ᠠᠷᠢᠭᠢᠨ ᠳᠤ ᠰᠢᠨᠤᠭᠰᠠᠭᠠᠷ

   ᠳᠡᠨᠡᠭ᠌ ᠰᠠᠴᠠᠨ ᠤ ᠲ᠋ᠤᠮᠳᠠᠭᠤᠷ

《  ᠲ᠋ᠡᠭ᠍ᠷᠢ ᠶᠢᠨ ᠰᠠᠯᠭᠢ》ᠶ᠋ᠢ᠌ ᠳᠠᠭᠤᠯᠠᠭᠰᠠᠭᠠᠷ

ᠳᠡᠯᠡᠭᠡᠢ ᠳᠤ ᠣᠯᠤᠭᠰᠠᠨ ᠳᠦᠷᠤᠯ ᠵᠢᠠᠨ

ᠳᠡᠩᠳᠡᠭᠦᠤ ᠭᠠᠮ ᠦᠭᠡᠶ ᠡᠳ᠋ᠯᠡᠭᠦ ᠳ᠋ᠤ

ᠡᠷᠳᠡᠨᠢᠳᠤ ᠭᠦᠮᠤᠨ ᠤ ᠵᠠᠶᠠᠭ᠎ᠠ

ᠡᠵᠡᠨ ᠪᠠᠶ᠎ᠠ ᠪᠠᠷ ᠭᠤᠳᠤᠨ᠎ᠠ

ᠡᠷᠭᠡ ᠵᠠᠶ‍ᠭᠠᠨ ᠤ ᠳᠡᠭ᠍ᠷᠢ

ᠡᠮᠭᠡᠨᠢᠯ ᠬᠠᠷᠠᠮᠰᠠᠯ ᠶᠢᠡᠷ ᠡᠷᠭᠢᠨ᠎ᠡ᠃


ᠰᠤᠬᠤᠷ ᠳᠤᠭᠤᠯᠠᠩ ᠤᠨ ᠬᠤᠭᠤᠷᠤᠠᠳᠤᠭᠤᠷ

ᠰᠤᠭᠳᠤᠭᠤ ᠭᠦᠯᠴᠦᠭᠦᠤ ᠠᠮᠢᠳᠤᠷᠠᠬᠤ ᠳᠤ

ᠰᠤᠪᠣᠵᠤ ᠣᠨᠠᠭᠰᠠᠨ ᠰᠤᠯᠢᠷ ᠰᠢᠭ

ᠰᠤᠬᠤᠷ ᠬᠠᠷᠠᠩᠭ᠋ᠤᠢ ᠳᠤ ᠰᠢᠩᠭᠡᠭᠡᠨ᠎ᠡ

ᠬᠤᠷᠸ᠎ᠠ ᠳᠤ ᠳᠦᠷᠦᠭ᠍ᠰᠡᠨ ᠵᠠᠶᠠᠭᠠᠨ ᠤ

ᠬᠤᠪᠢ ᠳᠠᠪᠢᠯᠠᠩ ᠭᠤᠮᠤᠳᠠᠨ᠎ᠠ

ᠬᠤᠵᠢᠮ ᠬᠣᠢ᠌ᠰᠢ ᠶᠢᠨ ᠨᠢᠭᠡ ᠡᠳᠦᠷ

ᠬᠤᠭᠤᠰᠤᠨ ᠥᠭᠡ ᠪᠠᠷ ᠬᠤᠴᠤᠷᠤᠨ᠎ᠠ᠃


ᠨᠠᠢ᠌ᠷ ᠨᠠᠭᠠᠳᠤᠮ ᠤᠨ ᠳᠤᠮᠳᠠᠭᠤᠷ

ᠨᠠᠰᠤ ᠪᠠᠨ ᠡᠯᠡᠭᠡᠵᠤ ᠠᠮᠢᠳᠤᠷᠠᠬᠤ ᠳ᠋ᠤ

ᠨᠠᠷᠠᠳᠤ ᠳᠤ ᠳᠦᠷᠦᠭ᠍ᠰᠡᠨ ᠵᠠᠶᠠᠭᠠᠨ ᠤ

ᠨᠠᠷᠠ ᠨᠢ ᠳᠡᠭᠡᠭᠡᠳ ᠬᠠᠵᠠᠢ᠌ᠨ᠎ᠠ

ᠨᠠᠮ ᠯᠠᠮ᠎ᠠ ᠶᠢᠨ ᠠᠯᠢᠨ ᠳᠤ ᠴᠤ

ᠨᠠᠭᠠᠯᠳᠠᠪᠣᠷᠢ ᠦᠭᠡᠶ ᠥᠩᠭᠡᠷᠡᠨ᠎ᠡ

ᠨᠠᠯᠠᠭᠠᠷ ᠣᠷᠴᠢᠯᠠᠩ ᠤᠨ ᠵᠢᠷᠭᠠᠯ ᠳ᠋ᠤ

ᠬᠠᠪᠢᠳᠠᠯ ᠦᠭᠡᠶ ᠵᠢᠯᠢ᠌ᠨ᠎ᠠ᠃ᠵᠤᠬᠢᠶᠠᠭᠴᠢ ᠶᠢᠨ ᠬᠠ‍‌ᠶᠢᠭ ᠄ ᠳᠦᠷᠪᠠᠤᠨ ᠬᠤᠰᠢᠭᠤᠨ ᠤ ᠵᠢᠭᠠᠬᠤ ᠶᠢ ᠰᠤᠳᠤᠯᠬᠤ ᠳᠠᠰᠤᠭ

ᠵᠤᠬᠢᠶᠠᠭᠴᠢ᠄ ᠦ᠊·ᠠᠯᠳᠠᠠᠪᠣᠯᠠᠭ
ᠬᠠᠷᠢᠶ᠎ᠠ᠄ ᠰᠢᠯᠦᠭ
ᠳᠠᠷᠤᠮ᠄ 1826
ᠴᠠᠭ᠄ 2012 ᠤᠨ ᠤ 04 ᠰᠠᠷ᠎ᠠ ᠶᠢᠨ 19