ᠶᠠᠭᠤ ᠭᠦᠰᠡᠭᠡ ᠪᠢᠯᠠ ᠪᠢ

ᠡᠪᠠᠰᠤᠨ ᠳᠤᠯᠤᠭᠠᠢ ᠢᠯᠪᠢᠩᠭᠡᠨ ᠰᠢᠭᠦᠳᠡᠷᠢ ᠭᠢᠯᠳᠠᠭᠠᠨᠠᠭᠰᠠᠨ ᠦᠷᠯᠦᠭᠡ ᠡᠴᠠ

ᠶᠠᠭᠤ ᠭᠦᠰᠡᠭᠡ ᠪᠢᠯᠠ ᠪᠢ

ᠡᠭᠦᠯᠡᠨ ᠳᠤ ᠰᠥᠮᠡᠯᠵᠡᠭᠦ ᠠᠭᠤᠯᠠᠰ ᠤᠨ ᠪᠠᠷ᠎ᠠ ᠬᠠᠷᠠᠭᠤᠯᠳᠠᠵᠤ

ᠬᠠᠢ᠌ᠷᠠᠬᠠᠨ ᠪᠠᠭ᠎ᠠ ᠨᠠᠰᠤ ᠪᠠᠨ ᠥᠭᠡᠢ᠌ᠯᠡᠵᠤ ᠰᠠᠭᠤᠭ᠎ᠠ ᠤᠤ

ᠳᠠᠯ᠎ᠠ ᠶᠢᠨ ᠠᠭᠤᠳᠠᠮ ᠳᠡᠷᠳᠡᠭᠡ ᠡᠴᠠ

ᠵᠡᠷᠭᠡᠯᠭᠡᠨ ᠪᠦᠵᠢᠭ᠍ᠰᠡᠭᠡᠷ ᠠᠢ᠌ᠰᠤᠢ ᠴᠤ

ᠬᠤᠷᠮᠤᠢ ᠳᠤ ᠨᠢ ᠣᠶᠠᠭᠠᠳᠠᠢ ᠪᠠᠢ᠌ᠭᠰᠠᠨ ᠪᠠᠭ᠎ᠠ ᠨᠠᠰᠤ ᠮᠢᠨᠢ ᠠᠯᠠᠭ᠎ᠠ

ᠬᠣᠢ᠌ᠮᠤᠷ ᠳᠦᠭᠦᠷᠭᠡᠭ᠍ᠰᠡᠨ ᠪᠣᠭᠤᠷᠤᠯ ᠡᠮᠡᠭᠡ ᠮᠢᠨᠢ ᠴᠤ ᠠᠯᠠᠭ᠎ᠠ


ᠬᠠᠢ᠌ᠷ᠎ᠠ ᠶᠢᠨ ᠮᠠᠠᠳᠤᠯ ᠳᠤ ᠪᠠᠨ

ᠨᠠᠮ᠎ᠠ ᠶᠢ ᠪᠠᠨ ᠡᠷᠭᠡᠯᠡᠭᠦᠯᠦᠭ᠍ᠰᠡᠨ ᠠᠮᠠᠷᠠᠭ ᠡᠴᠠ ᠪᠠᠨ

ᠶᠠᠭᠤ ᠭᠦᠰᠡᠭᠡ ᠪᠢᠯᠠ ᠪᠢ

ᠬᠠᠷᠠᠴᠠᠨ ᠳᠤ ᠨᠢ ᠠᠭᠤᠰᠴᠤ ᠶᠠᠪᠣᠭᠰᠠᠨ ᠳᠤᠷᠠᠯᠠᠯᠳᠤ ᠮᠦᠴᠡᠰ ᠶᠢᠡᠨ

ᠨᠢᠯᠪᠣᠰᠤᠨ ᠳᠤᠰᠤᠯ ᠳᠤ ᠨᠢ ᠳᠠᠯᠠᠰᠵᠢᠬᠤ ᠶᠢ ᠬᠠᠷᠠᠬᠤ ᠭᠡᠵᠤ ᠭᠤᠷᠢᠳᠠᠭ᠎ᠠ ᠤᠤ

ᠨᠢᠭᠤᠴᠠᠬᠠᠨ ᠬᠠᠢ᠌ᠷ᠎ᠠ ᠪᠠᠨ ᠠᠮᠠᠯᠠᠭᠰᠠᠨ ᠭᠤᠷᠪᠠᠬᠠᠨ ᠥᠭᠡ ᠶᠢ ᠨᠢ

ᠨᠢᠳᠤᠨ ᠴᠡᠴᠡᠭᠡᠢ ᠳᠤᠳᠤᠷ᠎ᠠ ᠨᠢ ᠰᠠᠢ᠌ᠯᠵᠤ ᠭᠠᠢ᠌ᠬᠠᠭᠤᠯᠬᠤ ᠶᠢ ᠰᠢᠨᠤᠭ᠎ᠠ ᠤᠤ

ᠰᠠᠴᠤᠷᠠᠬᠤ ᠨᠠᠷᠠᠨ ᠤ ᠠᠯᠳᠠᠨ ᠳᠤᠶᠠᠭ᠎ᠠ ᠰᠢᠭ

ᠰᠠᠢ᠌ᠬᠠᠨ ᠵᠠᠯᠠᠭᠤ ᠨᠠᠰᠤᠨ ᠡᠴᠠ ᠪᠠᠨ

ᠶᠠᠭᠤ ᠭᠦᠰᠡᠭᠡ ᠪᠢᠯᠠ ᠪᠢ

ᠳᠤᠷᠠᠯᠠᠯ ᠶᠢᠡᠷ ᠰᠤᠯᠤᠩᠭ᠋ᠠᠷᠠᠬᠤ ᠴᠠᠭ ᠳᠠᠩᠴᠢ ᠣᠬᠤᠷᠬᠠᠨ ᠢ ᠴᠢᠮᠠᠯᠠᠭ᠎ᠠ ᠤᠤ

ᠳᠤᠷᠠᠯᠠᠬᠤ ᠶᠢᠨ ᠭᠦᠨ ᠣᠷᠤᠭᠤ ᠶᠠᠪᠣᠬᠤ ᠳᠤᠳᠤᠮ ᠬᠠᠷᠠᠩᠭ᠋ᠤᠢ ᠡᠴᠠ ᠰᠦᠷᠳᠡᠭᠡ ᠤᠤ

ᠣᠢ᠌ᠯᠠᠰ ᠤᠨ ᠰᠠᠢ᠌ᠬᠠᠨ ᠣᠯᠠᠷᠢᠯ

ᠣᠯᠳᠠᠮ᠎ᠠ ᠦᠭᠡᠶ ᠬᠤᠪᠣᠷᠬᠠᠨ ᠴᠠᠭ ᠶᠢᠡᠨ ᠦᠷᠡᠭᠡᠵᠤ

ᠠᠭᠤᠷ ᠪᠣᠭᠢᠨᠢᠳᠤᠯ ᠪᠦᠭᠦᠨ ᠶᠢᠡᠨ ᠣᠢ᠌ᠤᠠᠬᠠᠷ ᠭᠡᠳᠡᠭ᠌ ᠲᠤ ᠨᠠᠢ᠌ᠳᠠᠭ᠎ᠠ ᠤᠤ

ᠣᠴᠠᠷᠠᠭᠰᠠᠨ ᠵᠠᠶᠠᠭ᠎ᠠ ᠪᠦᠭᠦᠨ ᠶᠢᠡᠨ ᠵᠢᠷᠭᠠᠯ ᠳᠤ ᠪᠣᠳᠤᠭ᠎ᠠ ᠦᠭᠡᠶ ᠶᠠᠪᠣᠭ᠎ᠠ ᠤᠤ

                  2010.9.11


ᠵᠤᠬᠢᠶᠠᠭᠴᠢ ᠶᠢᠨ ᠬᠠ‍‌ᠶᠢᠭ ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1343
ᠴᠠᠭ᠄ 2010 ᠤᠨ ᠤ 10 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁