ᠢᠰᠡᠭᠡᠢ ᠭᠤᠳᠤᠯ ᠲᠡᠶ ᠠᠪᠣ ᠮᠢᠨᠢ

ᠢᠰᠡᠭᠡᠢ ᠭᠤᠳᠤᠯ ᠲᠡᠶ ᠠᠪᠣ ᠮᠢᠨᠢ

ᠡᠭᠡᠷᠡᠮ᠎ᠡ ᠭᠦᠳᠡᠭᠡ ᠨᠤᠳᠤᠭ ᠲᠠᠭᠠᠨ

ᠠᠵᠤ ᠠᠮᠢᠳᠤᠷᠠᠯ ᠦᠷ᠎ᠡ ᠭᠡᠦᠭᠡᠤᠨ ᠭᠡᠭ᠍ᠰᠡᠭᠡᠷ ᠯᠠ

ᠦᠳᠡᠯ᠎ᠠ ᠪᠣᠭᠤᠷᠤᠯ ᠪᠣᠯᠳᠠᠯ᠎ᠠ ᠪᠠᠨ

ᠠᠷᠠᠯ ᠤᠨ ᠱᠠᠷ ᠰᠢᠭ ᠵᠢᠦᠡᠭᠦᠯ᠎ᠡ᠃

ᠮᠤᠳᠤᠨ ᠰᠢᠷ᠎ᠠ ᠡᠷᠢᠭᠡ ᠪᠠᠷ

ᠮᠠᠨᠢ ᠶᠢᠨ ᠳᠤᠭ᠎ᠠ ᠪᠠᠨ ᠳᠤᠭᠠᠯᠠᠵᠤ ᠰᠠᠭᠤᠳᠠᠭ

ᠮᠤᠩᠭ᠋ᠤᠯ ᠭᠦᠮᠤᠨ ᠤ ᠵᠠᠩ ᠶᠢᠡᠷ

ᠮᠠᠠᠳᠤᠬᠤ ᠨᠠᠷᠠ ᠲᠡᠶ ᠪᠠᠨ ᠵᠡᠷᠭᠡᠴᠡᠨ

ᠮᠠᠯ ᠰᠥᠷᠦᠭ᠌ ᠶᠢᠡᠨ ᠥᠰᠭᠡᠵᠤ ᠶᠠᠪᠣᠭᠰᠠᠨ ᠠᠪᠣ ᠮᠢᠨᠢ᠃

ᠭᠦᠳᠡᠷ ᠴᠢᠭᠢᠷᠠᠭ ᠠᠪᠣ ᠮᠢᠨᠢ

ᠭᠦᠪᠠᠭᠦᠨ ᠭᠡᠦᠭᠡᠨ ᠪᠢᠳᠠ ᠳᠦᠷᠪᠠᠭᠦᠯᠡ ᠶᠢ

ᠭᠦᠮᠤᠨ ᠤ ᠵᠡᠷᠭᠡ ᠳᠤ ᠭᠦᠷᠭᠡᠨ

ᠭᠦᠯᠦᠭ᠌ ᠤᠨ ᠨᠢᠷᠤᠭᠤᠨ ᠳᠤ ᠮᠤᠷᠳᠠᠭᠤᠯᠤᠯ᠎ᠠ᠃

ᠬᠠᠮᠤᠭ ᠤᠨ ᠣᠤᠠᠬᠤᠨ ᠭᠡᠦᠭᠡᠨ ᠴᠢᠨᠢ

ᠬᠠᠮᠢᠭ᠎ᠠ ᠶᠠᠪᠣᠭᠰᠠᠨ ᠴᠤ

ᠬᠠᠢ᠌ᠷᠠᠳᠤ ᠠᠪᠣ ᠲᠡᠶ ᠪᠠᠨ

ᠬᠠᠳᠠᠭᠤ ᠰᠢᠷᠭᠠᠭᠤ ᠭᠦᠳᠡᠯᠮᠦᠷᠢ ᠶᠢ

ᠬᠠᠯᠠᠭᠤᠨ ᠰᠠᠤᠠᠭᠢᠯ ᠳᠡᠭᠡᠨ ᠳᠤᠷᠠᠰᠤᠨ ᠰᠠᠨᠠᠭᠠᠯᠵᠠᠵᠤ ᠳᠠᠭᠤᠯᠠᠨ ᠶᠠᠪᠣᠭᠰᠠᠭᠠᠷ᠃

ᠠᠪᠣ ᠳᠠᠨ ᠤ ᠮᠢᠨᠢ ᠮᠠᠩᠨᠠᠢ ᠶᠢᠨ ᠣᠯᠠᠨ ᠠᠳᠤᠷᠢᠶ᠎ᠠ ᠪᠣᠯ

ᠡᠨᠡ ᠨᠠᠰᠤᠨ ᠤ ᠴᠢᠨᠢ ᠠᠮᠢᠳᠤᠷᠠᠯ ᠤᠨ ᠬᠠᠳᠠᠭᠤ ᠪᠠᠳᠤᠶᠤᠰᠤ ᠶᠤᠮ

ᠠᠪᠣ ᠳᠠᠨ ᠤ ᠮᠢᠨᠢ ᠴᠠᠯ ᠪᠣᠭᠤᠷᠤᠯᠳᠤᠭᠰᠠᠨ ᠳᠤᠯᠤᠭᠠᠢ ᠶᠢᠨ ᠦᠰᠦ ᠴᠢᠨᠢ

ᠡᠷᠢᠨ ᠤ ᠰᠢᠨ᠎ᠠ ᠬᠤᠪᠢᠷᠠᠯᠳᠠ ᠳᠤ ᠨᠠᠰᠤ ᠠᠭᠢᠭᠰᠠᠨ ᠤ ᠰᠢᠠᠵᠢ ᠶᠤᠮ᠃

ᠠᠪᠣ ᠳᠠ ᠨᠤᠳᠤᠭ ᠤᠨ ᠮᠢᠨᠢ ᠨᠠᠷᠠ ᠡ︕

ᠠᠯᠳᠠᠨ ᠳᠡᠯᠡᠭᠡᠢ ᠳᠤ ᠮᠢᠨᠤ ᠨᠠᠷᠠ ᠡ︕

ᠠᠮᠢ ᠨᠠᠰᠤᠨ ᠤ ᠮᠢᠨᠢ ᠮᠥᠩᠭᠡ ᠵᠤᠯᠠ ᠪᠣᠯᠤᠭᠰᠠᠨ

ᠠᠴᠢᠳᠤ ᠪᠣᠭᠤᠷᠤᠯ ᠠᠪᠣ ᠳᠠᠨ ᠢ ᠪᠠᠨ

ᠠᠯᠢᠶ᠎ᠠ ᠬᠤᠩᠭ᠋ᠤᠷ ᠦᠬᠢᠨ ᠴᠢᠨᠢ ᠪᠢ

ᠠᠯᠳᠠᠨ ᠳᠡᠯᠡᠭᠡᠢ ᠳᠤ ᠮᠥᠩᠭᠡᠷᠡᠭᠦ ᠪᠣᠯᠤᠭᠠᠰᠠᠢ ᠭᠡᠵᠤ

ᠠᠯᠠᠭ ᠦᠭᠡᠶ ᠴᠠᠢ᠌ᠯᠭᠠᠨ ᠰᠠᠤᠠᠭᠢᠯ ᠶᠢᠡᠷ ᠶᠢᠡᠨ

ᠠᠯᠠᠭ᠎ᠠ ᠬᠠᠪᠰᠤᠷᠠᠨ ᠵᠠᠯᠪᠢᠷᠠᠵᠤ ᠪᠠᠢ᠌ᠨ᠎ᠠ ᠁

ᠵᠤᠬᠢᠶᠠᠭᠴᠢ᠄ ᠶᠠᠩᠵᠢᠠᠼᠤᠤ
ᠬᠠᠷᠢᠶ᠎ᠠ᠄ ᠰᠢᠯᠦᠭ
ᠳᠠᠷᠤᠮ᠄ 2651
ᠴᠠᠭ᠄ 2006 ᠤᠨ ᠤ 07 ᠰᠠᠷ᠎ᠠ ᠶᠢᠨ 20