ᠮᠢᠨᠤ ᠳᠡᠯᠡᠭᠡᠢ

ᠭᠦᠭᠡ ᠳᠡᠭ᠍ᠷᠢ ᠨᠢ ᠭᠦᠮᠦᠷᠢᠭ᠍ᠰᠡᠨ ᠳᠤᠭᠤᠭ᠎ᠠ ᠰᠢᠭ ᠭᠦᠩᠭᠦᠷ

ᠭᠦᠷᠦᠰᠦᠳᠤ ᠳᠡᠯᠡᠭᠡᠢ ᠨᠢ ᠳᠡᠯᠭᠡᠭ᠍ᠰᠡᠨ ᠭᠡᠪᠢᠰ ᠰᠢᠭ᠌ ᠳᠡᠭ᠍ᠰᠢᠭᠡᠨ

ᠭᠦᠡᠳᠡᠯᠡᠨ ᠵᠦᠷᠢᠭ᠌ ᠨᠢ ᠡᠭᠡᠷᠡᠭ᠍ᠰᠡᠨ ᠣᠳᠠᠰᠤ ᠰᠢᠭ ᠨᠠᠷᠢᠨ

ᠭᠦᠮᠤᠨ ᠮᠦᠷ ᠨᠢ ᠭᠦᠡᠳᠡᠯᠡᠨ ᠭᠤᠯᠳᠤ ᠬᠠᠷᠠᠭᠳᠠᠯ ᠳᠠᠢ

ᠨᠤᠭᠤᠭᠠᠨ ᠪᠠᠯᠴᠢᠭᠡᠷ ᠨᠢ ᠪᠠᠯᠠᠷ ᠰᠢᠠᠵᠢ ᠪᠠᠷ ᠨᠠᠯᠣᠢ᠌ᠵᠤ

ᠨᠣᠢ᠌ᠳᠠᠨ ᠠᠭᠠᠷ ᠨᠢ ᠵᠦᠰᠠᠷ ᠮᠠᠶ‍ᠢᠭ ᠶᠢᠡᠷ ᠰᠡᠮᠡᠷᠡᠭ᠍ᠰᠡᠨ

ᠨᠤᠶᠠᠯᠠᠭᠰᠠᠨ ᠰᠦᠷᠦᠭ᠌ ᠨᠢ ᠡᠷᠭᠡ ᠪᠠᠢ᠌ᠳᠠᠯ ᠶᠢᠡᠷ ᠳᠦᠭᠡᠭᠡᠵᠤ

ᠨᠤᠭᠤᠨ ᠵᠠᠶᠠᠭ᠎ᠠ ᠨᠢ ᠡᠵᠡᠨ ᠶᠤᠰᠤᠭᠠᠷ ᠳᠤᠭᠳᠠᠭᠰᠠᠨ

ᠨᠠᠷ᠎ᠠ ᠨᠢ ᠪᠣᠰᠤᠭ᠎ᠠ ᠪᠠᠷ ᠪᠢᠴᠢᠭ᠍ᠳᠡᠭ᠍ᠰᠡᠨ

ᠨᠢᠳᠠᠷ ᠨᠢ ᠳᠡᠦᠭᠡ ᠪᠠᠷ ᠭᠡᠷᠡᠴᠢᠯᠡᠭ᠍ᠳᠡᠭ᠍ᠰᠡᠨ

ᠮᠤᠠᠳᠠᠭ ᠴᠤᠤ ᠲᠡᠶ ᠳᠠᠯ᠎ᠠ ᠨᠤᠳᠤᠭ ᠮᠢᠨᠢ

ᠮᠢᠨᠤ ᠣᠩᠰᠢᠭᠰᠠᠨ ᠳᠡᠯᠡᠭᠡᠢ ᠪᠠᠢ᠌ᠨᠠᠮ︕

ᠭᠦᠷᠳᠤᠨ ᠨᠠᠷᠠᠨ ᠨᠢ ᠭᠠᠩ ᠤᠨ ᠰᠢᠷᠭᠠᠯ ᠣᠨᠢᠶᠠᠷ ᠲᠡᠶ

ᠭᠦᠳᠡᠭᠡ ᠠᠳᠠᠷ ᠨᠢ ᠠᠷᠠᠮᠠᠭ ᠳᠠᠷᠠᠮᠠᠭ ᠡᠪᠠᠰᠤ ᠳᠠᠢ

ᠭᠦᠳᠡᠯᠦᠭ᠍ᠰᠡᠨ ᠬᠤᠮᠠᠭ ᠨᠢ ᠠᠭᠤᠯᠠ ᠶᠢᠨ ᠴᠢᠨᠡᠭᠡ ᠦᠶᠡᠷ ᠳᠠᠢ

ᠭᠦᠭᠡᠷᠦᠭᠦᠢ ᠰᠦᠷᠦᠭ᠌ ᠨᠢ ᠠᠯᠠᠭᠠᠨ ᠭᠢᠷᠢ ᠵᠤᠭᠰᠤᠭᠠᠯ ᠳᠠᠢ

ᠮᠠᠩᠬᠠᠨ ᠳᠠᠷᠢᠶ᠎ᠠ ᠨᠢ ᠠᠷᠠᠢ ᠴᠢᠮᠠᠢ ᠣᠨᠠᠯᠳᠠ ᠲᠡᠶ

ᠮᠠᠯ ᠰᠦᠷᠦᠭ᠌ ᠨᠢ ᠠᠯᠳᠠᠭ ᠣᠨᠤᠭ ᠦᠰᠦᠯᠳᠠ ᠳᠠᠢ

ᠮᠠᠯᠳᠠᠭᠰᠠᠨ ᠬᠤᠤᠠᠳᠤᠭ ᠨᠢ ᠬᠠᠭᠠᠰ ᠬᠤᠭᠤᠰ ᠣᠮᠳᠠ ᠳᠠᠢ

ᠮᠠᠨᠠᠭᠰᠠᠨ ᠳᠤᠯᠭ᠎ᠠ ᠨᠢ ᠬᠠᠷᠠᠰᠤ ᠪᠣᠷᠤᠰᠤ ᠴᠤ ᠴᠠᠢ ᠲᠡᠶ

ᠠᠭᠤᠤ ᠶᠡᠭᠡ ᠪᠠᠷ ᠰᠡᠳᠦᠪᠯᠡᠭ᠍ᠰᠡᠨ ᠠᠮᠢᠳᠤᠷᠠᠯ ᠨᠢ

ᠠᠷᠠᠢ ᠴᠢᠮᠠᠢ ᠣᠠᠳᠤᠷᠤᠯ ᠲᠡᠶ

ᠮᠤᠩᠳᠠᠵᠤ ᠶᠠᠪᠣᠭ᠎ᠠ ᠡᠯᠡᠰᠤ ᠮᠠᠩᠬ᠎ᠠ ᠮᠢᠨᠢ

ᠮᠢᠨᠤ ᠥᠵᠡᠭ᠍ᠰᠡᠨ ᠳᠡᠯᠡᠭᠡᠢ ᠪᠢᠯᠠ

ᠭᠦᠡᠳᠡᠢ ᠵᠢᠯᠠᠭ᠎ᠠ ᠨᠢ ᠡᠪᠠᠰᠤ ᠡᠴᠠ ᠪᠠᠨ ᠵᠤᠵᠠᠭᠠᠨ ᠮᠤᠳᠤ ᠳᠠᠢ

ᠭᠦᠳᠡᠭᠡ ᠭᠡᠭᠡᠷ᠎ᠡ ᠨᠢ ᠴᠡᠴᠡᠭ᠌ ᠡᠴᠠ ᠪᠠᠨ ᠣᠯᠠᠨ ᠰᠦᠷᠦᠭ᠌ ᠳᠠᠢ

ᠭᠦᠮᠤᠨ ᠵᠤᠨ ᠨᠢ ᠴᠢᠩᠭᠢᠰ ᠮᠦᠰᠤᠨ ᠳᠡᠭᠡᠨ ᠠᠳᠠᠯᠢ ᠡᠷᠡᠯᠭᠡᠭ᠌

ᠭᠦᠰᠡᠯ ᠪᠣᠳᠤᠯ ᠨᠢ ᠴᠡᠩᠭᠡᠷ ᠣᠭᠳᠠᠷᠭᠤᠢ ᠪᠠᠨ ᠰᠢᠭ ᠴᠡᠯᠮᠡᠭ᠌

ᠭᠦᠭᠡ ᠲᠦᠯᠤ ᠨᠢ ᠠᠵᠠ ᠠᠰᠢᠳᠠ ᠪᠠᠷ ᠳᠦᠷᠡᠯᠵᠡᠭ᠍ᠰᠡᠨ

ᠭᠦᠭ᠍ᠵᠢᠯ ᠪᠠᠳᠠᠷᠠᠯ ᠨᠢ ᠳᠤᠤᠯᠢ ᠳᠤᠪᠴᠢᠶᠠᠨ ᠶᠢᠡᠷ ᠬᠠᠢ᠌ᠯᠠᠭᠰᠠᠨ

ᠭᠦᠭᠦᠯᠳᠤ ᠰᠦᠯᠳᠡ ᠨᠢ ᠨᠠᠷᠠ ᠤᠢ᠌ᠷᠠᠬᠠᠨ ᠨᠠᠮᠢᠷᠠᠭᠰᠠᠨ

ᠭᠦᠴᠦᠷᠭᠡᠭ᠌ ᠶᠠᠰᠤᠳᠠᠨ ᠤ ᠭᠡᠢ ᠮᠤᠷᠢ ᠶᠢ ᠳᠡᠭ᠍ᠳᠡᠭᠡᠭ᠍ᠰᠡᠨ

ᠵᠥᠢᠯᠡᠰ ᠨᠢ ᠮᠤᠩᠭ᠋ᠤᠯ ᠶᠠᠩᠵᠤ ᠪᠠᠷ ᠡᠭᠢᠯᠡᠭ᠍ᠰᠡᠨ

ᠥᠢᠯᠡᠰ ᠨᠢ ᠮᠥᠩᠭᠡ ᠭᠡᠯᠪᠠᠷᠢ ᠪᠠᠷ ᠪᠦᠳᠦᠭᠡᠭ᠍ᠳᠡᠭ᠍ᠰᠡᠨ

ᠮᠤᠩᠭ᠋ᠤᠯ ᠭᠦᠮᠤᠨ ᠤ ᠥᠩᠭᠡ ᠳᠠᠩᠰᠤᠭ ᠨᠤᠳᠤᠭ

ᠮᠢᠨᠤ ᠭᠦᠰᠡᠭᠦᠢ ᠶᠢᠨ ᠳᠡᠯᠡᠭᠡᠢ ᠪᠠᠢ᠌ᠯ᠎ᠠ᠃


ᠵᠤᠬᠢᠶᠠᠭᠴᠢ ᠶᠢᠨ ᠬᠠᠶ‍ᠢᠭ᠄ ᠲᠦᠩᠯᠢᠶᠤᠤ ᠬᠤᠳᠠ ᠬᠣᠢ᠌ᠳᠤ ᠬᠤᠰᠢᠭᠤ ᠮᠤᠳᠤᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ·ᠪᠦᠷᠢᠨ‍ᠲᠤᠩᠭᠠᠯᠠᠭ
ᠬᠠᠷᠢᠶ᠎ᠠ᠄ ᠰᠢᠯᠦᠭ
ᠳᠠᠷᠤᠮ᠄ 1729
ᠴᠠᠭ᠄ 2010 ᠤᠨ ᠤ 05 ᠰᠠᠷ᠎ᠠ ᠶᠢᠨ 30