᠠᠯ᠎ᠠ᠃ ᠡᠨᠡ ᠨᠢ ᠨᠠᠳᠠ ᠳᠠᠭᠠᠨ ᠭᠠᠷ ᠳᠤᠰᠤ ᠲᠡᠶ ᠭᠠᠠᠵᠤᠭ᠎ᠠ ᠴᠢᠰᠤ ᠲᠡᠶ ᠭᠡᠰᠡᠨ ᠥᠭᠡ᠃ ᠭᠡᠪᠠᠴᠤ ᠡ᠊ᠨᠳᠡ ᠴᠢᠮ᠎ᠠ ᠶᠢ ᠭᠠᠭᠴᠠᠭᠠᠷ ᠢ ᠣᠷᠭᠢᠭᠠᠤᠨ ᠬᠠᠷᠢᠬᠤ ᠳᠤ ᠰᠠᠨᠠᠭ᠎ᠠ ᠳᠤᠮᠳᠠᠭᠤᠷ ᠪᠠᠢ᠌ᠨ᠎ᠠ ᠭᠡᠯ᠎ᠡ᠃

— ᠬᠠᠢ᠌ᠷᠠᠳᠤ ᠠᠬ᠎ᠠ ᠮᠢᠨᠢ ᠳᠠᠨ ᠤ ᠰᠠᠢ᠌ᠬᠠᠨ ᠰᠠᠨᠠᠭᠠᠨ ᠳᠤ ᠳᠠᠯᠠᠷᠬᠠᠵᠤ ᠪᠠᠢ᠌ᠨ᠎ᠠ᠂ ᠮᠢᠨᠤ ᠳᠦᠯᠦᠭᠡ ᠵᠤᠪᠠᠯᠭᠠᠨ ᠦᠭᠡᠶ᠂ ᠠᠩᠬ᠎ᠠ ᠢᠷᠡᠭ᠍ᠰᠡᠨ ᠢ ᠪᠣᠳᠤᠪᠠᠯ ᠪᠢ ᠪᠦᠷ ᠳᠠᠰᠴᠢᠬᠠᠵᠠᠢ᠃ ᠬᠦᠬᠡᠬᠤᠲᠠ ᠳᠤ ᠰᠤᠷᠤᠯᠴᠠᠭᠰᠠᠨ ᠡᠳᠦᠷ ᠤᠳ ᠲᠤ ᠪᠢ ᠳᠠᠨ ᠤ ᠪᠠᠶ᠎ᠠ ᠳᠡᠭᠡᠷ᠎ᠡ ᠡᠴᠡ ᠨᠠᠰᠤ ᠪᠠᠷ ᠪᠠᠨ ᠣᠯᠵᠤ ᠰᠤᠷᠬᠤ ᠦᠭᠡᠶ ᠭᠦᠮᠤᠨ ᠤ ᠠᠮᠢᠳᠤᠷᠠᠯ ᠤᠨ ᠵᠤᠵᠠᠭᠠᠨ ᠨᠤᠮ ᠢ ᠣᠩᠰᠢᠵᠤ ᠣᠢ᠌ᠯᠭᠠᠯ᠎ᠠ᠃ ᠦᠪᠡᠷ ᠤᠨ ᠬᠠᠨᠢ ᠨᠥᠭᠦᠷ ᠶᠢᠡᠨ ᠰᠢᠭ᠌ ᠭᠦᠡᠳᠦᠦᠡᠭᠡᠨ ᠬᠠᠢ᠌ᠷᠠᠯᠠᠵᠤ ᠬᠠᠷᠠᠭᠠᠯᠵᠠᠨ ᠬᠠᠪᠰᠤᠷᠤᠭᠰᠠᠨ ᠥᠭ᠍‍ᠭᠢᠶᠡᠮᠦᠷ ᠵᠤᠵᠠᠭᠠᠨ ᠬᠠᠢ᠌ᠷ᠎ᠠ ᠡᠨᠡᠷᠢᠯ ᠢ ᠳᠠᠨᠢ ᠮᠠᠷᠳᠠᠬᠤ ᠶᠤᠰᠤ ᠦᠭᠡᠶ᠃ ᠪᠦᠰᠡᠭᠦᠢ ᠲᠡᠶ ᠪᠠᠢ᠌ᠭᠰᠠᠨ ᠴᠤ ᠪᠣᠯᠤᠭ ᠪᠢ ᠳᠠᠨ ᠢ ᠥᠷᠭᠦᠯᠵᠢᠯᠡᠨ ᠰᠡᠮᠡᠭᠡᠷᠭᠡᠨ ᠬᠠᠢ᠌ᠷᠠᠯᠠᠵᠤ ᠰᠠᠤᠠᠭᠢᠯ ᠳᠡᠭᠡᠨ ᠰᠠᠨᠠᠵᠤ ᠶᠠᠪᠣᠬᠤ ᠳᠠᠭᠠᠨ ᠵᠢᠭᠠᠬᠠᠨ ᠴᠤ ᠭᠤᠮᠤᠳᠠᠵᠤ ᠭᠤᠳᠤᠷᠠᠬᠤ ᠶᠤᠰᠤ ᠦᠭᠡᠶ᠂ ᠣᠴᠢᠷ ᠨᠢ ᠬᠠᠢ᠌ᠷ᠎ᠠ ᠳᠤᠷᠠᠯᠠᠯ ᠪᠦᠭᠦᠨ ᠵᠥᠪᠭᠡᠨ ᠬᠠᠮᠳᠤ ᠠᠮᠢᠳᠤᠷᠠᠬᠤ ᠶᠢᠨ ᠳᠦᠯᠦᠭᠡ ᠵᠢᠮᠢᠰᠯᠠᠨ ᠥᠷᠡᠯᠡᠭᠦ ᠪᠢᠰᠢ ᠭᠡᠵᠤ ᠳᠠ ᠭᠡᠯᠡᠭ᠍ᠰᠡᠨ ᠪᠢᠰᠢᠤ︖ ᠰᠢᠨ᠎ᠠ ᠵᠠᠭᠤᠨ ᠳᠤ ᠬᠠᠢ᠌ᠷ᠎ᠠ ᠳᠤᠷᠠᠯᠠᠯ ᠤᠨ ᠳᠤᠬᠠᠢ ᠬᠠᠮᠤᠭ ᠤᠨ ᠰᠢᠨ᠎ᠠ ᠰᠡᠪᠠᠭᠦᠨ ᠦᠵᠡᠯᠳᠠ ᠳᠠᠨ ᠤ ᠡᠨᠡ ᠥᠭᠡ ᠪᠣᠯᠵᠤ ᠮᠡᠳᠡᠭᠦ ᠶᠤᠮ ᠭᠡᠤᠨ ᠮᠥᠩᠭᠦᠨ ᠵᠥᠭᠡᠯᠡᠨ ᠢᠨᠢᠶᠠᠯ᠎ᠠ᠃ ᠮᠥᠩᠭᠦᠨ ᠤ ᠢᠨᠢᠶᠠᠳᠤ ᠨᠠᠳᠠ ᠳᠤ ᠬᠠᠷᠢᠨ ᠣᠭᠢᠯᠠᠭᠰᠠᠨ ᠡᠴᠡ ᠴᠠᠰᠢ ᠰᠠᠨᠠᠭᠳᠠᠵᠤ᠂ ᠮᠠᠳᠠᠷᠠᠯ ᠰᠤᠳᠠᠯ ᠪᠦᠭᠦᠨ ᠶᠢᠡᠷ ᠨᠢᠭᠡ ᠵᠣᠢ᠌ᠯ ᠤᠨ ᠭᠦᠢᠳᠡᠨ ᠣᠷᠤᠰᠬᠠᠯ ᠱᠤᠤᠭᠢᠨ ᠥᠩᠭᠡᠷᠡᠭᠦ ᠰᠢᠭ᠌ ᠪᠣᠯᠬᠤ ᠳᠤ ᠪᠢ ᠦᠪᠡᠷ ᠤᠨ ᠡᠷᠭᠡ ᠦᠭᠡᠶ ᠬᠤᠶᠠᠷ ᠭᠠᠷ ᠶᠢᠡᠨ ᠳᠡᠭᠦᠨ ᠤ ᠡᠭᠡᠮ ᠳᠡᠭᠡᠷ᠎ᠡ ᠰᠤᠯᠠᠬᠠᠨ ᠳᠠᠯᠪᠢᠭᠠᠤᠨ᠄

— ᠡᠷ᠎ᠡ ᠭᠦᠮᠤᠨ ᠡᠴᠡ ᠴᠤ ᠳᠤᠳᠠᠬᠤ ᠦᠭᠡᠶ ᠥᠷᠭᠡᠨ ᠠᠭᠤᠳᠠᠮ ᠣᠬᠠᠭᠠᠨ ᠪᠣᠳᠤᠯ ᠢ ᠴᠢᠨᠢ ᠪᠢ ᠪᠢᠰᠢᠷᠠᠨ᠎ᠠ᠃ ᠵᠠᠯᠠᠭᠤ ᠨᠠᠰᠤᠨ ᠤ ᠪᠠᠨ ᠵᠠᠮ ᠤᠨ ᠬᠠᠭᠠᠰ ᠲᠤ ᠵᠠᠶᠠᠭ᠎ᠠ ᠳᠠᠭᠠᠷᠠᠵᠤ ᠢᠷᠦᠭᠡᠯ ᠨᠡᠢ᠌ᠯᠡᠭᠡᠤᠨ ᠠᠰᠪᠣᠷ ᠴᠠᠢ᠌ᠯᠭᠠᠨ ᠵᠠᠩ ᠲᠡᠶ ᠠᠷᠢᠭᠤᠨ ᠭᠡᠦᠭᠡᠨ ᠤ ᠠᠩᠬᠠᠨ ᠤ ᠬᠠᠢ᠌ᠷ᠎ᠠ ᠶᠢ ᠭᠦᠷᠳᠡᠵᠤ ᠶᠠᠪᠣᠭᠰᠠᠨ ᠴᠠᠭ ᠮᠦᠴᠡ ᠪᠠᠨ ᠠᠮᠢ ᠨᠠᠰᠤᠨ ᠤ ᠪᠠᠨ ᠨᠢᠭᠡ ᠭᠡᠰᠡᠭ᠌ ᠪᠣᠯᠭᠠᠨ ᠨᠠᠠᠳᠢᠩᠨᠠᠨ ᠰᠠᠨᠠᠵᠤ ᠶᠠᠪᠣᠬᠤ ᠶᠤᠮ᠃ ᠨᠢᠭᠡ ᠭᠦᠮᠤᠨ ᠳᠤ ᠦᠨᠡᠨ ᠰᠠᠤᠠᠭᠢᠯ ᠶᠢᠡᠷ ᠬᠠᠢ᠌ᠷᠠᠯᠠᠭᠳᠠᠵᠤ ᠶᠠᠪᠣᠬᠤ ᠰᠢᠭ ᠵᠤᠯ ᠵᠢᠷᠭᠠᠯ ᠬᠤᠷᠸ᠎ᠠ ᠳᠤ ᠥᠭᠡᠷ᠎ᠡ ᠪᠠᠢ᠌ᠬᠤ ᠦᠭᠡᠶ ᠶᠤᠮ᠃ ᠠᠷᠴᠢᠭᠰᠠᠨ ᠰᠢᠯ ᠰᠢᠭ ᠠᠷᠢᠭᠤᠨ ᠰᠠᠤᠠᠭᠢᠯ ᠲᠡᠶ ᠬᠠᠢ᠌ᠷᠠᠳᠤ ᠳᠡᠭᠦᠤ ᠴᠢᠨᠤ ᠬᠤᠵᠢᠮ ᠮᠠᠷᠭᠠᠰᠢ ᠶᠢᠨ ᠠᠮᠢᠳᠤᠷᠠᠯ ᠤᠨ ᠰᠠᠢ᠌ᠨ ᠰᠠᠢ᠌ᠬᠠᠨ ᠢ ᠡᠯᠢᠭᠡ ᠵᠢᠷᠦᠭᠡ ᠪᠠᠷ ᠶᠢᠡᠨ ᠢᠷᠦᠭᠡᠨ ᠪᠠᠯᠭᠡᠯᠡᠵᠤ ᠶᠠᠪᠣᠬᠤ ᠶᠤᠮ ᠭᠡᠤᠨ ᠳᠤᠭᠳᠤᠯᠤᠨ ᠶᠠᠷᠢᠯ᠎ᠠ᠃

ᠬᠤᠤᠰ ᠬᠠᠷ᠎ᠠ ᠨᠢᠳᠤᠨ ᠳᠡᠭᠡᠨ ᠨᠢᠯᠪᠣᠰᠤ ᠴᠠᠯᠭᠢᠯᠠᠭᠤᠯᠤᠭᠰᠠᠨ ᠮᠥᠩᠭᠦᠨ ᠳᠤᠯᠤᠭᠠᠢ ᠪᠠᠨ ᠮᠢᠨᠤ ᠴᠡᠭᠡᠵᠢᠨ ᠳᠤ ᠡᠪᠳᠡᠢ᠌ᠭᠡᠨ ᠨᠠᠭᠠᠵᠤ᠄

— ᠳᠠ ᠨᠤᠳᠤᠭ ᠲᠠᠭᠠᠨ ᠬᠠᠷᠢᠭᠠᠤᠨ ᠪᠢᠴᠢᠭ᠍ᠰᠡᠨ ᠰᠢᠯᠦᠭ᠌ ᠡᠴᠡ ᠪᠠᠨ ᠨᠠᠳᠠ ᠶᠠᠪᠣᠭᠤᠯᠬᠤ ᠪᠠᠨ ᠪᠣᠤ ᠮᠠᠷᠳᠠᠭᠠᠷᠠᠢ︕ ᠨᠢᠳᠤᠨᠤᠨ ᠪᠢ ᠡᠪᠠᠦᠡᠴᠢᠯᠡᠭᠡᠤᠨ ᠳᠠᠨ ᠤ 《ᠰᠢᠯᠦᠭ᠌ ᠤᠨ ᠳᠡᠭᠦᠪᠦᠷᠢ》 ᠭᠠᠷᠭᠠᠬᠤ ᠭᠡᠵᠤ ᠪᠠᠢ᠌ᠭᠰᠠᠨ ᠵᠤᠭᠤᠰ ᠢ ᠵᠠᠷᠤᠴᠢᠬᠠᠯ᠎ᠠ᠂ ᠦᠭᠡᠶ ᠪᠣᠯ ᠡᠳᠦᠢ ᠳᠤ ᠳᠠᠨ ᠤ 《ᠰᠢᠯᠦᠭ᠌ ᠤᠨ ᠳᠡᠭᠦᠪᠦᠷᠢ》 ᠭᠡᠪᠯᠡᠭ᠍ᠳᠡᠵᠤ ᠣᠩᠰᠢᠭᠴᠢᠳ ᠲᠡᠶ ᠪᠠᠨ ᠵᠤᠯᠭᠠᠭᠰᠠᠨ ᠪᠠᠢ᠌ᠬᠤ ᠦᠭᠡᠶ ᠦᠦ︖ ᠪᠢ ᠶᠠᠷᠤ ᠨᠢ ᠳᠠᠨ ᠳᠤ ᠰᠠᠤᠠᠭᠢᠯ ᠮᠥᠩᠭᠦᠨ ᠤ ᠳᠠᠪᠬᠤᠷ ᠦᠷᠢ ᠲᠡᠶ ᠭᠦᠮᠤᠨ ᠳ᠋ᠠ ᠭᠡᠵᠤ ᠭᠦᠨ ᠬᠠᠷᠠᠮᠰᠠᠯ ᠲᠡᠶ ᠭᠡᠯᠡᠯ᠎ᠡ᠃

ᠭᠦᠳᠡᠭᠡ ᠭᠠᠵᠠᠷ ᠤᠨ ᠠᠭᠠᠷ ᠢ ᠭᠦᠡᠳᠡᠢ ᠴᠡᠭᠡᠵᠢ ᠪᠠᠷ ᠠᠮᠢᠰᠬᠤᠬᠤ ᠰᠢᠭ ᠭᠡᠦᠭᠡᠨ ᠭᠦᠮᠤᠨ ᠤ ᠰᠠᠢ᠌ᠬᠠᠨ ᠦᠨᠦᠷ ᠢ ᠵᠥᠭᠡᠯᠡᠨ ᠬᠠᠷ᠎ᠠ ᠭᠡᠵᠢᠭᠡᠨ ᠡᠴᠡ ᠨᠢ ᠳᠡᠭᠡᠵᠢᠯᠡᠵᠤ ᠵᠤᠭᠰᠤᠭᠰᠠᠨ ᠪᠢ᠄

— ᠴᠢ ᠭᠡᠷᠪᠡ ᠦᠨᠡᠨ ᠰᠠᠤᠠᠭᠢᠯ ᠶᠢᠡᠷ ᠨᠠᠳᠠ ᠶᠢ ᠬᠠᠢ᠌ᠷᠠᠯᠠᠵᠤ ᠪᠢᠰᠢᠷᠡᠳᠡᠭ᠌ ᠪᠣᠯ ᠭᠡᠷᠡᠭ᠌ ᠦᠭᠡᠶ ᠶᠠᠭᠤᠮᠠᠨ ᠤ ᠳᠦᠯᠦᠭᠡ ᠵᠤᠪᠠᠯᠭᠠᠨ ᠦᠭᠡᠶ᠂ ᠵᠤᠭᠤᠰ ᠮᠥᠩᠭᠦ ᠭᠡᠳᠡᠭ᠌ ᠴᠢᠨᠢ ᠵᠢᠷᠦᠭᠡ ᠰᠠᠤᠠᠭᠢᠯ ᠲᠡᠶ ᠠᠳᠠᠯᠢ ᠦᠭᠡᠶ ᠰᠢᠤ᠃ ᠵᠤᠭᠤᠰ ᠮᠥᠩᠭᠦ ᠶᠢ ᠳᠠᠭᠢᠭᠠᠤᠨ ᠣᠯᠵᠤ ᠪᠣᠯᠤᠨ᠎ᠠ᠃ ᠭᠡᠳᠡᠯ᠎ᠡ ᠭᠡᠭᠡᠵᠤ ᠠᠯᠳᠠᠭᠰᠠᠨ ᠵᠢᠷᠦᠭᠡ ᠰᠠᠤᠠᠭᠢᠯ ᠭᠡᠭ᠍ᠴᠢ ᠶᠢ ᠣᠯᠬᠤ ᠳᠤ ᠬᠠᠷᠢᠨ ᠭᠢᠯᠪᠠᠷ ᠪᠢᠰᠢ ᠶᠤᠮ᠃ ᠴᠢ ᠨᠠᠳᠠ ᠮᠥᠩᠭᠦᠨ ᠤ ᠦᠷᠢ ᠲᠡᠶ᠂ ᠪᠢ ᠴᠢᠮᠠᠳᠤ ᠬᠠᠢ᠌ᠷ᠎ᠠ ᠶᠢᠨ ᠦᠷᠢ ᠲᠡᠶ᠂ ᠴᠢᠮᠠᠳᠤ ᠳᠠᠯᠪᠢᠭᠰᠠᠨ ᠬᠠᠢ᠌ᠷ᠎ᠠ ᠶᠢᠨ ᠦᠷᠢ ᠶᠢᠨ ᠶᠢᠡᠨ ᠬᠠᠭᠠᠰ ᠢ ᠪᠣᠯᠪᠠᠴᠤ ᠪᠦᠭᠯᠡᠭᠦ ᠭᠡᠵᠤ ᠪᠢ 《ᠰᠢᠯᠦᠭ᠌ ᠤᠨ ᠳᠡᠭᠦᠪᠦᠷᠢ》 ᠪᠠᠨ ᠵᠠᠪᠠᠯ ᠭᠠᠷᠭᠠᠬᠤ ᠶᠤᠮ᠃ ᠴᠢ ᠦᠵᠡᠵᠤ ᠪᠠᠢ ᠭᠡᠤᠨ ᠢᠳᠡᠭᠡᠯ ᠲᠡᠶ ᠭᠡᠯᠡᠵᠡᠢ᠃

ᠡᠭᠢ ᠠᠳᠠᠭ ᠦᠭᠡᠶ ᠢᠪᠢᠯᠤᠨ ᠣᠠᠳᠤᠷᠬᠤ ᠬᠠᠢ᠌ᠷ᠎ᠠ ᠰᠠᠤᠠᠭᠢᠯ ᠤᠨ ᠥᠭᠡᠰ ᠡᠴᠡ ᠪᠣᠯᠤᠭᠠᠤᠨ ᠭᠡᠳᠦᠢ ᠣᠷᠳᠤ ᠴᠠᠭ ᠮᠦᠴᠡ ᠶᠢ ᠡᠯᠡᠭᠡᠵᠤ ᠵᠤᠭᠰᠤᠭᠰᠠᠨ ᠢ ᠪᠣᠤ ᠮᠠᠳᠠ᠃ ᠠᠯᠢᠮᠠᠨ ᠴᠠᠭᠠᠨ ᠰᠠᠷᠠ ᠳᠤᠯᠤᠭᠠᠢ ᠳᠡᠭᠡᠷ᠎ᠡ ᠭᠡᠷᠡᠯᠳᠦᠵᠤ ᠰᠦᠨᠢ ᠶᠢᠨ ᠭᠦᠢᠳᠡᠨ ᠵᠢᠪᠠᠷ ᠬᠠᠴᠠᠷ ᠨᠢᠭᠤᠷ ᠢ ᠭᠤᠶᠠᠳᠠᠨ ᠥᠯᠢᠶᠡᠭᠦᠯᠡᠷ ᠰᠠ‍‌ᠶᠢ ᠲᠤᠩ ᠣᠷᠣᠢ᠌ᠳᠠᠭᠰᠠᠨ ᠶᠢᠡᠨ ᠮᠠᠳᠠᠯ᠎ᠠ᠃ ᠭᠡᠴᠢᠨᠡᠨ ᠣᠳᠠᠭᠠᠨ ᠭᠡᠯᠡᠯᠴᠡᠵᠤ ᠵᠤᠭᠰᠤᠭᠰᠠᠨ ᠴᠤ ᠥᠵᠦᠭᠦᠷ ᠳᠡᠭᠦᠰᠭᠡᠯ ᠨᠢ ᠭᠠᠷᠬᠤ ᠦᠭᠡᠶ ᠣᠷᠣᠢ᠌ᠳᠠᠭᠰᠠᠨ ᠬᠠᠢ᠌ᠷ᠎ᠠ ᠶᠢᠨ ᠪᠣᠯᠵᠤᠭ᠎ᠠ ᠪᠠᠨ ᠪᠢᠳᠠ ᠥᠡᠳᠦᠷᠯᠡᠭᠦ ᠪᠣᠯᠤᠯ᠎ᠠ᠃ ᠪᠣᠴᠠᠬᠤ ᠪᠣᠯᠬᠤ ᠳᠤ ᠴᠠᠭᠠᠨ ᠰᠠᠷᠠᠨ ᠤ ᠭᠡᠷᠡᠯ ᠳᠤᠤᠷ᠎ᠠ ᠨᠢᠭᠡ ᠯᠠ ᠣᠶᠠᠬᠠᠨ ᠵᠥᠭᠡᠯᠡᠨ ᠬᠠᠷᠠᠴᠠ ᠳᠤᠨᠤᠷᠠᠭᠤᠯᠵᠤ ᠵᠤᠭᠰᠤᠭᠰᠠᠨ ᠮᠥᠩᠭᠦᠨ ᠬᠠᠷᠮᠠᠨ ᠡᠴᠡ ᠪᠠᠨ ᠨᠤᠭᠤᠭᠠᠨ ᠶᠢᠡᠷ ᠶᠢᠡᠨ ᠬᠠᠳᠠᠭᠰᠠᠨ ᠨᠠᠪᠴᠢᠨ ᠤ ᠪᠦᠳᠤᠨ ᠳᠠᠯ᠎ᠠ ᠭᠠᠷᠭᠠᠵᠤ ᠢᠷᠡᠭᠡᠤᠨ᠄

— ᠬᠠᠳᠠᠭᠰᠠᠨ ᠴᠤ ᠥᠩᠭᠡ ᠴᠢᠨᠠᠷ ᠶᠢᠡᠨ ᠠᠯᠳᠠᠬᠤ ᠦᠭᠡᠶ ᠴᠠᠢ᠌ᠯᠭᠠᠨ ᠬᠠᠢ᠌ᠷ᠎ᠠ ᠶᠢᠨ ᠮᠢᠨᠢ ᠦᠨᠢ ᠮᠥᠩᠭᠡ ᠶᠢᠨ ᠪᠠᠯᠭᠡᠳᠡᠯ ᠭᠡᠳᠡᠭ᠌ ᠢ ᠢᠳᠡᠭᠡᠵᠤ ᠳᠠ ᠪᠠᠶ᠎ᠠ ᠳᠡᠭᠡᠨ ᠬᠠᠳᠠᠭᠠᠯᠠᠵᠤ ᠶᠠᠪᠣᠭᠠᠷᠠᠢ ᠭᠡᠤᠨ ᠨᠠᠳᠠ ᠭᠠᠷᠳᠠᠭᠤᠯᠪᠠ᠃ ᠪᠢ ᠮᠥᠩᠭᠦᠨ ᠳᠤ ᠰᠠᠶ‍ᠢᠬᠠᠨ ᠪᠢᠴᠢᠵᠤ ᠪᠠᠷᠠᠭᠰᠠᠨ 《ᠡᠴᠦᠰ ᠤᠨ ᠪᠣᠯᠵᠤᠭ᠎ᠠ》 ᠭᠡᠭᠦ ᠣᠬᠤᠷ ᠰᠢᠯᠦᠭ᠌ ᠶᠢᠡᠨ ᠳᠤᠷᠠᠰᠬᠠᠨ ᠪᠠᠯᠡᠭᠯᠡᠭᠦ ᠳᠤ ᠰᠠᠷᠠᠨ ᠤ ᠭᠡᠷᠡᠯ ᠳᠤ ᠳᠠᠢ᠌ᠪᠣᠩ ᠦᠵᠡᠵᠤ ᠪᠠᠷᠠᠭᠠᠤᠨ᠄

— ᠵᠠ᠂ ᠢᠩᠭᠢᠭᠡᠤᠨ ᠳᠠᠨ ᠡᠴᠡ ᠪᠠᠨ ᠰᠠᠯᠬᠤ ᠪᠣᠯᠤᠯ᠎ᠠ᠃ ᠬᠤᠵᠢᠮ ᠭᠡᠵᠢᠶ᠎ᠡ ᠠᠭᠤᠯᠵᠠᠬᠤ ᠶᠢ ᠭᠡᠨ ᠮᠡᠳᠡᠭᠦ ᠪᠣᠢ︖ ᠭᠡᠦᠭᠡᠨ ᠭᠦᠮᠤᠨ ᠤ ᠰᠠᠤᠠᠭᠢᠯ ᠳᠤ ᠠᠩᠬ᠎ᠠ ᠳᠡᠯᠭᠡᠷᠡᠭ᠍ᠰᠡᠨ ᠢᠨᠠᠭ ᠬᠠᠢ᠌ᠷ᠎ᠠ ᠶᠢᠨ ᠴᠡᠴᠡᠭ᠌ ᠭᠡᠵᠤ ᠡᠭᠢᠨ ᠪᠣᠯᠠᠭ ᠤᠨ ᠣᠰᠤ ᠰᠢᠭ ᠠᠷᠢᠭᠤᠨ ᠶᠤᠮ᠃ ᠠᠶᠠᠷᠯᠠᠨ ᠰᠠᠯᠬᠤ ᠶᠢᠨ ᠡᠮᠦᠨ᠎ᠡ ᠠᠬ᠎ᠠ ᠳᠡᠨ ᠡᠴᠡ ᠬᠠᠮᠤᠭ ᠤᠨ ᠠᠩᠬᠠᠨ ᠶᠢᠡᠨ ᠮᠥᠷᠳᠡᠭᠡᠨ ᠮᠦᠨ ᠴᠤ ᠰᠡᠭᠦᠯᠴᠢ ᠶᠢᠨ ᠣᠳᠠᠭ᠎ᠠ ᠨᠠᠮᠢ᠋ᠢ ᠭᠠᠭᠴᠠᠬᠠᠨ ᠥᠨᠦᠰᠦᠴᠢᠭᠡ ᠭᠡᠵᠤ ᠭᠤᠶᠤᠶ᠎ᠠ ᠭᠡᠤᠨ ᠭᠦᠭᠡᠷᠦᠭᠦᠨ ᠬᠠᠷ᠎ᠠ ᠨᠢᠳᠤ ᠪᠠᠷ ᠣᠶᠠᠰᠳᠠᠯ᠎ᠠ ᠰᠢᠷᠳᠠᠪᠠ᠃

ᠪᠢ ᠲᠤᠩ ᠰᠢ᠌ᠦᠡᠮᠡᠭ᠌ ᠶᠢᠡᠷ ᠣᠩᠭ᠋ᠤᠨ ᠡᠮᠨᠢᠭ᠌ ᠶᠢᠡᠷ ᠶᠢᠡᠨ ᠪᠠᠢ᠌ᠬᠤ ᠵᠢᠮᠢᠰ ᠤᠨ ᠨᠢᠮᠭᠡᠨ ᠣᠷᠤᠭᠤᠯ ᠡᠴᠡ ᠨᠢ ᠭᠦᠩᠭᠡᠭᠡᠨ ᠦᠨᠦᠰᠤᠯ᠎ᠠ᠃ ᠮᠥᠩᠭᠦᠨ ᠤ ᠨᠢᠳᠤᠨ ᠡᠴᠡ ᠭᠠᠭᠴᠠ ᠳᠤᠰᠤᠯ ᠨᠢᠯᠪᠣᠰᠤ ᠬᠠᠴᠠᠷ ᠣᠷᠤᠭᠤ ᠨᠢ ᠪᠦᠮᠪᠦᠷᠢᠨ ᠣᠨᠠᠵᠤ᠄

— ᠳᠠᠨ ᠢ ᠪᠣᠴᠠᠬᠤ ᠡᠳᠦᠷ ᠳᠡᠷᠭᠡᠨ ᠳᠤ ᠭᠠᠷᠭᠠᠵᠤ ᠴᠢᠳᠠᠬᠤ ᠦᠭᠡᠶ ᠶᠤᠮ ᠪᠠᠢ᠌ᠨ᠎ᠠ᠃ ᠲᠤᠩ ᠣᠰᠤᠯ ᠪᠣᠯᠤᠯ᠎ᠠ᠃ ᠰᠠᠢ᠌ᠨ ᠶᠠᠪᠣᠭᠠᠷᠠᠢ︕ ᠭᠡᠤᠨ ᠭᠡᠯᠡᠵᠤ ᠪᠠᠷᠠᠮᠠᠭᠴᠠ ᠮᠠᠰᠢ ᠳᠦᠷᠭᠡᠨ ᠮᠤᠳᠤᠳ ᠤᠨ ᠳᠤᠮᠳᠠᠭᠤᠷ ᠭᠦᠶᠤᠨ ᠳᠠᠯᠳᠠᠷᠢᠯ᠎ᠠ᠃

ᠬᠦᠬᠡᠬᠤᠲᠠ ᠶᠢᠨ ᠵᠤᠨ ᠤ ᠰᠦᠨᠢ ᠳᠣᠢ᠌ᠯ ᠤᠨ ᠨᠠᠮᠤᠭᠤᠨ ᠳᠠᠢ᠌ᠪᠣᠩ ᠪᠠᠢ᠌ᠯ᠎ᠠ᠃ ᠦᠶ᠎ᠡ ᠦᠶ᠎ᠡ ᠮᠤᠳᠤᠳ ᠤᠨ ᠮᠦᠴᠢᠷ ᠰᠠᠮᠨᠠᠨ ᠥᠯᠢᠶᠡᠭᠦ ᠭᠡᠭᠡᠷ᠎ᠡ ᠶᠢᠨ ᠶᠠᠪᠠᠭᠠᠨ ᠵᠢᠪᠠᠷ ᠦᠨᠦᠴᠢᠷᠠᠵᠤ ᠵᠤᠭᠰᠤᠭᠰᠠᠨ ᠨᠠᠳᠠ ᠳᠤ᠄

ᠥᠴᠦᠭᠡᠳᠦᠷ ᠪᠣᠯ ᠦᠨᠦᠳᠤᠷ ᠤᠨ ᠡᠭᠢᠯᠡᠯᠳᠡ ᠶᠤᠮ

ᠦᠨᠦᠳᠤᠷ ᠪᠣᠯ ᠮᠠᠷᠭᠠᠰᠢ ᠶᠢᠨ ᠢᠳᠡᠭᠡᠯ ᠶᠤᠮ

ᠪᠣᠷᠤᠭᠠᠨ ᠪᠦᠭᠦᠨ ᠰᠡᠭᠦᠯᠴᠢ ᠶᠢᠨ ᠪᠢᠰᠢ

ᠪᠣᠯᠵᠤᠭ᠎ᠠ ᠪᠦᠭᠦᠨ ᠡᠴᠦᠰ ᠤᠨ ᠪᠢᠰᠢ ᠶᠤᠮ ᠭᠡᠤᠨ ᠰᠢᠪᠠᠨᠠᠨ ᠰᠠᠨᠠᠭᠤᠯᠬᠤ ᠰᠢᠭ ᠪᠣᠯᠬᠤ ᠳᠤ ᠪᠢ ᠬᠤᠷᠳᠤᠬᠠᠨ ᠪᠠᠢ᠌ᠷᠢ ᠣᠷᠤᠭᠤ ᠪᠠᠨ ᠡᠷᠭᠢᠯ᠎ᠡ᠁


ᠵᠤᠬᠢᠶᠠᠭᠴᠢ᠄ ᠯ·ᠣᠳᠤᠨ
ᠢᠷᠡᠯᠲᠡ᠄ ᠨᠡᠷᠡᠡᠴᠡᠴᠡᠭ᠌
ᠳᠠᠷᠤᠮ᠄ 3521
ᠴᠠᠭ᠄ 2006 ᠤᠨ ᠤ 07 ᠰᠠᠷ᠎ᠠ ᠶᠢᠨ 20
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠥᠭᠥᠯᠡᠯᠭᠡ - ᠬᠠᠮᠤᠭ ᠤᠨ ᠰᠡᠭᠦᠯᠴᠢ ᠶᠢᠨ ᠪᠣᠷᠤᠭᠠᠨ