ᠬᠤᠷᠴᠢᠨ ᠮᠤᠩᠭ᠋ᠤᠯᠴᠤᠳ ᠤᠨ ᠥᠯᠦᠭᠡᠢ ᠶᠢᠨ ᠰᠤᠶᠤᠯ ᠤᠨ ᠳᠡᠦᠭᠡᠨ ᠣᠯᠪᠠᠭ᠎ᠠ ᠶᠢ ᠬᠠᠢ᠌ᠬᠤ ᠨᠢ

【ᠠᠭᠤᠯᠭ᠎ᠠ ᠶᠢᠨ ᠳᠤᠪᠴᠢ 】ᠲ᠋ᠤᠰ ᠥᠭᠦᠯᠡᠯ ᠳᠤ ᠬᠤᠷᠴᠢᠨ ᠮᠤᠩᠭ᠋ᠤᠯᠴᠤᠳ ᠤᠨ ᠳᠤᠮᠳᠠ ᠣᠳᠤ ᠪᠠᠷ ᠶᠢᠡᠨ ᠮᠦᠨ ᠦᠷᠭᠡᠨ ᠶᠢᠡᠷ ᠭᠡᠷᠡᠭᠯᠡᠭ᠍ᠳᠡᠵᠤ ᠪᠠᠢ᠌ᠭ᠎ᠠ ᠬᠡᠦᠬᠡᠳ ᠤᠨ ᠥᠯᠦᠭᠡᠢ ᠶᠢᠨ ᠳᠤᠬᠠᠢ ᠰᠢᠠᠵᠢᠯᠠᠨ᠂ ᠥᠯᠦᠭᠡᠢ ᠶᠢᠨ ᠰᠤᠶᠤᠯ ᠤᠨ ᠥᠩᠭᠡᠷᠡᠭ᠍ᠰᠡᠨ᠂ ᠣᠳᠤ᠂ ᠢᠷᠡᠭᠡᠳᠦᠢ ᠶᠢᠨ ᠮᠤᠩᠭ᠋ᠤᠯᠴᠤᠳ ᠲᠤ ᠥᠵᠡᠭᠦᠯᠭᠦ ᠨᠥᠯᠦᠭᠡ ᠳᠤᠰᠬᠠᠯ ᠶᠢᠡᠷ ᠳᠡᠭᠦᠨ ᠤ ᠭᠡᠷᠡᠭ᠍ᠴᠡᠭᠡ ᠦᠨ᠎ᠡ ᠦᠷᠳᠡᠭ᠌ ᠢ ᠨᠤᠳᠠᠯᠠᠨ ᠶᠠᠷᠢᠵᠠᠢ᠃

【ᠵᠠᠩᠭᠢᠯᠠᠭ᠎ᠠ ᠶᠢᠨ ᠥᠭᠡᠰ 】ᠬᠤᠷᠴᠢᠨ ᠮᠤᠩᠭ᠋ᠤᠯᠴᠤᠳ ᠤᠨ ᠥᠯᠦᠭᠡᠢ᠂    ᠳᠡᠦᠭᠡ ᠰᠤᠶᠤᠯ᠂   ᠦᠨ᠎ᠡ ᠦᠷᠳᠡᠭ᠌᠃

      

ᠬᠤᠷᠴᠢᠨ ᠮᠤᠩᠭ᠋ᠤᠯᠴᠤᠳ ᠤᠨ ᠥᠯᠦᠭᠡᠢ ᠪᠣᠯ ᠣᠵᠠᠭᠤᠷ ᠮᠤᠩᠭ᠋ᠤᠯ ᠤᠨ ᠰᠤᠶᠤᠯ ᠤᠨ ᠦᠯᠠᠳᠠᠴᠠ ᠮᠦᠨ᠃ ᠣᠠᠴᠠᠭᠠᠢ᠌ᠯᠠᠨ ᠮᠤᠳᠤᠨ ᠥᠯᠦᠭᠡᠢ ᠪᠣᠯ ᠬᠤᠷᠴᠢᠨ ᠮᠤᠩᠭ᠋ᠤᠯᠴᠤᠳ ᠤᠨ ᠡᠪᠦᠭᠡ ᠳᠡᠭᠡᠳᠦᠰ ᠡᠴᠡ ᠣᠯᠠᠮᠵᠢᠯᠠᠭᠳᠠᠵᠤ ᠢᠷᠡᠭ᠍ᠰᠡᠨ ᠦᠪᠡᠷᠮᠢᠴᠠ ᠰᠤᠶᠤᠯ ᠤᠨ ᠢᠯᠡᠷᠡᠭᠦᠨ᠂ ᠳᠡᠯᠡᠭᠡᠢ ᠶᠢᠨ ᠪᠣᠯᠪᠠᠰᠤᠨ ᠤ ᠬᠤᠪᠣᠷ ᠴᠤᠬᠠᠭ ᠦᠨ᠎ᠡ ᠦᠷᠳᠡᠭ᠍ᠳᠤ ᠦᠪ ᠭᠦᠷᠦᠩᠭᠡ ᠪᠣᠯᠤᠨ᠎ᠠ᠃ ᠥᠯᠦᠭᠡᠢ ᠳ᠋ᠤ ᠭᠡᠷᠡᠭᠯᠡᠭᠡᠨ ᠤ ᠦᠷᠳᠡᠭ᠌ ᠳᠤᠩ ᠶᠡᠭᠡ ᠪᠠᠢ᠌ᠬᠤ ᠪᠠᠷ ᠪᠠᠷᠠᠬᠤ ᠦᠭᠡᠶ ᠭᠤᠶᠤ ᠭᠡᠭᠡᠡᠴᠡᠷ ᠭᠢᠴᠠ᠂ ᠣᠷᠠᠨ ᠳᠦᠷᠰᠦᠯᠢᠭ᠌ ᠪᠦᠳᠦᠴᠡ ᠳ᠋ᠤᠨᠢ ᠡᠯᠳᠡᠪ ᠵᠣᠢ᠌ᠯ ᠤᠨ ᠡᠯᠪᠠᠭ᠌ ᠪᠠᠶᠠᠯᠢᠭ ᠰᠤᠶᠤᠯ ᠤᠨ ᠠᠭᠤᠯᠠᠭᠳᠠᠬᠤᠨ ᠲᠡᠶ ᠪᠠᠢ᠌ᠵᠤ᠂ ᠡᠩᠭᠡ ᠳᠠᠢ᠌ᠪᠣᠩ᠂ ᠡᠷᠡᠭᠦᠯ ᠴᠢᠭᠢᠷᠠᠭ᠂ ᠭᠤᠸ᠎ᠠ ᠰᠠᠢ᠌ᠬᠠᠨ᠂ ᠭᠦᠰᠡᠯ ᠮᠦᠷᠦᠭᠡᠳᠦᠯ ᠤᠨ ᠰᠡᠨᠠᠭ᠎ᠠ ᠰᠡᠳᠬᠢᠯᠭᠡ ᠬᠠᠮᠤᠷᠠᠭᠳᠠᠨ ᠳᠤᠰᠬᠠᠭᠳᠠᠵᠠᠢ᠃ ᠪᠠᠰᠠ ᠮᠠᠨ ᠤ ᠢᠵᠠᠭᠤᠷ ᠡᠪᠦᠭᠡ ᠳᠡᠭᠡᠳᠦᠰ ᠤᠨ ᠡᠭᠦᠳᠤᠨ ᠪᠦᠳᠦᠭᠡᠯᠴᠢ᠌ ᠵᠤᠷᠢᠭ ᠰᠠᠨᠠᠭ᠎ᠠ᠂ ᠣᠷᠠᠨ ᠠᠪᠢᠶᠠᠰᠤᠯᠢᠭ ᠰᠤᠨᠭᠢᠭᠦᠢ᠂ ᠭᠡᠪ ᠡᠴᠡ ᠳᠠᠪᠠᠭᠰᠠᠨ ᠣᠶᠤᠨ ᠪᠢᠯᠢᠭ᠌ ᠢ ᠢᠯᠡᠷᠡᠭᠦᠯᠵᠤ ᠮᠠᠰᠢ ᠦᠨᠳᠦᠷ ᠰᠤᠳᠤᠯᠤᠯᠭᠠᠨ ᠤ ᠦᠨ᠎ᠡ ᠦᠷᠳᠡᠭ᠌ ᠲᠡᠶ᠃

       ᠨᠢᠭᠡ᠂ ᠳᠡᠦᠭᠡ ᠳᠤᠮᠤᠭ ᠲᠡᠶ ᠥᠯᠦᠭᠡᠢ

《ᠮᠤᠩᠭ᠋ᠤᠯ ᠤᠨ ᠨᠢᠭᠤᠴᠠ ᠳᠤᠪᠴᠢᠶᠠᠨ》 60 ᠳ᠋ᠤᠭᠠᠷ ᠵᠣᠢ᠌ᠯ ᠳᠤ《᠁ ᠳᠠᠮᠤᠵᠢᠨ ᠢ ᠶ‍ᠢᠰᠤᠨ ᠨᠠᠰᠤᠳᠤ ᠪᠦᠭᠦᠢ ᠳᠤᠷ᠂ ᠵᠦᠴᠢ ᠬᠠᠰᠠᠷ ᠳᠤᠯᠤᠭᠠᠨ ᠨᠠᠰᠤᠳᠤ ᠪᠦᠯᠦᠭᠡ᠃ ᠬᠠᠴᠢᠭᠤᠨ ᠡᠯᠴᠢ ᠳᠠᠪᠤᠨ ᠨᠠᠰᠤᠳᠤ ᠪᠦᠯᠦᠭᠡ᠃ ᠳᠡᠮᠦᠭᠡ ᠣᠤᠠᠴᠢᠭᠢᠨ ᠭᠤᠨᠠᠨ ᠨᠠᠰᠤᠳᠤ ᠪᠦᠯᠦᠭᠡ᠃ ᠳᠠᠮᠤᠯᠤᠨ ᠥᠯᠦᠭᠡᠢ ᠲᠡᠶ ᠪᠦᠯᠦᠭᠡ  》 ᠭᠡᠵᠤ ᠬᠠᠮᠤᠭ ᠠᠩᠬ᠎ᠠ ᠮᠤᠩᠭ᠋ᠤᠯ ᠳᠡᠦᠭᠡ ᠶᠢᠨ ᠳᠤᠯᠭᠤᠷ ᠪᠢᠴᠢᠭ᠌ ᠲᠤ ᠥᠯᠦᠭᠡᠢ ᠭᠡᠭᠦ ᠥᠭᠡ ᠦᠨᠡᠨ ᠮᠦᠨ ᠶᠢᠡᠷ ᠳᠡᠮᠳᠡᠭᠯᠡᠭ᠍ᠳᠡᠨ ᠢᠯᠡᠷᠡᠳᠡᠭ᠌ ᠪᠠᠢ᠌ᠨ᠎ᠠ᠃ ᠪᠠᠰᠠ ᠵᠠᠷᠴᠢᠭᠤᠳᠠᠢ ᠡᠪᠦᠭᠡᠨ 《ᠣᠨᠤᠨ ᠤ ᠳᠡᠯᠢᠭᠦᠨ ᠪᠣᠯᠳᠠᠭ᠎ᠠ ᠪᠦᠭᠦᠢ ᠳᠤᠷ᠂ ᠳᠠᠮᠤᠵᠢᠨ ᠢ ᠳᠦᠷᠦᠭᠦᠢ ᠳᠤᠷ ᠪᠣᠯᠭᠠᠨ ᠨᠡᠯᠭᠡᠢ ᠦᠭ‍ᠭᠦᠯ᠎ᠡ ᠪᠢ》 ᠭᠡᠮᠡᠨ ᠥᠭᠦᠯᠡᠭ᠍ᠰᠡᠨ ᠨᠢ ᠭᠠᠷᠳᠠᠭ᠃ 《ᠪᠣᠯᠭᠠᠨ ᠨᠡᠯᠭᠡᠢ》 ᠶ᠋ᠢᠨ ᠬᠠᠵᠠᠭᠤ ᠣᠷᠴᠢᠭᠤᠯᠭ᠎ᠠ ᠳᠤ 《貂鼠裹兜袱》 ᠭᠡᠵᠤ ᠳᠠᠢ᠌ᠯᠪᠣᠷᠢᠯᠠᠵᠠᠢ᠃ ᠪᠣᠯᠠᠭᠠᠨ ᠨᠡᠯᠭᠡᠢ ᠨᠢ ᠮᠠᠠᠴᠤᠢ ᠲᠡᠶ ᠠᠳᠠᠯᠢᠬᠠᠨ ᠶᠠᠭᠤᠮ᠎ᠠ ᠪᠣᠯᠤᠯᠳᠠᠢ᠃ ᠪᠠᠰᠠ ᠴᠢᠩᠭᠢᠰ ᠬᠠᠭᠠᠨ ᠤ ᠥᠭᠦᠯᠡᠭ᠍ᠰᠡᠨ ᠢ ᠳᠡᠮᠳᠡᠭᠯᠡᠭᠦ ᠳᠤ ᠪᠠᠨ 《ᠵᠠᠷᠴᠢᠭᠤᠳᠠᠢ ᠡᠪᠦᠭᠡᠨ ᠭᠦᠭᠡᠷᠭᠡ ᠪᠠᠨ ᠡᠭᠦᠷᠴᠤ ᠵᠠᠯᠮ᠎ᠠ ᠥᠯᠦᠭᠡᠢ ᠡᠴᠡ ᠪᠠᠭᠤᠵᠤ ᠢᠷᠠᠷᠤᠨ ᠁》 ᠭᠡᠵᠤ ᠥᠯᠦᠭᠡᠢ ᠪᠠᠢ᠌ᠨ ᠳᠠᠭᠢᠨ ᠳᠤᠷᠠᠳᠤᠭᠳᠠᠳᠠᠭ ᠪᠠᠢ᠌ᠨ᠎ᠠ᠃

ᠮᠢᠩ ᠣᠯᠤᠰ ᠤᠨ ᠰᠢᠶᠤᠤ ᠳ᠋ᠠ ᠾᠸᠩ ᠤᠨ 《ᠮᠤᠩᠭ᠋ᠤᠯ ᠤᠨ ᠵᠠᠩ ᠰᠤᠷᠳᠠᠬᠤᠨ ᠤ ᠳᠡᠮᠳᠡᠭᠯᠡᠯ》 ᠳ᠋ᠤ《ᠮᠤᠩᠭ᠋ᠤᠯᠴᠤᠳ ᠤᠨ ᠨᠢᠯᠬ᠎ᠠ ᠬᠡᠦᠬᠡᠳ ᠶᠢᠡᠨ ᠵᠢᠪᠠᠷ ᠰᠠᠯᠭᠢᠨ ᠡᠴᠡ ᠵᠠᠢ᠌ᠯᠠᠭᠤᠯᠤᠨ ᠲ᠋ᠤᠯᠠᠭᠠᠴᠠᠭᠤᠯᠬᠤ ᠪᠣᠶᠤ ᠡᠪᠦᠷᠳᠡᠭᠦᠯᠤᠨ ᠳᠡᠪᠠᠷᠢᠭᠦ ᠶᠢ ᠳᠠᠮᠠᠢ ᠡᠷᠭᠢᠮᠯᠡᠳᠡᠭ᠌ ᠦᠭᠡᠶ᠃ ᠬᠡᠦᠬᠡᠳ ᠦᠯᠦᠰᠪᠠᠯ ᠭᠦᠭᠦᠯᠦᠭᠡᠳ ᠭᠡᠷ ᠤᠨ ᠳᠤᠳᠤᠷ᠎ᠠ ᠪᠣᠶᠤ ᠭᠠᠳᠠᠨ᠎ᠠ ᠥᠯᠦᠭᠡᠢ᠌ᠳᠡᠭᠡᠳ ᠳᠠᠯᠪᠢᠴᠢᠬᠠᠳᠠᠭ ᠪᠠᠢ᠌ᠨ᠎ᠠ》 ᠭᠡᠵᠤ ᠭᠢᠳᠠᠤᠨ ᠨᠤᠮ ᠳᠤ ᠴᠤ ᠮᠤᠩᠭ᠋ᠤᠯᠴᠤᠳ ᠤᠨ ᠬᠡᠦᠬᠡᠳ ᠶᠢᠡᠨ ᠥᠯᠦᠭᠡᠢ᠌ᠳᠡᠵᠤ ᠮᠠᠠᠴᠣᠢ᠌ᠯᠠᠵᠤ ᠥᠰᠭᠡᠨ ᠪᠣᠢ᠌ᠵᠢᠭᠤᠯᠳᠠᠭ ᠦᠪᠡᠷᠮᠢᠴᠠ ᠵᠠᠩ ᠵᠠᠩᠰᠢᠯ ᠳᠡᠮᠳᠡᠭᠯᠡᠭ᠍ᠳᠡᠨ ᠭᠠᠷᠳᠠᠭ ᠪᠠᠢ᠌ᠨ᠎ᠠ᠃᠃

13 ᠳ᠋ᠤᠭᠠᠷ ᠵᠠᠭᠤᠨ ᠤ ᠦᠶ᠎ᠡ ᠶᠢᠨ ᠰᠦᠩ ᠣᠯᠤᠰ ᠤᠨ ᠡᠯᠴᠢᠨ ᠰᠠᠢ᠌ᠳ ᠰᠢᠤᠢ ᠳᠢᠩ 《ᠰᠢᠤᠢ ᠳᠢᠩ ᠪᠢ ᠳᠠᠲ᠋ᠠᠷ ᠤᠨ ᠡᠮᠡᠭᠡᠨ ᠭᠦᠮᠤᠨ ᠭᠡᠭᠡᠷ᠎ᠡ ᠭᠠᠳᠠᠨ᠎ᠠ ᠨᠢᠷᠠᠢ᠌ᠯᠠᠮᠠᠭᠴᠠ ᠬᠤᠨᠢ ᠶᠢᠨ ᠨᠤᠤᠰᠤ ᠪᠠᠷ ᠨᠢᠯᠬ᠎ᠠ ᠪᠠᠨ ᠴᠡᠪᠠᠷᠯᠡᠭᠡᠳ᠂ ᠬᠤᠨᠢ ᠶᠢᠨ ᠠᠷᠠᠰᠤ ᠪᠠᠷ ᠪᠠᠭᠯᠠᠵᠤ᠂ ᠣᠷᠳᠤ ᠪᠠᠷ ᠳᠦᠷᠪᠠᠨ ᠳᠤᠬᠤᠢ᠂ ᠦᠷᠭᠡᠨ ᠶᠢᠡᠷ ᠨᠢᠭᠡᠨ ᠳᠤᠬᠤᠢ ᠪᠠᠭ᠎ᠠ ᠳᠡᠷᠭᠡᠨ (ᠥᠯᠦᠭᠡᠢ)ᠳ᠋ᠤ ᠣᠶᠠᠵᠤ ᠪᠠᠭᠯᠠᠨ ᠰᠤᠭᠤᠪᠴᠢᠯᠠᠭᠠᠤᠨ ᠮᠤᠷᠢ ᠪᠠᠷ ᠶᠠᠪᠣᠵᠤ ᠪᠠᠢ᠌ᠭ᠎ᠠ ᠶᠢ ᠣᠯᠵᠤ ᠦᠵᠡᠵᠠᠢ》 ᠭᠡᠵᠤ ᠥᠯᠦᠭᠡᠢ ᠶᠢ ᠪᠠᠭ᠎ᠠ ᠳᠡᠷᠭᠡ ᠭᠡᠮᠡᠨ ᠳᠡᠮᠳᠡᠭᠯᠡᠪᠡ᠃ ᠡᠭᠦᠨ ᠡᠴᠡ ᠪᠢᠳᠠ 13 ᠳ᠋ᠤᠭᠠᠷ ᠵᠠᠭᠤᠨ ᠡᠴᠡ ᠡᠮᠦᠨ᠎ᠡ ᠨᠢᠭᠡᠨᠲᠡ ᠮᠤᠩᠭ᠋ᠤᠯᠴᠤᠳ ᠤᠨ ᠳᠤᠮᠳᠠ ᠥᠯᠦᠭᠡᠢ ᠪᠣᠢ ᠪᠣᠯᠵᠤ ᠬᠡᠦᠬᠡᠳ ᠶᠢᠡᠨ ᠥᠯᠦᠭᠡᠢ᠌ᠳᠡᠭᠦ ᠵᠠᠩᠰᠢᠯ ᠨᠠᠢ᠌ᠳᠠᠮ ᠤᠨ ᠴᠢᠨᠠᠷᠳᠠᠢ ᠪᠠᠢ᠌ᠭᠰᠠᠨ ᠢ ᠮᠠᠳᠠᠵᠤ ᠪᠣᠯᠤᠨ᠎ᠠ᠃ ᠫᠧᠩ ᠳ᠋ᠠ ᠶᠠ ᠶᠢᠨ 《ᠬᠠᠷ᠎ᠠ ᠳᠠᠲ᠋ᠠᠷ ᠤᠨ ᠭᠡᠷᠡᠭ᠌ ᠤᠨ ᠳᠤᠪᠴᠢ》 ᠳ᠋ᠤ 《ᠳᠠᠳᠠ ᠬᠠᠷᠪᠣᠵᠤ ᠨᠠᠮᠨᠠᠬᠤ ᠳᠤ ᠪᠠᠨ ᠨᠢᠯᠬ᠎ᠠ ᠬᠡᠦᠬᠡᠳ ᠶᠢᠡᠨ ᠬᠠᠪᠳᠠᠰᠤᠨ ᠮᠤᠳᠤᠨ ᠳᠤ ᠳᠡᠭᠡᠰᠦᠯᠡᠵᠤ ᠮᠤᠷᠢᠨ ᠳᠤ ᠪᠠᠨ ᠭᠠᠠᠵᠤᠭᠠᠯᠠᠭᠠᠤᠨ᠂ ᠡᠭᠡ ᠨᠢ ᠠᠪᠴᠤ ᠣᠷᠤᠵᠤ ᠭᠠᠷᠳᠠᠭ᠃》

ᠥᠯᠦᠭᠡᠢ ᠶᠢᠨ ᠳᠤᠬᠠᠢ ᠡᠢ᠌ᠮᠤ ᠨᠢᠭᠡᠨ ᠳᠤᠮᠤᠭ ᠪᠠᠢ᠌ᠳᠠᠭ᠃ 《ᠳᠦᠷᠪᠠᠨ ᠤᠢ᠌ᠷᠠᠤᠨ ᠤᠨ ᠥᠭᠡᠯᠡᠳ ᠤᠨ ᠣᠭ ᠪᠣᠯᠪᠠᠰᠤ᠂ ᠬᠤᠷᠮᠤᠰᠳᠠ ᠳᠡᠭ᠍ᠷᠢ ᠶᠢᠨ ᠭᠡᠦᠭᠡᠨ ᠡᠨᠡ ᠽᠠᠠᠪᠣᠳᠢᠪ ᠲᠤᠷ ᠠᠭᠠᠷ ᠽᠠᠠᠳᠠᠨ ᠮᠤᠳᠤᠨ ᠤ ᠢᠷᠤᠭᠠᠷ ᠲᠤ ᠮᠡᠡᠳᠦᠯᠡᠭ᠍ᠰᠡᠨ ᠪᠦᠭᠡᠳ ᠮᠦᠨ ᠽᠠᠠᠳᠠᠨ ᠮᠤᠳᠤᠨ ᠡᠴᠡ ᠡᠯᠭᠦᠨ ᠳᠠᠯᠪᠢᠭᠰᠠᠨ ᠳᠤᠷ ᠳᠠᠷᠠ ᠮᠤᠳᠤᠨ ᠤ ᠨᠠᠪᠴᠢᠨ ᠳᠤᠷ ᠬᠤᠷ᠎ᠠ ᠶᠢᠨ ᠣᠰᠤ ᠣᠷᠤᠭᠰᠠᠨ ᠶᠢᠡᠷ ᠣᠮᠳᠠᠭᠠᠯᠠᠨ᠂ ᠪᠠᠰᠠ ᠮᠤᠳᠤᠨ ᠤ ᠥᠵᠦᠭᠦᠷ ᠲᠤᠷ ᠨᠢᠭᠡᠨ ᠣᠭᠤᠯᠢ ᠰᠢᠪᠠᠭᠤᠨ ᠳᠤᠩᠭ᠋ᠤᠳᠴᠤ ᠪᠣᠢ ᠯᠤᠭ᠎ᠠ ᠰᠠᠨᠠᠭᠳᠠᠵᠤ ᠪᠠᠢ᠌ᠭᠰᠠᠨ ᠪᠠ ᠮᠤᠳᠤᠨ ᠤ ᠢᠷᠤᠭᠠᠷ ᠲᠤᠷ ᠪᠣᠢ ᠠᠶᠠᠭ᠎ᠠ ᠳᠤ ᠣᠰᠤᠨ ᠰᠠᠯᠳᠠ ᠪᠠᠷ ᠠᠪᠴᠤ ᠳᠡᠷᠡ ᠭᠦᠪᠠᠭᠦᠨ ᠢ ᠦᠷ᠎ᠡ ᠦᠭᠡᠶ ᠡᠪᠦᠭᠡᠨ ᠡᠮᠡᠭᠡᠨ ᠬᠤᠶᠠᠷ ᠠᠰᠠᠷᠠᠵᠤ ᠠᠭᠠᠷ ᠽᠠᠠᠳᠠᠨ ᠮᠤᠳᠤᠨ ᠶᠢᠡᠷ ᠥᠯᠦᠭᠡᠢ ᠵᠠᠰᠠᠵᠤ ᠳᠡᠵᠢᠭᠡᠨ ᠥᠰᠭᠡᠵᠤ ᠬᠤᠳᠠᠭᠠᠢ᠌ᠳ ᠳᠤᠭᠰᠢᠨ ᠬᠠᠷ᠎ᠠ ᠨᠤᠶᠠᠨ ᠭᠡᠮᠡᠨ ᠨᠡᠷᠡᠢ᠌ᠳᠦᠭ᠍ᠰᠡᠨ ᠶᠢᠡᠷ ᠥᠭᠯᠡᠳ ᠥᠯᠡᠭᠡᠳ ᠣᠪᠣᠭ ᠭᠢᠭᠡᠳ ᠶᠠᠰᠤᠳᠠᠨ ᠡᠭᠦᠨ ᠡᠴᠡ ᠡᠭᠦᠰᠴᠦᠭᠦᠢ》 ᠭᠡᠵᠡᠢ᠃ ᠡᠢ᠌ᠮᠤ ᠡᠴᠡ ᠡᠷᠳᠡᠨ ᠤ ᠥᠭᠡᠯᠡᠳ ᠥᠯᠡᠭᠡᠳ ᠣᠪᠣᠭ ᠨᠢ 《ᠥᠯᠦᠭᠡᠢ》 ᠭᠡᠰᠡᠨ ᠥᠭᠡᠨ ᠡᠴᠡ ᠢᠷᠠᠯᠳᠠᠢ ᠮᠠᠭᠠᠤᠨ ᠭᠡᠵᠤ ᠵᠠᠷᠢᠮ ᠮᠤᠩᠭ᠋ᠤᠯᠴᠢ ᠡᠷᠳᠡᠮᠳᠡᠳ ᠦᠵᠡᠵᠤ ᠪᠠᠢ᠌ᠨ᠎ᠠ᠃ ᠣᠷᠤᠰ ᠤᠨ ᠮᠤᠩᠭ᠋ᠤᠯᠴᠢ ᠡᠷᠳᠡᠮᠳᠡᠨ ᠸᠯᠡᠳᠢᠮᠢᠷᠼᠦᠧ ᠶᠢᠨ ᠳᠡᠮᠳᠡᠭᠯᠡᠭ᠍ᠰᠡᠨ ᠶᠢᠡᠷ 《ᠣᠷᠢᠶᠠᠩᠬᠠᠢ᠌ᠴᠤᠳ ᠤᠨ ᠳᠤᠳᠤᠷ᠎ᠠ ᠣᠠᠴᠠᠭᠠᠢ ᠨᠢᠭᠡᠨ ᠠᠢ᠌ᠮᠠᠭ ᠪᠠᠢ᠌ᠵᠤ᠂ ᠪᠦᠭᠡ ᠰᠠᠮᠠᠨ ᠪᠦᠷ ᠡᠨᠡ ᠠᠢ᠌ᠮᠠᠭ ᠡᠴᠡ ᠡᠭᠦᠰᠦᠯᠳᠡᠢ ᠭᠡᠨ᠎ᠡ᠃ ᠡᠢ᠌ᠮᠤ ᠡᠴᠡ ᠳᠠᠳᠠ 〈ᠰᠠᠮᠠᠨ ᠠᠢ᠌ᠮᠠᠭ〉 ᠭᠡᠮᠡᠨ ᠨᠡᠷᠡᠯᠡᠭ᠍ᠳᠡᠭ᠍ᠰᠡᠨ ᠪᠠᠢ᠌ᠨ᠎ᠡ᠃ ᠡᠨᠡ ᠠᠢ᠌ᠮᠠᠭ ᠤᠨ ᠳᠡᠭᠡᠳᠦᠰ ᠨᠢ ᠳᠡᠭ᠍ᠷᠢ ᠶᠢᠨ ᠦᠬᠢᠨ ᠡᠴᠡ ᠳᠦᠷᠦᠭ᠍ᠰᠡᠨ ᠪᠠᠢ᠌ᠵᠤ ᠳᠠᠷᠠ ᠳᠠᠭᠢᠨᠢ ᠶᠢᠨ ᠬᠡᠦᠬᠡᠳ ᠶᠢᠡᠨ ᠬᠤᠰᠤ ᠮᠤᠳᠤᠨ ᠳᠤᠤᠷ᠎ᠠ ᠨᠢᠭᠡᠨ ᠥᠯᠦᠭᠡᠢ ᠳᠤ ᠭᠢᠵᠤ ᠣᠶᠠᠨ ᠥᠭ᠍ᠴᠤ᠂ ᠬᠤᠰᠤ ᠮᠤᠳᠤᠨ ᠤ ᠰᠢᠭᠦᠰᠤ ᠶᠢ ᠳᠡᠭᠦᠨ ᠤ ᠠᠮᠠᠨ ᠳ᠋ᠤᠨᠢ ᠣᠷᠤᠰᠤᠨ ᠣᠷᠤᠬᠤ ᠪᠠᠷ ᠵᠤᠬᠢᠶᠠᠵᠠᠢ᠃》 ᠭᠡᠵᠤ ᠡᠷᠳᠡᠨ ᠤ ᠮᠤᠩᠭ᠋ᠤᠯᠴᠤᠳ ᠤᠨ ᠮᠤᠳᠤ ᠶᠢ ᠰᠢᠳᠦᠳᠡᠭ᠌ ᠤᠨ ᠲ᠋ᠤᠬᠠᠢ ᠳᠤᠮᠤᠭᠴᠢᠯᠠᠭᠰᠠᠨ ᠳᠡᠮᠳᠡᠭᠯᠡᠯ ᠪᠣᠯᠬᠤ ᠪᠦᠭᠡᠳ ᠥᠯᠦᠭᠡᠢ ᠭᠡᠳᠡᠭ᠌ ᠨᠠᠷ᠎ᠠ ᠡᠷᠳᠡᠨ ᠤ ᠳᠤᠮᠤᠭ ᠲᠤ ᠴᠤ ᠳᠤᠷᠠᠳᠤᠭᠳᠠᠵᠤ ᠪᠠᠢ᠌ᠵᠠᠢ᠃

ᠡᠭᠦᠨ ᠡᠴᠡ ᠭᠠᠳᠠᠨ᠎ᠠ ᠪᠠᠰᠠ ᠡᠢ᠌ᠮᠤ ᠨᠢᠭᠡᠨ ᠭᠠᠢ᠌ᠬᠠᠯᠲᠠᠢ ᠰᠠᠢ᠌ᠬᠠᠨ ᠳᠤᠮᠤᠭ ᠪᠠᠢ᠌ᠳᠠᠭ᠃ ᠴᠢᠩᠭᠢᠰ ᠬᠠᠭᠠᠨ᠂ ᠪᠣᠷᠵᠢᠭᠢᠨ ᠣᠪᠣᠭᠳᠤ ᠳᠠᠮᠤᠵᠢᠨ ᠢ ᠮᠡᠡᠳᠦᠯᠡᠭᠦ ᠦᠶ᠎ᠡ ᠳᠤ ᠳᠡᠭᠦᠨ ᠤ ᠡᠴᠢᠭᠡ ᠨᠢ ᠶ‍ᠢᠰᠦᠭᠡᠢ ᠪᠠᠭᠠᠳᠤᠷ ᠳᠡᠭᠡᠳᠤ ᠶᠢᠨ ᠦᠶ᠎ᠡ ᠶᠢᠨ ᠦᠰᠢᠶᠠᠳᠠᠨ ᠳᠠᠲ᠋ᠠᠷ ᠢᠷᠭᠡᠨ ᠳᠤ ᠴᠡᠷᠢᠭᠯᠡᠭ᠍ᠰᠡᠨ ᠪᠠᠢ᠌ᠪᠠ᠃ ᠥᠭᠡᠯᠤᠨ ᠡᠭᠡ ᠣᠨᠤᠨ ᠭᠤᠤᠯ ᠤᠨ ᠡᠷᠭᠢ ᠳᠡᠯᠢᠭᠦᠨ ᠪᠣᠯᠳᠠᠭ ᠲᠤ ᠭᠠᠷᠤᠨ ᠵᠤᠭᠰᠤᠵᠤ ᠡᠷ᠎ᠡ ᠨᠥᠭᠦᠷ ᠤᠨ ᠶᠢᠡᠨ ᠳᠠᠢ᠌ᠰᠤᠨ ᠶᠢᠡᠨ ᠳᠠᠷᠤᠵᠤ᠂ ᠳᠠᠷᠬᠠᠨ ᠴᠤᠯᠠ ᠪᠠᠨ ᠣᠯᠵᠤ ᠠᠮᠤᠷ ᠲᠦᠪᠰᠢᠨ᠂ ᠡᠷᠡᠭᠦᠯ ᠡᠩᠭᠡ ᠪᠣᠴᠠᠨ ᠢᠷᠡᠭᠦ ᠶᠢ ᠭᠦᠰᠡᠨ ᠪᠠᠷᠠᠯᠠᠵᠤ ᠪᠠᠢ᠌ᠳᠠᠯ᠎ᠠ ᠭᠡᠨᠡᠳᠲᠡ ᠭᠡᠳᠡᠰᠤ ᠨᠢ ᠡᠪᠠᠦᠡᠴᠤ ᠭᠦᠩᠭᠡᠵᠢᠭᠦ ᠪᠣᠯᠤᠭᠰᠠᠨ ᠴᠤ ᠮᠠᠢ᠌ᠬᠠᠨ ᠭᠡᠷ ᠲᠤ ᠪᠠᠨ ᠬᠠᠷᠢᠵᠤ ᠠᠮᠵᠢᠬᠤ ᠦᠭᠡᠶ ᠪᠣᠯᠤᠭᠠᠤᠨ ᠳᠠᠠᠳᠠ ᠪᠠᠨ ᠳᠠᠮᠤᠵᠢᠨ ᠢ ᠥᠵᠡᠭ᠍ᠳᠡᠭ᠍ᠰᠡᠨ ᠪᠠᠢ᠌ᠪᠠ᠃ ᠳᠠᠷᠠ ᠦᠶ᠎ᠡ ᠳᠤ ᠣᠯᠠᠨ ᠣᠯᠤᠰ ᠤᠨ ᠭᠡᠯᠡᠨ ᠳᠤ ᠨᠡᠪᠳᠡᠷᠡᠭ᠍ᠰᠡᠨ᠂ ᠪᠢᠯᠢᠭ᠌ ᠣᠬᠠᠭᠠᠨ ᠡᠷ᠎ᠡ ᠪᠠᠭᠠᠳᠤᠷ ᠬᠤᠤᠰᠯᠠᠭᠰᠠᠨ ᠵᠠᠷᠴᠢᠭᠤᠳᠠᠢ ᠭᠡᠳᠡᠭ᠌ ᠨᠢᠭᠡᠨ ᠡᠪᠦᠭᠡᠨ ᠶᠠᠭ ᠰᠠᠢ᠌ᠬᠠᠨ ᠳᠡᠨᠡᠭᠦᠷ ᠥᠩᠭᠡᠷᠡᠭᠦ ᠳᠠᠭᠠᠷᠠᠯᠳᠤᠵᠤ ᠥᠭᠡᠯᠤᠨ ᠡᠭᠡ ᠶᠢᠨ ᠪᠠᠷᠠᠭᠤᠨ ᠭᠠᠷ ᠲᠤ ᠪᠠᠨ ᠱᠠᠭ᠎ᠠ ᠶᠢᠨ ᠭᠢᠷᠢ ᠨᠦᠵᠢ ᠠᠳᠬᠤᠨ ᠳᠦᠷᠦᠭ᠍ᠰᠡᠨ ᠭᠦᠪᠠᠭᠦᠨ ᠢ ᠥᠵᠡᠭᠡᠳ ᠶᠡᠭᠡᠯ᠎ᠡ ᠭᠠᠢ᠌ᠬᠠᠨ ᠰᠤᠨᠢᠷᠬᠠᠵᠤ 《ᠡᠨᠡ ᠭᠦᠪᠠᠭᠦᠨ ᠪᠣᠯ ᠳᠡᠭ᠍ᠷᠢ ᠭᠠᠵᠠᠷ ᠬᠤᠶᠠᠷ ᠤᠨ ᠣᠭᠢ ᠰᠢᠮ᠎ᠠ ᠶᠢ ᠭᠦᠷᠳᠡᠨ ᠭᠦᠮᠤᠨ ᠤ ᠶ‍ᠢᠷᠳᠢᠠᠴᠤ ᠳᠤ ᠪᠠᠭᠤᠵᠤ ᠢᠷᠡᠭ᠍ᠰᠡᠨ ᠳᠡᠭ᠍ᠷᠢᠯᠢᠭ᠌ ᠭᠦᠪᠠᠭᠦᠨ ᠮᠦᠨ᠃ ᠬᠤᠵᠢᠮ ᠯᠠᠪ ᠭᠦᠮᠤᠨ ᠠᠮᠢᠳᠠᠨ ᠢ ᠣᠰᠤ ᠭᠠᠯ ᠤᠨ ᠠᠶᠤᠯ ᠡᠴᠡ ᠠᠪᠣᠷᠠᠬᠤ ᠠᠤᠭ᠎ᠠ ᠥᠢᠯᠡᠰ ᠪᠦᠳᠦᠭᠡᠨ᠎ᠡ᠃ ᠳᠡᠯᠡᠭᠡᠢ ᠶᠢ ᠡᠵᠡᠯᠡᠭᠦ ᠬᠤᠪᠢ ᠪᠣᠶᠠᠨ ᠲᠡᠶ᠃ ᠳᠡᠭᠦᠨ ᠢ ᠬᠤᠮᠤᠭ ᠳᠤᠭᠤᠰᠤ ᠡᠴᠡ ᠵᠠᠢ᠌ᠳᠠᠭᠤ᠂ ᠳᠡᠭ᠍ᠷᠢ ᠪᠠ ᠭᠠᠵᠠᠷ ᠤᠨ ᠬᠤᠭᠤᠷᠤᠠᠳᠤ ᠭᠦᠡᠳᠡᠢ ᠳᠡᠭᠡᠷ᠎ᠡ ᠥᠰᠭᠡᠨ ᠪᠣᠢ᠌ᠵᠢᠭᠤᠯᠬᠤ ᠭᠡᠷᠡᠭ᠍ᠳᠡᠢ》 ᠭᠡᠵᠤ ᠭᠡᠯᠡᠭᠡᠳ ᠥᠨᠡᠭᠡᠷ ᠭᠤᠷᠪᠠ ᠬᠤᠨᠤᠭ ᠳᠡᠭᠡᠷ᠎ᠡ ᠨᠢ ᠨᠢᠭᠡᠨ ᠡᠪᠳᠡᠢ ᠰᠠᠢ᠌ᠬᠠᠨ ᠥᠯᠦᠭᠡᠢ ᠵᠤᠬᠢᠶᠠᠵᠤ ᠥᠭᠡᠯᠤᠨ ᠡᠭᠡ ᠳᠤ ᠭᠦᠷᠭᠡᠵᠤ ᠦᠭ‍ᠭᠦᠭ᠍ᠰᠡᠨ ᠭᠡᠨ᠎ᠡ᠃ ᠪᠠᠰᠠ ᠵᠠᠯᠮ᠎ᠠ ᠪᠠ ᠰᠥᠪᠠᠭᠡᠳᠡᠢ ᠭᠡᠭᠦ ᠬᠤᠶᠠᠷ ᠭᠦᠪᠠᠭᠦᠨ ᠶᠢᠡᠨ ᠡᠨᠡᠭᠦ ᠢᠷᠡᠭᠡᠳᠦᠢ ᠶᠢᠨ ᠶ‍ᠢᠷᠳᠢᠠᠴᠤ ᠶᠢᠨ ᠡᠵᠡᠨ ᠬᠠᠭᠠᠨ ᠪᠣᠯᠬᠤ ᠳᠠᠮᠤᠵᠢᠨ ᠳᠤ 〈ᠪᠣᠱᠤᠭ᠎ᠠ ᠵᠢᠨ ᠭᠢᠨᠢ ᠪᠣᠭᠤᠯ᠂ ᠡᠭᠦᠳᠡᠨ ᠤ ᠭᠢᠨᠢ ᠦᠮᠴᠢ〉 ᠪᠣᠯᠤᠭ ᠭᠡᠵᠤ ᠳᠠᠭᠠᠭᠤᠯᠤᠨ ᠦᠭ‍ᠭᠦᠭ᠍ᠰᠡᠨ ᠭᠡᠨ᠎ᠡ᠃ ᠬᠤᠵᠢᠮ ᠳᠠᠮᠤᠵᠢᠨ ᠥᠨᠡᠭᠡᠷ ᠳᠡᠯᠡᠭᠡᠢ ᠳ᠋ᠠᠭᠢᠨ ᠢ ᠡᠵᠡᠯᠡᠭ᠍ᠰᠡᠨ ᠪᠣᠭᠳᠠ ᠡᠵᠡᠨ ᠪᠣᠯᠤᠭᠰᠠᠨ ᠪᠣᠯᠬᠤᠷ ᠬᠠᠮᠤᠭ ᠮᠤᠩᠭ᠋ᠤᠯᠴᠦᠳ ᠬᠡᠦᠬᠡᠳ ᠶᠢᠨ ᠶᠢᠡᠨ ᠬᠤᠵᠢᠮ ᠤᠨ ᠰᠠᠢ᠌ᠨ ᠰᠠᠢ᠌ᠬᠠᠨ ᠢ ᠭᠦᠰᠡᠨ ᠰᠠᠨᠠᠵᠤ ᠪᠦᠷ ᠥᠯᠦᠭᠡᠢ ᠭᠡᠷᠡᠭᠯᠡᠭᠦ ᠪᠣᠯᠤᠭᠰᠠᠨ ᠭᠡᠯᠴᠡᠳᠡᠭ᠌᠃   

《ᠮᠤᠩᠭ᠋ᠤᠯ ᠤᠨ ᠨᠢᠭᠤᠴᠠ ᠳᠤᠪᠴᠢᠶᠠᠨ》 133ᠳᠤᠭᠠᠷ ᠵᠣᠢ᠌ᠯ ᠳᠤ 《ᠴᠢᠩᠭᠢᠰ ᠬᠠᠭᠠᠨ᠁ ᠮᠡᠭᠦᠵᠢᠨ ᠰᠡᠭᠦᠯᠳᠤ ᠵᠡᠷᠭᠡ ᠶᠢ ᠪᠠᠷᠢᠵᠤ᠂ ᠮᠡᠭᠦᠵᠢᠨ ᠰᠡᠭᠦᠯᠳᠤ ᠶᠢ ᠳᠠᠠᠳᠠ ᠠᠯᠠᠵᠤ᠂ ᠮᠥᠩᠭᠦᠨ ᠥᠯᠦᠭᠡᠢ᠂ ᠳᠠᠨ᠎ᠠ ᠰᠤᠪᠣᠤᠨ ᠤᠨ ᠴᠢᠮᠡᠭ᠍ᠳᠤ ᠭᠦᠡᠵᠢᠯᠡ ᠶᠢ ᠨᠢ ᠴᠢᠩᠭᠢᠰ ᠬᠠᠭᠠᠨ ᠣᠯᠵᠠᠯᠠᠨ ᠠᠪᠣᠪᠠ》 ᠭᠡᠵᠤ ᠳᠡᠮᠳᠡᠭᠯᠡᠭ᠍ᠳᠡᠨ ᠡᠷᠳᠡᠨ ᠤ ᠮᠤᠩᠭ᠋ᠤᠯᠴᠤᠳ ᠤᠨ ᠠᠮᠢᠳᠤᠷᠠᠯ ᠤᠨ ᠳᠤᠮᠳᠠ ᠥᠯᠦᠭᠡᠢ ᠭᠡᠴᠢᠨᠡᠨ ᠭᠦᠡᠳᠤ ᠴᠢᠬᠤᠯᠠ ᠪᠠᠢ᠌ᠷᠢ ᠰᠠᠭᠤᠷᠢ ᠶᠢ ᠡᠵᠡᠯᠡᠵᠤ ᠠᠯᠳᠠ ᠮᠥᠩᠭᠦ ᠪᠠᠷ ᠦᠢᠯᠡᠳᠬᠦ ᠳᠤ ᠭᠦᠷᠴᠤ ᠪᠠᠢ᠌ᠭᠰᠠᠨ ᠢ ᠪᠢᠳᠠ ᠡᠭᠦᠨ ᠡᠴᠡ ᠣᠯᠵᠤ ᠬᠠᠷᠠᠨ᠎ᠠ᠃ 《ᠮᠤᠩᠭ᠋ᠤᠯ ᠤᠨ ᠨᠢᠭᠤᠴᠠ ᠳᠤᠪᠴᠢᠶᠠᠨ》 128 ᠳ᠋ᠤᠭᠠᠷ ᠵᠣᠢ᠌ᠯ ᠳᠤ 《ᠵᠠᠮᠤᠬ᠎ᠠ ᠶᠢᠨ ᠳᠡᠭᠦᠤ ᠳᠠᠢ᠌ᠴᠠᠷ ᠵᠠᠯᠠᠮ᠎ᠠ ᠶᠢᠨ ᠠᠭᠤᠯᠠ ᠵᠢᠨ ᠦᠪᠣᠷ ᠥᠯᠦᠭᠡᠢ ᠪᠣᠯᠠᠭ ᠲᠤ ᠨᠤᠳᠤᠭᠯᠠᠵᠤ ᠪᠠᠢ᠌ᠬᠤ ᠳᠤ ᠪᠠᠨ ᠮᠠᠨ ᠤ ᠰᠠᠭᠠᠷᠢ ᠭᠡᠭᠡᠷ᠎ᠡ ᠳᠤ ᠪᠠᠢ᠌ᠭᠰᠠᠨ ᠵᠤᠴᠢ ᠳᠠᠷᠮᠠᠯᠠ ᠶᠢᠨ ᠠᠳᠤᠭᠤ ᠵᠢ ᠲ᠋ᠡᠭᠡᠷᠡᠮᠳᠡᠭᠦ ᠪᠠᠷ ᠣᠴᠢᠪᠠ》 ᠭᠡᠵᠤ ᠥᠭᠦᠯᠡᠭᠦ  ᠪᠠᠷ ᠨᠢ ᠲ᠋ᠤᠬᠠᠢ ᠶᠢᠨ ᠦᠶ᠎ᠡ ᠶᠢᠨ ᠮᠤᠩᠭ᠋ᠤᠯᠴᠤᠳ ᠭᠠᠵᠠᠷ ᠣᠰᠤᠨ ᠤ ᠨᠠᠷ᠎ᠠ ᠪᠠᠨ ᠴᠤ ᠥᠯᠦᠭᠡᠢ ᠭᠡᠵᠤ ᠵᠣᠢ᠌ᠷᠯᠠᠨ ᠢᠯᠡᠳᠭᠡᠵᠤ ᠡᠭᠡ ᠪᠠᠢ᠌ᠭᠠᠯᠢ ᠪᠠᠨ ᠡᠷᠭᠢᠮᠨᠡᠨ ᠭᠦᠡᠳᠦᠳᠭᠡᠳᠡᠭ᠌ ᠵᠡᠩᠰᠢᠯ ᠳᠠᠢ ᠪᠠᠢ᠌ᠭᠰᠠᠨ ᠨᠢ ᠢᠯᠠᠷᠠᠨ᠎ᠠ᠃

     ᠬᠤᠶᠠᠷ᠂ ᠦᠨᠦᠳᠤᠷ ᠤᠨ ᠬᠤᠷᠴᠢᠨ ᠮᠤᠩᠭ᠋ᠤᠯ ᠥᠯᠦᠭᠡᠢ  

ᠡᠳᠦᠭᠡ ᠬᠤᠷᠴᠢᠨ ᠮᠤᠩᠭ᠋ᠤᠯᠴᠤᠳ ᠤᠨ ᠳᠤᠮᠳᠠ ᠥᠯᠦᠭᠡᠢ ᠶᠢᠨ ᠭᠡᠷᠡᠭᠯᠡᠭᠡ ᠳᠦᠭᠡᠮᠡᠯ ᠴᠢᠨᠠᠷᠳᠠᠢ ᠣᠷᠤᠰᠢᠵᠤ ᠪᠠᠢ᠌ᠨ᠎ᠠ᠃ ᠭᠡᠳᠡᠯ᠎ᠡ ᠬᠠᠯᠬᠠᠴᠤᠳ ᠬᠡᠦᠬᠡᠳ ᠶᠢᠡᠨ ᠨᠡᠭᠡᠢ ᠥᠯᠦᠭᠡᠢ ᠳᠤ ᠥᠯᠦᠭᠡᠢ᠌ᠳᠡᠵᠤ᠂ ᠣᠷᠳᠤᠰᠴᠤᠳ ᠬᠡᠦᠬᠡᠳ ᠶᠢᠡᠨ ᠮᠠᠠᠴᠣᠢ᠌ᠯᠠᠨ ᠪᠣᠭᠤᠳᠠᠭ ᠶᠤᠮ᠃ ᠮᠠᠠᠴᠤᠢ ᠪᠣᠯ ᠢᠰᠢᠭᠡ ᠬᠤᠷᠤᠭᠠᠨ ᠠᠷᠠᠰᠤ ᠪᠣᠶᠤ ᠪᠦᠰᠡᠨ ᠳᠤ ᠭᠦᠪᠦᠩ ᠵᠤᠯᠭᠠᠵᠤ ᠣᠶᠤᠭᠰᠠᠨ ᠳᠦᠷᠪᠠᠯᠵᠢᠨ ᠵᠣᠢ᠌ᠯ ᠪᠣᠯᠤᠨ᠎ᠠ᠃ ᠬᠤᠷᠴᠢᠨ ᠮᠤᠩᠭ᠋ᠤᠯᠴᠤᠳ ᠤᠨ ᠦᠨᠦᠳᠤᠷ ᠤᠨ ᠥᠯᠦᠭᠡᠢ ᠪᠣᠯ ᠶᠤᠰᠤᠳᠠᠢ ᠣᠯᠠᠨ ᠵᠠᠭᠤᠨ ᠵᠢᠯ ᠤᠨ ᠳᠡᠦᠭᠡ ᠶᠢᠨ ᠣᠷᠤᠰᠬᠠᠯ ᠢ ᠲᠠᠭᠠᠨ᠂ ᠶᠠᠩᠵᠤ ᠪᠦᠷᠢ ᠶᠢᠨ ᠰᠤᠶᠤᠯ ᠤᠨ ᠨᠥᠯᠦᠭᠡ ᠶᠢ ᠭᠦᠷᠳᠡᠭ᠍ᠰᠡᠭᠡᠷ ᠥᠯᠦᠭᠡᠢ ᠶᠢᠨ ᠭᠡᠯᠪᠠᠷᠢ ᠮᠠᠶ‍ᠢᠭ᠂ ᠭᠢᠴᠠ ᠪᠦᠳᠦᠴᠡ᠂ ᠴᠢᠨᠠᠭᠰᠢᠯᠠᠨ ᠳᠡᠭᠦᠨ ᠳᠤ ᠠᠬᠤᠯᠠᠭᠳᠠᠬᠤ ᠣᠤᠠᠬ᠎ᠠ ᠣᠴᠢᠷ᠂ ᠰᠠᠨᠠᠭ᠎ᠠ ᠠᠬᠤᠢ ᠵᠡᠷᠭᠡ ᠳᠠᠯ᠎ᠠ ᠪᠠᠷ ᠪᠦᠷ ᠡᠷᠳᠡᠨ ᠤ ᠭᠢ ᠲᠡᠶ ᠥᠯᠢᠳᠭᠡᠪᠠᠯ ᠣᠯᠠᠮ ᠳᠡᠭᠦᠯᠳᠡᠷᠵᠢᠵᠤ᠂ ᠨᠠᠩ ᠪᠠᠶᠠᠯᠢᠭᠵᠢᠨ ᠣᠷᠤᠭᠰᠢᠯᠠᠭᠰᠠᠨ ᠳᠠᠪᠰᠢᠭᠰᠠᠨ ᠰᠤᠶᠤᠯ ᠪᠣᠯᠤᠭᠰᠠᠨ ᠨᠢ ᠭᠠᠷᠴᠠᠭ᠎ᠠ ᠦᠭᠡᠶ᠃ ᠳᠤᠬᠠᠢ᠌ᠯᠠᠪᠠᠯ᠂ ᠡᠷᠳᠡᠨ ᠤ ᠮᠤᠩᠭ᠋ᠤᠯᠴᠤᠳ ᠤᠨ ᠭᠡᠷᠡᠭᠯᠡᠵᠤ ᠪᠠᠢ᠌ᠭᠰᠠᠨ ᠥᠯᠦᠭᠡᠢ ᠪᠣᠯ ᠳᠦᠷᠪᠠᠨ ᠭᠡᠰᠡᠭ᠌ ᠮᠦᠳᠤᠨ ᠬᠠᠪᠳᠠᠰᠤ ᠪᠠᠷ ᠵᠢᠵᠢᠭ᠌ ᠭᠡᠯᠪᠠᠷᠢ ᠶᠢᠨ ᠣᠩᠭ᠋ᠤᠴᠠ ᠮᠠᠶ‍ᠢᠭ ᠤᠨ ᠶᠠᠭᠤᠮ᠎ᠠ ᠵᠤᠬᠢᠶᠠᠵᠤ ᠭᠡᠷ ᠤᠨ ᠠᠳᠠᠷ ᠡᠴᠡ ᠪᠣᠶᠤ ᠮᠤᠳᠤᠨ ᠤ ᠰᠠᠯᠠᠭ᠎ᠠ ᠡᠴᠡ ᠡᠯᠭᠦᠵᠤ ᠪᠠᠢ᠌ᠭᠰᠠᠨ ᠭᠡᠳᠡᠭ᠌ ᠢ ᠪᠢᠳᠡ ᠲ᠋ᠡᠭᠡᠷ᠎ᠡ ᠳᠤᠷᠠᠳᠤᠭᠰᠠᠨ ᠳᠡᠦᠭᠡ ᠶᠢᠨ ᠦᠨᠡᠨ ᠤ ᠳᠡᠮᠳᠡᠭᠯᠡᠯ᠂ ᠳᠤᠮᠤᠭ ᠶᠠᠷᠢᠶ᠎ᠠ ᠶᠢᠨ ᠣᠯᠠᠮᠵᠢᠯᠠᠯ ᠵᠡᠷᠭᠡ ᠡᠴᠡ ᠮᠠᠳᠠᠨ᠎ᠠ᠃ ᠡᠷᠳᠡᠨ ᠤ ᠮᠤᠩᠭ᠋ᠤᠯᠴᠤᠳ ᠠᠩ ᠠᠩᠨᠠᠬᠤ ᠪᠣᠶᠤ ᠠᠳᠤᠭᠤ ᠮᠠᠯ ᠶᠢᠡᠨ ᠬᠠᠷᠢᠭᠤᠯᠵᠤ ᠶᠠᠪᠣᠬᠤ ᠳᠤ ᠪᠠᠨ ᠡᠷᠡᠭ᠍ᠳᠡᠢ ᠡᠮᠡᠭ᠍ᠳᠡᠢ ᠶᠢᠨ ᠠᠵᠢᠯ ᠤᠨ ᠬᠤᠪᠢᠶᠠᠷᠢ ᠳᠠᠢ᠌ᠮᠤ ᠡᠷᠡᠰ ᠢᠯᠭᠠᠭᠤᠷᠢᠳᠠᠢ ᠪᠠᠢ᠌ᠭᠰᠠᠨ ᠦᠭᠡᠶ ᠪᠣᠯᠬᠤᠷ ᠡᠮᠡᠭ᠍ᠳᠡᠢ᠌ᠴᠦᠳ ᠴᠤ ᠭᠡᠷ ᠤᠨ ᠮᠤᠬᠤᠷ ᠰᠠᠭᠢᠵᠤ ᠵᠥᠭᠡᠷ ᠰᠠᠭᠤᠬᠤ ᠪᠢᠰᠢ ᠡᠷᠡᠭ᠍ᠳᠡᠢ᠌ᠴᠦᠳ ᠲᠡᠶ ᠠᠳᠠᠯᠢᠬᠠᠨ ᠶᠢᠡᠷ ᠭᠡᠭᠡᠷ᠎ᠡ ᠭᠠᠳᠠᠭ᠎ᠠ ᠶᠠᠪᠣᠯᠴᠠᠬᠤ ᠳᠤᠯᠠ ᠬᠡᠦᠬᠡᠳ ᠶᠢᠡᠨ ᠠᠪᠣᠭᠠᠤᠨ ᠶᠠᠪᠣᠬᠤ ᠯᠠ ᠭᠡᠷᠡᠭ᠌᠃ ᠬᠡᠦᠬᠡᠳ ᠡᠭᠦᠷᠦᠭᠡᠳ ᠠᠵᠢᠯᠯᠠᠬᠤ ᠳᠤ ᠳᠤᠩ ᠳᠦᠭᠦᠮ ᠦᠭᠡᠶ᠃ ᠣᠠᠴᠠᠭᠠᠢ᠌ᠯᠠᠨ ᠠᠩ ᠠᠩᠨᠠᠬᠤ ᠳᠤ ᠬᠡᠦᠬᠡᠳ ᠳᠡᠪᠠᠷᠢᠭᠡᠳ ᠮᠤᠷᠢ ᠳᠤᠪᠳᠤᠯᠭᠠᠬᠤ ᠳᠤᠩ ᠠᠶᠤᠯᠳᠠᠢ᠃ ᠡᠢ᠌ᠮᠤ ᠡᠴᠡ ᠮᠠᠨ ᠤ ᠠᠵᠢᠯᠴᠢ ᠭᠦᠳᠡᠯᠮᠦᠷᠢᠴᠢ᠂ ᠡᠷᠡᠯᠭᠡᠭ᠌ ᠪᠠᠭᠠᠳᠤᠷᠯᠢᠭ᠂ ᠰᠠᠴᠠᠨ ᠰᠡᠷᠭᠦᠯᠡᠩ᠂ ᠣᠶᠤᠨ ᠣᠬᠠᠭᠠᠠᠴᠢ ᠡᠪᠦᠭᠡ ᠳᠡᠭᠡᠳᠦᠰ ᠮᠠᠨᠢ ᠥᠯᠦᠭᠡᠢ ᠭᠡᠳᠡᠭ᠌ ᠶᠠᠭᠤᠮ᠎ᠠ ᠶᠢ ᠵᠤᠬᠢᠶᠠᠵᠤ ᠬᠡᠦᠬᠡᠳ ᠶᠢᠡᠨ ᠳᠤᠳᠤᠷ᠎ᠠ ᠨᠢ ᠪᠠᠷᠢᠵᠤ ᠣᠶᠠᠭᠠᠤᠨ ᠭᠡᠷ ᠲᠤ ᠪᠠᠨ ᠪᠣᠶᠤ ᠮᠤᠳᠤᠨ ᠳᠡᠭᠡᠷ᠎ᠡ ᠡᠯᠭᠦᠵᠤ ᠳᠠᠯᠪᠢᠭᠠᠤᠨ ᠰᠠ‍‌ᠶᠢ ᠠᠵᠢᠯ ᠳᠤ ᠪᠠᠨ ᠭᠠᠷᠳᠠᠭ ᠪᠣᠯᠵᠠᠢ᠃ ᠡᠯᠭᠦᠵᠤ ᠪᠠᠢ᠌ᠭ᠎ᠠ ᠨᠢ ᠭᠡᠭᠡᠷ᠎ᠡ ᠶᠢᠨ ᠵᠡᠷᠯᠢᠭ᠌ ᠠᠷᠢᠶᠠᠳᠠᠨ ᠤ ᠠᠶᠤᠯ ᠡᠴᠡ ᠵᠠᠢ᠌ᠯᠠᠭᠤᠯᠵᠤ ᠪᠠᠢ᠌ᠭ᠎ᠠ ᠪᠣᠯᠬᠤᠷ ᠡᠷᠭᠡᠪᠰᠢ ᠥᠰᠦᠷᠦᠭᠡᠳ ᠪᠠᠰᠠ ᠭᠦᠷᠴᠤ ᠳᠡᠢ᠌ᠯᠭᠦ ᠦᠭᠡᠶ ᠠᠶᠤᠯ ᠦᠭᠡᠶ ᠶᠢᠨ ᠦᠨᠳᠦᠷ ᠤᠨ ᠭᠡᠮᠵᠢᠶ᠎ᠡ ᠪᠠᠢ᠌ᠬᠤ ᠭᠡᠷᠡᠭ᠍ᠳᠡᠢ᠃ ᠭᠡᠪᠠᠴᠤ ᠮᠠᠨ ᠤ ᠬᠤᠷᠴᠢᠨ ᠮᠤᠩᠭ᠋ᠤᠯᠴᠤᠳ ᠠᠮᠢᠳᠤᠷᠠᠯ ᠤᠨ ᠡᠷᠭᠡᠨ ᠳᠤ ᠭᠦᠳᠦᠯᠦᠭ᠍ᠳᠡᠨ ᠭᠦᠯᠤᠨ ᠪᠣᠢ᠌ᠷ ᠤᠨ ᠳᠠᠯ᠎ᠠ ᠨᠤᠳᠤᠭ ᠡᠴᠡ ᠪᠠᠨ ᠯᠢᠶᠤᠤ ᠾᠧ ᠭᠤᠤᠯ ᠤᠨ ᠰᠠᠪᠠ ᠭᠠᠵᠠᠷ ᠲ᠋ᠤ ᠢᠷᠡᠭᠡᠳ ᠰᠢᠷ᠎ᠠ ᠶᠢᠨ ᠱᠠᠰᠢᠨ ᠪᠠ ᠳᠠᠷᠢᠶᠠᠯᠠᠬᠤ ᠰᠤᠶᠤᠯ ᠤᠨ ᠨᠥᠯᠦᠭᠡ ᠶᠢ ᠭᠦᠷᠳᠡᠨ᠂ ᠠᠮᠢᠳᠤᠷᠠᠯ ᠤᠨ ᠠᠷᠭ᠎ᠠ ᠭᠡᠯᠪᠠᠷᠢ᠂ ᠵᠠᠩ ᠵᠠᠩᠰᠢᠯ ᠨᠢ ᠢᠯᠠᠳᠳᠠ ᠬᠤᠪᠢᠷᠠᠯᠳᠠ ᠭᠠᠷᠴᠤ᠂ ᠬᠡᠦᠬᠡᠳ ᠶᠢᠡᠨ ᠭᠡᠷ ᠪᠣᠶᠤ ᠮᠤᠳᠤᠨ ᠡᠴᠡ ᠡᠯᠭᠦᠭᠦ ᠦᠭᠡᠶ ᠪᠣᠯᠵᠤ ᠬᠠᠩᠵᠤᠨ ᠳᠡᠭᠡᠷ᠎ᠡ ᠪᠠᠨ ᠯᠠᠪᠳᠠᠭᠤᠨ ᠰᠠᠢ᠌ᠬᠠᠨ ᠳᠠᠯᠪᠢᠵᠤ ᠥᠯᠦᠭᠡᠢ᠌ᠳᠡᠭᠦ ᠪᠣᠯᠵᠠᠢ᠃   

ᠬᠤᠷᠴᠢᠨ ᠮᠤᠩᠭ᠋ᠤᠯᠴᠤᠳ ᠬᠡᠦᠬᠡᠳ ᠶᠢᠡᠨ ᠮᠠᠠᠳᠤᠯᠠᠵᠤ ᠭᠤᠷᠪᠠ ᠪᠣᠶᠤ ᠳᠤᠯᠤᠭ᠎ᠠ ᠬᠤᠨᠤᠭᠰᠠᠨ ᠤ ᠳᠠᠷᠠᠭ᠎ᠠ ᠥᠯᠦᠭᠡᠢ ᠳᠤ ᠣᠷᠤᠭᠤᠯᠳᠠᠭ᠃ ᠭᠡᠭᠦ ᠳᠤ ᠪᠠᠨ ᠣᠷᠢᠳᠠᠪᠠᠷ ᠬᠠᠯᠠᠭᠤᠨ ᠪᠦᠯᠢᠶᠡᠨ ᠴᠠᠪᠠᠷ ᠣᠰᠤᠨ ᠳᠤ ᠪᠠᠭ᠎ᠠ ᠳᠠᠪᠣᠰᠤ᠂ ᠳᠠᠪᠤᠨ ᠳᠠᠷᠢᠶᠠᠨ ᠦᠷ᠎ᠡ᠂ ᠠᠷᠴᠠ ᠽᠠᠠᠳᠠᠨ ᠵᠡᠷᠭᠡ ᠶᠢ ᠭᠢᠵᠤ ᠬᠡᠦᠬᠡᠳ ᠵᠢᠠᠨ ᠰᠠᠢ᠌ᠳᠤᠷ ᠤᠬᠢᠶᠡᠵᠤ ᠴᠡᠪᠠᠷᠯᠡᠭᠦ ᠣᠭᠢᠶᠠᠯᠭ᠎ᠠ ᠶᠢᠨ ᠶᠤᠰᠤᠯᠠᠯ ᠭᠢᠨ᠎ᠠ᠃ ᠡᠭᠦᠨ ᠳᠤ ᠳᠠᠪᠣᠰᠤ ᠪᠠᠷ ᠊ᠭ᠍‍ᠬᠢᠷ ᠪᠣᠷᠳᠠᠭ ᠢ ᠠᠷᠢᠯᠭᠠᠨ᠂ ᠪᠠᠺᠲ᠋ᠸᠷᠢ ᠠᠯᠠᠬᠤ ᠣᠢ᠌ᠯᠠᠳᠤᠯ ᠲᠡᠶ᠃ ᠠᠷᠴᠠ ᠽᠠᠠᠳᠠᠨ ᠶᠢᠡᠷ ᠠᠷᠢᠭᠤᠳᠬᠠᠨ᠂ ᠠᠩᠭᠢᠯᠤᠮ᠎ᠠ ᠰᠠᠢ᠌ᠬᠠᠨ ᠦᠨᠦᠷ ᠲᠡᠶ ᠪᠣᠯᠭᠠᠨ᠎ᠠ᠃ ᠦᠷ᠎ᠡ ᠪᠣᠳᠠᠭ᠎ᠠ ᠪᠠᠷ ᠦᠨᠢᠷ ᠪᠠᠶᠠᠯᠢᠭ ᠤᠨ ᠪᠠᠯᠭᠡ ᠳᠡᠮᠳᠡᠭ᠌ ᠪᠣᠯᠭᠠᠳᠠᠭ ᠣᠴᠢᠷ ᠲᠡᠶ᠃ ᠬᠡᠦᠬᠡᠳ ᠣᠭᠢᠶᠠᠭᠰᠠᠨ ᠣᠰᠤ ᠪᠠᠨ ᠠᠰᠬᠠᠬᠤ ᠳᠤ ᠪᠠᠨ ᠡᠷᠭᠡᠪᠰᠢ ᠭᠦᠮᠤᠨ ᠮᠠᠯ ᠤᠨ ᠭᠦᠯ ᠡᠴᠡ ᠵᠠᠢ᠌ᠳᠠᠢ ᠦᠨᠳᠦᠷ ᠰᠢᠭ᠌ ᠴᠡᠪᠠᠷᠭᠡᠨ ᠭᠠᠵᠠᠷ ᠠᠪᠠᠴᠢᠵᠤ ᠠᠰᠬᠠᠨ ᠬᠡᠦᠬᠡᠳ ᠤᠨ ᠶᠢᠡᠨ ᠡᠷᠡᠭᠦᠯ ᠡᠩᠭᠡ ᠦᠰᠦᠨ ᠪᠣᠢ᠌ᠵᠢᠬᠤ ᠶᠢ ᠵᠦᠩᠨᠠᠨ ᠪᠠᠯᠭᠡᠳᠡᠭ᠍ᠰᠡᠨ ᠰᠠᠨᠠᠭ᠎ᠠ ᠪᠠᠨ ᠢᠯᠡᠳᠭᠡᠳᠡᠭ᠌᠃ ᠥᠯᠦᠭᠡᠢ ᠳᠤ ᠣᠷᠤᠭᠤᠯᠬᠤ ᠡᠴᠡ ᠡᠮᠦᠨ᠎ᠡ ᠬᠡᠦᠬᠡᠳ ᠤᠨ ᠡᠮᠡᠭᠡ ᠨᠢ ᠪᠣᠶᠤ ᠡᠵᠢ ᠨᠢ ᠬᠡᠦᠬᠡᠳ ᠤᠨ ᠵᠢᠠᠨ ᠵᠤᠯᠠᠢ ᠮᠠᠩᠨᠠᠢ ᠵᠢ ᠰᠢᠷ᠎ᠠ ᠳᠤᠰᠤ ᠪᠣᠶᠤ ᠰᠢᠨ᠎ᠠ ᠴᠢᠨᠠᠭᠰᠠᠨ ᠳᠠᠷᠭᠤᠨ ᠮᠢᠬ᠎ᠠ ᠪᠠᠷ ᠮᠢᠯᠢᠶᠠᠵᠤ 《ᠳᠤᠭᠤᠰᠤᠨ ᠤ ᠭᠠᠳᠠᠭᠤᠷ᠂ ᠳᠤᠰᠤᠨ ᠤ ᠳᠤᠮᠳᠠᠭᠤᠷ ᠶᠠᠪᠣᠭᠠᠷᠠᠢ》 ᠭᠡᠵᠤ ᠰᠠᠢ᠌ᠨ ᠰᠠᠢ᠌ᠬᠠᠨ ᠤ ᠪᠠᠯᠭᠡ ᠳᠠᠮᠪᠠᠷᠢᠯ ᠲᠡᠶ ᠥᠭᠡ ᠪᠠᠷ ᠢᠷᠦᠭᠡᠨ ᠭᠡᠯᠡᠭᠡᠳ ᠥᠯᠦᠭᠡᠢ᠌ᠳᠡᠨ᠎ᠡ᠃ ᠡᠭᠦᠨ ᠳᠤ ᠠᠢ᠌ᠯ ᠵᠡᠷᠭᠡᠯᠡᠳᠡᠭᠡ ᠠᠬ᠎ᠠ ᠳᠡᠭᠦᠤ ᠨᠡᠷ᠂ ᠬᠤᠯᠠ ᠤᠢ᠌ᠷ᠎ᠡ ᠬᠤᠪᠣᠩ ᠳᠦᠷᠤᠯ ᠤᠨ ᠭᠦᠮᠦᠰ ᠡᠴᠡ ᠨᠢᠯᠬ᠎ᠠ ᠬᠡᠦᠬᠡᠳ ᠤᠨ ᠭᠡᠷᠡᠭᠯᠡᠭᠡᠨ ᠤ ᠭᠤᠶᠤ ᠰᠠᠢ᠌ᠬᠠᠨ ᠬᠡᠦᠬᠡᠳ ᠤᠨ ᠬᠤᠪᠴᠠᠰᠤ ᠲ᠋ᠠᠪᠠᠯ᠂ ᠮᠠᠯᠠᠭᠠᠢ᠂ ᠱᠠᠬᠠᠢ ᠭᠤᠳᠤᠯ ᠪᠠ ᠪᠢᠴᠢᠬᠠᠨ ᠭᠦᠡᠵᠢᠯᠡ ᠳᠠᠩᠰᠠ ᠵᠡᠷᠭᠡ ᠶᠢ ᠠᠪᠴᠢᠷᠠᠵᠤ ᠪᠠᠶᠠᠷ ᠭᠦᠷᠭᠡᠭᠦ ᠪᠦᠭᠡᠳ ᠳᠦᠷᠦᠭ᠍ᠰᠡᠨ ᠡᠭᠡ ᠳ᠋ᠤᠨᠢ ᠰᠢᠮ᠎ᠠ ᠳᠡᠵᠢᠭᠡᠯᠳᠤ ᠢᠳᠡᠭᠡᠨ ᠤ ᠵᠣᠢ᠌ᠯ ᠡᠴᠡ ᠰᠢᠷ᠎ᠠ ᠳᠤᠰᠤ᠂ ᠳᠠᠭᠢᠶᠠᠨ ᠥᠡᠳᠡᠭᠡ᠂ ᠪᠣᠤᠪᠣ ᠪᠣᠭᠤᠷᠰᠤᠭ ᠭᠦᠷᠭᠡᠵᠤ ᠢᠷᠡᠳᠡᠭ᠌᠃ ᠡᠭᠦᠨ ᠶᠢᠡᠨ ᠬᠤᠷᠴᠢᠨ ᠮᠤᠩᠭ᠋ᠤᠯᠴᠤᠳ 《ᠡᠭᠡ ᠶᠢᠨ ᠰᠥ᠋ ᠪᠠᠭᠤᠯᠭᠠᠵᠤ ᠪᠠᠢ᠌ᠨ᠎ᠠ》 ᠭᠡᠨ᠎ᠡ᠃ ᠡᠷᠡᠭᠦᠯ ᠴᠢᠭᠢᠷᠠᠭ ᠰᠠᠴᠠᠨ ᠰᠡᠷᠭᠦᠯᠡᠩ ᠦᠰᠦᠨ ᠪᠣᠢ᠌ᠵᠢᠭᠰᠠᠨ ᠣᠯᠠᠨ ᠬᠡᠦᠬᠡᠳ ᠢ ᠪᠠᠭᠯᠠᠭᠰᠠᠨ ᠵᠢᠵᠢᠭ᠌ ᠭᠦᠡᠵᠢᠯᠡ ᠨᠡᠯᠭᠡ ᠶᠢ ᠦᠯᠵᠡᠢ᠌ᠳᠤ ᠭᠦᠡᠵᠢᠯᠡ ᠭᠡᠨ᠎ᠡ᠃ ᠨᠢᠯᠬ᠎ᠠ ᠬᠡᠦᠬᠡᠳ ᠶᠢᠡᠨ ᠭᠦᠩᠭᠡᠵᠢᠭᠦ ᠡᠴᠡ ᠪᠠᠨ ᠡᠮᠦᠨ᠎ᠡ ᠡᠴᠢᠭᠡ ᠡᠭᠡ ᠨᠢ ᠤᠢ᠌ᠷ᠎ᠡ ᠵᠡᠷᠭᠡᠯᠡᠳᠡᠭᠡ ᠳᠦᠷᠤᠯ ᠰᠠᠳᠤᠨ ᠤ ᠳᠤᠳᠤᠷ᠎ᠠ ᠡᠴᠡ ᠪᠠᠨ ᠥᠯᠵᠡᠢ᠌ᠳᠤ ᠭᠦᠡᠵᠢᠯᠡ ᠭᠤᠶᠤᠵᠤ ᠠᠪᠴᠢᠷᠠᠨ ᠰᠠ‍‌ᠶᠢ ᠳᠦᠷᠦᠭᠦ ᠨᠢᠯᠬ᠎ᠠ ᠬᠡᠦᠬᠡᠳ ᠵᠢᠠᠨ ᠲ᠋ᠠᠷᠠ ᠦᠯᠵᠡᠢ᠌ᠳᠤ ᠭᠦᠡᠵᠢᠯᠡ ᠨᠡᠯᠭᠡ ᠳ᠋ᠤ ᠲ᠋ᠤᠰᠴᠤ ᠪᠠᠭᠯᠠᠨ ᠠᠪᠳᠠᠭ ᠵᠠᠩᠰᠢᠯ ᠲᠡᠶ᠃ ᠨᠠᠭᠠᠴᠤ ᠶᠢᠨ ᠳᠠᠯ᠎ᠠ ᠡᠴᠡ ᠳᠤᠰᠬᠠᠢ᠌ᠯᠠᠨ ᠭᠦᠷᠭᠡᠵᠤ ᠢᠷᠡᠳᠡᠭ᠌ ᠣᠴᠢᠷ ᠴᠤ ᠪᠠᠢ᠌ᠳᠠᠭ᠃ ᠦᠯᠵᠡᠢ᠌ᠳᠤ ᠭᠦᠡᠵᠢᠯᠡ ᠪᠠᠷ ᠳᠤᠰᠴᠤ ᠠᠪᠣᠭᠰᠠᠨ ᠬᠡᠦᠬᠡᠳ ᠡᠪᠠᠦᠡᠴᠢᠯᠡᠵᠤ ᠭᠡᠭᠡᠭ᠍ᠳᠡᠭᠦ ᠠᠶᠤᠯ ᠦᠭᠡᠶ ᠭᠡᠳᠡᠭ᠌᠃ ᠥᠯᠦᠭᠡᠢ᠌ᠳᠡᠭᠦ ᠳᠤ ᠪᠠᠨ ᠪᠠᠰᠠ ᠳᠠᠷᠠ ᠭᠦᠡᠵᠢᠯᠡ ᠶᠢ ᠭᠡᠷᠡᠭᠯᠡᠨ᠎ᠡ᠃

ᠬᠤᠷᠴᠢᠨ ᠮᠤᠩᠭ᠋ᠤᠯᠴᠤᠳ ᠦᠯᠵᠡᠢ᠌ᠳᠤ ᠥᠯᠦᠭᠡᠢ ᠶᠢ ᠮᠠᠰᠢ ᠡᠷᠭᠢᠮᠯᠡᠳᠡᠭ᠌᠃ ᠣᠯᠠᠨ ᠬᠡᠦᠬᠡᠳ ᠥᠯᠦᠭᠡᠢ᠌ᠳᠡᠭ᠍ᠰᠡᠨ ᠪᠦᠭᠡᠳ ᠬᠡᠦᠬᠡᠳ ᠨᠢ ᠪᠦᠷ ᠡᠷᠡᠭᠦᠯ ᠡᠩᠭᠡ ᠥᠰᠦᠭ᠍ᠰᠡᠨ ᠥᠯᠦᠭᠡᠢ ᠶᠢ ᠦᠯᠵᠡᠢ᠌ᠳᠤ ᠥᠯᠦᠭᠡᠢ ᠭᠡᠳᠡᠭ᠌᠃ ᠦᠯᠵᠡᠢ᠌ᠳᠤ ᠥᠯᠦᠭᠡᠢ ᠶᠢ ᠠᠢ᠌ᠯ ᠰᠠᠭᠠᠬᠠᠯᠳᠠ᠂ ᠤᠢ᠌ᠷ᠎ᠡ ᠰᠠᠳᠤᠨ ᠨᠢ ᠪᠣᠯᠢᠶᠠᠯᠳᠤᠨ ᠭᠡᠷᠡᠭᠯᠡᠳᠡᠭ᠌᠃ ᠭᠦᠪᠠᠭᠦᠨ ᠦᠬᠢᠨ ᠢ ᠳᠡᠭ᠍ᠰᠢᠭᠡᠨ ᠥᠯᠦᠭᠡᠢ᠌ᠳᠡᠭ᠍ᠰᠡᠨ ᠥᠯᠦᠭᠡᠢ ᠶᠢ ᠨᠠᠩ ᠡᠷᠭᠢᠮ ᠳᠤ ᠥᠵᠡᠳᠡᠭ᠌᠃ ᠭᠦᠪᠠᠭᠦᠨ ᠭᠦᠰᠡᠭ᠍ᠴᠢᠳ ᠭᠦᠪᠠᠭᠦᠨ ᠣᠯᠠᠨ ᠥᠯᠦᠭᠡᠢ᠌ᠳᠡᠭ᠍ᠰᠡᠨ ᠥᠯᠦᠭᠡᠢ ᠶᠢ ᠰᠤᠩᠭ᠋ᠤᠨ ᠭᠡᠷᠡᠭᠯᠡᠵᠤ᠂ ᠦᠬᠢᠨ ᠭᠦᠰᠡᠭ᠍ᠴᠢᠳ ᠨᠢ ᠦᠬᠢᠨ ᠣᠯᠠᠨ ᠥᠯᠦᠭᠡᠢ᠌ᠳᠡᠭ᠍ᠰᠡᠨ ᠥᠯᠦᠭᠡᠢ ᠶᠢ ᠰᠤᠩᠭ᠋ᠤᠨ ᠭᠡᠷᠡᠭᠯᠡᠭᠦ ᠳᠤᠷᠠᠳᠠᠢ᠃ ᠥᠯᠦᠭᠡᠢ ᠵᠢᠭᠡᠯᠡᠭᠦ ᠪᠠᠷ ᠢᠷᠠᠪᠠᠯ ᠵᠠᠪᠠᠯ ᠦᠭ‍ᠭᠦ ᠶᠤᠰᠤᠳᠠᠢ᠂ ᠭᠡᠭᠦ ᠳᠡᠭᠡᠨ ᠭᠤᠷᠪᠠᠨ ᠪᠦᠰᠡᠯᠡᠭᠦᠷ ᠢ ᠨᠢ ᠳᠠᠢ᠌ᠯᠵᠤ ᠠᠪᠳᠠᠭ᠃ ᠬᠡᠦᠬᠡᠳ ᠶᠢᠡᠨ ᠥᠰᠭᠡᠭ᠍ᠰᠡᠨ ᠤ ᠳᠠᠷᠠᠭ᠎ᠠ ᠥᠯᠦᠭᠡᠢ ᠶᠢ ᠨᠢ ᠪᠣᠴᠠᠭᠠᠨ ᠦᠭ‍ᠭᠦᠨ᠎ᠡ᠃ ᠭᠡᠭᠦ ᠳᠡᠭᠡᠨ ᠥᠯᠦᠭᠡᠢ ᠶᠢᠨ ᠪᠦᠰᠡᠯᠡᠭᠦᠷ ᠶᠢᠡᠨ ᠭᠡᠷ ᠲᠤ ᠪᠠᠨ ᠥᠯᠡᠳᠡᠭᠡᠳᠡᠭ᠌ ᠪᠦᠭᠡᠳ ᠥᠯᠦᠭᠡᠢ ᠳᠤᠳᠤᠷ᠎ᠠ ᠨᠢ ᠵᠠᠢ᠌ᠷ ᠮᠥᠩᠭᠦ ᠪᠣᠶᠤ ᠭᠡᠳᠤᠨ ᠵᠤᠭᠤᠰ ᠭᠢᠵᠤ ᠳᠠᠯᠪᠢᠳᠠᠭ᠃ ᠡᠨᠡ ᠨᠢ ᠬᠡᠦᠬᠡᠳ ᠤᠨ ᠰᠦᠨᠠᠰᠤ ᠥᠯᠦᠭᠡᠢ ᠶᠢ ᠳᠠᠭᠠᠵᠤ ᠶᠠᠪᠣᠬᠤ ᠡᠴᠡ ᠭᠢᠴᠢᠶᠠᠵᠤ ᠪᠠᠢ᠌ᠨ᠎ᠠ ᠭᠡᠨ᠎ᠡ᠃ ᠪᠦᠰᠡᠯᠡᠭᠦᠷ ᠦᠭᠡᠶ ᠥᠯᠦᠭᠡᠢ ᠳᠤ ᠬᠡᠦᠬᠡᠳ ᠤᠨ ᠰᠦᠨᠠᠰᠤ ᠳᠤᠭᠳᠠᠳᠠᠭ ᠦᠭᠡᠶ᠃ ᠬᠡᠦᠬᠡᠳ ᠤᠨ ᠰᠦᠨᠠᠰᠤ ᠥᠯᠦᠭᠡᠢ ᠶᠢ ᠳᠠᠭᠠᠵᠤ ᠶᠠᠪᠣᠭᠰᠠᠨ ᠴᠤ ᠥᠯᠦᠭᠡᠢ ᠳᠤᠳᠤᠷᠠᠭᠢ ᠮᠥᠩᠭᠦ ᠶᠢ ᠣᠯᠵᠤ ᠦᠵᠡᠪᠠᠯ 《ᠡᠨᠡ ᠴᠢᠨᠢ ᠥᠯᠦᠭᠡᠢ ᠪᠢᠰᠢ ᠮᠥᠩᠭᠦᠨ ᠤ ᠠᠪᠳᠠᠷ᠎ᠠ ᠪᠠᠢ᠌ᠨ᠎ᠠ》 ᠭᠡᠳ ᠪᠣᠴᠠᠭᠠᠤᠨ ᠢᠷᠡᠳᠡᠭ᠌ ᠭᠡᠨ᠎ᠡ᠃ ᠢᠩᠭᠢᠵᠤ ᠰᠢᠯᠳᠠᠭ ᠳᠠᠳᠤᠢ ᠭᠡᠯᠡᠭ᠍ᠰᠡᠨ ᠡᠴᠡ ᠪᠢᠰᠢ ᠶᠠᠭ ᠦᠨᠡᠨ ᠳᠡᠭᠡᠨ ᠪᠣᠯ ᠮᠠᠨ ᠤ ᠮᠤᠩᠭ᠋ᠤᠯᠴᠤᠳ ᠪᠣᠰᠤᠳ ᠡᠴᠡ ᠵᠢᠭᠡᠯᠡᠭ᠍ᠰᠡᠨ ᠶᠠᠭᠤᠮ᠎ᠠ ᠶᠢ᠌ ᠪᠣᠴᠠᠭᠠᠬᠤ ᠳᠤ ᠪᠠᠨ ᠶᠠᠷᠤ ᠨᠢ ᠬᠤᠭᠤᠰᠤᠨ ᠥᠭ᠍ᠳᠡᠭ᠌ ᠥᠭᠡᠢ ᠶ‍ᠦᠰᠤ ᠲᠡᠶ᠃

       ᠭᠤᠷᠪᠠ᠂ ᠥᠯᠦᠭᠡᠢ ᠶᠢᠨ ᠭᠢᠴᠠ ᠪᠦᠳᠦᠴᠡ᠂ ᠭᠡᠷᠡᠭ᠍ᠰᠡᠯ ᠵᠢᠴᠢ ᠣᠤᠠᠬ᠎ᠠ ᠣᠴᠢᠷ

《ᠮᠤᠩᠭ᠋ᠤᠯ ᠭᠦᠮᠤᠨ ᠪᠠᠯᠭᠡ ᠪᠠᠷ》 ᠭᠡᠳᠡᠭ᠍ᠴᠢᠯᠡᠨ ᠬᠡᠦᠬᠡᠳ ᠤᠨ ᠥᠯᠦᠭᠡᠢ ᠭᠢᠭᠦ ᠳᠤ᠂ ᠬᠠᠢ᠌ᠯᠠᠰᠤ᠂ ᠢᠯᠠᠮ᠎ᠠ ᠶᠢᠨ ᠮᠤᠳᠤ᠂ ᠦᠷᠢᠯ᠂ ᠮᠣᠢ᠌ᠯ᠂ ᠶᠠᠰᠢᠯ ᠵᠡᠷᠭᠡ ᠡᠷᠳᠡ ᠦᠷᠠᠯᠠᠵᠤ ᠴᠡᠴᠡᠭᠯᠡᠨ ᠵᠢᠮᠢᠰᠯᠡᠳᠡᠭ᠌ ᠴᠢᠨᠠᠷ ᠰᠠᠢ᠌ᠳᠠᠢ ᠮᠤᠳᠤ ᠶᠢ ᠰᠤᠩᠭ᠋ᠤᠬᠤ ᠪᠦᠭᠡᠳ ᠨᠡᠷᠡᠨ ᠵᠥᠭ᠌ ᠬᠠᠠᠳᠤᠭᠰᠠᠨ᠂ ᠨᠠᠷᠠ ᠢᠯᠠ ᠭᠠᠵᠠᠷ ᠣᠷᠭᠤᠭᠰᠠᠨ ᠮᠤᠳᠤ ᠪᠣᠯ ᠨᠠᠩ ᠰᠠᠢ᠌ᠨ ᠭᠡᠳᠡᠭ᠌᠃ ᠬᠠᠢ᠌ᠯᠠᠰᠤᠨ ᠮᠤᠳᠤ᠂ ᠢᠯᠠᠮ᠎ᠠ ᠶᠢᠨ ᠮᠤᠳᠤ ᠶᠢ ᠭᠡᠷᠡᠭᠯᠡᠭ᠍ᠰᠡᠨ ᠨᠢ ᠬᠡᠦᠬᠡᠳ ᠶᠢᠡᠨ ᠬᠠᠢ᠌ᠯᠠᠰᠤ ᠰᠢᠭ ᠬᠠᠳᠠᠭᠤ ᠪᠦᠭᠡ᠂ ᠢᠯᠠᠮ᠎ᠠ ᠶᠢᠨ ᠮᠤᠳᠤ ᠰᠢᠭ ᠭᠦᠮᠤᠨ ᠳ᠋ᠤ ᠠᠴᠢ ᠳᠤᠰᠠᠳᠠᠢ ᠪᠣᠯᠬᠤ ᠶᠢ ᠵᠥᠩᠨᠡᠭ᠍ᠰᠡᠨ ᠣᠤᠠᠬ᠎ᠠ ᠲᠡᠶ᠃ ᠵᠠᠷᠢᠮ ᠭᠦᠮᠤᠨ ᠲ᠋ᠦᠰᠭᠠᠢ᠌ᠯᠡᠨ ᠣᠳᠠ ᠮᠤᠳᠤ ᠪᠠᠷ ᠭᠢᠭᠦ ᠵᠠᠩᠰᠢᠯ ᠲᠡᠶ᠃ ᠣᠴᠢᠷ ᠨᠢ ᠣᠳᠠ ᠮᠤᠳᠤ ᠶᠢᠨ ᠭᠢᠳᠠᠤᠨ ᠪᠢᠴᠢᠯᠭᠡ ᠶᠢᠨ 柳 ᠨᠢ ᠥᠯᠡᠳᠡᠭᠦ ᠶᠢᠨ 留 ᠲ᠋ᠠᠢ ᠳᠠᠭᠤᠳᠠᠯᠭ᠎ᠠ ᠠᠳᠠᠯᠢ ᠪᠣᠯᠬᠤᠷ ᠬᠡᠦᠬᠡᠳ ᠤᠨ ᠠᠮᠤᠷ ᠲᠦᠪᠰᠢᠨ ᠳᠤ ᠪᠠᠯᠭᠡ ᠲᠡᠶ ᠭᠡᠨ᠎ᠡ᠃ ᠪᠠᠰᠠ ᠵᠠᠷᠢᠮ ᠭᠦᠮᠤᠨ ᠨᠢ ᠳᠡᠭ᠍ᠷᠢ ᠪᠠᠭᠤᠭᠰᠠᠨ ᠮᠤᠳᠤ ᠪᠠᠷ ᠭᠢᠭᠦ ᠳᠤᠷᠠᠳᠠᠢ᠃ ᠣᠴᠢᠷ ᠨᠢ ᠴᠠᠭᠢᠯᠭᠠᠨ ᠳᠤ ᠴᠤᠭᠢᠭᠳᠠᠭᠰᠠᠨ ᠠᠯᠢᠪᠠ ᠶᠠᠭᠤᠮᠠᠨ ᠳᠤ ᠠᠳᠠ ᠴᠢᠳᠭᠦᠷ ᠣᠷᠤᠰᠢᠬᠤ ᠦᠭᠡᠶ ᠳᠤᠯᠠ ᠡᠢ᠌ᠮᠤ ᠥᠯᠦᠭᠡᠢ ᠨᠢ ᠦᠪᠠᠰᠤᠪᠠᠨ ᠭᠠᠵᠢᠭᠤ ᠪᠣᠷᠤᠭᠤ ᠶᠢ ᠵᠠᠢ᠌ᠯᠠᠭᠤᠯᠬᠤ ᠴᠢᠳᠠᠪᠣᠷᠢ ᠲᠡᠶ ᠭᠡᠨ᠎ᠡ᠃ ᠡᠢ᠌ᠮᠤ ᠡᠴᠡ ᠬᠡᠦᠬᠡᠳ ᠡᠡᠮᠦᠷ ᠲᠦᠪᠰᠢᠨ ᠣᠷᠳᠤ ᠨᠠᠰᠤᠯᠠᠵᠤ ᠳᠠᠢ᠌ᠯᠤᠨ᠎ᠠ ᠭᠡᠨ᠎ᠡ᠃ ᠦᠷ᠎ᠡ ᠴᠡᠴᠡᠭ᠌ ᠰᠠᠢ᠌ᠳᠠᠢ ᠮᠤᠳᠤ ᠶᠢ ᠰᠤᠩᠭ᠋ᠤᠳᠠᠭ ᠨᠢ ᠦᠷ᠎ᠡ ᠬᠡᠦᠬᠡᠳᠤᠨ ᠶᠢᠡᠨ ᠦᠷᠠᠵᠢᠵᠤ ᠳᠡᠯᠭᠡᠷᠡᠭᠦ ᠶᠢ ᠪᠠᠯᠭᠡᠳᠡᠭ᠍ᠰᠡᠨ ᠴᠢᠨᠠᠳᠤ ᠳᠠᠯᠳᠠ ᠭᠦᠨ ᠰᠠᠨᠠᠭ᠎ᠠ ᠲᠡᠶ ᠶᠤᠮ᠃ ᠥᠯᠦᠭᠡᠢ ᠭᠢᠭᠦ ᠳᠤ ᠪᠠᠨ ᠡᠷᠭᠡᠪᠰᠢ ᠠᠬᠠᠮᠠᠤᠨ ᠨᠠᠰᠤᠨ ᠤ᠂ ᠬᠠᠷ᠎ᠠ ᠴᠠᠭᠠᠨ ᠦᠷ᠎ᠡ ᠬᠡᠦᠬᠡᠳ ᠳᠡᠭ᠍ᠰᠢᠭᠡᠨ᠂ ᠡᠯᠢᠭᠡ ᠪᠦᠳᠤᠨ ᠳᠤᠷᠰᠢᠯᠭ᠎ᠠ ᠲᠡᠶ ᠰᠠᠢ᠌ᠨ ᠮᠤᠳᠤᠴᠢᠨ ᠶᠢᠡᠷ ᠭᠢᠯᠭᠡᠳᠡᠭ᠌᠃ ᠣᠯᠠᠩᠭᠢ ᠳᠤ ᠪᠠᠨ ᠨᠠᠭᠠᠴᠤ ᠶᠢᠨ ᠳᠠᠯ᠎ᠠ ᠡᠴᠡ ᠭᠢᠯᠭᠡᠵᠤ ᠭᠦᠷᠭᠡᠳᠡᠭ᠌ ᠵᠠᠩᠰᠢᠯ ᠲᠡᠶ᠃ ᠬᠤᠷᠴᠢᠨ ᠮᠤᠩᠭ᠋ᠤᠯᠴᠤᠳ ᠤᠨ ᠵᠢᠭᠡ ᠨᠠᠭᠠᠴᠤ ᠶᠢᠨ ᠬᠠᠷᠢᠴᠠᠭᠠᠨ ᠤ ᠡᠳᠡᠭᠡᠳ ᠳᠤᠳᠤᠨᠤ ᠪᠠᠢ᠌ᠯᠴᠠᠳᠠᠭ ᠡᠴᠡ ᠪᠢᠳᠠ ᠡᠨᠡ ᠪᠤᠯ ᠪᠠᠷᠤᠭ ᠡᠭᠡᠴᠢᠯᠡᠯ ᠤᠪᠤᠭ ᠳᠦᠷᠤᠯ ᠤᠨ ᠨᠡᠢ᠌ᠭᠡᠮ ᠤᠨ ᠦᠶ᠎ᠡ ᠵᠢᠨ ᠥᠯᠡᠳᠡᠭ᠍ᠳᠡᠯ ᠰᠤᠶᠤᠯ ᠪᠠᠢ᠌ᠵᠤ ᠮᠠᠭᠠᠤᠨ ᠭᠡᠵᠤ ᠡᠷᠭᠡ ᠦᠭᠡᠶ ᠳᠠᠭᠠᠮᠠᠭᠯᠠᠨ᠎ᠠ᠃ ᠭᠡᠷᠪᠡ ᠨᠠᠭᠠᠴᠤ ᠨᠢ ᠦᠷ᠎ᠡ ᠬᠡᠦᠬᠡᠳ ᠦᠭᠡᠶ ᠪᠣᠯ ᠭᠦᠷᠭᠡᠭᠦ ᠶᠢ ᠴᠡᠭᠡᠷᠯᠡᠨ᠎ᠡ᠃ ᠡᠰᠡᠭᠦᠯ᠎ᠡ ᠬᠡᠦᠬᠡᠳ ᠤᠨ ᠡᠴᠢᠭᠡ ᠨᠢ ᠦᠪᠠᠰᠤᠪᠠᠨ ᠭᠢᠳᠡᠭ᠌᠃ ᠰᠢᠨ᠎ᠠ ᠭᠢᠭ᠍ᠰᠡᠨ ᠥᠯᠦᠭᠡᠢ ᠪᠠᠨ ᠵᠠᠷᠤᠬᠤ ᠡᠴᠡ ᠪᠠᠨ ᠡᠮᠦᠨ᠎ᠡ ᠪᠠᠰᠠ ᠰᠢᠷ᠎ᠠ ᠳᠤᠰᠤ ᠪᠠᠷ ᠮᠢᠯᠢᠶᠠᠬᠤ ᠶᠤᠰᠤᠳᠠᠢ᠃

ᠬᠤᠷᠴᠢᠨ ᠮᠤᠩᠭ᠋ᠤᠯ ᠭᠦᠮᠤᠨ ᠤ ᠭᠡᠷᠡᠭᠯᠡᠳᠡᠭ᠌ ᠥᠯᠦᠭᠡᠢ ᠶᠢᠨ ᠪᠦᠳᠦᠴᠡ ᠳᠤ ᠠᠷᠠᠯ᠂ ᠬᠤᠯᠪᠣᠭᠠᠰᠤ᠂ ᠢᠯᠠᠤ᠂ ᠬᠠᠷᠠᠭ᠎ᠠ (ᠬᠤᠷᠴᠢᠨ ᠮᠤᠩᠭ᠋ᠤᠯ ᠭᠦᠮᠤᠨ ᠮᠠᠬᠠᠷᠠ ᠭᠡᠳᠡᠭ᠌)᠂ ᠭᠦᠪᠴᠢ᠂ ᠳᠠᠳᠠᠭᠤᠷ᠂ ᠭᠤᠭᠴᠤᠭ᠎ᠠ ᠵᠡᠷᠭᠡ ᠳᠤᠯᠤᠭᠠᠨ ᠵᠣᠢ᠌ᠯ ᠪᠠᠢ᠌ᠳᠠᠭ᠃ ① ᠠᠷᠠᠯ᠄ ᠥᠯᠦᠭᠡᠢ ᠶᠢᠨ ᠬᠤᠶᠠᠷ ᠳᠠᠯ᠎ᠠ ᠶᠢᠨ ᠭᠦᠡᠳᠡᠯᠡᠨ ᠮᠤᠳᠤ᠂ ᠳᠦᠷᠪᠠᠨ ᠥᠡᠴᠦᠭ᠌ ᠲ᠋ᠦᠨᠢ ᠳᠦᠷᠪᠠᠨ ᠪᠠᠷᠢᠭᠤᠯ ᠲᠡᠶ᠂ ᠪᠠᠷᠢᠭᠤᠯ ᠳᠡᠭᠡᠷ᠎ᠡ ᠨᠢ ᠭᠤᠶᠤ ᠰᠠᠢ᠌ᠬᠠᠨ ᠯᠤᠤ ᠭᠠᠷᠤᠳᠢ ᠪᠣᠶᠤ ᠳᠤᠲ᠋ᠸᠮ ᠠᠮᠢᠳᠠᠨ ᠤ ᠰᠠᠢ᠌ᠯᠪᠣᠷᠢ ᠲᠡᠶ᠃ ᠥᠯᠦᠭᠡᠢ ᠰᠠᠵᠢᠯᠠᠬᠤ ᠳᠤ ᠪᠠᠨ ᠳᠤᠰ ᠪᠠᠷᠢᠭᠤᠯ ᠡᠴᠡ ᠪᠠᠷᠢᠵᠤ ᠭᠦᠩᠭᠡᠭᠡᠨ ᠭᠦᠳᠡᠯᠭᠡᠳᠡᠭ᠌᠃ ᠠᠷᠠᠯ ᠤᠨ ᠮᠤᠳᠤ ᠶᠢ ᠰᠤᠩᠭ᠋ᠤᠬᠤ ᠳᠤ ᠪᠠᠨ ᠨᠠᠷᠠᠨ ᠵᠥᠭ᠌ ᠬᠠᠠᠳᠤᠨ ᠣᠷᠭᠤᠭᠰᠠᠨ ᠡᠰᠡᠭᠦᠯ᠎ᠡ ᠨᠠᠷᠠᠨ ᠢᠯᠠ ᠨᠦᠮᠦᠷᠢ ᠭᠠᠵᠠᠷ ᠣᠷᠭᠤᠭᠰᠠᠨ ᠦᠷᠢᠯ ᠤᠨ ᠮᠤᠳᠤ ᠪᠠᠷ ᠭᠢᠳᠡᠭ᠌ ᠶᠤᠮ᠃ ② ᠬᠤᠯᠪᠣᠭᠠᠰᠤ᠄ ᠠᠷᠠᠯ ᠤᠨ ᠡᠮᠦᠨ᠎ᠡ ᠬᠣᠢ᠌ᠨ᠎ᠠ ᠬᠤᠶᠠᠷ ᠥᠵᠦᠭᠦᠷ ᠰᠢᠬᠠᠭᠤ ᠪᠠᠷᠢᠭᠤᠯ ᠥᠯᠡᠳᠡᠭᠡᠨ ᠬᠤᠯᠪᠣᠭᠰᠠᠨ ᠮᠤᠳᠤ ᠶᠢ ᠭᠡᠯᠡᠨ᠎ᠡ᠃ ᠮᠦᠨ ᠦᠷᠢᠯ ᠤᠨ ᠮᠤᠳᠤ ᠪᠠᠷ ᠭᠢᠨ᠎ᠠ᠃ ③ ᠢᠯᠠᠤ᠄ ᠬᠤᠯᠪᠣᠭᠠᠰᠤ ᠶᠢ ᠵᠠᠯᠭᠠᠭᠠᠤᠨ ᠳᠤᠷᠤᠭᠰᠢ ᠬᠠᠭᠠᠰ ᠰᠠᠷᠠᠨ ᠤ ᠨᠤᠮᠤ ᠭᠡᠯᠪᠠᠷᠢ ᠲᠡᠶ ᠡᠷᠭᠢᠪᠴᠢ ᠶᠢᠨ ᠣᠢ᠌ᠯᠠᠳᠤᠯ ᠲ᠋ᠠᠢ ᠬᠠᠪᠳᠠᠰᠤ ᠶᠢ ᠭᠡᠯᠡᠨ᠎ᠡ᠃ ᠳᠤᠯᠤᠭᠠᠢ ᠳᠠᠯ᠎ᠠ ᠨᠢ ᠦᠨᠳᠦᠷ ᠰᠢᠭ᠌᠂ ᠭᠦᠯ ᠤᠨ ᠥᠵᠦᠭᠦᠷ ᠭᠡᠰᠡᠭ᠌ ᠨᠢ ᠪᠣᠭᠤᠨᠢ ᠰᠢᠭ᠂ ᠨᠤᠮᠤᠨ ᠭᠡᠯᠪᠠᠷᠢ ᠲᠡᠶ ᠪᠠᠷ ᠬᠠᠠᠵᠤ ᠶᠢᠨ ᠨᠢᠭᠤᠷ ᠲᠠᠢ ᠭᠦᠷᠦᠯᠴᠡᠨ ᠪᠠᠭ᠎ᠠ ᠯᠠ ᠭᠦᠳᠡᠯᠭᠡᠭ᠍ᠰᠡᠭᠡᠷ ᠭᠦᠭ᠌ ᠴᠤᠭᠢᠯᠭ᠎ᠠ ᠲᠡᠶ ᠰᠠᠢ᠌ᠬᠠᠨ ᠰᠡᠵᠢᠯᠡᠳᠡᠭ᠃ ᠡᠭᠦᠨ ᠢ ᠭᠤᠤᠯᠳᠠᠭᠤ ᠶᠠᠰᠢᠯ ᠮᠤᠳᠤ ᠪᠠᠷ ᠭᠢᠨ᠎ᠠ᠃  ④ ᠬᠠᠷᠠᠭ᠎ᠠ᠄ ᠬᠤᠷᠴᠢᠨ ᠮᠤᠩᠭ᠋ᠤᠯᠴᠤᠳ ᠮᠠᠬᠠᠷᠠ ᠭᠡᠳᠡᠭ᠌᠃ ᠮᠣᠢ᠌ᠯ ᠪᠣᠶᠤ ᠳᠠᠯᠳᠤ ᠶᠢᠨ ᠪᠣᠷᠭᠠᠰᠤ ᠶᠢ ᠨᠤᠮᠤ ᠭᠡᠯᠪᠠᠷᠢ ᠲᠡᠶ ᠮᠤᠷᠣᠢ᠌ᠯᠭᠠᠨ᠂ ᠳᠠᠭᠢᠨ ᠣᠯᠠᠭᠠᠨ᠂ ᠭᠦᠭᠡ ᠪᠦᠰ ᠶᠢᠡᠷ ᠭᠦᠴᠦᠳᠡᠢ ᠲ᠋ᠡᠳᠡᠨ ᠳᠠᠷᠤᠵᠤ ᠡᠦᠶᠠᠨ ᠥᠯᠦᠭᠡᠢ ᠶᠢᠨ ᠳᠤᠯᠤᠭᠠᠢ ᠶᠢᠨ ᠥᠵᠦᠭᠦᠷ ᠠᠷᠠᠯ ᠤᠨ ᠨᠥᠭᠡ ᠳᠤ ᠣᠭᠯᠠᠵᠤ ᠪᠣᠰᠬᠠᠵᠤ ᠳᠠᠯᠪᠢᠨ᠎ᠠ᠃ ᠡᠨᠡ ᠨᠢ ᠡᠭᠦᠳᠡᠨ ᠤ ᠵᠢᠪᠠᠷ ᠢ ᠬᠠᠯᠬᠠᠯᠠᠨ ᠨᠢᠯᠬ᠎ᠠ ᠬᠡᠦᠬᠡᠳ ᠤᠨ ᠳᠤᠯᠤᠭᠠᠢ ᠨᠢ ᠵᠢᠪᠠᠷ ᠠᠪᠬᠤ ᠡᠴᠡ ᠰᠡᠷᠭᠡᠢ᠌ᠯᠡᠭᠦ ᠪᠠ ᠳᠤᠯᠤᠭᠠᠢ ᠶᠢᠨ ᠭᠡᠯᠪᠠᠷᠢ ᠭᠤᠵᠤᠩ ᠪᠣᠯᠬᠤ ᠶᠢ ᠬᠤᠷᠢᠭᠯᠠᠵᠤ ᠴᠢᠳᠠᠨ᠎ᠠ᠃ ᠬᠠᠷᠠᠭ᠎ᠠ ᠶᠢᠨ ᠪᠦᠰ ᠢ ᠣᠯᠠᠭᠠᠨ᠂ ᠭᠦᠭᠡ ᠥᠩᠭᠡ ᠶᠢᠨ ᠪᠦᠰ ᠢ ᠰᠤᠩᠭ᠋ᠤᠨ᠎ᠠ᠃ ᠡᠳᠡᠭᠡᠷ ᠥᠩᠭᠡ ᠪᠣᠯ ᠮᠤᠩᠭ᠋ᠤᠯᠴᠤᠳ ᠤᠨ ᠪᠠᠯᠭᠡᠳᠡᠯ ᠥᠩᠭᠡ ᠪᠣᠯᠤᠨ᠎ᠠ᠃ 13 ᠳ᠋ᠤᠭᠠᠷ ᠵᠠᠭᠤᠨ ᠤ ᠦᠶ᠎ᠡ ᠶᠢᠨ ᠮᠤᠩᠭ᠋ᠤᠯᠴᠤᠳ ᠦᠪᠡᠷᠰᠠᠤᠨ ᠢ ᠪᠠᠨ ᠭᠦᠭᠡ ᠳᠡᠭ᠍ᠷᠢ ᠶᠢᠨ ᠰᠢᠳᠦᠯᠭᠡᠳᠤ᠂ ᠣᠯᠠᠭᠠᠨ ᠵᠠᠯᠠᠭ᠎ᠠ ᠲᠡᠶ᠂ ᠴᠠᠭᠠᠨ ᠰᠡᠳᠭᠢᠯ ᠲᠡᠶ ᠭᠦᠮᠤᠨ ᠭᠡᠵᠤ ᠳᠤᠮᠢᠶᠠᠴᠢᠯᠠᠳᠠᠭ ᠳᠤᠯᠠ ᠭᠦᠭᠡ ᠣᠯᠠᠭᠠᠨ ᠴᠠᠭᠠᠨ ᠥᠩᠭᠡ ᠶᠢ ᠡᠷᠭᠢᠮᠨᠡᠨ ᠦᠵᠡᠵᠤ ᠭᠦᠭᠡ ᠨᠢ ᠳᠡᠭᠡᠳᠤ ᠳᠡᠭ᠍ᠷᠢ ᠶᠢᠨ ᠥᠩᠭᠡ᠂ ᠦᠨᠢ ᠮᠥᠩᠭᠡ ᠣᠷᠭᠤᠵᠤ ᠲᠦᠯᠵᠢᠭᠦ ᠶᠢᠨ ᠪᠠᠯᠭᠡ ᠳᠡᠮᠳᠡᠭ᠌᠂ ᠣᠯᠠᠭᠠᠨ ᠨᠢ ᠨᠠᠷᠠ᠂ ᠭᠠᠯ ᠤᠨ ᠥᠩᠭᠡ᠂ ᠭᠦᠭ᠍ᠵᠢᠨ ᠮᠠᠠᠳᠤᠬᠤ᠂ ᠥᠭᠡᠳᠡᠯᠡᠵᠤ ᠳᠡᠭ᠍ᠵᠢᠷᠡᠭᠦ ᠶᠢᠨ ᠪᠠᠯᠭᠡ ᠳᠡᠮᠳᠡᠭ᠌᠂ ᠴᠠᠭᠠᠨ ᠨᠢ ᠠᠷᠢᠭᠤᠨ ᠴᠠᠪᠠᠷ᠂ ᠭᠡᠷᠡᠯ ᠭᠢᠯᠪᠠᠭ᠎ᠠ ᠶᠢᠨ ᠪᠠᠯᠭᠡ ᠳᠡᠮᠳᠡᠭ᠌ ᠭᠡᠵᠤ ᠳᠤᠰ ᠳᠤᠰ ᠪᠠᠯᠭᠡᠳᠡᠯ ᠤᠨ ᠥᠩᠭᠡ ᠪᠠᠷ ᠦᠵᠡᠨ᠎ᠠ᠃ ᠡᠢ᠌ᠮᠤ ᠡᠴᠡ ᠬᠡᠦᠬᠡᠳ ᠤᠨ ᠥᠯᠦᠭᠡᠢ ᠶᠢᠨ ᠬᠠᠷᠠᠭ᠎ᠠ ᠶᠢᠨ ᠪᠦᠰ ᠢ ᠭᠦᠭᠡ ᠣᠯᠠᠭᠠᠨ ᠴᠠᠭᠠᠨ ᠶᠢᠡᠷ ᠭᠢᠵᠤ ᠪᠠᠢ᠌ᠭ᠎ᠠ ᠨᠢ ᠬᠡᠦᠬᠡᠳ ᠤᠨ ᠢᠷᠡᠭᠡᠳᠦᠢ ᠶᠢᠨ ᠠᠯᠢ ᠳᠠᠯ᠎ᠠ ᠶᠢᠨ ᠰᠠᠢ᠌ᠨ ᠰᠠᠢ᠌ᠬᠠᠨ ᠢ ᠪᠦᠷ ᠪᠠᠭᠳᠠᠭᠠᠨ ᠵᠦᠩᠨᠠᠨ ᠪᠠᠯᠭᠡᠳᠡᠭ᠍ᠰᠡᠨ ᠪᠠᠢ᠌ᠨ᠎ᠠ᠃ ᠮᠠᠬᠠᠷᠠ ᠶᠢᠨ ᠭᠠᠳᠠᠷ ᠳᠠᠯ᠎ᠠ ᠶᠢᠨ ᠪᠦᠰ ᠳᠡᠭᠡᠷ᠎ᠡ ᠡᠷᠡᠭ᠍ᠳᠡᠢ ᠡᠮᠡᠭ᠍ᠳᠡᠢ ᠶᠢᠨ ᠢᠯᠭᠠᠯ ᠲᠡᠶ᠂ ᠢᠷᠦᠭᠡᠯ ᠪᠠᠯᠭᠡ ᠶᠢᠨ ᠣᠤᠠᠬ᠎ᠠ ᠲᠡᠶ ᠡᠯᠳᠡᠪ ᠵᠣᠢ᠌ᠯ ᠤᠨ ᠪᠣᠳᠠᠰ ᠪᠠ ᠵᠢᠷᠤᠭ ᠢ ᠵᠢᠷᠤᠵᠤ ᠡᠯᠭᠦᠳᠡᠭ᠌᠃ ᠳᠤᠬᠠᠢ᠌ᠯᠠᠪᠠᠯ᠂ ᠳᠡᠭ᠍ᠷᠢ ᠶᠢᠨ ᠰᠤᠮᠤ᠂ ᠵᠢᠵᠢᠭ᠌ ᠭᠦᠷᠡᠯ ᠰᠥᠭᠡ᠂ ᠵᠢᠵᠢᠭ᠌ ᠳᠤᠯᠢ᠂ ᠨᠤᠮᠤ ᠰᠤᠮᠤ᠂ ᠭᠠᠤᠯᠢᠨ ᠵᠤᠭᠤᠰ᠂ ᠥᠨᠡᠭᠡᠨ ᠤ ᠬᠠᠮᠠᠷ ᠤᠨ ᠠᠷᠠᠰᠤ᠂ ᠴᠢᠨ᠋ᠸ᠎ᠠ ᠶᠢᠨ ᠱᠠᠭ᠎ᠠ᠂ ᠳᠤᠩ ᠯᠠᠪᠠᠢ ᠪᠠ ᠠᠷᠰᠯᠠᠨ ᠪᠠᠷᠰ ᠵᠡᠷᠭᠡ ᠶᠢᠨ ᠳᠦᠷᠪᠠᠨ ᠭᠦᠴᠦᠳᠡᠨ ᠤ ᠵᠢᠷᠤᠭ ᠢ ᠵᠢᠷᠤᠨ ᠡᠯᠭᠦᠨ᠎ᠡ  ᠃ ᠡᠳᠡᠭᠡᠷ ᠵᠣᠢ᠌ᠯ ᠨᠢ ᠵᠥᠪᠭᠡᠨ ᠨᠠᠭᠠᠳᠤᠮ ᠳᠤᠭᠯᠠᠭᠠᠮ ᠤᠨ ᠴᠢᠨᠠᠷᠳᠠᠢ ᠪᠢᠰᠢ᠂ ᠨᠠᠩ ᠴᠢᠬᠤᠯᠠ ᠨᠢ ᠡᠷᠳᠡᠨ ᠤ ᠣᠯᠠᠮᠵᠢᠯᠠᠯ ᠰᠢᠳᠦᠯᠭᠡ ᠪᠢᠰᠢᠷᠠᠯ᠂ ᠪᠠᠯᠭᠡᠳᠡᠯ ᠵᠦᠩᠨᠠᠯ ᠤᠨ ᠵᠢᠷᠤᠮᠯᠠᠯ ᠮᠦᠨ᠃ ᠳᠡᠭ᠍ᠷᠢ ᠶᠢᠨ ᠰᠤᠮᠤ᠂ ᠨᠤᠮᠤ ᠰᠤᠮᠤ᠂ ᠳᠦᠷᠪᠠᠨ ᠭᠦᠴᠦᠳᠡᠨ ᠤ ᠵᠢᠷᠤᠭ ᠵᠡᠷᠭᠡ ᠶᠢ ᠡᠯᠭᠦᠵᠤ ᠪᠠᠢ᠌ᠭ᠎ᠠ ᠨᠢ ᠬᠡᠦᠬᠡᠳ ᠬᠤᠵᠢᠮ ᠰᠦᠰᠦ ᠵᠤᠷᠢᠭᠳᠠᠢ᠂ ᠡᠷᠡᠯᠭᠡᠭ᠌ ᠪᠠᠭᠠᠳᠤᠷ ᠪᠣᠯᠬᠤ ᠶᠢ ᠵᠦᠩᠨᠠᠵᠤ ᠪᠠᠢ᠌ᠨ᠎ᠠ᠃ ᠵᠢᠵᠢᠭ᠌ ᠳᠤᠯᠢ ᠡᠯᠭᠦᠵᠤ ᠪᠠᠢ᠌ᠭ᠎ᠠ ᠪᠤᠯ ᠨᠢᠭᠡ ᠳᠠᠯ᠎ᠠ ᠪᠠᠷ ᠬᠡᠦᠬᠡᠳ ᠤᠨ ᠶᠢᠡᠨ ᠥᠩᠭᠡ ᠵᠢᠰᠤ ᠭᠡᠷᠡᠯᠳᠡᠢ ᠭᠤᠶᠤ ᠰᠠᠢ᠌ᠬᠠᠨ ᠪᠣᠯᠬᠤ ᠶᠢ ᠭᠦᠰᠡᠮᠵᠢᠯᠡᠭ᠍ᠰᠡᠨ ᠰᠠᠨᠠᠭ᠎ᠠ ᠪᠠᠢ᠌ᠬᠤ ᠡᠴᠡ ᠭᠠᠳᠠᠨ᠎ᠠ ᠨᠠᠩ ᠴᠢᠬᠤᠯᠠ ᠨᠢ  ᠪᠦᠭᠡ ᠶᠢᠨ ᠱᠠᠰᠢᠨ ᠤ ᠵᠠᠩ ᠣᠢ᠌ᠯᠠ ᠳᠤ ᠬᠤᠯᠪᠣᠭᠳᠠᠬᠤ ᠳᠤᠯᠢ ᠪᠠᠷ ᠮᠠᠭᠤ ᠰᠠᠢ᠌ᠨ ᠴᠢᠳᠭᠦᠷ ᠰᠢᠮᠨᠤᠰ ᠢ ᠦᠯᠳᠡᠨ ᠭᠦᠭᠡᠭᠡᠭᠦ ᠪᠠᠯᠭᠡᠳᠡᠭ᠍ᠰᠡᠨ ᠰᠠᠨᠠᠭ᠎ᠠ ᠠᠬᠤᠯᠠᠭᠳᠠᠵᠤ ᠪᠠᠢ᠌ᠨ᠎ᠠ᠃ ᠭᠠᠤᠯᠢᠨ ᠵᠤᠭᠤᠰ ᠡᠯᠭᠦᠵᠤ ᠪᠠᠢ᠌ᠭ᠎ᠠ ᠨᠢ ᠶᠤᠰᠤᠳᠠᠢ ᠬᠡᠦᠬᠡᠳ ᠤᠨ ᠶᠢᠡᠨ ᠪᠠᠶᠠᠨ ᠴᠢᠨᠡᠭᠡᠯᠢᠭ᠌ ᠠᠮᠢᠳᠤᠷᠠᠬᠤ ᠶᠢ ᠵᠦᠩᠨᠡᠭᠰᠠᠨ ᠪᠣᠯᠬᠤ ᠶᠤᠮ᠃ ᠥᠨᠡᠭᠡᠨ ᠤ ᠬᠠᠮᠠᠷ ᠤᠨ ᠠᠷᠠᠰᠤ ᠶᠢ ᠡᠯᠭᠦᠵᠤ ᠪᠠᠢ᠌ᠭ᠎ᠠ ᠨᠢ ᠬᠡᠦᠬᠡᠳ ᠤᠨ ᠥᠨᠡᠭᠡᠴᠢᠯᠡᠭᠦ ᠡᠴᠡ ᠰᠡᠷᠭᠡᠢ᠌ᠯᠡᠭ᠍ᠰᠡᠨ ᠠᠵᠢᠯᠯᠠᠭ᠎ᠠ ᠮᠦᠨ᠃ ᠥᠨᠡᠭᠡᠴᠢᠯᠡᠭᠦ ᠪᠣᠯ ᠬᠡᠦᠬᠡᠳ ᠥᠨᠡᠭᠡᠨ ᠡᠴᠡ ᠠᠶᠤᠭᠰᠠᠨ ᠤ ᠭᠢ ᠭᠡᠳᠡᠭ᠌᠃ ᠨᠢᠯᠬ᠎ᠠ ᠬᠡᠦᠬᠡᠳ ᠣᠠᠳᠠᠭ᠎ᠠ ᠪᠠᠷ ᠶᠢᠡᠨ ᠪᠠᠢ᠌ᠨ ᠪᠠᠢ᠌ᠨ ᠣᠷᠤᠭᠤᠯ ᠶᠢᠡᠨ ᠥᠮᠥᠢᠯᠭᠡᠨ ᠣᠭᠢᠯᠠᠩ ᠠᠯᠳᠠᠭᠰᠠᠨ ᠪᠠᠢ᠌ᠳᠠᠯ ᠲᠡᠶ ᠪᠤᠯᠳᠠᠭ᠃ ᠡᠭᠦᠨ ᠢ ᠥᠨᠡᠭᠡᠴᠢᠯᠡᠭᠦ ᠭᠡᠳᠡᠭ᠌᠃ ᠡᠨᠡ ᠨᠢ ᠬᠡᠦᠬᠡᠳ ᠣᠠᠳᠠᠭ᠎ᠠ ᠦᠶ᠎ᠡ ᠳᠤ ᠥᠨᠡᠭᠡ ᠢᠷᠠᠵᠤ 《ᠡᠵᠢ ᠴᠢᠨᠢ ᠥᠭᠦᠴᠢᠭᠡᠭ᠍ᠰᠡᠨ︕》 ᠭᠡᠵᠤ ᠬᠠᠭᠤᠷᠬᠤ ᠳᠤ ᠬᠡᠦᠬᠡᠳ ᠢᠳᠡᠭᠡᠵᠤ ᠣᠭᠢᠯᠠᠩᠨᠠᠳᠠᠭ ᠪᠢᠯᠠ᠃ ᠥᠨᠡᠭᠡ ᠳᠠᠭᠢᠭᠠᠤᠨ 《ᠡᠵᠢ ᠴᠢᠨᠢ ᠥᠭᠦᠭ᠍ᠰᠡᠨ ᠦᠭᠡᠶ︕》 ᠭᠡᠭᠦᠯᠡᠷ ᠣᠭᠢᠯᠠᠬᠤ ᠪᠠᠨ ᠪᠣᠯᠢᠳᠠᠭ ᠭᠡᠨ᠎ᠡ᠃ ᠭᠡᠷᠪᠡ ᠥᠨᠡᠭᠡ ᠶᠢᠨ ᠳᠤᠯᠤᠭᠠᠢ ᠶᠢᠨ ᠠᠷᠠᠰᠤ ᠶᠢ ᠥᠯᠦᠭᠡᠢ ᠳᠡᠭᠡᠷ᠎ᠡ ᠪᠠᠨ ᠡᠯᠭᠦᠪᠠᠯ ᠬᠡᠦᠬᠡᠳ ᠥᠨᠡᠭᠡ ᠲᠡᠶ ᠳᠠᠰᠤᠯ ᠪᠤᠯᠵᠤ ᠥᠨᠡᠭᠡ ᠡᠴᠡ ᠠᠶᠤᠬᠤ ᠪᠠᠨ ᠪᠣᠯᠢᠴᠢᠬᠠᠳᠠᠭ ᠳᠤᠯᠠ ᠥᠨᠡᠭᠡ ᠴᠤ ᠬᠠᠭᠤᠷᠴᠤ ᠴᠢᠳᠠᠬᠤ ᠦᠭᠡᠶ ᠪᠣᠯᠳᠠᠭ᠃ ᠵᠠᠷᠢᠮ ᠨᠤᠳᠤᠭ ᠲᠤ ᠥᠨᠡᠭᠡ ᠶᠢᠨ ᠬᠠᠮᠠᠷ ᠢ ᠥᠯᠦᠭᠡᠢ ᠳᠤ ᠡᠯᠭᠦᠪᠠᠯ ᠬᠡᠦᠬᠡᠳ ᠴᠡᠭᠡᠵᠢ ᠰᠡᠷᠭᠡᠢ᠂ ᠳᠡᠷᠢᠭᠢ ᠬᠤᠷᠴᠠ ᠪᠣᠯᠤᠨ᠎ᠠ ᠭᠡᠨ᠎ᠡ᠃ ᠦᠷ᠎ᠡ ᠬᠡᠦᠬᠡᠳ ᠶᠢᠨ ᠶᠢᠡᠨ ᠦᠰᠦᠨ ᠪᠣᠢ᠌ᠵᠢᠯᠳᠠ ᠡᠷᠡᠭᠦᠯ ᠴᠢᠭᠢᠷᠠᠭ᠂ ᠠᠳᠠᠯ ᠠᠮᠢᠳᠤᠷᠠᠯ ᠥᠭᠡᠳᠡ ᠡᠰᠡᠷᠡᠭ᠌᠂ ᠠᠳᠤᠭᠤ ᠮᠠᠯ ᠦᠨᠢᠷ ᠪᠠᠶᠠᠯᠢᠭ᠂ ᠠᠯᠳᠠ ᠮᠥᠩᠭᠦ ᠡᠳ᠋ ᠡᠷᠳᠡᠨᠢᠰ ᠡᠯᠪᠠᠭ᠌ ᠳᠡᠯᠪᠠᠭ᠌᠂ ᠪᠠᠶᠡᠨ ᠴᠢᠨᠡᠭᠡᠯᠢᠭ᠌᠂ ᠠᠵᠠ ᠵᠢᠷᠭᠠᠯ ᠲᠡᠶ ᠰᠠᠢ᠌ᠨ ᠰᠠᠢ᠌ᠬᠠᠨ ᠠᠮᠢᠳᠤᠷᠠᠬᠤ ᠶᠢ ᠭᠦᠰᠡᠨ ᠪᠠᠯᠭᠡᠳᠡᠵᠤ ᠪᠠᠢ᠌ᠨ᠎ᠠ᠃ ᠪᠠᠰᠠ ᠠᠯᠢᠪᠠ ᠭᠠᠢ ᠭᠠᠮᠰᠢᠭ᠂ ᠡᠪᠡᠳᠴᠢᠨ ᠳᠠᠬᠤᠯ ᠠᠶᠤᠯ ᠵᠤᠪᠠᠯᠠᠩ ᠡᠴᠡ ᠵᠠᠢ᠌ᠯᠠᠭᠤᠯᠤᠨ ᠬᠠᠮᠠᠭᠠᠯᠠᠬᠤ ᠪᠠ ᠬᠡᠦᠬᠡᠳ ᠲᠤ ᠰᠦᠰᠦ ᠵᠤᠷᠢᠭ᠂ ᠴᠤᠭ ᠰᠦᠯᠳᠡ ᠨᠡᠮᠡᠭᠦ ᠳᠤᠮ ᠰᠢᠪᠰᠢᠯᠭᠡ ᠶᠢᠨ ᠣᠢ᠌ᠯᠠᠳᠤᠯ ᠲᠡᠶ ᠭᠡᠨ᠎ᠡ᠃ ᠡᠭᠦᠨ ᠡᠴᠡ ᠪᠣᠰᠤᠳ ᠳᠤᠯᠤᠭᠠᠢ ᠶᠢᠨ ᠥᠵᠦᠭᠦᠷ ᠢᠯᠠᠤ ᠶᠢᠨ ᠭᠠᠳᠠᠨ᠎ᠠ ᠳᠠᠯ᠎ᠠ ᠮᠠᠷᠠᠯ ᠡᠯᠵᠢᠭᠡ ᠠᠭᠠᠭᠢᠯᠠᠨ ᠭᠦᠶ‍ᠦᠵᠤ ᠪᠠᠢ᠌ᠭ᠎ᠠ ᠪᠠᠷ ᠵᠢᠷᠤᠭᠰᠠᠨ ᠵᠢᠷᠤᠭ ᠢ ᠨᠠᠭᠠᠳᠠᠭ ᠥᠵᠡᠭ᠍ᠳᠡᠯ ᠴᠤ ᠪᠠᠢ᠌ᠳᠠᠭ᠃ ᠡᠨᠡ ᠨᠢ ᠬᠤᠷᠴᠢᠨ ᠮᠤᠩᠭ᠋ᠤᠯ ᠭᠦᠮᠤᠨ ᠥᠯᠦᠭᠡᠢ ᠲᠡᠶ ᠬᠡᠦᠬᠡᠳ ᠤᠨ ᠶᠢᠠᠨ ᠠᠷᠪᠢᠨ ᠣᠭᠢᠯᠠᠬᠤ ᠶᠢ ᠴᠡᠭᠡᠷᠯᠡᠭ᠍ᠰᠡᠨ ᠠᠵᠢᠯᠯᠠᠭ᠎ᠠ ᠪᠣᠯᠬᠤ ᠶᠤᠮ᠃   ᠬᠡᠦᠬᠡᠳ ᠨᠢ ᠣᠭᠢᠯᠠᠩᠬᠠᠢ ᠪᠣᠯ ᠠᠪᠣ ᠡᠵᠢ ᠶᠢᠨ ᠭᠢᠨᠢ ᠠᠮᠤᠷ ᠮᠠᠠᠳᠤ ᠳᠤ ᠮᠠᠭᠤ ᠶᠤᠷᠤ ᠲᠡᠶ ᠭᠡᠵᠤ ᠥᠵᠡᠳᠡᠭ᠌᠃ ᠭᠡᠷᠪᠡ ᠬᠡᠦᠬᠡᠳ ᠣᠭᠢᠯᠠᠩᠬᠠᠢ ᠪᠣᠯ ᠥᠯᠦᠭᠡᠢ ᠶᠢᠨ ᠬᠠᠷᠠᠭ᠎ᠠ ᠶᠢᠨ ᠳᠤᠤᠷ᠎ᠠ ᠬᠠᠷ᠎ᠠ ᠮᠠᠷᠠᠯ ᠡᠯᠵᠢᠭᠡ ᠠᠭᠠᠭᠢᠯᠠᠨ ᠭᠦᠶ‍ᠦᠵᠤ ᠪᠠᠢ᠌ᠭ᠎ᠠ ᠪᠠᠷ ᠵᠢᠷᠤᠵᠤ ᠳᠠᠷᠤᠯᠭ᠎ᠠ ᠳᠤᠮ ᠪᠣᠯᠭᠠᠳᠠᠭ ᠵᠠᠩᠰᠢᠯ ᠲᠡᠶ᠃ ᠳᠠᠷᠤᠢ ᠬᠡᠦᠬᠡᠳ ᠤᠨ ᠣᠭᠢᠯᠠᠬᠤ ᠶᠢᠨ ᠣᠷᠤᠨ ᠳᠤ ᠬᠠᠷ᠎ᠠ ᠮᠠᠷᠠᠯ ᠡᠯᠵᠢᠭᠡ ᠠᠭᠠᠭᠢᠯᠠᠵᠤ ᠥᠭ᠍ᠳᠡᠭ᠌ ᠭᠡᠨ᠎ᠡ᠃ ᠡᠢ᠌ᠮᠤ ᠡᠴᠡ ᠬᠡᠦᠬᠡᠳ ᠣᠭᠢᠯᠠᠬᠤ ᠨᠢ ᠪᠠᠭ᠎ᠠ ᠪᠣᠯᠳᠠᠭ᠃   ⑤ ᠭᠦᠪᠴᠢ᠄ ᠮᠠᠬᠠᠷᠡ ᠡᠴᠡ ᠳᠡᠩᠴᠡᠭᠦᠤ ᠵᠠᠢ᠌ᠳᠠᠢ ᠭᠤᠷᠪᠠᠨ ᠣᠳᠠᠰᠤ ᠪᠠᠷ ᠳᠠᠳᠠᠵᠤ ᠭᠦᠯ ᠤᠨ ᠥᠵᠦᠭᠦᠷ ᠭᠦᠷᠭᠦ ᠪᠠᠷ ᠨᠢ ᠨᠢᠭᠡ ᠣᠳᠠᠰᠤ ᠪᠣᠯᠤᠨ ᠳᠠᠳᠠᠵᠤ ᠣᠶᠠᠭᠰᠠᠨ ᠳᠡᠭᠡᠰᠤ ᠶᠢ ᠭᠡᠯᠡᠨ᠎ᠡ᠃ ᠳᠠᠷᠠ ᠨᠢ ᠮᠠᠬᠠᠷᠠ ᠶᠢ ᠳᠤᠭᠳᠠᠪᠣᠷᠢᠵᠢᠭᠤᠯᠬᠤ ᠣᠢ᠌ᠯᠠᠳᠤᠯ ᠲᠡᠶ ᠪᠦᠭᠡᠳ ᠳᠡᠭᠡᠭᠦᠷ ᠨᠢ ᠱᠨ ᠪᠦᠷᠭᠦᠭᠦᠯ ᠪᠦᠷᠭᠦᠭᠡᠵᠤ ᠣᠠᠳᠠᠵᠤ ᠪᠠᠢ᠌ᠭ᠎ᠠ ᠬᠡᠦᠬᠡᠳ ᠤᠨ ᠪᠠᠶ᠎ᠠ ᠳᠡᠭᠡᠷ᠎ᠡ ᠨᠠᠷᠠᠨ ᠤ ᠭᠡᠷᠡᠯ ᠰᠢᠭᠤᠳ ᠳᠤᠰᠬᠤ ᠡᠴᠡ ᠵᠠᠢ᠌ᠯᠠᠰᠭᠢᠬᠤ ᠪᠠ ᠢᠯᠠᠭ᠎ᠠ ᠪᠠᠳᠠᠭᠠᠨ᠎ᠠ ᠶᠢᠨ ᠬᠡᠦᠬᠡᠳ ᠢ ᠵᠠᠭᠤᠵᠤ ᠬᠠᠳᠬᠤᠨ ᠵᠤᠪᠠᠭᠠᠬᠤ ᠡᠴᠡ ᠰᠡᠷᠭᠡᠢ᠌ᠯᠡᠵᠤ ᠴᠢᠳᠠᠨ᠎ᠠ᠃ ᠭᠦᠪᠴᠢ ᠪᠠᠨ ᠳᠤᠯᠤᠭᠠᠨ ᠭᠡᠰᠢᠭᠦᠤ ᠪᠣᠯᠭᠠᠨ ᠵᠠᠩᠭᠢᠳᠬᠤ ᠵᠠᠩᠰᠢᠯ ᠲᠡᠶ᠃ ᠳᠡᠭᠦᠨ ᠶᠢᠡᠷ ᠳᠡᠭ᠍ᠷᠢ ᠶᠢᠨ ᠳᠤᠯᠤᠭᠠᠨ ᠡᠪᠦᠭᠡᠨ ᠣᠳᠤᠨ ᠤ ᠲᠦᠯᠦᠭᠡᠯᠡᠯ ᠪᠤᠯᠭᠠᠵᠤ᠂ ᠬᠡᠦᠬᠡᠳ ᠲᠤ ᠦᠷᠤᠰᠢᠶᠠᠯ ᠠᠪᠣᠷᠠᠯ ᠭᠦᠷᠳᠡᠭᠡᠨ᠂ ᠠᠮᠤᠷ ᠵᠢᠷᠭᠠᠯ ᠲᠡᠶ ᠠᠮᠢᠳᠤᠷᠠᠭᠤᠯᠬᠤ ᠶᠢ ᠭᠦᠰᠡᠮᠵᠢᠯᠡᠭ᠍ᠰᠡᠨ ᠪᠠᠢ᠌ᠭ᠎ᠠ ᠪᠢᠯᠠ᠃ ᠳᠠᠷᠬᠠᠨ ᠬᠤᠰᠢᠭᠤᠨ ᠤ ᠮᠤᠩᠭ᠋ᠤᠯᠴᠤᠳ ᠳᠤᠭᠢᠭᠤᠷ ᠳᠤᠯᠤᠭᠠᠨ ᠣᠳᠤᠨ ᠢ ᠣᠠᠴᠠᠯᠠᠨ ᠰᠢᠳᠦᠭᠦ ᠵᠠᠩ ᠲᠡᠶ᠃ ᠣᠴᠢᠷ ᠨᠢ ᠣᠤᠯ ᠤᠨ ᠳᠠᠷᠬᠠᠨ ᠬᠤᠰᠢᠭᠤᠨ ᠤ ᠨᠤᠳᠤᠭ ᠳᠡᠪᠢᠰᠭᠡᠷ ᠳᠡᠭᠡᠷ᠎ᠡ ᠳᠡᠭ᠍ᠷᠢ ᠶᠢᠨ ᠳᠤᠭᠢᠭᠤᠷ ᠳᠤᠯᠤᠭᠠᠨ ᠣᠳᠤᠨ ᠳᠤ ᠲᠤᠬᠢᠶᠠᠭᠰᠠᠨ ᠨᠤᠳᠤᠭ ᠣᠰᠤᠨ ᠤ ᠨᠠᠪᠳᠠᠭ ᠰᠠᠪᠳᠠᠭ ᠶᠢᠡᠷ ᠪᠦᠳᠦᠭ᠍ᠰᠡᠨ ᠡᠴᠢᠭᠡ ᠳᠡᠭ᠍ᠷᠢ ᠶᠢᠨ ᠰᠤᠶᠤᠷᠬᠠᠭᠰᠠᠨ ᠳᠤᠯᠤᠭᠠᠨ ᠠᠭᠤᠯᠠ ᠲᠡᠶ ᠪᠠᠢ᠌ᠵᠠᠢ᠃ ᠳᠠᠷᠤᠢ ᠶᠡᠭᠡ ᠪᠠᠭ᠎ᠠ ᠳᠤᠭᠤᠯᠵᠢ ᠶᠢᠨ ᠠᠭᠤᠯᠠ᠂ ᠪᠦᠭᠡᠷ᠎ᠡ ᠶᠢᠨ ᠠᠭᠤᠯᠠ᠂ ᠪᠦᠭ᠍ᠳᠦᠷ ᠤᠨ ᠠᠭᠤᠯᠠ᠂ ᠮᠥᠩᠭᠦᠨ ᠳᠤᠯᠤᠭᠠᠢ ᠶᠢᠨ ᠠᠭᠤᠯᠠ ᠪᠠ ᠶᠡᠭᠡ ᠪᠠᠭ᠎ᠠ ᠬᠠᠷᠪᠣᠭᠤᠯ ᠤᠨ ᠠᠭᠤᠯᠠ ᠭᠡᠳᠡᠭ᠌᠃ ᠪᠠᠰᠠ ᠬᠤᠷᠴᠢᠨ ᠮᠤᠩᠭ᠋ᠤᠯᠴᠤᠳ ᠤᠨ ᠡᠪᠦᠭᠡ ᠳᠡᠭᠡᠳᠦᠰ ᠪᠣᠯᠤᠭᠰᠠᠨ ᠬᠠᠪᠣᠳᠤ ᠬᠠᠰᠠᠷ ᠤᠨ ᠬᠤᠷᠴᠠ ᠰᠠᠯᠠᠮ᠎ᠠ ᠶᠢᠨ ᠭᠢᠨᠢ ᠪᠠᠷᠢᠭᠤᠯ ᠳᠡᠭᠡᠷ᠎ᠡ ᠨᠢ ᠮᠦᠨ ᠳᠤᠭᠢᠭᠤᠷ ᠳᠤᠯᠤᠭᠠᠨ ᠣᠳᠤᠨ ᠤ ᠠᠯᠳᠠᠨ ᠰᠢᠭᠢᠳᠭᠡ ᠲᠡᠶ ᠭᠡᠯᠴᠡᠳᠡᠭ᠌ ᠶᠤᠮ᠃ ᠡᠨᠡ ᠴᠤ ᠮᠦᠨ ᠰᠢᠳᠤᠵᠤ ᠪᠢᠰᠢᠷᠡᠳᠡᠭ᠌ ᠤᠨ ᠨᠢᠭᠡᠨ ᠴᠢᠬᠤᠯᠡ ᠰᠢᠯᠳᠠᠭᠠᠨ ᠪᠠᠢ᠌ᠵᠤ ᠳᠠᠭᠠᠷᠠᠬᠤ ᠶᠤᠮ᠃   ⑥ ᠭᠤᠭᠴᠠᠭ᠎ᠠ᠄ ᠮᠥᠩᠭᠦᠨ ᠭᠠᠷᠬ᠎ᠠ᠂ ᠭᠠᠤᠯᠢᠨ ᠭᠠᠷᠬ᠎ᠠ ᠶᠢ ᠠᠷᠠᠯ ᠲᠡᠶ ᠬᠤᠯᠪᠣᠭᠰᠠᠨ ᠣᠭᠤᠰᠤᠷ ᠪᠦᠰ ᠶᠢ ᠭᠡᠯᠡᠨ᠎ᠡ᠃ ᠭᠤᠭᠴᠠᠭ᠎ᠠ ᠨᠢ ᠬᠤᠶᠠᠷ ᠠᠷᠠᠯ ᠳᠡᠭᠡᠷ᠎ᠡ ᠳᠡᠩᠴᠡᠭᠦᠤ ᠵᠠᠢ᠌ᠳᠠᠢ ᠪᠠᠢ᠌ᠷᠢᠯᠠᠳᠠᠭ᠃ ᠭᠤᠭᠴᠤᠭ᠎ᠠ ᠳᠤ ᠴᠡᠭᠡᠵᠢ ᠶᠢᠨ ᠭᠤᠭᠴᠤᠭ᠎ᠠ᠂ ᠳᠠᠪᠣᠰᠠᠩ ᠤᠨ ᠭᠤᠭᠴᠤᠭ᠎ᠠ᠂ ᠡᠪᠦᠳᠦᠭ᠌ ᠤᠨ ᠭᠤᠭᠴᠤᠭ᠎ᠠ ᠪᠠ ᠭᠦᠯ ᠤᠨ ᠰᠢᠯᠪᠢ ᠶᠢᠨ ᠭᠤᠭᠴᠤᠭ᠎ᠠ ᠭᠡᠵᠤ ᠳᠦᠷᠪᠠ ᠬᠤᠪᠢᠶᠠᠳᠠᠭ᠃ ⑦ ᠲ᠋ᠠᠳᠠᠭᠤᠷ᠄ ᠣᠯᠠᠭᠠᠨ ᠪᠦᠰ ᠢ ᠭᠡᠳᠤᠨ ᠳᠠᠪᠬᠤᠷ ᠬᠠᠪᠳᠠᠭᠠᠢ᠌ᠯᠠᠵᠤ ᠣᠶᠤᠭᠰᠠᠨ ᠤ ᠳᠡᠭᠡᠷ᠎ᠡ ᠨᠢ ᠸᠠᠴᠢᠷᠪᠠᠨᠢ ᠶᠢᠨ ᠰᠠᠭᠢᠶ᠎ᠠ ᠪᠣᠶᠤ ᠦᠯᠵᠡᠢ ᠵᠠᠩᠭᠢᠶ᠎ᠠ ᠶᠢ ᠣᠷᠠᠯᠠᠨ ᠬᠠᠳᠬᠤᠭᠰᠠᠨ᠂ ᠭᠤᠭᠴᠤᠭ᠎ᠠ ᠳᠤ ᠬᠤᠯᠪᠤᠨ ᠣᠶᠠᠬᠤ ᠥᠩᠭᠡᠳᠤ ᠣᠭᠤᠰᠤᠷ ᠪᠦᠴᠡ ᠶᠢ ᠭᠡᠯᠡᠨ᠎ᠡ᠃ ᠳᠠᠳᠠᠭᠤᠷ ᠢ ᠣᠯᠠᠩᠭᠢ ᠳᠤ ᠪᠠᠨ ᠨᠠᠭᠠᠴᠤ ᠶᠢᠨ ᠳᠠᠯ᠎ᠠ ᠡᠴᠡ ᠪᠡᠯᠡᠳᠭᠡᠵᠤ ᠭᠦᠷᠭᠡᠳᠡᠭ᠌ ᠣᠴᠢᠷᠳᠠᠢ᠃ ᠬᠤᠷᠴᠢᠨ ᠮᠤᠩᠭ᠋ᠤᠯᠴᠤᠳ ᠤᠨ ᠵᠠᠩ ᠵᠠᠩᠰᠢᠯ ᠳᠤ ᠣᠷᠤᠰᠢᠵᠤ ᠪᠠᠢ᠌ᠭ᠎ᠠ ᠵᠢᠭᠡ ᠨᠠᠭᠠᠴᠤ ᠶᠢᠨ ᠬᠠᠷᠢᠴᠠᠭ᠎ᠠ ᠪᠣᠯ ᠣᠠᠴᠠᠭᠠᠢ ᠳᠤᠳᠤᠨᠤ ᠤᠢ᠌ᠷ᠎ᠡ ᠪᠠᠢ᠌ᠳᠠᠭ ᠶᠤᠮ᠃

ᠥᠯᠦᠭᠡᠢ ᠶᠢᠨ ᠳᠤᠳᠤᠷ᠎ᠠ ᠴᠠᠭᠠᠨ ᠪᠦᠰ ᠣᠭᠤᠳᠠ ᠳᠡᠪᠢᠰᠭᠡᠷ ᠳᠡᠪᠢᠰᠳᠡᠭ᠌᠃ ᠡᠭᠦᠨ ᠢ ᠬᠠᠩ ᠣᠭᠤᠳᠠ ᠭᠡᠵᠤ᠂ ᠬᠤᠷᠴᠢᠠᠴᠤᠳ ᠬᠠᠩ ᠬᠡᠤᠳᠠᠢ ᠭᠡᠳᠡᠭ᠌᠃ ᠡᠨᠡ ᠣᠭᠤᠳᠠ ᠳᠤ ᠶᠠᠷᠤᠨᠢ ᠰᠠᠭᠠᠭ ᠤᠨ ᠬᠠᠯᠢᠰᠤ ᠭᠢᠨ᠎ᠠ᠃ ᠳᠠᠷᠠ ᠨᠢ ᠵᠤᠵᠠᠭᠠᠨ ᠳᠡᠪᠢᠰᠭᠡᠷ ᠤᠨ ᠣᠢ᠌ᠯᠠᠳᠤᠯ ᠲᠡᠶ᠃ ᠬᠡᠦᠬᠡᠳ ᠤᠨ ᠪᠠᠶ᠎ᠠ ᠳᠤ ᠭᠦᠩᠭᠡᠨ ᠵᠥᠭᠡᠯᠡᠨ ᠪᠦᠭᠡᠳ ᠰᠢᠭᠡᠰᠤ ᠶᠢ ᠨᠢ ᠴᠠᠭ ᠳᠤᠬᠠᠢ ᠳᠤᠨᠢ ᠰᠢᠩᠭᠡᠭᠡᠨ ᠠᠪᠴᠤ ᠴᠢᠳᠠᠳᠠᠭ᠃ ᠰᠠᠯᠭᠢ ᠵᠢᠪᠠᠷ ᠨᠡᠪᠳᠡᠷᠡᠭᠦ ᠨᠢ ᠰᠠᠢ᠌ᠨ ᠪᠦᠭᠡᠳ ᠬᠠᠯᠠᠭᠤᠨ ᠭᠦᠢᠳᠡᠨ ᠢ ᠵᠤᠭᠢᠴᠠᠭᠤᠯᠬᠤ ᠣᠢ᠌ᠯᠠᠳᠤᠯ ᠲᠡᠶ᠃

ᠬᠡᠦᠬᠡᠳ ᠤᠨ ᠬᠤᠮᠠᠭ ᠭᠡᠷᠡᠭ᠍ᠰᠡᠨ᠎ᠡ᠃ ᠥᠯᠦᠭᠡᠢ᠌ᠳᠡᠭᠦ ᠡᠴᠡ ᠡᠮᠦᠨ᠎ᠡ ᠬᠠᠩ ᠬᠡᠤᠳᠠᠢ ᠶᠢᠨ ᠳᠡᠭᠡᠷ᠎ᠡ ᠪᠠᠨ ᠳᠤᠮᠤᠬᠠᠨ ᠰᠢᠭ ᠣᠯᠠᠭᠠᠨ ᠪᠦᠰ ᠶᠢᠡᠷ ᠭᠢᠭ᠍ᠰᠡᠨ ᠳᠦᠷᠪᠠᠯᠵᠢᠨ ᠸᠠᠳᠠᠩ ᠤᠨ ᠨᠢᠭᠡ ᠥᠡᠴᠦᠭ᠌ ᠢ ᠨᠢ ᠠᠷᠤᠠᠰᠢ ᠨᠤᠭᠤᠯᠵᠤ ᠳᠡᠯᠭᠡᠭᠡᠳ  ᠴᠡᠪᠠᠷ ᠰᠠᠢ᠌ᠬᠠᠨ ᠰᠠᠢ᠌ᠵᠠᠳᠠᠭᠰᠠᠨ ᠨᠠᠷᠢᠨ ᠮᠥᠭᠦᠯᠢᠭ᠍ᠳᠤ ᠮᠡᠩᠭᠡᠨ ᠰᠢᠷᠤᠢ ᠪᠠᠨ ᠬᠠᠯᠠᠭᠤᠯᠵᠤ ᠪᠦᠯᠢᠶᠡᠰᠭᠡᠭᠡᠳ ᠬᠤᠴᠢᠯᠭ᠎ᠠ ᠳᠡᠭᠡᠷ᠎ᠡ ᠪᠠᠨ᠂ ᠬᠡᠦᠬᠡᠳ ᠤᠨ ᠪᠦᠭ᠍ᠰᠡᠨ ᠳᠤᠤᠷ᠎ᠠ ᠦᠷᠤᠵᠤ ᠳᠡᠭ᠍ᠰᠢᠯᠡᠭᠡᠳ ᠳᠡᠭᠡᠷ᠎ᠡ ᠨᠢ ᠬᠡᠦᠬᠡᠳ ᠶᠢᠡᠨ ᠳᠡᠭᠡᠭ᠍ᠰᠢ ᠬᠠᠠᠳᠤᠭᠤᠯᠤᠨ ᠭᠡᠪᠳᠡᠭᠦᠯᠵᠤ ᠥᠯᠦᠭᠡᠢ᠌ᠳᠡᠨ᠎ᠡ᠃ ᠬᠡᠦᠬᠡᠳ ᠤᠨ ᠬᠤᠮᠠᠭ ᠢ ᠡᠷᠭᠡᠪᠰᠢ ᠭᠦᠮᠤᠨ ᠮᠠᠯ ᠤᠨ ᠭᠦᠯ ᠡᠴᠡ ᠵᠠᠢ᠌ᠳᠠᠭᠤ ᠭᠠᠵᠠᠷ ᠡᠴᠡ ᠠᠪᠴᠢᠷᠠᠭᠰᠠᠨ ᠪᠠᠢ᠌ᠬᠤ ᠭᠡᠷᠡᠭ᠍ᠳᠡᠢ᠃ ᠠᠷᠢᠭᠤᠨ ᠴᠠᠪᠠᠷ ᠪᠦᠭᠡᠳ ᠬᠡᠦᠬᠡᠳ ᠲᠤ ᠳᠠᠭᠠᠯᠠᠮᠵᠢᠳᠠᠢ ᠰᠠᠨᠠᠭᠳᠠᠬᠤ ᠶᠤᠮ᠃

ᠥᠯᠦᠭᠡᠢ᠌ᠳᠡᠭᠦ ᠬᠡᠦᠬᠡᠳ ᠲᠤ ᠳᠤᠰᠬᠠᠢ ᠥᠯᠦᠭᠡᠢ ᠶᠢᠨ ᠳᠠᠷ᠎ᠠ ᠪᠡᠯᠡᠳᠭᠡᠨ᠎ᠡ᠃ ᠳᠠᠷᠠ ᠨᠢ ᠪᠢᠴᠢᠬᠠᠨ ᠪᠦᠰ ᠣᠭᠤᠳᠠ ᠳᠤ ᠬᠠᠷ᠎ᠠ ᠪᠣᠳᠠᠭ᠎ᠠ (ᠴᠠᠢ᠌ᠯᠭᠠᠭᠰᠠᠨ ᠦᠭᠡᠶ ᠮᠤᠩᠭ᠋ᠤᠯ ᠠᠮᠤ᠂ ᠨᠠᠷᠢᠮᠤ) ᠪᠣᠶᠤ ᠰᠠᠭᠠᠭ ᠤᠨ ᠬᠠᠯᠢᠰᠤ ᠭᠢᠵᠤ ᠪᠢᠳᠡᠭᠦᠯᠵᠤ ᠣᠶᠤᠨ᠎ᠠ᠃ ᠡᠢ᠌ᠮᠤ ᠳᠠᠷ᠎ᠠ ᠳᠠᠷᠠᠯᠠᠵᠤ ᠥᠰᠦᠭ᠍ᠰᠡᠨ ᠬᠡᠦᠬᠡᠳ ᠬᠤᠵᠢᠮ ᠬᠠᠮᠢᠭ᠎ᠠ ᠶᠠᠪᠣᠵᠤ᠂ ᠶᠠᠭᠤ ᠳᠠᠷᠠᠯᠠᠵᠤ ᠣᠠᠳᠠᠯ᠎ᠠ ᠭᠡᠳ ᠭᠦᠵᠦᠭᠦᠤ ᠭᠠᠵᠢᠬᠤ᠂ ᠳᠤᠯᠤᠭᠠᠢ ᠡᠪᠠᠦᠡᠭᠦ ᠵᠡᠷᠭᠡ ᠡᠪᠡᠳᠴᠢᠨ ᠳᠤ ᠨᠡᠷᠪᠠᠭ᠍ᠳᠡᠳᠡᠭ᠌ ᠦᠭᠡᠶ ᠪᠦᠭᠡᠳ ᠦᠨᠳᠦᠷ ᠪᠣᠭᠤᠨᠢ᠂ ᠬᠠᠳᠠᠭᠤ ᠵᠥᠭᠡᠯᠡᠨ ᠶᠠᠮᠠᠷ ᠳᠠᠷ᠎ᠠ ᠳᠡᠷᠡᠯᠡᠭ᠍ᠰᠡᠨ ᠴᠤ ᠳᠤᠭᠢᠳᠠᠢ ᠠᠮᠤᠰᠭᠢᠵᠤ ᠴᠢᠳᠠᠳᠠᠭ ᠭᠡᠨ᠎ᠡ᠃ ᠬᠡᠦᠬᠡᠳ ᠰᠡᠷ᠎ᠡ ᠳᠦᠭᠦᠷᠦᠭ᠍ᠰᠡᠨ ᠤ ᠰᠡᠭᠦᠯᠡᠷ ᠬᠠᠷ᠎ᠠ ᠮᠤᠩᠭ᠋ᠤᠯ ᠠᠮᠤ ᠪᠠᠨ ᠰᠠᠭᠠᠭ ᠤᠨ ᠯᠠᠢ ᠪᠠᠷ ᠰᠤᠯᠢᠵᠤ᠂ ᠣᠤᠯ ᠤᠨ ᠳᠠᠷ᠎ᠠ ᠳ᠋ᠠᠭᠢ ᠮᠤᠩᠭ᠋ᠤᠯ ᠠᠮᠤ ᠪᠠᠨ ᠬᠠᠪᠣᠷ ᠲᠠᠭᠠᠨ ᠳᠠᠷᠢᠵᠤ᠂ ᠡᠨᠡᠭᠦ ᠳᠠᠷᠢᠶ᠎ᠠ ᠨᠢ ᠳᠦᠷᠤᠪᠠᠯ ᠪᠠᠯᠭᠡ ᠲᠡᠶ᠂ ᠬᠡᠦᠬᠡᠳ ᠨᠢ ᠬᠤᠵᠢᠮ ᠪᠣᠳᠠᠭ᠎ᠠ ᠳᠤᠳᠠᠬᠤ ᠦᠭᠡᠶ᠂ ᠠᠮᠠᠨ ᠭᠦᠨᠡᠰᠤ ᠰᠠᠢ᠌ᠳᠠᠢ ᠪᠣᠯᠤᠨ᠎ᠠ ᠭᠡᠳᠡᠭ᠌᠃ ᠡᠭᠦᠨ ᠡᠴᠡ ᠭᠠᠳᠠᠨ᠎ᠠ ᠳᠠᠷ᠎ᠠ ᠶᠢᠨ ᠠᠮᠤ ᠬᠠᠳᠤᠬᠤ ᠦᠭᠡᠶ 《ᠬᠤᠷ ᠳᠠᠷᠢᠶ᠎ᠠ》 ᠪᠣᠯᠭᠠᠳᠠᠭ ᠵᠠᠩᠰᠢᠯ ᠲᠡᠶ᠃ ᠢᠩᠭᠢᠵᠤ 《ᠬᠤᠷ ᠳᠠᠷᠢᠶ᠎ᠠ》 ᠪᠣᠯᠭᠠᠬᠤ ᠨᠢ ᠦᠷ᠎ᠡ ᠬᠡᠦᠬᠡᠳ ᠤᠨ ᠶᠢᠡᠨ ᠳᠤᠷᠨᠢᠭᠤᠨ ᠥᠰᠭᠦ᠂ ᠦᠷᠠᠵᠢᠨ ᠳᠡᠯᠭᠡᠷᠡᠭᠦ ᠶᠢ ᠪᠠᠯᠭᠡᠳᠡᠭ᠍ᠰᠡᠨ ᠣᠤᠠᠬ᠎ᠠ ᠲᠡᠶ᠃

      ᠳᠦᠷᠪᠡ᠂ ᠥᠯᠦᠭᠡᠢ᠌ᠳᠡᠭᠦ ᠠᠷᠭ᠎ᠠ ᠪᠠ ᠪᠣᠤᠪᠠᠢ ᠶᠢᠨ ᠳᠠᠭᠤᠤ

ᠠᠩᠭ᠋᠎ᠠ ᠥᠯᠦᠭᠡᠢ᠌ᠳᠡᠭᠦ ᠪᠣᠯ ᠣᠯᠠᠩᠭᠢ ᠵᠠᠯᠠᠭᠤ ᠡᠭᠡᠴᠦᠦᠯ ᠳᠠᠷᠠ ᠳᠤᠤᠷ᠎ᠠ ᠪᠠᠨ ᠴᠢᠳᠠᠬᠤ ᠶᠤᠮ ᠪᠢᠰᠢ᠃ ᠪᠠᠰᠠ ᠮᠠᠰᠢ ᠨᠠᠷᠢᠯᠢᠭ ᠠᠵᠢᠯ ᠪᠣᠯᠬᠤ ᠶᠤᠮ᠃ ᠳᠠᠷᠠ ᠡᠷᠭᠡᠪᠰᠢ ᠡᠯᠪᠠᠭ᠌ ᠪᠠᠶᠠᠯᠢᠭ ᠳᠤᠷᠰᠢᠯᠭ᠎ᠠ ᠰᠤᠷᠭᠠᠮᠵᠢ ᠲᠡᠶ ᠢᠳᠤᠭᠠᠨ ᠡᠭᠡ ᠪᠠᠷ ᠵᠢᠭᠠᠯᠭᠠᠬᠤ ᠪᠣᠶᠤ ᠳᠦᠷᠭᠦᠮ ᠤᠨ ᠡᠵᠢ ᠨᠢ ᠢᠷᠠᠵᠤ ᠵᠢᠭᠠᠵᠤ ᠰᠤᠷᠭᠠᠬᠤ ᠶᠤᠰᠤᠳᠠᠢ ᠪᠠᠢ᠌ᠳᠠᠭ᠃ ᠣᠷᠢᠳᠠᠪᠠᠷ ᠳᠠᠳᠠᠭᠤᠷ ᠭᠤᠭᠴᠤᠭ᠎ᠠ ᠵᠡᠷᠭᠡ ᠶᠢ ᠣᠶᠠᠬᠤ ᠮᠠᠶ‍ᠢᠭ ᠶᠢᠡᠷ ᠪᠠᠯᠡᠭᠡᠨ ᠪᠣᠯᠭᠠᠵᠤ ᠳᠠᠭᠢᠨ ᠬᠠᠩ ᠬᠡᠤᠳᠠᠢ ᠪᠠᠨ ᠬᠤᠶᠠᠷ ᠭᠠᠷ ᠶᠢᠡᠷ ᠶᠢᠠᠨ ᠰᠠᠢ᠌ᠬᠠᠨ ᠢᠯᠢᠵᠤ ᠳᠡᠭ᠍ᠰᠢᠯᠡᠨ᠎ᠡ᠃ ᠳᠡᠭᠡᠷ᠎ᠡ ᠨᠢ ᠸᠠᠳᠠᠩ ᠤᠨ ᠶᠢᠡᠨ ᠨᠢᠭᠡ ᠥᠡᠴᠦᠭ᠌ ᠢ ᠭᠠᠳᠠᠭᠰᠢ ᠨᠤᠭᠤᠯᠵᠤ ᠳᠡᠯᠭᠡᠭᠡᠳ ᠳᠡᠭᠡᠷ᠎ᠡ ᠨᠢ ᠬᠠᠯᠠᠭᠤᠯᠠᠭᠰᠠᠨ ᠬᠤᠮᠠᠭ ᠶᠢᠡᠨ ᠬᠡᠦᠬᠡᠳ ᠤᠨ ᠪᠦᠭ᠍ᠰᠡ ᠶᠢᠨ ᠭᠡᠰᠡᠭ᠌ ᠲᠤ ᠦᠷᠤᠵᠤ ᠬᠠᠴᠠᠷ ᠶᠢᠡᠨ ᠳᠤᠯᠭᠠᠵᠤ ᠬᠠᠯᠠᠭᠤᠨ ᠤ ᠭᠡᠮᠵᠢᠶ᠎ᠡ ᠶᠢ ᠭᠡᠮᠵᠢᠵᠤ ᠦᠵᠡᠨ᠎ᠠ᠃ ᠭᠡᠷᠪᠡ ᠭᠡᠳᠦᠷᠭᠡᠢ ᠬᠠᠯᠠᠭᠤᠨ ᠪᠣᠯ ᠬᠡᠦᠬᠡᠳ ᠤᠨ ᠪᠦᠭ᠍ᠰᠡ ᠶᠢ ᠰᠢᠳᠠᠭᠠᠨ᠎ᠠ᠃ ᠡᠢ᠌ᠮᠤ ᠡᠴᠡ ᠪᠠᠭ᠎ᠠ ᠭᠦᠯᠢᠶᠡᠵᠤ ᠭᠦᠷᠦᠭᠡᠰᠭᠢᠯᠭᠡᠨ᠎ᠡ᠃ ᠭᠡᠳᠦᠷᠭᠡᠢ ᠭᠦᠢᠳᠡᠨ ᠪᠣᠯ ᠬᠡᠦᠬᠡᠳ ᠤᠨ ᠭᠡᠳᠡᠰᠤ ᠡᠪᠠᠳᠦᠨ᠎ᠡ᠃ ᠡᠢ᠌ᠮᠤ ᠡᠴᠡ ᠳᠠᠭᠢᠨ ᠬᠠᠯᠠᠭᠤᠯᠬᠤ ᠭᠡᠷᠡᠭ᠍ᠳᠡᠢ᠃ ᠬᠡᠦᠬᠡᠳ ᠶᠢᠡᠨ ᠳᠡᠭᠡᠭ᠍ᠰᠢ ᠬᠠᠠᠳᠤᠭᠤᠯᠵᠤ ᠭᠡᠪᠳᠡᠭᠦᠯᠭᠦ ᠳᠤ ᠪᠠᠨ ᠳᠤᠯᠤᠭᠠᠢ ᠶᠢ ᠨᠢ ᠮᠠᠬᠠᠷᠠ ᠶᠢᠨ ᠪᠦᠰ ᠲᠤ ᠭᠦᠴᠦᠳᠡᠢ ᠲᠦᠯᠭᠢᠵᠤ ᠳᠠᠯᠪᠢᠨ᠎ᠠ᠃ ᠢᠩᠭᠢᠪᠠᠯ ᠬᠡᠦᠬᠡᠳ ᠤᠨ ᠳᠤᠯᠤᠭᠠᠢ ᠭᠤᠵᠢᠩ ᠪᠣᠯᠬᠤ ᠦᠭᠡᠶ᠃ ᠬᠤᠶᠠᠷ ᠭᠠᠷ ᠢ ᠨᠢ ᠳᠡᠭ᠍ᠰᠢᠯᠡᠭᠦ ᠳᠤ ᠪᠠᠨ ᠳᠡᠭᠡᠭ᠍ᠰᠢ ᠪᠠᠨ ᠪᠠᠭ᠎ᠠ ᠲᠦᠯᠭᠢᠰᠭᠢᠨ᠎ᠠ᠃ ᠬᠤᠵᠢᠮ ᠮᠦᠷᠤ ᠦᠷᠭᠡᠨ ᠰᠦᠷ ᠵᠢᠪᠬᠤᠭ᠎ᠠ ᠲᠡᠶ ᠭᠦᠮᠤᠨ ᠪᠣᠯᠤᠨ᠎ᠠ᠃ ᠣᠠᠴᠠᠭᠠᠢ᠌ᠯᠠᠨ ᠡᠷᠡᠭ᠍ᠳᠡᠢ ᠬᠡᠦᠬᠡᠳ ᠢ ᠨᠠᠩ ᠢᠯᠡᠭᠦᠤ ᠠᠩᠬᠠᠷᠴᠤ ᠶᠠᠭᠠᠭᠢᠭᠰᠠᠨ ᠴᠤ ᠬᠤᠶᠠᠷ ᠭᠠᠷ ᠶᠢ ᠨᠢ ᠳᠤᠷᠤᠭᠰᠢ ᠴᠢᠩᠭ᠋ᠠᠭᠠᠵᠤ ᠥᠯᠦᠭᠡᠢ᠌ᠳᠡᠵᠤ ᠪᠣᠯᠬᠤ ᠦᠭᠡᠶ᠃ ᠳᠡᠭᠡᠪᠠᠯ ᠱᠤᠪᠳᠤᠩ ᠮᠦᠷᠤ ᠲᠡᠶ ᠪᠣᠯᠵᠤ ᠡᠷ᠎ᠡ ᠭᠦᠮᠤᠨ ᠤ ᠰᠢᠠᠵᠢ ᠪᠠᠨ ᠠᠯᠳᠠᠬᠤ ᠶᠤᠮ᠃ ᠢᠩᠭᠢᠵᠤ ᠸᠠᠳᠠᠩ ᠶᠢᠡᠷ ᠶᠢᠡᠨ ᠴᠢᠩᠭ᠋᠎ᠠ ᠪᠠᠭᠯᠠᠭᠰᠠᠨ ᠤ ᠰᠡᠭᠦᠯᠡᠷ ᠲ᠋ᠠᠳᠠᠭᠤᠷ ᠵᠢᠡᠷ  ᠴᠡᠭᠡᠵᠢ ᠭᠤᠭᠴᠤᠭ᠎ᠠ ᠪᠠ ᠳᠠᠪᠣᠰᠠᠩ ᠤᠨ ᠭᠤᠭᠴᠤᠭ᠎ᠠ ᠶᠢ ᠴᠢᠩᠭ᠋᠎ᠠ ᠲ᠋ᠠᠳᠠᠵᠤ ᠣᠶᠠᠨ᠎ᠠ᠃ ᠳᠠᠷᠠᠭ᠎ᠠ ᠪᠠᠷ ᠵᠡᠭᠦᠨ ᠭᠠᠷ ᠶᠢᠡᠷ ᠬᠤᠶᠠᠷ ᠭᠦᠯ ᠢ ᠨᠢ ᠳᠡᠭ᠍ᠰᠢᠭᠡᠨ ᠪᠠᠷᠢᠵᠤ ᠪᠠᠷᠠᠭᠤᠨ ᠭᠠᠷᠤᠨ ᠠᠯᠠᠭ᠎ᠠ ᠪᠠᠷ ᠶᠢᠡᠨ ᠭᠦᠯ ᠤᠨ ᠣᠯᠠ ᠶᠢ ᠨᠢ ᠳᠡᠭ᠍ᠰᠢᠯᠡᠵᠤ ᠪᠠᠢ᠌ᠭᠠᠤᠨ ᠡᠪᠦᠳᠦᠭ᠌ ᠤᠨ ᠭᠤᠭᠴᠤᠭ᠎ᠠ ᠪᠣᠯᠤᠨ ᠭᠦᠯ ᠤᠨ ᠰᠢᠯᠪᠢ ᠶᠢᠨ ᠭᠤᠭᠴᠤᠭ᠎ᠠ ᠶᠢ ᠣᠶᠠᠵᠤ ᠳᠠᠭᠤᠰᠤᠨ᠎ᠠ᠃ ᠥᠯᠦᠭᠡᠢ᠌ᠳᠡᠭᠦ ᠳᠤ ᠪᠠᠨ ᠬᠤᠶᠠᠷ ᠭᠦᠯ ᠤᠨ ᠳᠡᠭ᠍ᠰᠢᠭᠡᠨ ᠪᠠᠢ᠌ᠬᠤ ᠶᠢ ᠣᠮᠳᠤᠭᠠᠢ᠌ᠯᠠᠵᠤ ᠪᠣᠯᠬᠤ ᠦᠭᠡᠶ᠃ ᠦᠭᠡᠶ ᠪᠣᠯ ᠡᠷᠡᠭ᠍ᠳᠡᠢ ᠬᠡᠦᠬᠡᠳ ᠪᠦᠭᠡᠷᠡᠳᠡᠩ ᠡᠪᠡᠳᠴᠢᠨ ᠣᠯᠬᠤ ᠠᠶᠤᠯ ᠲᠡᠶ᠃ ᠣᠶᠠᠭ᠎ᠠ ᠳᠠᠳᠠᠭᠤᠷ ᠨᠢ ᠴᠢᠩᠭ᠋᠎ᠠ ᠪᠠᠢ᠌ᠬᠤ ᠭᠡᠷᠡᠭ᠍ᠳᠡᠢ ᠦᠭᠡᠶ ᠪᠤᠯ  ᠬᠡᠦᠬᠡᠳ ᠭᠦᠯ ᠭᠠᠷ ᠵᠢᠡᠨ ᠲ᠋ᠡᠳᠡᠵᠤ ᠲ᠋ᠡᠢ᠌ᠴᠢᠭᠡᠳ ᠣᠶᠠᠭᠠᠰᠤ ᠶᠢ ᠰᠤᠯᠠᠯᠠᠵᠤ ᠭᠡᠪ ᠤᠨ ᠦᠰᠦᠨ ᠪᠣᠢ᠌ᠵᠢᠯᠳᠠ ᠶᠢ ᠨᠥᠯᠦᠭᠡᠯᠡᠨ᠎ᠡ᠃ ᠳᠠᠷᠤᠢ ᠭᠦᠯ ᠨᠢ 《○》 ᠭᠡᠯᠪᠠᠷᠢ ᠲᠡᠶ ᠪᠣᠯᠬᠤ᠂ ᠮᠦᠷᠤ ᠳᠠᠯᠤ ᠨᠢ ᠮᠡᠭ᠍ᠵᠢᠭᠡᠷ ᠪᠦᠭ᠍ᠰᠢᠭᠡᠷ ᠪᠣᠯᠬᠤ ᠡᠴᠡ ᠰᠡᠷᠭᠡᠢ᠌ᠯᠡᠭᠦ ᠭᠡᠷᠡᠭ᠍ᠳᠡᠢ᠃ ᠪᠦᠷ ᠣᠶᠠᠵᠤ ᠪᠠᠷᠠᠭᠰᠠᠨ ᠤ ᠳᠠᠷᠠᠭ᠎ᠠ ᠵᠤᠨ ᠤ ᠴᠠᠭ ᠪᠣᠯ ᠳᠡᠭᠡᠷ᠎ᠡ ᠨᠢ ᠨᠢᠮᠭᠡᠨ ᠳᠠᠩᠰᠠ ᠬᠤᠴᠢᠵᠤ᠂ ᠡᠪᠦᠯ ᠴᠠᠭ ᠪᠣᠯ ᠵᠢᠵᠢᠭ᠌ ᠭᠦᠡᠵᠢᠯᠡ ᠬᠤᠴᠢᠵᠤ ᠦᠭ‍ᠭᠦᠨ᠎ᠡ᠃ ᠳᠠᠭᠠᠷᠠᠬᠤ ᠪᠠ ᠬᠠᠯᠠᠭᠤᠴᠠᠬᠤ ᠶᠢ ᠣᠠᠴᠠ ᠠᠩᠬᠠᠷᠬᠤ ᠴᠢᠬᠤᠯᠠᠳᠠᠢ᠃

ᠬᠡᠦᠬᠡᠳ ᠶᠢᠡᠨ ᠥᠯᠦᠭᠡᠢ᠌ᠳᠡᠵᠤ ᠪᠠᠷᠠᠭᠰᠠᠨ ᠤ ᠰᠡᠭᠦᠯᠡᠷ ᠥᠯᠦᠭᠡᠢ ᠪᠠᠨ ᠰᠠᠵᠢᠯᠠᠵᠤ ᠬᠡᠦᠬᠡᠳ ᠶᠢᠡᠨ ᠣᠠᠳᠠᠭᠤᠯᠤᠨ᠎ᠠ᠃ ᠬᠤᠷᠴᠢᠨ ᠳᠤ ᠬᠡᠦᠬᠡᠳ ᠠᠷᠭᠠᠳᠠᠨ᠎ᠠ ᠭᠡᠳᠡᠭ᠌᠃ ᠥᠯᠦᠭᠡᠢ᠌ᠳᠡᠭ᠍ᠰᠡᠨ ᠬᠡᠦᠬᠡᠳ ᠢ ᠰᠠᠭᠠᠳᠠᠭᠤᠯᠬᠤ ᠳᠤ ᠳᠤᠩ ᠠᠮᠠᠷᠬᠠᠨ᠃ ᠥᠯᠦᠭᠡᠢ ᠶᠢ ᠪᠠᠭ᠎ᠠ ᠭᠦᠳᠡᠯᠭᠡᠪᠠᠯ ᠣᠳᠠᠳᠠᠯ᠎ᠠ ᠰᠠᠵᠢᠯᠠᠳᠠᠭ ᠳᠤᠯᠠ ᠭᠦᠴᠤ ᠶᠡᠭᠡ ᠠᠷᠪᠢᠯᠠᠨ᠎ᠠ᠃ ᠥᠳᠡᠯᠦᠭ᠍ᠰᠡᠨ ᠭᠦᠮᠤᠨ᠂ ᠭᠦᠭ᠍ᠰᠢᠨ ᠵᠡᠮᠳᠡᠭ᠌ ᠭᠦᠮᠤᠨ ᠴᠤ ᠴᠦᠮ ᠥᠯᠦᠭᠡᠢ ᠲᠡᠶ ᠬᠡᠦᠬᠡᠳ ᠢ ᠰᠠᠭᠠᠳᠠᠭᠤᠯᠵᠤ ᠴᠢᠳᠠᠳᠠᠭ ᠶ‍ᠦᠮ᠃ ᠨᠢᠭᠡ ᠭᠠᠷ ᠶᠢᠡᠷ ᠶᠢᠡᠨ ᠥᠯᠦᠭᠡᠢ ᠶᠢ ᠠᠶᠠᠷᠬᠠᠨ ᠪᠦᠭᠡᠳ ᠠᠢ᠌ᠵᠠᠮᠳᠠᠢ᠌ᠬᠠᠨ ᠰᠠᠵᠢᠯᠠᠭᠤᠯᠬᠤ ᠶᠢᠨ ᠳᠠᠭᠠᠤ ᠠᠶᠠᠯᠭᠤ ᠳᠠᠭᠤᠤ ᠭᠢᠩᠰᠢᠳᠡᠭ᠌ ᠪᠢᠯᠠ᠃ ᠭᠡᠭᠦ ᠳᠤ ᠪᠠᠨ ᠭᠤᠤᠯᠳᠠᠭᠤ ᠪᠠᠭ᠎ᠠ ᠬᠡᠦᠬᠡᠳ ᠤᠨ ᠰᠠᠨᠠᠭ᠎ᠠ ᠪᠣᠳᠤᠯ ᠳᠤ ᠵᠤᠭᠢᠴᠠᠭᠰᠠᠨ ᠳᠠᠭᠤᠤ ᠶᠢ ᠳᠠᠭᠤᠯᠠᠳᠠᠭ᠃ ᠭᠡᠷᠪᠡ ᠡᠪᠦᠯ ᠤᠨ ᠣᠯᠠᠷᠢᠯ ᠪᠣᠯ ᠠᠩᠭ᠋᠎ᠠ ᠠᠷᠭᠠᠳᠠᠬᠤ ᠡᠭᠡᠴᠦᠦᠯ ᠨᠢ ᠥᠯᠦᠭᠡᠢ ᠶᠢᠨ ᠬᠠᠵᠠᠭᠤ ᠳᠠᠯ᠎ᠠ ᠳᠤ ᠰᠠᠭᠤᠵᠤ ᠨᠢᠭᠡ ᠳᠠᠯ᠎ᠠ ᠪᠠᠷ ᠦᠷᠦᠭᠡᠰᠤᠨ ᠭᠦᠯ ᠢ ᠭᠡᠷᠡᠭᠯᠡᠵᠤ ᠥᠯᠦᠭᠡᠢ ᠶᠢ ᠰᠠᠵᠢᠯᠠᠭᠤᠯᠬᠤ ᠪᠦᠭᠡᠳ ᠨᠥᠭᠦᠭᠡ ᠳᠠᠯ᠎ᠠ ᠪᠠᠷ ᠭᠠᠷ ᠳᠠᠭᠢ ᠣᠢ᠌ᠯᠠ ᠣᠳᠠᠰᠤᠨ ᠤ ᠠᠵᠢᠯ ᠵᠢᠡᠨ ᠭᠢᠭᠦ ᠪᠠᠷ ᠪᠠᠷᠠᠬᠤ ᠦᠭᠡᠶ ᠠᠮᠠᠨ ᠳᠤ ᠪᠠᠨ ᠪᠦᠤᠪᠠᠢ ᠶᠢᠨ ᠳᠠᠭᠤᠤ ᠪᠠᠨ ᠭᠢᠩᠰᠢᠵᠤ ᠪᠠᠢ᠌ᠳᠠᠭ᠃ ᠬᠤᠷᠴᠢᠨ ᠮᠤᠩᠭ᠋ᠤᠯᠴᠤᠳ ᠤᠨ ᠪᠦᠤᠪᠠᠢ ᠶᠢᠨ ᠳᠠᠭᠤᠤ ᠳᠤ ᠭᠤᠤᠯᠳᠠᠭᠤ 《ᠪᠦᠤᠪᠠᠢ ᠶᠢᠨ ᠳᠠᠭᠤᠤ》᠂ 《ᠨᠠᠷᠠᠨ ᠤ ᠳᠠᠭᠤᠤ》᠂ 《ᠪᠠᠷᠤᠯᠠᠢ》 ᠭᠡᠭᠦ ᠮᠠᠳᠤ ᠶᠢᠨ ᠳᠤᠰᠬᠠᠢ ᠳᠠᠭᠤᠤ ᠶᠢ ᠳᠠᠭᠤᠯᠠᠵᠤ ᠥᠭ᠍ᠳᠡᠭ᠌᠃

       《ᠪᠦᠤᠪᠠᠢ ᠶᠢᠨ ᠳᠠᠭᠤᠤ》 ᠳ᠋ᠤ

        ᠬᠠᠶᠠᠭᠠᠨ ᠪᠠᠢ᠌ᠭ᠎ᠠ ᠬᠠᠰᠢᠶᠠᠨ ᠳᠤ ᠪᠠᠨ

        ᠬᠠᠯᠵᠠᠨ ᠬᠤᠷᠠᠭ᠎ᠠ ᠮᠢᠨᠢ ᠭᠡᠪᠳᠡᠵᠤ ᠪᠠᠢ᠌ᠨ᠎ᠠ᠃

        ᠬᠠᠷ᠎ᠠ ᠰᠠᠢ᠌ᠬᠠᠨ ᠨᠢᠳᠤ ᠪᠠᠨ

        ᠬᠠᠮᠭᠢᠵᠤ ᠠᠨᠢᠭᠠᠤᠨ ᠣᠠᠳᠠᠵᠤ ᠪᠠᠢ᠌ᠨ᠎ᠠ᠃

        ᠬᠠᠢ᠌ᠷᠠᠳᠤ ᠭᠦᠪᠠᠭᠦᠨ ᠦᠬᠢᠨ ᠮᠢᠨᠢ ᠣᠠᠳᠠ ᠳ᠋ᠠ ︕

        ᠪᠦᠪᠠᠢ᠂     ᠪᠦᠪᠠᠢ᠂    ᠪᠦᠪᠠᠢ ︕

        ᠲ᠋ᠤᠭᠤᠷ ᠤᠨ ᠭᠤᠤᠯ ᠤᠨ ᠪᠣᠷᠭᠠᠰᠤᠨ ᠳᠤ ᠪᠠᠨ

        ᠲ᠋ᠠᠤᠯᠠᠢ ᠶᠢᠨ ᠪᠦᠵᠦᠩ ᠬᠠᠢ᠌ᠷᠤᠵᠠᠢ

        ᠲ᠋ᠤᠠᠳᠤᠭᠤᠷ ᠪᠠᠶ᠎ᠠ ᠪᠠᠨ ᠡᠪᠭᠡᠭᠡᠳ

        ᠲ᠋ᠤᠭᠳᠣᠢ᠌ᠵᠤ ᠭᠡᠪᠳᠡᠭᠡᠳ ᠣᠠᠳᠠᠵᠠᠢ

        ᠲ᠋ᠤᠷᠮᠤᠭᠤᠷ ᠭᠦᠤ ᠦᠬᠢᠨ ᠮᠢᠨᠢ ᠣᠠᠳᠠ ᠳ᠋ᠠ ︕

        ᠪᠦᠪᠠᠢ᠂ ᠪᠦᠪᠠᠢ᠂ ᠪᠦᠪᠠᠢ ︕ ᠭᠡᠵᠤ ᠳᠠᠭᠤᠯᠠᠵᠤ ᠪᠠᠢ᠌ᠬᠤ ᠳᠤ

       《ᠨᠠᠷᠠᠨ ᠤ ᠳᠠᠭᠤᠤ》 ᠳ᠋ᠤ

        ᠨᠠᠷᠠ ᠨᠠᠷᠠ ᠨᠠᠰᠢ ᠪᠠᠨ ᠢᠷ᠎ᠠ ︕

        ᠨᠠᠷᠠᠨ ᠰᠡᠭᠦᠳᠡᠷ ᠴᠠᠰᠢ ᠪᠠᠨ ᠶᠠᠪᠣ ︕

        ᠪᠣᠤ ᠣᠭᠢᠯᠠ ︕ ᠪᠣᠤ ᠣᠭᠢᠯᠠ ︕

        ᠪᠦᠵᠦᠩᠭᠡᠢ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠤᠯᠠᠢ᠃

        ᠥ᠂ ᠥ

        ᠪᠦᠵᠦᠩᠭᠡᠢ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠤᠯᠠᠢ

        ᠰᠠᠷᠠ ᠰᠠᠷᠠ ᠨᠠᠰᠢ ᠪᠠᠨ ᠢᠷ᠎ᠠ ︕

        ᠰᠠᠷᠠᠨ ᠰᠡᠭᠦᠳᠡᠷ ᠴᠠᠰᠢ ᠪᠠᠨ ᠶᠠᠪᠣ ︕

        ᠪᠣᠤ ᠣᠭᠢᠯᠠ︕ ᠪᠣᠤ ᠣᠭᠢᠯᠠ ︕

        ᠪᠦᠵᠦᠩᠭᠡᠢ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠤᠯᠠᠢ

        ᠥ᠂ ᠥ

        ᠪᠦᠵᠦᠩᠭᠡᠢ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠤᠯᠠᠢ ᠭᠡᠵᠤ ᠳᠠᠭᠤᠯᠠᠳᠠᠭ ᠪᠠ

         《ᠪᠠᠷᠤᠯᠠᠢ》 ᠳ᠋ᠤ

        ᠦᠷᠢᠯ ᠤᠨ ᠰᠠᠢ᠌ᠬᠠᠨ ᠮᠤᠳᠤ ᠪᠠᠷ ᠶᠢᠡᠨ

        ᠥᠯᠦᠭᠡᠢ ᠰᠢᠭᠠᠵᠤ ᠦᠭ‍ᠭᠦᠭ᠍ᠰᠡᠨ ᠠᠪᠣ ᠮᠢᠨᠢ

        ᠦᠷᠯᠦᠭᠡ ᠦᠳᠡᠰᠢ ᠶᠢᠨ ᠭᠦᠢᠳᠡᠨ ᠳᠤ ᠪᠠᠨ

        ᠦᠨᠳᠠᠢ᠌ᠨ ᠪᠣᠰᠤᠭᠠᠤᠨ ᠮᠥᠮᠦᠭᠦᠯᠦᠭ᠍ᠰᠡᠨ ᠡᠵᠢ ᠮᠢᠨᠢ

        ᠡᠵᠢ ᠳ᠋ᠠ ︕ ᠠᠵᠢ ᠳ᠋ᠠ ︕

        ᠪᠠᠷᠤᠯᠠᠢ ᠮᠢᠨᠢ ᠪᠣᠤ ᠣᠭᠢᠯᠠ ︕

        ᠠᠪᠣ᠂ ᠮᠥᠮᠥ ᠶᠢᠨ ᠶᠢᠡᠨ ᠪᠣᠤᠪᠠᠢ ᠰᠢᠤ ︕

        ᠬᠠᠢ᠌ᠯᠠᠰᠤᠨ ᠰᠠᠢ᠌ᠬᠠᠨ ᠮᠤᠳᠤ ᠪᠠᠷ ᠶᠢᠡᠨ

        ᠬᠠᠷᠠᠭ᠎ᠠ ᠰᠢᠭᠠᠵᠤ ᠦᠭ‍ᠭᠦᠭ᠍ᠰᠡᠨ ᠠᠪᠣ ᠮᠢᠨᠢ

        ᠬᠠᠷᠠᠩᠭ᠋ᠤᠢ ᠰᠦᠨᠢ ᠶᠢᠨ ᠭᠦᠢᠳᠡᠨ ᠳᠤ ᠪᠠᠨ

        ᠬᠠᠷᠠᠭᠠᠯᠵᠠᠵᠤ ᠠᠩᠬᠠᠷᠤᠭᠰᠠᠨ ᠡᠵᠢ ᠮᠢᠨᠢ

        ᠡᠵᠢ ᠳ᠋ᠠ ︕ ᠠᠵᠢ ᠳ᠋ᠠ ︕

        ᠪᠦᠭᠡᠷᠦᠯᠡᠢ ᠮᠢᠨᠢ ᠪᠣᠤ ᠣᠭᠢᠯᠠ ︕

        ᠠᠪᠣ᠂ ᠮᠥᠮᠥ ᠶᠢᠨ ᠶᠢᠡᠨ ᠪᠦᠤᠪᠠᠢ ᠰᠢᠤ ︕ ᠭᠡᠵᠤ ᠳᠠᠭᠤᠯᠠᠵᠤ ᠥᠭ᠍ᠪᠠᠯ ᠳᠠᠭᠠᠳᠠᠢ ᠰᠠᠢ᠌ᠬᠠᠨ ᠳᠠᠭᠤᠤ ᠰᠤᠨᠤᠰᠤᠭᠰᠠᠭᠠᠷ ᠬᠡᠦᠬᠡᠳ ᠢᠨᠢᠶᠡᠮᠰᠦᠭ᠌ ᠴᠢᠷᠠᠢ᠌ᠳᠠᠢ ᠣᠠᠳᠠᠴᠢᠬᠠᠳᠠᠭ᠃ ᠳᠤᠮᠤ ᠰᠢᠭ ᠪᠣᠯᠤᠭᠰᠠᠨ ᠬᠡᠦᠬᠡᠳ ᠪᠣᠯ ᠡᠵᠢ ᠶᠢᠨ ᠶᠢᠡᠨ ᠪᠣᠤᠪᠠᠢ ᠶᠢᠨ ᠳᠠᠭᠤᠤ ᠶᠢ ᠰᠤᠨᠤᠰᠤᠭᠰᠠᠭᠠᠷ ᠯᠠ ᠦᠪᠡᠷ ᠶᠢᠡᠨ ᠪᠠᠰᠠ ᠳᠡᠭᠡᠭᠡᠳ 《ᠡᠩ ︕ ᠡᠩ ︕》 ᠭᠡᠵᠤ ᠭᠢᠩᠰᠢᠵᠤ ᠡᠭᠢᠯᠡᠭᠦ ᠳᠤ ᠡᠮᠡᠭᠡ ᠨᠢ ᠡᠰᠡᠭᠦᠯ᠎ᠡ ᠡᠵᠢ ᠨᠢ ᠬᠠᠮᠤᠭ ᠤᠨ ᠵᠤᠯ ᠵᠢᠷᠭᠠᠯᠳᠤ ᠰᠡᠳᠬᠢᠯᠭᠡ ᠳᠦᠷᠦᠭ᠍ᠳᠡᠨ 《ᠮᠢᠨᠤ ᠪᠦᠤᠪᠠᠢ ᠦᠪᠡᠷ ᠢ ᠪᠠᠨ ᠰᠠᠭᠠᠳᠠᠭᠤᠯᠵᠤ ᠴᠢᠳᠠᠬᠤ ᠪᠣᠯᠵᠠᠢ ︕》 ᠭᠡᠵᠤ ᠮᠡᠭᠳᠡᠭᠡᠳ ᠨᠢᠮᠭᠡᠨ ᠣᠷᠤᠭᠤᠯ ᠶᠢᠡᠨ ᠠᠪᠴᠢᠷᠡᠵᠤ ᠵᠥᠭᠡᠯᠡᠨ ᠮᠠᠩᠨᠠᠢ ᠳᠡᠭᠡᠷ᠎ᠡ ᠨᠢ ᠥᠭᠦᠭᠡᠷᠳᠡᠨ ᠳᠠᠭᠠᠯᠠᠬᠤ ᠦᠶ᠎ᠡ ᠳᠤ ᠡᠩᠭᠦᠷᠡᠢ ᠬᠡᠦᠬᠡᠳ ᠨᠢ ᠭᠡᠳᠥᠢᠨ ᠣᠠᠳᠠᠵᠤ ᠣᠷᠭᠢᠳᠠᠭ᠃

       ᠳᠠᠪᠣ᠂ ᠥᠯᠦᠭᠡᠢ ᠶᠢᠨ ᠰᠤᠷᠭᠠᠨ ᠭᠦᠮᠦᠵᠢᠯ

ᠮᠤᠩᠭ᠋ᠤᠯᠴᠤᠳ 《ᠭᠦᠮᠤᠨ ᠪᠣᠯᠬᠤ ᠪᠠᠭ᠎ᠠ ᠡᠴᠡ ᠪᠠᠨ᠂ ᠭᠦᠯᠦᠭ᠌ ᠪᠣᠯᠬᠤ ᠣᠨᠠᠭᠠᠨ ᠡᠴᠡ ᠪᠠᠨ》 ᠭᠡᠵᠤ ᠥᠵᠡᠳᠡᠭ᠌ ᠪᠣᠯᠬᠤᠷ ᠥᠯᠦᠭᠡᠢ ᠳ᠋ᠠᠭᠢ ᠬᠡᠦᠬᠡᠳ ᠤᠨ ᠭᠦᠮᠦᠵᠢᠯ ᠢ ᠮᠠᠰᠢ ᠴᠢᠬᠤᠯᠴᠢᠯᠠᠨ ᠥᠵᠡᠵᠤ ᠥᠯᠦᠭᠡᠢ᠌ᠳᠡᠭᠦ ᠳᠤ ᠪᠠᠨ ᠠᠷᠪᠢᠨ ᠳᠠᠯ᠎ᠠ ᠡᠴᠡ ᠰᠠᠳᠭᠢᠨ᠂ ᠣᠯᠠᠨ ᠬᠠᠷᠠᠭᠠᠰᠤ ᠡᠴᠡ ᠪᠣᠳᠤᠯᠭᠢᠯᠠᠨ᠂ ᠭᠡᠪ ᠤᠨ ᠰᠠᠢ᠌ᠬᠠᠨ ᠪᠠᠶ᠎ᠠ ᠭᠠᠳᠠᠷ᠂ ᠪᠣᠯᠪᠠᠰᠤᠨ ᠶᠤᠰᠤᠷᠬᠠᠭ ᠵᠠᠩ ᠠᠭᠠᠯᠢ᠂ ᠳᠠᠰᠪᠣᠷᠢ ᠬᠠᠳᠠᠭᠤᠵᠢᠯᠳᠠᠢ ᠵᠤᠷᠢᠭ ᠰᠠᠨᠠᠭ᠎ᠠ᠂ ᠡᠷᠡᠭᠦᠯ ᠰᠠᠷᠠᠭᠤᠯ ᠣᠶᠤᠨ ᠰᠡᠳᠭᠢᠭᠦᠢ ᠵᠡᠷᠭᠡ ᠳᠤ ᠪᠦᠷ ᠠᠩᠬᠠᠷᠤᠯ ᠶᠢᠡᠨ ᠳᠠᠯᠪᠢᠵᠤ ᠪᠠᠢ᠌ᠳᠠᠭ᠃

ᠥᠯᠦᠭᠡᠢ ᠶᠢᠨ ᠳᠡᠭᠡᠷ᠎ᠡ ᠨᠢ ᠬᠡᠦᠬᠡᠳ ᠤᠨ ᠢᠯᠠ ᠣᠯᠵᠤ ᠬᠠᠷᠠᠬᠤ ᠭᠠᠵᠠᠷ ᠲᠤ ᠶᠠᠩᠵᠤ ᠪᠦᠷᠢ ᠶᠢᠨ ᠥᠩᠭᠡ ᠲᠡᠶ ᠪᠦᠰ ᠶᠢᠡᠷ ᠡᠯᠳᠡᠪ ᠵᠣᠢ᠌ᠯ ᠤᠨ ᠠᠮᠢᠳᠠᠨ ᠤ ᠳᠦᠷᠰᠤ ᠶᠢ ᠣᠷᠠᠯᠠᠨ ᠪᠦᠳᠦᠭᠡᠵᠤ ᠪᠠᠰᠠ ᠬᠤᠩᠬᠤ᠂ ᠨᠤᠮᠤ ᠰᠤᠮᠤ᠂ ᠭᠠᠤᠯᠢᠨ ᠵᠤᠭᠤᠰ᠂ ᠪᠢᠷ ᠴᠠᠭᠠᠰᠤ ᠵᠡᠷᠭᠡ ᠶᠢ᠌ ᠭᠡᠷ ᠤᠨ ᠠᠳᠠᠷ ᠡᠴᠡ ᠡᠯᠭᠦᠨ ᠳᠡᠭᠦᠵᠢᠯᠡᠵᠤ ᠥᠯᠦᠭᠡᠢ ᠳ᠋ᠠᠭᠢ ᠬᠡᠦᠬᠡᠳ ᠲᠤ ᠰᠤᠨᠢᠷᠬᠠᠭᠤᠯᠵᠤ ᠳᠡᠭᠦᠨ ᠤ ᠣᠷᠮ᠎ᠠ ᠰᠡᠳᠬᠢᠯᠭᠡ᠂ ᠳᠤᠷ᠎ᠠ ᠪᠠᠬ᠎ᠠ᠂ ᠰᠤᠨᠢᠭᠤᠴᠢ ᠵᠠᠩ᠂ ᠠᠩᠬᠠᠷᠤᠯ ᠲᠦᠪᠯᠡᠷᠠᠯ᠂ ᠵᠤᠷᠢᠭ ᠰᠠᠨᠠᠭ᠎ᠠ ᠵᠡᠷᠭᠡ ᠶᠢ ᠭᠦᠮᠦᠵᠢᠭᠦᠯᠭᠦ ᠭᠦᠰᠡᠯ ᠵᠤᠷᠢᠯᠭ᠎ᠠ ᠲᠡᠶ 《ᠥᠯᠦᠭᠡᠢ ᠶᠢᠨ ᠭᠦᠮᠦᠵᠢᠯ》 ᠊ᠢ ᠠᠩᠬᠠᠷᠤᠨ ᠭᠢᠳᠡᠭ᠌᠃ ᠬᠡᠦᠬᠡᠳ ᠤᠨ ᠶᠢᠡᠨ ᠢᠷᠡᠭᠡᠳᠦᠢ ᠶᠢᠨ ᠣᠶᠤᠨ ᠰᠡᠳᠬᠢᠯᠭᠡ ᠶᠢᠨ ᠭᠦᠭ᠍ᠵᠢᠯᠳᠡ ᠳᠤ ᠢᠩᠭᠢᠵᠤ ᠰᠠᠭᠤᠷᠢ ᠳᠠᠯᠪᠢᠬᠤ ᠶᠢ ᠠᠩᠬᠠᠷᠳᠠᠭ ᠨᠢ ᠣᠵᠠᠭᠤᠷ ᠮᠤᠩᠭ᠋ᠤᠯᠴᠤᠳ ᠤᠨ ᠰᠤᠷᠭᠠᠨ ᠭᠦᠮᠦᠵᠢᠯ ᠤᠨ ᠨᠢᠭᠡ ᠳᠠᠪᠰᠢᠩᠭ᠋ᠤᠢ ᠲ᠋ᠠᠯ᠎ᠠ ᠪᠣᠯᠬᠤ ᠶᠤᠮ᠃

ᠬᠡᠦᠬᠡᠳ ᠤᠨ ᠭᠦᠢᠰᠤ ᠶᠢ ᠡᠷᠦᠢ ᠬᠤᠷᠤᠢ ᠦᠭᠡᠶ ᠬᠠᠶᠠᠳᠠᠭ ᠦᠭᠡᠶ ᠵᠠᠩᠰᠢᠯ ᠲᠡᠶ᠃ ᠬᠤᠷᠴᠢᠨ ᠠᠮᠠᠨ ᠶᠠᠷᠢᠶᠠᠨ ᠳᠤ ᠳᠤᠭᠤᠷᠢᠮᠳᠠᠭᠠᠢ ᠵᠠᠩ ᠲᠡᠶ ᠪᠣᠶᠤ ᠡᠨᠡᠭᠦᠷ ᠳᠡᠨᠡᠭᠦᠷ ᠳᠠᠩᠰᠢᠨ ᠳᠡᠯᠳᠡᠭ᠍ᠰᠢᠭᠡᠳ ᠪᠠᠢ᠌ᠬᠤ ᠬᠡᠦᠬᠡᠳ ᠢ 《ᠭᠦᠢᠰᠤ ᠪᠠᠨ ᠭᠡᠭᠡᠴᠢᠭᠡᠭ᠍ᠰᠡᠨ ᠶᠤᠮ ᠰᠢᠭ᠌》 ᠭᠡᠵᠤ ᠬᠤᠱᠤᠩᠨᠠᠨ ᠭᠡᠯᠡᠳᠡᠭ᠌ ᠥᠭᠡ ᠪᠣᠢ᠃ ᠡᠢ᠌ᠮᠤ ᠡᠴᠡ ᠡᠴᠢᠭᠡ ᠡᠭᠡ ᠪᠣᠯᠤᠭᠰᠠᠤᠨ ᠬᠡᠦᠬᠡᠳ ᠤᠨ ᠶᠢᠡᠨ ᠭᠦᠢᠰᠤ ᠶᠢ ᠵᠠᠪᠠᠯ ᠣᠯᠠᠭᠠᠨ ᠳᠤᠷᠭᠠᠨ ᠪᠦᠰ ᠶᠢᠡᠷ ᠰᠠᠢ᠌ᠬᠠᠨ ᠪᠠᠭᠯᠠᠵᠤ ᠬᠠᠳᠠᠭᠠᠯᠠᠭᠠᠳ ᠥᠯᠦᠭᠡᠢ ᠶᠢᠨ ᠭᠢᠨᠢ ᠳᠤᠳᠤᠷ᠎ᠠ ᠳᠠᠷ᠎ᠠ ᠶᠢᠨ ᠳᠤᠤᠷ᠎ᠠ ᠳᠠᠯᠪᠢᠬᠤ ᠪᠣᠶᠤ ᠥᠯᠦᠭᠡᠢ ᠶᠢᠨ ᠬᠠᠷᠠᠭ᠎ᠠ ᠶᠢᠨ ᠠᠷᠤ ᠳ᠋ᠤᠨᠢ ᠡᠯᠭᠦᠵᠤ ᠳᠠᠯᠪᠢᠨ ᠬᠡᠦᠬᠡᠳ ᠥᠯᠦᠭᠡᠢ ᠡᠴᠡ ᠭᠠᠷᠬᠤ ᠪᠣᠯᠤᠭᠰᠠᠭᠠᠷ ᠬᠤᠷᠢᠶᠠᠨ ᠠᠪᠴᠤ ᠠᠪᠳᠠᠷ᠎ᠠ ᠬᠤᠷᠭᠤ ᠶᠢᠨ ᠶᠢᠡᠨ ᠬᠠᠮᠤᠭ ᠤᠨ ᠪᠠᠳᠤᠯᠭᠠᠳᠠᠢ ᠣᠷᠤᠨ ᠳᠤ ᠨᠠᠠᠳᠢᠩᠨᠠᠨ ᠳᠠᠯᠪᠢᠳᠠᠭ᠃ 《ᠳᠦᠷᠦᠭ᠍ᠰᠡᠨ ᠨᠤᠳᠤᠭ ᠶᠢᠡᠨ ᠪᠦᠤ ᠯᠠ ᠮᠠᠷᠳᠠ》 ᠭᠡᠵᠤ ᠳᠠᠭᠤᠯᠠᠳᠠᠭ ᠰᠢᠭ᠌ ᠶᠢᠡᠷ ᠬᠡᠦᠬᠡᠳ ᠤᠨ ᠬᠠᠮᠢᠭ᠎ᠠ ᠶᠠᠮᠠᠷ ᠭᠠᠵᠠᠷ ᠶᠠᠪᠣᠭᠰᠠᠨ ᠴᠤ ᠳᠦᠷᠦᠭ᠍ᠰᠡᠨ ᠭᠠᠵᠠᠷ ᠶᠢᠡᠨ ᠭᠡᠵᠢᠶᠡᠳᠡ ᠮᠠᠷᠳᠠᠬᠤ ᠦᠭᠡᠶ ᠪᠠᠢ᠌ᠬᠤ ᠶᠢ ᠮᠠᠰᠢ ᠡᠷᠭᠢᠮᠨᠡᠳᠡᠭ᠌᠃

ᠥᠯᠦᠭᠡᠢ᠌ᠳᠡᠭᠦ ᠬᠤᠭᠤᠴᠠᠭ᠎ᠠ ᠪᠠ ᠳᠠᠢ᠌ᠯᠵᠤ ᠠᠪᠬᠤ ᠴᠠᠭ ᠨᠢ ᠪᠦᠷ ᠵᠤᠭᠢᠰᠳᠠᠢ ᠳᠤᠭᠳᠠᠭᠰᠠᠨ ᠪᠠᠢ᠌ᠬᠤ ᠭᠡᠷᠡᠭ᠍ᠳᠡᠢ᠃ ᠡᠭᠦᠨ ᠶᠢᠡᠷ ᠬᠡᠦᠬᠡᠳ ᠲᠤ ᠵᠤᠭᠢᠴᠠᠩᠭ᠋ᠤᠢ᠌᠌ ᠶᠢᠨ ᠭᠦᠮᠦᠵᠢᠯ ᠢ ᠭᠦᠷᠳᠡᠭᠡᠨ᠎ᠡ᠃ ᠠᠯᠢ ᠴᠠᠭ ᠲᠤ ᠣᠠᠳᠠᠪᠠᠯ ᠠᠯᠢ ᠴᠠᠭ ᠲᠤ ᠰᠡᠷᠢᠭᠦ ᠨᠢ ᠵᠢᠮ᠎ᠠ ᠶᠤᠰᠤ ᠲᠡᠶ ᠪᠣᠯᠵᠤ ᠬᠡᠦᠬᠡᠳ ᠤᠨ ᠪᠣᠢ᠌ᠵᠢᠯᠳᠠ᠂ ᠰᠤᠷᠤᠯᠭ᠎ᠠ᠂ ᠬᠤᠵᠢᠮ ᠤᠨ ᠠᠮᠢᠳᠤᠷᠠᠯ ᠳᠤ ᠪᠦᠷ ᠠᠰᠢᠭᠳᠠᠢ ᠪᠠᠢ᠌ᠳᠠᠭ᠃

《ᠳᠠᠭᠤᠳᠠᠬᠤ ᠨᠠᠷ᠎ᠠ ᠶᠢ ᠡᠴᠢᠭᠡ ᠡᠭᠡ ᠨᠢ ᠦᠭ‍ᠭᠦᠨ᠎ᠡ᠂ ᠳᠠᠭᠤᠷᠢᠰᠬᠤ ᠨᠠᠷ᠎ᠠ ᠶᠢ ᠦᠪᠠᠰᠤᠪᠠᠨ ᠣᠯᠤᠨ᠎ᠠ》 ᠭᠡᠵᠤ ᠬᠤᠷᠴᠢᠨ ᠮᠤᠩᠭ᠋ᠤᠯᠴᠤᠳ ᠬᠡᠦᠬᠡᠳ ᠲᠤ ᠪᠠᠨ ᠨᠠᠷ᠎ᠠ ᠦᠭ‍ᠭᠦ ᠣᠴᠢᠷ ᠢ ᠶᠡᠭᠡᠯᠡ ᠭᠦᠡᠳᠦᠳᠭᠡᠨ ᠥᠵᠡᠳᠡᠭ᠌᠃ ᠬᠤᠷᠴᠢᠠᠴᠤᠳ ᠬᠡᠦᠬᠡᠳ ᠲᠤ ᠪᠠᠨ ᠰᠠᠷ᠎ᠠ ᠳᠦᠭᠦᠷᠭᠦ ᠡᠴᠡ ᠡᠮᠦᠨ᠎ᠡ ᠨᠠᠷ᠎ᠠ ᠥᠭ᠍ᠳᠡᠭ᠌ ᠦᠭᠡᠶ᠃ ᠰᠠᠷ᠎ᠠ ᠳᠦᠭᠦᠷᠭᠦ ᠶᠢᠨ ᠪᠠᠶᠠᠷ ᠳᠡᠭᠡᠷ᠎ᠡ ᠶᠡᠭᠡ ᠬᠤᠷᠢᠮ ᠨᠠᠢ᠌ᠷ ᠭᠢᠭᠦ ᠪᠦᠭᠡᠳ ᠲ᠋ᠦᠰ ᠨᠠᠢ᠌ᠷ ᠳᠡᠭᠡᠷ᠎ᠡ ᠤᠯᠡᠨ ᠵᠤᠴᠢᠳ ᠤᠨ ᠡᠮᠦᠨ᠎ᠡ ᠰᠠ‍‌ᠶᠢ ᠬᠡᠦᠬᠡᠳ ᠲᠤ ᠪᠠᠨ ᠨᠠᠷ᠎ᠠ ᠦᠭ‍ᠭᠦ ᠶᠤᠰᠤᠯᠠᠯ ᠢ ᠭᠦᠢᠴᠡᠳᠭᠡᠳᠡᠭ᠌᠃ ᠢᠩᠭᠢᠭᠡᠳ ᠰᠠ‍‌ᠶᠢ ᠭᠦᠮᠤᠨ ᠤ ᠶ‍ᠢᠷᠳᠢᠠᠴᠤ ᠳᠤ ᠨᠠᠷ᠎ᠠ ᠪᠠᠨ ᠳᠠᠩᠰᠠᠯᠠᠭᠤᠯᠤᠭᠰᠠᠨ ᠶᠢᠡᠷ ᠪᠣᠳᠤᠳᠠᠭ᠃ ᠡᠵᠢ ᠨᠢ ᠬᠡᠦᠬᠡᠳ ᠶᠢᠡᠨ ᠳᠠᠪᠠᠷᠢᠵᠤ ᠨᠠᠷ᠎ᠠ ᠭᠤᠶᠤᠭᠰᠠᠨ ᠭᠦᠮᠤᠨ ᠳᠤ ᠪᠠᠨ ᠮᠦᠷᠭᠦᠭᠦᠯᠳᠡᠭ᠌᠃ ᠦᠭ‍ᠭᠦ ᠨᠠᠷ᠎ᠠ ᠨᠢ ᠪᠦᠷ ᠰᠠᠢ᠌ᠨ ᠰᠠᠢ᠌ᠬᠠᠨ ᠭᠦᠰᠡᠯ ᠮᠦᠷᠦᠭᠡᠳᠦᠯ᠂ ᠡᠷᠡᠭᠦᠯ ᠡᠩᠭᠡ ᠶᠢᠨ ᠰᠠᠨᠠᠭ᠎ᠠ ᠰᠡᠳᠬᠢᠯᠭᠡ᠂ ᠭᠦᠭ᠍ᠵᠢᠯ ᠪᠠᠳᠠᠷᠠᠯ ᠤᠨ ᠭᠦᠰᠡᠯ ᠮᠦᠷᠦᠭᠡᠳᠦᠯ ᠢ ᠳᠤᠰᠬᠠᠭᠰᠠᠨ ᠣᠤᠠᠬ᠎ᠠ ᠪᠦᠭᠦᠢ ᠥᠭᠡ ᠶᠢ ᠰᠤᠩᠭ᠋ᠤᠵᠤ ᠨᠠᠷᠠᠯᠠᠨ᠎ᠠ᠃ ᠡᠷᠡᠭ᠍ᠳᠡᠢ ᠬᠡᠦᠬᠡᠳ ᠪᠣᠯ ᠦᠭ‍ᠭᠦᠭ᠍ᠰᠡᠨ ᠨᠠᠷ᠎ᠠ ᠪᠠᠨ ᠪᠠᠷᠠᠭᠤᠨ ᠴᠢᠭᠢᠨ ᠳ᠋ᠤᠨᠢ ᠭᠤᠷᠪᠠᠠᠳᠠ ᠰᠡᠮᠡᠷᠭᠡᠨ ᠭᠡᠯᠡᠨ᠎ᠡ᠃ ᠡᠮᠡᠭ᠍ᠳᠡᠢ ᠬᠡᠦᠬᠡᠳ ᠪᠣᠯ ᠵᠡᠭᠦᠨ ᠴᠢᠭᠢᠨ ᠳ᠋ᠤᠨᠢ ᠮᠦᠨ ᠶᠤᠰᠤ ᠪᠠᠷ ᠭᠤᠷᠪᠠᠠᠳᠠ ᠳᠠᠭᠤᠳᠠᠨ᠎ᠠ᠃

ᠬᠡᠦᠬᠡᠳ ᠤᠨ ᠵᠠᠭᠤᠨ ᠬᠤᠨᠤᠭ ᠪᠣᠯᠤᠭᠰᠠᠭᠠᠷ ᠮᠦᠨ ᠳᠦᠷᠤᠯ ᠰᠠᠳᠤᠨ ᠶᠢᠡᠷ ᠶᠢᠡᠨ ᠨᠠᠢ᠌ᠷᠯᠠᠵᠤ 《ᠵᠠᠭᠤᠨ ᠬᠤᠨᠤᠭ ᠤᠨ ᠳᠠᠪᠠᠭ᠎ᠠ ᠶᠢ ᠳᠠᠪᠠᠭᠰᠠᠨ》 ᠶᠤᠰᠤᠯᠠᠯ ᠪᠣᠯᠵᠤ ᠨᠠᠭᠠᠴᠤ ᠨᠡᠷ ᠵᠢᠭᠡ ᠳᠤ ᠪᠠᠨ ᠶᠠᠩᠵᠤ ᠪᠦᠷᠢ ᠶᠢᠨ ᠪᠠᠯᠡᠭ᠌ ᠳᠠᠯ᠎ᠠ ᠭᠦᠷᠭᠡᠳᠡᠭ᠌᠃ ᠳᠦᠷᠤᠵᠤ ᠲᠦᠯᠵᠢᠭᠦ ᠶᠢᠨ ᠡᠮ᠎ᠡ ᠰᠦᠪᠡ ᠲᠡᠶ ᠮᠠᠯ ᠡᠴᠡ ᠦᠭ‍ᠭᠦ ᠶᠢ ᠴᠢᠬᠤᠯᠴᠢᠯᠠᠨ᠎ᠠ᠃ ᠳᠠᠷᠤᠢ ᠦᠬᠢᠨ ᠳᠤᠭᠤᠯ᠂ ᠦᠬᠢᠨ ᠣᠨᠠᠭ᠎ᠠ᠂ ᠦᠬᠢᠨ ᠬᠤᠷᠠᠭ᠎ᠠ ᠡᠴᠡ ᠭᠦᠷᠭᠡᠨ᠎ᠡ᠃ ᠢᠩᠭᠢᠭᠡᠳ ᠳᠠᠷᠠ ᠬᠡᠦᠬᠡᠳ ᠨᠢᠭᠡᠨᠲᠡ ᠬᠤᠪᠢ ᠶᠢᠨ ᠭᠦᠷᠦᠩᠭᠡ ᠲᠡᠶ ᠪᠣᠯᠵᠤ ᠳᠡᠷᠡᠭᠦ ᠮᠠᠯ ᠢ ᠬᠤᠳᠠᠯᠳᠤᠵᠤ ᠪᠣᠯᠬᠤ ᠦᠭᠡᠶ᠃ ᠦᠷᠡᠵᠢᠭᠦᠯᠭᠦ ᠶᠢᠨ ᠰᠠᠭᠤᠷᠢ ᠪᠣᠯᠭᠠᠳᠠᠭ᠃

ᠦᠷᠪᠠᠭᠡ ᠠᠪᠬᠤ᠄ ᠰᠠᠷ᠎ᠠ ᠳᠦᠭᠦᠷᠦᠭ᠍ᠰᠡᠨ ᠤ ᠳᠠᠷᠠᠭ᠎ᠠ ᠡᠭᠡ ᠡᠴᠡ ᠳᠦᠷᠦᠭ᠍ᠰᠡᠨ ᠦᠰᠦ ᠶᠢ ᠨᠢ ᠬᠠᠢ᠌ᠴᠢᠯᠠᠬᠤ ᠶᠢ ᠭᠡᠯᠡᠨ᠎ᠡ᠃ ᠦᠷᠪᠠᠭᠡ ᠠᠪᠬᠤ ᠪᠠᠷ ᠳᠠᠮᠵᠢᠨ ᠬᠡᠦᠬᠡᠳ ᠤᠨ ᠪᠠᠢ᠌ᠭᠠᠯᠢᠯᠢᠭ ᠪᠣᠳᠠᠭᠠᠯᠢ ᠪᠠᠶ᠎ᠠ ᠨᠢ ᠬᠤᠪᠢᠷᠠᠭᠠᠤᠨ ᠭᠦᠮᠤᠨ ᠳᠦᠷᠤᠯᠭᠢᠳᠠᠨ ᠤ ᠨᠡᠢ᠌ᠭᠡᠮ ᠤᠨ ᠨᠢᠭᠡᠨ ᠭᠡᠰᠢᠭᠦᠨ ᠪᠣᠯᠤᠭᠰᠠᠨ ᠭᠡᠵᠤ ᠭᠦᠡᠳᠦᠳᠭᠡᠨ ᠦᠵᠡᠨ᠎ᠠ᠃ ᠳᠦᠷᠤᠯᠭᠢ ᠦᠰᠦ ᠶᠢ ᠨᠢ ᠬᠠᠢ᠌ᠴᠢᠯᠠᠭᠰᠠᠨ ᠤ ᠳᠠᠷᠠᠭ᠎ᠠ ᠮᠦᠨ ᠳᠤᠷ᠎ᠠ ᠪᠠᠷ ᠭᠡᠭᠡᠵᠤ ᠣᠷᠭᠢᠬᠤ ᠦᠭᠡᠶ᠃ ᠪᠠᠭᠯᠠᠵᠤ ᠬᠤᠷᠢᠶᠠᠬᠤ ᠪᠣᠶᠤ ᠥᠡᠳᠦᠷᠭᠡᠨ ᠰᠢᠭ᠌ ᠴᠠᠪᠠᠷ ᠭᠠᠵᠠᠷ ᠲᠤ ᠠᠪᠠᠴᠢᠵᠤ ᠳᠠᠯᠪᠢᠳᠠᠭ᠃

ᠨᠠᠢ᠌ᠷ ᠳᠡᠭᠡᠷ᠎ᠡ ᠭᠡᠳᠤᠨ ᠵᠣᠢ᠌ᠯ ᠤᠨ ᠣᠤᠠᠬ᠎ᠠ ᠣᠴᠢᠷ ᠲᠡᠶ ᠶᠤᠰᠤ ᠵᠢᠷᠤᠮ ᠢ ᠭᠦᠢᠴᠡᠳᠭᠡᠨ᠎ᠡ᠃ ᠭᠦᠮᠦᠵᠢᠭᠦᠯᠭᠦ ᠬᠠᠷᠠᠯᠳᠠ ᠪᠠᠨ ᠳᠤᠭᠳᠠᠭᠠᠬᠤ ᠳᠠᠷᠤᠢ ᠬᠡᠦᠬᠡᠳ ᠤᠨ ᠣᠷᠮ᠎ᠠ ᠪᠠᠬ᠎ᠠ᠂ ᠳᠤᠷ᠎ᠠ ᠰᠤᠨᠢᠷᠬᠠᠯ ᠢ ᠳᠠᠩᠰᠠᠵᠤ ᠢᠷᠡᠭᠡᠳᠦᠢ ᠳᠤ ᠶᠠᠮᠠᠷ ᠭᠦᠮᠤᠨ ᠪᠣᠯᠬᠤ ᠶᠢᠨ ᠣᠴᠢᠷ ᠢ ᠲᠦᠰᠤᠪᠯᠠᠨ ᠰᠢᠷᠡᠭᠡᠨ ᠳᠡᠭᠡᠷ᠎ᠡ ᠪᠢᠷ ᠴᠠᠭᠠᠰᠤ᠂ ᠰᠥᠭᠡ ᠬᠠᠳᠤᠭᠤᠷ᠂ ᠨᠤᠮᠤ ᠰᠤᠮᠤ᠂ ᠣᠷᠭ᠎ᠠ ᠳᠠᠰᠢᠭᠤᠷ᠂ ᠵᠡᠭᠦᠤ ᠣᠳᠠᠰᠤ᠂ ᠬᠤᠭᠤᠷ ᠭᠦᠭ᠍ᠵᠢᠮ᠂ ᠰᠢᠭᠢᠷ ᠪᠣᠤᠪᠣ᠂ ᠵᠤᠭᠤᠰ ᠮᠥᠩᠭᠦ ᠵᠡᠷᠭᠡ ᠶᠢᠨ ᠶᠠᠭᠤᠮ᠎ᠠ ᠶᠢ ᠦᠷᠤᠨ ᠳᠠᠯᠪᠢᠵᠤ ᠠᠯᠢ ᠶᠢ ᠨᠢ ᠤᠷᠢᠳ ᠪᠠᠷ ᠠᠳᠬᠤᠨ ᠠᠪᠬᠤ ᠪᠠᠷ ᠨᠢ ᠬᠡᠦᠬᠡᠳ ᠤᠨ ᠶᠠᠭᠤᠨ ᠳᠤ ᠬᠠᠮᠤᠭ ᠳᠤᠷ᠎ᠠ ᠰᠤᠨᠢᠷᠬᠠᠯ ᠲᠡᠶ ᠪᠠᠢ᠌ᠭ᠎ᠠ ᠶᠢ ᠳᠦᠰᠦᠭᠡᠯᠡᠨ ᠬᠤᠵᠢᠮ ᠢᠷᠡᠭᠡᠳᠦᠢ ᠶᠢᠨ ᠰᠤᠷᠭᠠᠵᠤ ᠭᠦᠮᠦᠵᠢᠭᠦᠯᠭᠦ ᠳᠤ ᠪᠠᠨ ᠬᠠᠷᠠᠯᠳᠠ ᠲ᠋ᠦᠰᠤᠪ  ᠪᠣᠯᠭᠠᠬᠤ ᠶᠢ ᠵᠤᠷᠢᠳᠠᠭ᠃

ᠳᠤᠱᠠ ᠳᠠᠰᠤᠯᠬᠤ᠄ ᠬᠡᠦᠬᠡᠳ ᠤᠨ ᠠᠮᠢᠳᠤᠷᠠᠯ ᠤᠨ ᠵᠠᠮ ᠳ᠋ᠠᠭᠢ ᠰᠠᠭᠠᠤᠨ ᠳᠤᠳᠬᠠᠷ ᠠᠷᠢᠯᠭᠠᠵᠤ ᠪᠠᠢ᠌ᠬᠤ ᠣᠤᠠᠬ᠎ᠠ ᠲᠡᠶ᠃ ᠳᠠᠷᠤᠢ ᠬᠡᠦᠬᠡᠳ ᠤᠨ ᠶᠢᠡᠨ ᠬᠤᠶᠠᠷ ᠭᠦᠯ ᠢ ᠨᠠᠷᠢᠨ ᠭᠦᠪᠦᠩ ᠣᠳᠠᠰᠤ ᠪᠠᠷ ᠳᠤᠱᠠᠵᠤ ᠳᠠᠭᠢᠨ ᠮᠠᠯᠠᠭᠠᠢ ᠪᠠᠷ ᠴᠤᠭᠢᠵᠤ ᠳᠠᠰᠤᠯᠠᠨ᠎ᠠ᠃ ᠢᠩᠭᠢᠵᠤ ᠬᠡᠦᠬᠡᠳ ᠤᠨ ᠢᠷᠡᠭᠡᠳᠦᠢ ᠶᠢᠨ ᠰᠠᠨᠠᠭᠰᠠᠨ ᠰᠠᠨᠠᠭ᠎ᠠ ᠪᠠᠷ᠂ ᠪᠣᠳᠤᠭᠰᠠᠨ ᠪᠣᠳᠤᠯᠭ᠎ᠠ ᠪᠠᠷ ᠠᠯᠢᠪᠠ ᠪᠦᠭᠦᠨ ᠣᠷᠤᠭᠰᠢᠳᠠᠢ ᠪᠣᠯᠬᠤ ᠶᠢ ᠵᠦᠩᠨᠠᠨ ᠪᠠᠯᠭᠡᠳᠡᠭ᠍ᠰᠡᠨ ᠪᠠᠢ᠌ᠨ᠎ᠠ᠃

ᠥᠯᠦᠭᠡᠢ ᠶᠢ ᠬᠠᠠᠵᠤ ᠭᠦᠡᠳᠡᠯᠡᠨ ᠳᠠᠯᠪᠢᠬᠤ ᠦᠭᠡᠶ᠃ ᠬᠠᠩᠵᠤᠨ ᠤ ᠪᠠᠷᠠᠭᠤᠨ ᠳᠤᠯᠤᠭᠠᠢ᠂ ᠵᠡᠭᠦᠨ ᠥᠵᠦᠭᠦᠷ ᠲᠤ ᠵᠤᠭᠢᠬᠤ ᠬᠤᠭᠤᠴᠠᠭ᠎ᠠ ᠲᠡᠶ ᠰᠢᠯᠵᠢᠭᠦᠯᠤᠨ ᠳᠠᠯᠪᠢᠵᠤ ᠬᠡᠦᠬᠡᠳ ᠤᠨ ᠳᠤᠯᠤᠭᠠᠢ ᠶᠢᠨ ᠦᠰᠦᠯᠳᠠ ᠳᠡᠩᠴᠡᠭᠦᠷᠢᠳᠡᠢ᠂ ᠨᠢᠳᠤᠨ ᠤ ᠬᠠᠷᠠᠴᠠ ᠳᠡᠭ᠍ᠰᠢᠭᠡᠨ ᠪᠤᠯᠬᠤ ᠵᠢ ᠴᠢᠬᠤᠯᠴᠢᠯᠠᠳᠠᠭ ᠪᠠᠢ᠌ᠨ᠎ᠠ᠃ ᠥᠯᠦᠭᠡᠢ ᠲᠡᠶ ᠬᠡᠦᠬᠡᠳ ᠲᠤ ᠮᠦᠨ ᠮᠠᠰᠢ ᠣᠯᠠᠨ ᠴᠡᠭᠡᠷ ᠶᠤᠰᠤ ᠲᠡᠶ ᠪᠠᠢ᠌ᠳᠠᠭ᠃ ᠥᠯᠦᠭᠡᠢ ᠲᠡᠶ ᠬᠡᠦᠬᠡᠳ ᠤᠨ ᠠᠰ ᠳᠡᠭᠡᠷ᠎ᠡ ᠡᠴᠡ ᠨᠢ ᠬᠠᠷᠠᠪᠠᠯ ᠨᠢᠳᠤᠨ ᠳ᠋ᠤᠨᠢ ᠮᠠᠭᠤ᠃ ᠭᠡᠳᠡᠭᠡᠯᠡᠪᠠᠯ ᠭᠡᠯᠡᠭᠡᠢ ᠪᠣᠯᠬᠤ ᠠᠶᠤᠯ ᠲᠡᠶ᠃ ᠥᠡᠳᠡᠭᠡ ᠢᠳᠡᠭᠦᠯᠪᠠᠯ ᠭᠡᠯᠡᠭᠡᠢ ᠪᠣᠯᠤᠨ᠎ᠠ᠃ ᠵᠠᠭᠤ ᠬᠤᠨᠤᠬᠤ ᠡᠴᠡ ᠡᠮᠦᠨ᠎ᠡ ᠭᠠᠳᠠᠭᠰᠢ ᠠᠪᠴᠤ ᠶᠠᠪᠣᠬᠤ ᠪᠠ ᠵᠠᠮ ᠭᠦᠡᠳᠡᠯᠡᠨ ᠣᠭᠳᠤᠯᠵᠤ ᠭᠠᠷᠪᠠᠯ ᠬᠡᠦᠬᠡᠳ ᠤᠨ ᠰᠦᠨᠠᠰᠤ ᠨᠢ ᠵᠠᠢ᠌ᠯᠠᠬᠤ ᠪᠣᠶᠤ ᠰᠠᠪ ᠰᠠᠭᠤᠵᠤ ᠳᠠᠬᠤᠯ ᠣᠯᠤᠨ᠎ᠠ ᠭᠡᠵᠤ ᠭᠠᠳᠠᠭᠰᠢ ᠠᠪᠴᠤ ᠭᠠᠷᠬᠤ ᠶᠢ ᠶᠡᠭᠡᠳᠡ ᠴᠡᠭᠡᠷᠯᠡᠨ᠎ᠡ᠃ ᠥᠯᠦᠭᠡᠢ ᠶᠢᠨ ᠰᠢᠷᠤᠢ ᠶᠢ ᠭᠠᠯ ᠳᠤ ᠤᠷᠤᠭᠤᠯᠪᠠᠯ ᠬᠡᠦᠬᠡᠳ ᠤᠨ ᠨᠢᠳᠤ ᠨᠢ ᠡᠪᠠᠦᠡᠴᠢᠯᠡᠨ᠎ᠡ ᠭᠡᠳᠡᠭ᠌᠃ ᠬᠡᠦᠬᠡᠳ ᠤᠨ ᠬᠤᠪᠴᠠᠰᠤ ᠬᠤᠨᠠᠷ ᠢ ᠰᠦᠨᠢ ᠭᠠᠳᠠᠨ᠎ᠠ ᠬᠤᠨᠤᠭᠤᠯᠪᠠᠯ ᠴᠢᠳᠭᠦᠷ ᠡᠵᠡᠯᠡᠨ᠎ᠡ ᠭᠡᠭᠦ᠃ ᠶᠡᠭᠡ ᠳᠠᠭᠤ ᠴᠢᠮᠡᠭᠡ ᠭᠠᠷᠭᠠᠨ ᠠᠶᠤᠯᠭᠠᠵᠤ ᠰᠤᠴᠢᠭᠠᠪᠠᠯ ᠰᠦᠨᠠᠰᠤ ᠨᠢ ᠵᠠᠢ᠌ᠯᠠᠨ᠎ᠠ᠃ ᠣᠯᠢᠤ ᠰᠤᠯᠢᠤ ᠡᠪᠡᠳᠴᠢᠨ ᠣᠯᠤᠨ᠎ᠠ ᠭᠡᠨ᠎ᠡ᠃ ᠠᠯᠳᠠ ᠮᠥᠩᠭᠦᠨ ᠴᠢᠮᠡᠭ᠌ ᠵᠡᠭᠦᠯᠭᠡᠭᠦ ᠶᠢ ᠴᠡᠭᠡᠷᠯᠡᠨ᠎ᠡ᠃ ᠪᠣᠶᠠᠨ ᠶᠢᠡᠨ ᠪᠠᠷᠠᠵᠤ ᠣᠬᠤᠷ ᠨᠠᠰᠤᠯᠠᠨ᠎ᠠ ᠭᠡᠭᠦ᠃

ᠬᠡᠦᠬᠡᠳ ᠭᠤᠷᠪᠠ ᠳᠦᠷᠪᠠᠨ ᠨᠠᠰᠤᠯᠠᠪᠠᠯ ᠥᠯᠦᠭᠡᠢ ᠡᠴᠡ ᠭᠠᠷᠭᠠᠨ᠎ᠠ᠃   

ᠥᠯᠦᠭᠡᠢ ᠶᠢ ᠵᠠᠷᠤᠬᠤ ᠦᠭᠡᠶ ᠦᠶ᠎ᠡ ᠳᠤ ᠳᠠᠷ᠎ᠠ ᠪᠠ ᠬᠠᠩ ᠬᠡᠤᠳᠠᠢ ᠶᠢ ᠠᠪᠴᠤ ᠭᠠᠷᠭᠠᠨ᠎ᠠ᠃ ᠬᠡᠦᠬᠡᠳ ᠢ ᠥᠯᠦᠭᠡᠢ᠌ᠳᠡᠭᠦ ᠦᠭᠡᠶ ᠪᠠᠢ᠌ᠭᠠᠤᠨ ᠪᠠᠵᠠᠭᠠᠵᠤ ᠳᠠᠯᠪᠢᠬᠤ ᠨᠢ ᠮᠠᠭᠤ ᠢᠷᠸ᠎ᠠ ᠭᠡᠳᠡᠭ᠌᠃ ᠠᠷᠢᠭᠤᠨ ᠴᠠᠪᠠᠷ ᠳᠡᠭᠡᠷ᠎ᠡ ᠭᠠᠵᠠᠷ ᠳᠠᠯᠪᠢᠬᠤ ᠶᠤᠰᠤᠳᠠᠢ᠂ ᠳᠡᠭᠡᠭᠦᠷ ᠨᠢ ᠠᠯᠬᠤᠵᠤ ᠭᠠᠷᠬᠤ ᠪᠣᠶᠤ ᠪᠣᠵᠠᠷ ᠶᠠᠭᠤᠮ᠎ᠠ ᠶᠢᠨ ᠳᠤᠤᠭᠤᠷ ᠰᠢᠷᠭᠤᠭᠤᠯᠵᠤ ᠭᠠᠷᠭᠠᠬᠤ ᠶᠢ ᠳᠠᠰᠤ ᠴᠡᠭᠡᠷᠯᠡᠨ᠎ᠡ᠃ ᠥᠯᠦᠭᠡᠢ ᠪᠠᠨ ᠬᠠᠩᠵᠤᠨ ᠤ ᠭᠤᠤᠯ ᠳᠤ ᠳᠠᠯᠪᠢᠬᠤ ᠦᠭᠡᠶ᠃ ᠬᠠᠩᠵᠤᠨ ᠳᠤᠮᠳᠠ ᠭᠦᠡᠳᠡᠯᠡᠨ ᠳᠠᠯᠪᠢᠬᠤ ᠦᠭᠡᠶ ᠵᠠᠩᠰᠢᠯᠳᠠᠢ᠃ ᠡᠭᠦᠳᠡ ᠪᠠᠷ ᠣᠷᠤᠭᠤᠯᠵᠤ ᠭᠠᠷᠭᠠᠬᠤ ᠳᠤ ᠪᠠᠨ ᠭᠦᠯ ᠵᠥᠭ᠌ ᠶᠢᠡᠷ ᠨᠢ ᠣᠷᠤᠭᠤᠯᠵᠤ ᠭᠠᠷᠭᠠᠬᠤ ᠶᠢ ᠴᠡᠭᠡᠷᠯᠡᠨ᠎ᠡ᠃ ᠬᠡᠦᠬᠡᠳ ᠥᠯᠦᠭᠡᠢ ᠡᠴᠡ ᠪᠠᠨ ᠭᠠᠷᠬᠤ ᠪᠣᠯᠬᠤ ᠳᠤ ᠨᠢᠭᠡᠯᠡ ᠳᠤᠤᠷ᠎ᠠ ᠳᠠᠳᠬᠤ ᠦᠭᠡᠶ ᠪᠣᠯᠬᠤᠷ ᠡᠵᠢ ᠠᠪᠣ ᠨᠢ ᠭᠦᠯ ᠳᠡᠭᠡᠷ᠎ᠡ ᠪᠠᠨ ᠥᠯᠥᠭᠡᠢ᠌ᠳᠡᠵᠤ ᠣᠠᠳᠠᠭᠤᠯᠤᠭᠰᠠᠨ ᠤ ᠳᠠᠷᠠᠭ᠎ᠠ ᠰᠠ‍‌ᠶᠢ ᠬᠠᠩᠵᠤᠨ ᠳᠡᠭᠡᠷ᠎ᠡ ᠪᠠᠨ ᠪᠠᠭᠤᠯᠭᠠᠵᠤ ᠢᠳᠡᠭ᠌ ᠢᠳᠡᠭ᠌ ᠵᠢᠠᠷ ᠬᠠᠩᠵᠤᠨ ᠳᠤ ᠣᠠᠳᠠᠬᠤ ᠪᠣᠯᠭᠠᠵᠤ ᠳᠠᠰᠬᠠᠨ ᠥᠯᠦᠭᠡᠢ ᠡᠴᠡ ᠨᠢ ᠰᠠᠯᠭᠠᠨ᠎ᠠ᠃ ᠭᠦᠯ ᠳᠡᠭᠡᠷ᠎ᠡ ᠪᠠᠨ ᠥᠯᠦᠭᠡᠢ᠌ᠳᠡᠭᠦ ᠨᠢ ᠮᠦᠨ ᠡᠷᠳᠡᠨ ᠤ ᠣᠯᠠᠮᠵᠢᠯᠠᠯ ᠲᠡᠶ ᠥᠯᠦᠭᠡᠢ ᠶᠢᠨ ᠰᠤᠶᠤᠯ ᠤᠨ ᠨᠢᠭᠡ ᠭᠡᠯᠪᠠᠷᠢ ᠪᠠᠢ᠌ᠵᠠᠢ᠃ 《ᠮᠤᠩᠭ᠋ᠤᠯ ᠤᠨ ᠨᠢᠭᠤᠴᠠ ᠳᠤᠪᠴᠢᠶᠠᠨ》 §203 ᠳ᠋ᠤ ᠰᠢᠭᠢᠬᠤᠳᠤᠭ ᠴᠢᠩᠭᠢᠰ ᠬᠠᠭᠠᠨ ᠳᠤ ᠥᠭᠦᠯᠡᠷᠤᠨ

       ᠥᠯᠦᠭᠡᠢ ᠲᠡᠶ ᠴᠠᠭ ᠡᠴᠡ ᠠᠪᠣᠭᠠᠳ

       ᠦᠨᠳᠦᠷ ᠪᠣᠱᠤᠭ᠎ᠠ ᠳᠤ ᠴᠢᠨᠢ ᠪᠠᠢ᠌ᠵᠤ

       ᠡᠷᠡᠤ ᠳᠤ ᠰᠠᠬᠠᠯ ᠭᠠᠷᠳᠠᠯ᠎ᠠ

       ᠥᠭᠡᠷ᠎ᠡ ᠰᠠᠨᠠᠭ᠎ᠠ ᠣᠷᠤᠭᠰᠠᠨ ᠦᠭᠡᠶ ᠪᠣᠯᠠᠢ

       ᠠᠯᠠᠨ ᠳᠤ ᠪᠠᠨ ᠰᠢᠭᠡᠵᠤ ᠪᠠᠢ᠌ᠭᠰᠠᠨ ᠡᠴᠡ

       ᠠᠯᠳᠠᠨ ᠪᠣᠱᠤᠭ᠎ᠠ ᠳᠤ ᠴᠢᠨᠢ ᠪᠠᠢ᠌ᠵᠤ

       ᠠᠮᠠᠨ ᠳᠤ ᠰᠠᠬᠠᠯ ᠭᠠᠷᠳᠠᠯ᠎ᠠ

       ᠠᠠᠳᠠᠭᠤ ᠭᠢᠰᠭᠢᠭ᠍ᠰᠡᠨ ᠦᠭᠡᠶ ᠪᠣᠯᠠᠢ

       ᠭᠦᠯ ᠳᠡᠭᠡᠷ᠎ᠡ ᠪᠠᠨ ᠥᠯᠦᠭᠡᠢ᠌ᠳᠡᠵᠤ

       ᠭᠦᠪᠠᠭᠦᠡᠴᠢᠯᠡᠨ ᠥᠰᠭᠡᠪᠡ ᠨᠠᠮᠢ᠋ᠢ ᠃

       ᠡᠳᠦᠭᠡ ᠨᠠᠳᠠ ᠳᠤ ᠶᠠᠮᠠᠷ ᠰᠤᠶᠤᠷᠬᠠᠯ ᠢ ᠬᠠᠢ᠌ᠷᠠᠯᠠᠬᠤ ᠪᠣᠢ ︖ ᠭᠡᠵᠤ ᠰᠢᠯᠦᠭᠯᠡᠨ ᠢᠯᠡᠳᠭᠡᠭ᠍ᠰᠡᠨ ᠥᠭᠡᠨ ᠳᠤ 《ᠭᠦᠯ ᠳᠡᠭᠡᠷ᠎ᠡ ᠪᠠᠨ ᠥᠯᠦᠭᠡᠢ᠌ᠳᠡᠵᠤ》 ᠭᠡᠵᠤ ᠭᠠᠷᠳᠠᠭ ᠡᠴᠡ ᠭᠦᠯ ᠳᠡᠭᠡᠷ᠎ᠡ ᠪᠠᠨ ᠥᠯᠦᠭᠡᠢ᠌ᠳᠡᠭᠦ ᠵᠠᠩ ᠵᠠᠩᠰᠢᠯ ᠮᠦᠨ ᠣᠵᠠᠭᠤᠷ ᠮᠤᠩᠭ᠋ᠤᠯᠴᠤᠳ ᠤᠨ ᠦᠪ ᠰᠤᠶᠤᠯ ᠪᠣᠯᠬᠤ ᠨᠢ ᠲ᠋ᠤᠳᠤᠷᠠᠭᠤᠨ ᠳᠡᠮᠳᠡᠭᠯᠡᠭ᠍ᠳᠡᠵᠤ ᠪᠠᠢ᠌ᠨ᠎ᠠ᠃

ᠨᠤᠳᠤᠭ ᠤᠨ ᠨᠠᠰᠤᠳᠠᠢ᠌ᠴᠤᠳ ᠤᠨ ᠭᠡᠯᠡᠯᠴᠡᠭᠦ ᠪᠠᠷ 《ᠥᠯᠦᠭᠡᠢ ᠳᠤ ᠭᠡᠳᠦᠢ ᠣᠳᠠᠭᠠᠨ ᠭᠡᠪᠳᠡᠭ᠍ᠰᠡᠨ ᠬᠡᠦᠬᠡᠳ ᠭᠡᠳᠦᠢ ᠣᠷᠳᠤ ᠨᠠᠰᠤᠯᠠᠨ᠎ᠠ ᠭᠡᠨ᠎ᠡ᠃ ᠡᠢ᠌ᠮᠤ ᠡᠴᠡ ᠬᠠᠢ᠌ᠷ᠎ᠠ ᠪᠦᠭᠡᠷ᠎ᠡ ᠲᠡᠶ ᠬᠡᠦᠬᠡᠳ ᠶᠢᠡᠨ ᠪᠦᠷ ᠥᠯᠦᠭᠡᠢ ᠪᠠᠭᠳᠠᠬᠤ ᠦᠭᠡᠶ ᠪᠣᠯᠳᠠᠯ᠎ᠠ ᠥᠯᠦᠭᠡᠢ᠌ᠳᠡᠵᠤ ᠪᠠᠢ᠌ᠳᠠᠭ᠃ ᠥᠯᠦᠭᠡᠢ ᠳᠤ ᠥᠰᠦᠭ᠍ᠰᠡᠨ ᠬᠡᠦᠬᠡᠳ ᠤᠨ ᠪᠠᠶ᠎ᠠ ᠰᠡᠳᠭᠢᠯ ᠳᠡᠭ᠍ᠰᠢᠭᠡᠨ᠂ ᠴᠡᠭᠡᠵᠢ ᠠᠭᠤᠵᠢᠭᠤ᠃ ᠠᠮᠠᠷᠬᠠᠨ ᠳᠤᠮᠤᠭᠤᠷᠠᠬᠤ ᠦᠭᠡᠶ᠂ ᠭᠢᠯᠪᠠᠷᠬᠠᠨ ᠭᠡᠮᠳᠦᠭᠦ ᠦᠭᠡᠶ᠃》 ᠭᠡᠳᠡᠭ᠌᠃ ᠡᠢ᠌ᠮᠤ ᠡᠴᠡ ᠮᠤᠩᠭ᠋ᠤᠯ ᠭᠦᠮᠤᠨ ᠤ ᠡᠷᠡᠯᠭᠡᠭ᠌ ᠪᠠᠭᠠᠳᠤᠷ᠂ ᠳᠤᠰᠭᠠᠷᠯᠠᠬᠤ ᠴᠢᠳᠠᠪᠣᠷᠢ ᠪᠠ ᠡᠷᠡᠭᠦᠯ ᠴᠢᠭᠢᠷᠠᠭ ᠪᠠᠢ᠌ᠳᠠᠭ ᠨᠢ ᠥᠯᠦᠭᠡᠢ ᠡᠴᠡ ᠰᠠᠯᠵᠤ ᠪᠣᠯᠬᠤ ᠦᠭᠡᠶ᠃     

ᠶᠡᠷᠦᠩᠭᠡᠢ᠌ᠯᠡᠪᠠᠯ᠂ ᠬᠤᠷᠴᠢᠨ ᠮᠤᠩᠭ᠋ᠤᠯᠴᠤᠳ ᠤᠨ ᠥᠯᠦᠭᠡᠢ ᠪᠣᠯ ᠡᠷᠳᠡ ᠳᠡᠭᠡᠳᠤ ᠡᠴᠡ ᠣᠯᠠᠮᠵᠢᠯᠠᠯ ᠲᠡᠶ᠂ ᠭᠦᠨ ᠳᠠᠯᠳᠠ ᠣᠤᠠᠬ᠎ᠠ ᠣᠴᠢᠷ ᠲᠡᠶ᠂ ᠰᠠᠢ᠌ᠨ ᠰᠠᠢ᠌ᠬᠠᠨ ᠭᠦᠰᠡᠯ ᠰᠡᠳᠭᠢᠯ ᠲᠡᠶ᠂ ᠣᠳᠤ ᠦᠶ᠎ᠡ ᠶᠢᠨ ᠰᠢᠡᠵᠢᠯᠡᠭᠦ ᠣᠬᠠᠭᠠᠨ ᠲᠡᠶ ᠨᠡᠢ᠌ᠴᠡᠭᠦ᠂ ᠬᠡᠦᠬᠡᠳ ᠤᠨ ᠪᠠᠶ᠎ᠠ ᠰᠡᠳᠭᠢᠯ ᠤᠨ ᠡᠷᠡᠭᠦᠯ ᠡᠩᠭᠡ ᠦᠰᠦᠨ ᠪᠣᠢ᠌ᠵᠢᠯᠳᠠ ᠳᠤ ᠠᠴᠢ ᠳᠤᠰᠠᠳᠠᠢ ᠬᠡᠦᠬᠡᠳ ᠪᠣᠢ᠌ᠵᠢᠭᠤᠯᠬᠤ ᠨᠢᠭᠡ ᠵᠣᠢ᠌ᠯ ᠤᠨ ᠪᠠᠭᠠᠵᠢ ᠪᠣᠯᠬᠤ ᠪᠦᠭᠡᠳ ᠳᠡᠭᠦᠨ ᠳᠤ ᠬᠤᠯᠪᠣᠭᠳᠠᠭᠰᠠᠨ ᠣᠯᠠᠨ ᠣᠯᠠᠨ ᠣᠭᠢ ᠰᠢᠯᠢᠳᠡᠭ᠌ ᠵᠠᠩ ᠣᠢ᠌ᠯᠠ ᠨᠢ ᠬᠤᠷᠴᠢᠨ ᠮᠤᠩᠭ᠋ᠤᠯᠴᠤᠳ ᠤᠨ ᠦᠪᠡᠷᠮᠢᠴᠠ ᠥᠯᠦᠭᠡᠢ ᠶᠢᠨ ᠰᠤᠶᠤᠯ ᠪᠣᠯᠵᠤ ᠭᠡᠪᠰᠢᠵᠢᠭ᠍ᠰᠡᠨ ᠪᠠᠢ᠌ᠨ᠎ᠠ᠃

  


ᠠᠰᠢᠭᠯᠠᠭᠰᠠᠨ ᠮᠠᠲ᠋ᠸᠷᠢᠶᠠᠯ

1.  ᠮᠠᠠᠰᠠᠩ ᠤᠨ ᠰᠢᠨ᠎ᠠ ᠪᠠᠷ ᠣᠷᠴᠢᠭᠤᠯᠵᠤ ᠳᠠᠢ᠌ᠯᠪᠣᠷᠢᠯᠠᠭᠰᠠᠨ 《ᠮᠤᠩᠭ᠋ᠤᠯ ᠤᠨ ᠨᠢᠭᠤᠴᠠ ᠳᠤᠪᠴᠢᠶᠠᠨ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1985 ᠣᠨ᠃

2. 《ᠮᠤᠩᠭ᠋ᠤᠯ ᠵᠠᠩ ᠣᠢ᠌ᠯᠠ ᠶᠢᠨ ᠨᠡᠪᠳᠡᠷᠭᠡᠢ ᠳᠤᠯᠢ》 ᠣᠶᠤᠨ ᠤ ᠪᠣᠳᠢ᠂ ᠦᠪᠣᠷ ᠮᠤᠩᠭ᠋ᠤᠯ ᠤᠨ ᠰᠢᠡᠵᠢᠯᠡᠭᠦ ᠤᠬᠠᠭᠠᠨ ᠲ᠋ᠸᠭ᠍ᠨᠢᠭ᠌ ᠮᠡᠷᠭᠡᠵᠢᠯ ᠤᠨ ᠭᠡᠪᠯᠡᠯ ᠤᠨ ᠬᠤᠷᠢᠶ᠎ᠠ  ᠂ 1999 ᠣᠨ᠃

3. ᠰᠢᠶᠤᠤ ᠳ᠋ᠠ ᠾᠸᠩ᠂ 《ᠮᠤᠩᠭ᠋ᠤᠯ ᠤᠨ ᠵᠠᠩ ᠰᠤᠷᠳᠠᠬᠤᠨ ᠤ ᠳᠡᠮᠳᠡᠭᠯᠡᠯ》᠂ ᠠᠰᠠᠷᠠᠯᠳᠤ ᠣᠷᠴᠢᠭᠤᠯᠪᠠ᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1979 ᠣᠨ᠃

4.  ᠫᠧᠩ ᠳ᠋ᠠ ᠶᠠ᠂ ᠰᠢᠤᠢ ᠳᠢᠩ᠂ 《ᠬᠠᠷ᠎ᠠ ᠳᠠᠲ᠋ᠠᠷ ᠤᠨ ᠳᠤᠬᠠᠢ ᠭᠡᠷᠡᠭ᠌ ᠤᠨ ᠳᠤᠪᠴᠢ》᠂ ᠬᠠᠷᠠᠮᠦ᠋ᠷᠠᠨ ᠤ ᠠᠷᠠᠤᠨ ᠤᠨ ᠭᠡᠪᠯᠡᠯ ᠤᠨ ᠬᠤᠷᠢᠶ᠎ᠠ᠂ 1979 ᠣᠨ᠃

5. ᠬᠠ᠊·ᠳ᠋ᠠᠮᠪᠢᠵᠠᠯᠰᠠᠨ ᠡᠷᠭᠢᠯᠡᠨ ᠨᠠᠢ᠌ᠷᠠᠭᠤᠯᠪᠠ᠂ 《ᠮᠤᠩᠭ᠋ᠤᠯ ᠵᠠᠩ ᠣᠢ᠌ᠯᠠ ᠶᠢᠨ ᠵᠦᠢ》᠂ ᠯᠢᠶᠤᠤᠨᠢᠩ ᠤᠨ ᠦᠨᠳᠦᠰᠦᠳᠠᠨ ᠤ ᠭᠡᠪᠯᠡᠯ ᠤᠨ ᠬᠤᠷᠢᠶ᠎ᠠ᠂ 1995 ᠣᠨ᠃     

6. ᠭᠦᠷᠡᠯᠪᠠᠭᠠᠳᠤᠷ᠂ ᠤᠷᠡᠡᠴᠢᠮᠡᠭ᠌ ᠡᠮᠭᠢᠳᠭᠡᠨ ᠨᠠᠢ᠌ᠷᠠᠭᠤᠯᠪᠠ᠂ 《ᠬᠤᠷᠴᠢᠨ ᠤ ᠵᠠᠩ ᠠᠭᠠᠯᠢ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1988 ᠣᠨ᠃


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠳ᠋ᠠᠭᠢ ᠮᠤᠩᠭ᠋ᠤᠯ ᠦᠨᠳᠦᠰᠦᠳᠠᠨ ᠤ ᠳᠤᠮᠳᠠᠳᠤ ᠰᠤᠷᠭᠠᠭᠤᠯᠢ

ᠵᠤᠬᠢᠶᠠᠭᠴᠢ᠄ ᠳᠠᠩᠨᠤᠳ ᠬᠠᠢ᠌ᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 2678
ᠴᠠᠭ᠄ 2011 ᠤᠨ ᠤ 07 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁