ᠨᠤᠳᠤᠭ ᠮᠢᠨᠢ ᠰᠠᠢ᠌ᠬᠠᠨ ᠪᠠᠢ᠌ᠭᠰᠠᠨ ᠳ᠋ᠠ

ᠨᠠᠭᠤᠷ ᠲᠡᠶ ᠪᠦᠷᠢᠳᠤ ᠲᠡᠶ ᠴᠢᠭᠢᠭᠯᠢᠭ᠌ ᠪᠠᠢ᠌ᠭᠰᠠᠨ

ᠨᠤᠭᠤᠰᠤ ᠭᠠᠯᠠᠭᠤ ᠶᠢᠨ ᠭᠠᠩᠨᠠᠭᠠᠨ ᠲᠡᠶ ᠪᠠᠢ᠌ᠭᠰᠠᠨ

ᠨᠠᠷᠠ ᠬᠤᠷ᠎ᠠ ᠲᠡᠩᠴᠡᠬᠦᠤ ᠪᠠᠢ᠌ᠭᠰᠠᠨ

ᠨᠠᠢ᠌ᠭᠤᠨ ᠬᠠᠯᠢᠭᠤᠷᠠᠭᠰᠠᠨ ᠬᠤᠯᠤᠰᠤ ᠲᠡᠶ ᠪᠠᠢ᠌ᠭᠰᠠᠨ

ᠨᠤᠳᠤᠭ ᠮᠢᠨᠢ ᠰᠠᠢ᠌ᠬᠠᠨ ᠪᠠᠢ᠌ᠭᠰᠠᠨ ᠳ᠋ᠠ

ᠳᠦᠷᠦᠭᠡ ᠰᠢᠭᠦᠷᠦᠮ᠎ᠡ ᠪᠠᠯᠴᠢᠭᠡᠷ ᠲᠡᠶ ᠪᠠᠢ᠌ᠯ᠎ᠠ

ᠳᠦᠭᠦᠷᠳᠡᠯ᠎ᠡ ᠪᠠᠯᠴᠢᠳᠡᠭ᠌ ᠰᠥᠷᠦᠭ᠌ ᠲᠡᠶ ᠪᠠᠢ᠌ᠯ᠎ᠠ

ᠳᠦᠷᠡᠯᠵᠡᠭ᠍ᠰᠡᠨ ᠠᠮᠢᠳᠤᠷᠠᠯ ᠨᠤᠴᠤᠵᠤ ᠪᠠᠢ᠌ᠯ᠎ᠠ

ᠭᠦᠷᠦᠩᠰᠢᠭ᠍ᠰᠡᠨ ᠮᠠᠯᠴᠢᠳ ᠭᠦᠭᠡᠷᠦᠯᠳᠦᠵᠤ ᠪᠠᠢ᠌ᠯ᠎ᠠ

ᠨᠤᠳᠤᠭ ᠮᠢᠨᠢ ᠰᠠᠢ᠌ᠬᠠᠨ ᠪᠠᠢ᠌ᠭᠰᠠᠨ ᠳ᠋ᠠ

ᠨᠠᠶᠠᠨ ᠭᠠᠵᠠᠷ ᠡᠴᠡ ᠮᠤᠷᠢ ᠣᠷᠤᠯᠳᠤᠳᠠᠭ

ᠨᠢᠳᠤ ᠠᠯᠳᠠᠮ᠎ᠠ ᠳᠠᠯ᠎ᠠ ᠲᠡᠶ ᠪᠠᠢ᠌ᠭᠰᠠᠨ

ᠨᠢ᠋ᠮᠠ ᠡᠳᠦᠷ ᠶᠢᠡᠷ ᠨᠠᠭᠠᠳᠤᠮ ᠡᠷᠭᠢᠯᠡᠭ᠍ᠰᠡᠨ ᠴᠤ

ᠨᠤᠯᠭᠤᠷᠠᠵᠤ ᠨᠤᠷᠮᠠᠰᠢᠳᠠᠭ ᠦᠭᠡᠶ ᠭᠦᠷᠦᠰᠤ ᠲᠡᠶ ᠪᠠᠢ᠌ᠭᠰᠠᠨ

ᠨᠤᠳᠤᠭ ᠮᠢᠨᠢ ᠰᠠᠢ᠌ᠬᠠᠨ ᠪᠠᠢ᠌ᠭᠰᠠᠨ ᠳ᠋ᠠ


ᠵᠤᠬᠢᠶᠠᠭᠴᠢ ᠶᠢᠨ ᠬᠠᠶ‍ᠢᠭ ᠄ ᠪᠠᠷᠠᠭᠤᠨ ᠪᠠᠭᠠᠷᠢᠨ

ᠵᠤᠬᠢᠶᠠᠭᠴᠢ᠄ ᠰᠡᠷᠭᠦᠯᠡᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1472
ᠴᠠᠭ᠄ 2010 ᠤᠨ ᠤ 04 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁