ᠮᠤᠩᠭ᠋ᠤᠯ ᠭᠡᠷ

ᠮᠤᠩᠭ᠋ᠤᠯ ᠭᠡᠷ ᠪᠣᠯ ᠪᠦᠭᠡᠷᠡᠩᠭᠡᠢ ᠭᠡᠯᠪᠠᠷᠢ ᠲᠡᠶ᠂ ᠱᠤᠪᠣᠭᠤᠷ ᠣᠷᠤᠢ ᠲᠡᠶ᠂ ᠨᠢᠭᠡ ᠪᠣᠶᠤ ᠬᠤᠶᠠᠷ ᠳᠠᠪᠬᠤᠷ ᠢᠰᠡᠭᠡᠢ ᠪᠠᠷ ᠪᠦᠷᠢᠭ᠍ᠰᠡᠨ ᠨᠢᠭᠡ ᠵᠣᠢ᠌ᠯ ᠤᠨ ᠪᠦᠮᠪᠦᠭᠡᠷ ᠮᠠᠶ‍ᠢᠭ ᠤᠨ ᠣᠷᠤᠨ ᠰᠠᠭᠤᠴᠠ ᠪᠣᠯᠤᠨ᠎ᠠ᠃ ᠮᠠᠠᠵᠤᠴᠤᠳ ᠮᠤᠩᠭ᠋ᠤᠯ ᠮᠠᠯᠴᠢᠳ ᠤᠨ ᠰᠠᠭᠤᠳᠠᠭ ᠭᠡᠷ ᠢ ᠮᠤᠩᠭ᠋ᠤᠯ ᠭᠡᠷ ᠭᠡᠳᠡᠭ᠌᠃ ᠡᠷᠳᠡᠨ ᠤ ᠦᠶ᠎ᠡ ᠳᠤ 《ᠪᠦᠮᠪᠦᠭᠡᠷ ᠭᠡᠷ》᠂ 《ᠢᠰᠡᠭᠡᠢ ᠮᠠᠢ᠌ᠬᠠᠨ》 ᠪᠣᠶᠤ 《ᠢᠰᠡᠭᠡᠢ ᠭᠡᠷ》 ᠭᠡᠵᠤ ᠨᠠᠷᠠᠯᠠᠵᠤ ᠪᠠᠢ᠌ᠵᠠᠢ᠃ 《ᠬᠠᠷᠠᠮᠦ᠋ᠷᠠᠨ ᠤ ᠰᠤᠯᠠ ᠳᠡᠮᠳᠡᠭᠯᠡᠯ》 ᠳᠤ ᠳᠡᠮᠳᠡᠭᠯᠡᠭ᠍ᠰᠡᠨ ᠡᠴᠡ ᠦᠵᠡᠪᠠᠯ᠄ 《ᠪᠦᠮᠪᠦᠭᠡᠷ ᠭᠡᠷ ᠢ ᠣᠯᠤᠰ ᠤᠨ ᠭᠡᠯᠡ (ᠳᠤᠬᠠᠢ᠌ᠯᠠᠪᠠᠯ ᠮᠠᠠᠵᠤ ᠭᠡᠯᠡ) ᠪᠠᠷ ᠮᠤᠩᠭ᠋ᠤᠯ ᠭᠡᠷ ᠭᠡᠵᠤ ᠭᠡᠯᠡᠳᠡᠭ᠌》 ᠪᠠᠢ᠌ᠵᠠᠢ᠃ ᠮᠤᠩᠭ᠋ᠤᠯ ᠭᠡᠯᠡ ᠪᠠᠷ 《ᠮᠤᠩᠭ᠋ᠤᠯ ᠭᠡᠷ》 ᠪᠣᠶᠤ 《ᠪᠦᠮᠪᠤᠷᠬᠠᠨ ᠭᠡᠷ》 ᠭᠡᠵᠤ ᠭᠡᠯᠡᠳᠡᠭ᠌ ᠪᠠᠢ᠌ᠨ᠎ᠠ᠃

ᠮᠤᠩᠭ᠋ᠤᠯ ᠭᠡᠷ ᠪᠣᠯ ᠰᠠᠯᠭᠢ ᠰᠢᠭᠤᠷᠭᠠᠨ ᠤ ᠥᠯᠢᠶᠡᠭᠦ ᠭᠦᠴᠤᠨ ᠢ ᠨᠥᠮᠦᠷᠭᠦ ᠨᠢ ᠪᠠᠭ᠎ᠠ ᠪᠣᠯᠬᠤᠷ᠂ ᠴᠠᠰᠤ ᠬᠤᠷᠠᠬᠤ ᠦᠭᠡᠶ ᠪᠦᠭᠡᠤᠨ ᠪᠣᠷᠤᠭᠠᠨ ᠣᠷᠤᠪᠠᠯ ᠣᠷᠤᠢ ᠳᠡᠭᠡᠷ᠎ᠡ ᠨᠢ ᠣᠰᠤ ᠳᠤᠭᠳᠠᠬᠤ ᠦᠭᠡᠶ ᠪᠠᠢ᠌ᠳᠠᠭ ᠡᠭᠦᠳᠡ ᠨᠢ ᠪᠠᠭ᠎ᠠ ᠮᠥᠷᠳᠡᠭᠡᠨ ᠭᠠᠵᠠᠷ ᠲᠡᠶ ᠵᠠᠯᠭᠠᠯᠳᠤᠵᠤ ᠪᠠᠢ᠌ᠳᠠᠭ ᠪᠣᠯᠬᠤᠷ ᠭᠦᠢᠳᠡᠨ ᠠᠭᠤᠷ ᠠᠮᠢᠰᠬᠤᠯ ᠭᠢᠯᠪᠠᠷᠬᠠᠨ ᠣᠷᠤᠳᠠᠭ ᠦᠭᠡᠶ ᠬᠠᠨ᠎ᠠ ᠶᠢ ᠨᠢ ᠵᠢᠭ᠍ᠳᠡ ᠨᠠᠷᠢᠨ ᠮᠤᠳᠤᠳ ᠢ ᠰᠢᠷᠢ ᠪᠠᠷ ᠦᠳᠡᠵᠤ ᠪᠦᠳᠦᠭᠡᠭ᠍ᠰᠡᠨ ᠪᠣᠯᠬᠤᠷ᠂ ᠭᠡᠷᠡᠭᠯᠡᠭᠦ ᠦᠶ᠎ᠡ ᠳᠡᠭᠡᠨ ᠪᠣᠰᠬᠠᠵᠤ ᠳᠠᠯᠪᠢᠭᠠᠤᠨ ᠳᠠᠯᠠᠪᠠᠯ ᠪᠦᠭᠡᠷᠡᠩᠭᠡᠢ ᠭᠡᠯᠪᠠᠷᠢ ᠲᠡᠶ ᠮᠤᠩᠭ᠋ᠤᠯ ᠭᠡᠷ ᠤᠨ ᠬᠠᠨ᠎ᠠ ᠪᠣᠯᠳᠠᠭ ᠪᠦᠭᠡᠤᠨ ᠨᠡᠭᠦᠵᠤ ᠪᠠᠭᠤᠬᠤ ᠦᠶ᠎ᠡ ᠳᠡᠭᠡᠨ ᠪᠠᠰᠠ ᠡᠪᠭᠡᠵᠤ ᠠᠪᠣᠭᠠᠤᠨ᠂ ᠬᠠᠰᠠᠭ ᠳᠡᠷᠭᠡᠨ ᠤ ᠪᠠᠨ ᠠᠳᠠᠷ ᠪᠣᠯᠭᠠᠵᠤ ᠪᠣᠯᠳᠠᠭ᠃ ᠭᠡᠷ ᠤᠨ ᠣᠷᠤᠢ ᠳᠡᠭᠡᠷ᠎ᠡ ᠨᠢ ᠨᠢᠭᠡᠨ ᠣᠩᠭ᠋ᠤᠷᠬᠠᠢ ᠲᠡᠶ᠂ ᠳᠡᠭᠦᠨ ᠢ ᠳᠤᠭᠤᠨᠤ ᠭᠡᠳᠡᠭ᠌᠂ ᠳᠡᠭᠦᠨ ᠶᠢᠡᠷ ᠠᠭᠤᠷ ᠣᠳᠤᠭ᠎ᠠ ᠭᠠᠷᠬᠤ ᠪᠣᠶᠤ ᠰᠠᠯᠭᠢ ᠵᠢᠪᠠᠷ ᠨᠠᠪᠳᠠᠷᠠᠵᠤ᠂ ᠨᠠᠷᠠᠨ ᠤ ᠭᠡᠷᠡᠯ ᠳᠤᠰᠳᠠᠭ᠃

ᠮᠤᠩᠭ᠋ᠤᠯ ᠭᠡᠷ ᠪᠣᠯ ᠨᠡᠭᠦᠳᠡᠯᠯᠡᠨ ᠮᠠᠯᠵᠢᠬᠤ ᠠᠮᠢᠳᠤᠷᠠᠯ ᠡᠴᠡ ᠢᠷᠡᠭ᠍ᠰᠡᠨ ᠪᠦᠳᠦᠭᠡᠭ᠍ᠳᠡᠭᠦᠨ ᠶᠤᠮ᠃ ᠮᠤᠩᠭ᠋ᠤᠯ ᠭᠡᠷ ᠢ ᠬᠤᠶᠠᠷ ᠵᠣᠢ᠌ᠯ ᠬᠤᠪᠢᠶᠠᠳᠠᠭ᠃ ᠨᠢᠭᠡ ᠨᠢ ᠮᠠᠯᠵᠢᠬᠤ ᠣᠷᠤᠨ ᠤ ᠭᠡᠷᠡᠭᠯᠡᠳᠡᠭ᠌ ᠨᠡᠭᠦᠳᠡᠯ ᠤᠨ ᠮᠤᠩᠭ᠋ᠤᠯ ᠭᠡᠷ᠂ ᠨᠥᠭᠦᠭᠡ ᠨᠢ ᠬᠠᠭᠠᠰ ᠳᠠᠷᠢᠶᠠᠯᠠᠬᠤ ᠬᠠᠭᠠᠰ ᠮᠠᠯᠵᠢᠬᠤ ᠣᠷᠤᠨ ᠤ ᠭᠡᠷᠡᠭᠯᠡᠳᠡᠭ᠌ ᠳᠤᠭᠳᠠᠮᠠᠯ ᠮᠤᠩᠭ᠋ᠤᠯ ᠭᠡᠷ ᠪᠣᠯᠤᠨ᠎ᠠ᠃ ᠮᠤᠩᠭ᠋ᠤᠯᠴᠤᠳ ᠨᠡᠭᠦᠳᠡᠯ ᠤᠨ ᠮᠤᠩᠭ᠋ᠤᠯ ᠭᠡᠷ ᠢ 《ᠥᠷᠦᠭᠡ ᠭᠡᠷ》 ᠭᠡᠳᠡᠭ᠌ ᠪᠦᠭᠡᠤᠨ ᠳᠤᠭᠳᠠᠮᠠᠯ ᠮᠤᠩᠭ᠋ᠤᠯ ᠭᠡᠷ ᠢ 《ᠳᠦᠭᠦᠷᠢᠭ᠌ ᠭᠡᠷ》 ᠭᠡᠳᠡᠭ᠌᠃ 《ᠳᠦᠭᠦᠷᠢᠭ᠌ ᠭᠡᠷ》 ᠪᠣᠯ 《ᠥᠷᠦᠭᠡ ᠭᠡᠷ》 ᠡᠴᠡ ᠬᠤᠪᠢᠷᠠᠵᠤ ᠢᠷᠡᠭ᠍ᠰᠡᠨ ᠶᠤᠮ᠂ ᠡᠨᠡ ᠬᠤᠶᠠᠷ ᠤᠨ ᠡᠮᠦᠨᠡᠭᠢ ᠶᠢ ᠨᠢ ᠢᠰᠡᠭᠡᠢ ᠪᠠᠷ ᠪᠦᠷᠢᠵᠤ᠂ ᠬᠣᠢ᠌ᠨᠠᠭᠢ ᠶᠢ ᠨᠢ ᠪᠣᠷᠭᠠᠰᠤ ᠪᠠᠷ ᠭᠦᠷᠦᠵᠤ ᠰᠢᠪᠠᠷ ᠶᠢᠡᠷ ᠰᠢᠪᠠᠭᠰᠠᠨ ᠢ ᠭᠠᠷᠭᠠᠪᠠᠯ ᠭᠠᠳᠠᠷ ᠪᠠᠢ᠌ᠳᠠᠯ ᠨᠢ ᠳᠠᠮᠠᠢ ᠢᠯᠭᠠᠭ᠎ᠠ ᠦᠭᠡᠶ ᠶᠤᠮ᠃ ᠳᠤᠭᠳᠠᠮᠠᠯ ᠮᠤᠩᠭ᠋ᠤᠯ ᠭᠡᠷ ᠪᠣᠯ ᠵᠢᠷᠢᠮ᠂ ᠵᠤᠤ ᠣᠳᠠ᠂ ᠭᠢᠩᠭ᠋ᠠᠨ ᠣᠷᠴᠢᠮ ᠠᠷᠪᠢᠨ ᠪᠠᠢ᠌ᠳᠠᠭ᠃ ᠮᠤᠩᠭ᠋ᠤᠯ ᠭᠡᠷ ᠤᠨ ᠶᠡᠭᠡ ᠪᠠᠭ᠎ᠠ ᠨᠢ ᠠᠳᠠᠯᠢ ᠦᠭᠡᠶ᠂ ᠡᠩ ᠤᠨ ᠮᠤᠩᠭ᠋ᠤᠯ ᠭᠡᠷ ᠤᠨ ᠦᠨᠳᠦᠷ ᠨᠢ ᠪᠠᠷᠤᠭ ᠠᠷᠪᠠᠨ ᠭᠤᠷᠪᠠ ᠳᠦᠷᠪᠡᠨ ᠳᠤᠬᠤᠢ᠂ ᠬᠠᠨ᠎ᠠ ᠶᠢᠨ ᠦᠨᠳᠦᠷ ᠨᠢ ᠳᠦᠷᠪᠡ ᠳᠠᠪᠤᠨ ᠳᠤᠬᠤᠢ ᠪᠠᠢ᠌ᠳᠠᠭ᠂ ᠪᠠᠭᠳᠠᠭᠠᠮᠵᠢ ᠨᠢ ᠭᠡᠷ ᠤᠨ ᠭᠢᠨᠢ ᠶᠡᠭᠡ ᠪᠠᠭ᠎ᠠ ᠡᠴᠡ ᠪᠣᠯᠵᠤ᠂ ᠳ᠋ᠢᠶᠠᠮᠸᠲ᠋ᠷ ᠶᠢᠡᠷ ᠶᠢᠡᠨ ᠳᠤᠯᠤᠭ᠎ᠠ ᠨᠢ᠋ᠮᠠᠨ ᠳᠤᠬᠤᠢ ᠡᠴᠡ ᠠᠷᠪᠠᠨ ᠳᠤᠯᠤᠭ᠎ᠠ ᠨᠢ᠋ᠮᠠᠨ ᠳᠤᠬᠤᠢ ᠪᠠᠢ᠌ᠳᠠᠭ᠂ ᠡᠭᠦᠳᠡ ᠨᠢ ᠭᠤᠷᠪᠠᠨ ᠳᠤᠬᠤᠢ ᠳᠠᠪᠤᠨ ᠢᠮᠠᠬᠤ ᠣᠷᠴᠢᠮ ᠦᠨᠳᠦᠷ᠂ ᠬᠤᠶᠠᠷ ᠳᠤᠬᠤᠢ ᠵᠢᠷᠭᠤᠭᠠᠨ ᠢᠮᠠᠬᠤ ᠭᠢᠷᠠᠳᠠᠢ ᠥᠷᠭᠡᠨ ᠪᠠᠢ᠌ᠳᠠᠭ ᠪᠦᠭᠡᠤᠨ ᠣᠯᠠᠩᠭᠢ ᠳᠠᠭᠠᠨ ᠡᠮᠦᠨᠡᠰᠢ ᠪᠣᠶᠤ ᠵᠡᠭᠦᠨ ᠡᠮᠦᠨᠡᠰᠢ ᠬᠠᠠᠳᠤᠭᠰᠠᠨ ᠪᠠᠢ᠌ᠳᠠᠭ᠃ ᠮᠤᠩᠭ᠋ᠤᠯ ᠭᠡᠷ ᠤᠨ ᠶᠡᠭᠡ ᠪᠠᠭ᠎ᠠ ᠨᠢ ᠠᠳᠠᠯᠢ ᠦᠭᠡᠶ ᠪᠣᠯᠪᠠᠴᠤ ᠪᠦᠳᠦᠴᠡ ᠨᠢ ᠠᠳᠠᠯᠢᠬᠠᠨ ᠪᠦᠭᠡᠤᠨ ᠭᠡᠯᠪᠠᠷᠢ ᠨᠢ ᠴᠤ ᠭᠡᠳᠤᠨ ᠵᠠᠭᠤᠨ ᠵᠢᠯ ᠤᠨ ᠳᠤᠷᠰᠢ ᠠᠳᠠᠯᠢ ᠪᠠᠢ᠌ᠭᠰᠠᠭᠠᠷ ᠶᠤᠮ᠃ ᠶᠡᠷᠦᠩᠭᠡᠢ ᠳᠡᠭᠡᠨ ᠣᠰᠤ ᠪᠠᠯᠴᠢᠭᠡᠷ ᠰᠠᠢ᠌ᠳᠠᠢ ᠭᠠᠵᠠᠷ ᠲᠤ ᠳ᠋ᠢᠶᠠᠮᠸᠲ᠋ᠷ ᠶᠢᠡᠷ ᠶᠢᠡᠨ ᠬᠤᠤᠰ ᠠᠯᠳᠠ ᠭᠢᠷᠢ ᠲᠡᠶ ᠨᠢᠭᠡ ᠭᠡᠰᠡᠭ᠌ ᠭᠠᠵᠠᠷ ᠢ ᠴᠠᠭᠠᠷᠢᠭᠯᠠᠨ ᠠᠪᠴᠤ᠂ ᠰᠢᠷᠤᠢ ᠳᠠᠪᠢᠰᠴᠤ ᠳᠡᠭ᠍ᠰᠢᠯᠡᠭᠡᠤᠨ ᠭᠡᠷ ᠤᠨ ᠰᠠᠭᠤᠷᠢ ᠳᠠᠯᠪᠢᠳᠠᠭ᠃

ᠮᠤᠩᠭ᠋ᠤᠯ ᠭᠡᠷ ᠤᠨ ᠮᠤᠳᠤ ᠪᠣᠯ ᠳᠡᠭᠡᠷ᠎ᠡ ᠳᠤᠤᠷ᠎ᠠ ᠬᠤᠶᠠᠷ ᠭᠡᠰᠡᠭ᠌ ᠶᠢᠡᠷ ᠪᠦᠷᠢᠯᠳᠦᠳᠡᠭ᠌᠃ ᠳᠤᠤᠷ᠎ᠠ ᠭᠡᠰᠡᠭ᠌ ᠢ ᠨᠢ 《ᠬᠠᠨ᠎ᠠ》 ᠭᠡᠳᠡᠭ᠌᠂ ᠳᠤᠯᠤᠭ᠎ᠠ ᠨᠢ᠋ᠮᠠᠨ ᠳᠤᠬᠤᠢ ᠣᠷᠳᠤ ᠪᠦᠳᠦᠭᠦᠨ ᠪᠣᠷᠭᠠᠰᠤ ᠶᠢ ᠳᠦᠷᠪᠡᠯᠵᠢᠨ ᠶᠢᠡᠷ ᠰᠤᠯᠢᠪᠴᠠᠭᠤᠯᠤᠨ ᠳᠠᠯᠪᠢᠭᠠᠤᠨ᠂ ᠠᠭᠤᠯᠵᠠᠷ ᠢ ᠨᠢ ᠰᠤᠷ ᠶᠢᠡᠷ ᠥᠳᠡᠳᠡᠭ᠌᠃ ᠳᠡᠭᠡᠷ᠎ᠡ ᠭᠡᠰᠡᠭ᠌ ᠢ ᠨᠢ 《ᠣᠨᠢ》 ᠭᠡᠳᠡᠭ᠌᠂ ᠪᠠᠷᠤᠭ ᠳᠤᠯᠤᠭᠠᠨ ᠳᠤᠬᠤᠢ ᠦᠨᠳᠦᠷ ᠪᠦᠳᠦᠭᠦᠨ ᠪᠣᠷᠭᠠᠰᠤ ᠨᠤᠭᠤᠳ ᠢ ᠳᠤᠭᠤᠨᠤ ᠲᠡᠶ ᠵᠠᠯᠭᠠᠵᠤ᠂ ᠬᠠᠨ᠎ᠠ ᠶᠢᠨ ᠳᠤᠯᠤᠭᠠᠢ ᠳᠤ ᠡᠯᠭᠦᠳᠡᠭ᠌᠂ ᠢᠩᠭᠢᠪᠠᠯ ᠪᠦᠭᠡᠷᠡᠩᠭᠡᠢ ᠭᠡᠯᠪᠠᠷᠢ ᠲᠡᠶ ᠳᠡᠭᠡᠪᠦᠷ ᠪᠣᠯᠳᠠᠭ ᠪᠠᠢ᠌ᠨ᠎ᠠ᠃ ᠪᠦᠭᠡᠷᠡᠩᠭᠡᠢ ᠣᠷᠤᠢ ᠶᠢ ᠨᠢ 《ᠳᠤᠭᠤᠨᠤ》 ᠭᠡᠳᠡᠭ᠌᠂ ᠳ᠋ᠢᠶᠠᠮᠸᠲ᠋ᠷ ᠨᠢ ᠭᠤᠷᠪᠠ ᠳᠦᠷᠪᠡᠨ ᠳᠤᠬᠤᠢ ᠪᠠᠢ᠌ᠵᠤ᠂ ᠳᠡᠭᠡᠷ᠎ᠡ ᠨᠢ ᠭᠤᠶᠤ ᠰᠠᠢ᠌ᠬᠠᠨ ᠭᠡ ᠣᠭᠠᠯᠵᠠ ᠰᠡᠢ᠌ᠯᠦᠭ᠍ᠰᠡᠨ ᠪᠠᠢ᠌ᠳᠠᠭ᠃

ᠴᠢᠯᠦᠭᠡᠯᠡᠭ᠍ᠳᠡᠭᠦ ᠡᠴᠡ ᠡᠮᠦᠨ᠎ᠡ᠂ ᠡᠩ ᠤᠨ ᠮᠠᠯᠴᠢᠳ ᠤᠨ ᠢᠰᠡᠭᠡᠢ ᠭᠡᠷ ᠤᠨ ᠳᠠᠯᠠᠪᠠᠢ ᠨᠢ ᠠᠷᠪᠠᠬᠠᠨ ᠬᠠᠪᠳᠠᠭᠠᠢ ᠳᠦᠷᠪᠡᠯᠵᠢᠨ ᠮᠸᠲ᠋ᠷ ᠣᠷᠴᠢᠮ ᠯᠠ ᠪᠠᠢ᠌ᠭᠰᠠᠨ ᠪᠦᠭᠡᠤᠨ ᠳᠤᠭᠤᠭᠠᠯᠠᠵᠤ᠂ ᠬᠤᠭᠤᠯᠠᠯᠠᠵᠤ᠂ ᠬᠤᠨᠤᠵᠤ ᠭᠡᠪᠳᠡᠭᠦ ᠳᠡᠭᠡᠨ ᠪᠦᠷ ᠯᠠ ᠨᠢᠭᠡᠯᠡ ᠭᠡᠷ ᠲᠡᠭᠡᠨ ᠰᠢᠬᠠᠯᠳᠤᠳᠠᠭ ᠪᠠᠢ᠌ᠵᠠᠢ᠃ ᠮᠠᠯ ᠤᠨ ᠡᠵᠡᠨ ᠪᠠᠶᠠᠨ ᠡᠷᠦᠭᠡ ᠪᠣᠯ ᠭᠡᠳᠤ ᠭᠡᠳᠤᠨ ᠭᠡᠷ ᠲᠤ ᠰᠠᠯᠵᠤ ᠰᠠᠭᠤᠳᠠᠭ᠃ ᠶᠠᠳᠠᠭᠤᠴᠤᠳ ᠪᠣᠯᠤᠨ ᠪᠠᠶᠠᠴᠤᠳ ᠤᠨ ᠭᠡᠷ ᠳᠤᠳᠤᠷᠠᠭᠢ ᠬᠤᠮ ᠳᠡᠪᠢᠰᠭᠡᠷ ᠨᠢ ᠴᠤ ᠠᠳᠠᠯᠢ ᠦᠭᠡᠶ ᠪᠠᠢ᠌ᠵᠠᠢ᠂ ᠶᠠᠳᠠᠭᠤ ᠡᠷᠦᠭᠡ ᠨᠢ ᠣᠯᠠᠩᠭᠢ ᠳᠠᠭᠠᠨ ᠳᠤᠷᠤᠰᠬ᠎ᠠ ᠪᠣᠶᠤ ᠨᠢᠭᠡᠯᠡ ᠢᠰᠡᠭᠡᠢ ᠳᠡᠪᠢᠰᠳᠡᠭ᠌᠂ ᠪᠠᠶᠠᠨ ᠡᠷᠦᠭᠡ ᠨᠢ ᠨᠢᠭᠡ ᠪᠣᠶᠤ ᠬᠤᠶᠠᠷ ᠳᠠᠪᠬᠤᠷ ᠢᠰᠡᠭᠡᠢ ᠶᠢᠨ ᠳᠡᠭᠡᠷ᠎ᠡ ᠪᠠᠰᠠ ᠬᠤᠸᠠᠷᠳᠠᠢ ᠳᠠᠩᠰᠠ ᠪᠣᠶᠤ ᠭᠡᠪᠢᠰ ᠳᠡᠪᠢᠰᠳᠡᠭ᠌ ᠪᠠᠢ᠌ᠪᠠ᠃ ᠭᠡᠷ ᠤᠨ ᠳᠤᠳᠤᠷᠠᠭᠢ ᠡᠳ᠋ᠯᠡᠯ ᠭᠡᠷᠡᠭ᠍ᠰᠡᠯ ᠳᠡᠭᠡᠨ᠂ ᠡᠭᠦᠳᠡ ᠶᠢ ᠨᠢᠭᠤᠷᠯᠠᠭᠰᠠᠨ ᠳᠠᠯ᠎ᠠ ᠳᠠᠭᠠᠨ ᠣᠷᠳᠤ ᠳᠦᠷᠪᠡᠯᠵᠢᠨ ᠰᠢᠷᠡᠭᠡ ᠳᠠᠯᠪᠢᠵᠤ᠂ ᠪᠠᠷᠠᠭᠤᠨ ᠳᠠᠯ᠎ᠠ ᠶᠢ ᠨᠢ ᠳᠠᠭᠠᠭᠤᠯᠤᠨ ᠶᠡᠭᠡ ᠪᠠᠭ᠎ᠠ ᠬᠤᠪᠴᠠᠰᠤᠨ ᠠᠪᠳᠠᠷ᠎ᠠ ᠪᠠᠨ ᠳᠠᠯᠪᠢᠨ᠂ ᠵᠡᠭᠦᠨ ᠳᠠᠯ᠎ᠠ ᠪᠠᠷ ᠨᠢ ᠬᠤᠷᠭᠤ ᠭᠦᠨᠦᠭ᠌ ᠵᠡᠷᠭᠡ ᠰᠠᠪᠠ ᠰᠠᠭᠠᠯᠢ ᠪᠠᠨ ᠳᠠᠯᠪᠢᠳᠠᠭ᠃ ᠭᠡᠷ ᠤᠨ ᠭᠤᠤᠯ ᠳᠤᠮᠳᠠ ᠨᠢ ᠨᠢᠭᠡ ᠳᠤᠬᠤᠢ ᠣᠷᠴᠢᠮ ᠦᠨᠳᠦᠷ ᠳᠤᠯᠭ᠎ᠠ ᠲᠡᠶ ᠪᠠᠢ᠌ᠵᠤ᠂ ᠳᠡᠭᠡᠷ᠎ᠡ ᠨᠢ ᠳᠠᠮᠤᠷ ᠳᠤᠭᠤᠭ᠎ᠠ ᠳᠠᠯᠪᠢᠭᠠᠤᠨ ᠠᠷᠭᠠᠯ ᠬᠤᠷᠭᠤᠤᠯ ᠪᠣᠶᠤ ᠮᠤᠳᠤᠨ ᠳᠦᠯᠡᠭᠡ ᠰᠢᠳᠠᠭᠠᠳᠠᠭ᠂ ᠠᠭᠤᠷ ᠣᠳᠤᠭ᠎ᠠ ᠨᠢ ᠳᠤᠭᠤᠨᠤ ᠪᠠᠷ ᠶᠢᠡᠨ ᠭᠠᠷᠳᠠᠭ᠃ ᠴᠢᠯᠦᠭᠡᠯᠡᠭ᠍ᠳᠡᠭᠦ ᠡᠴᠡ ᠡᠮᠦᠨ᠎ᠡ ᠶᠠᠳᠠᠭᠤ ᠮᠠᠯᠴᠢᠳ ᠲᠤ ᠶᠡᠷᠦᠩᠭᠡᠢ ᠳᠡᠭᠡᠨ ᠬᠤᠴᠢᠯᠭ᠎ᠠ ᠨᠥᠮᠦᠷᠭᠡ ᠭᠡᠵᠤ ᠪᠠᠢ᠌ᠳᠠᠭ ᠦᠭᠡᠶ᠂ ᠬᠠᠷᠢᠨ ᠪᠦᠭᠦᠯᠢ ᠪᠠᠷ ᠶᠢᠡᠨ ᠣᠠᠳᠠᠳᠠᠭ ᠪᠠᠢ᠌ᠨ᠎ᠠ᠃ ᠰᠠᠭᠤᠷᠢᠰᠢᠭᠰᠠᠨ ᠣᠷᠤᠨ ᠤ ᠭᠦᠷᠢᠶ᠎ᠡ ᠬᠠᠰᠢᠶᠠᠨ ᠤ ᠳᠤᠭᠢᠷᠠᠭᠤᠯᠤᠯᠳᠠ ᠨᠢ ᠪᠠᠰᠠ ᠳᠤᠭᠳᠠᠭᠰᠠᠨ ᠭᠡᠯᠪᠠᠷᠢ ᠲᠡᠶ ᠪᠠᠢ᠌ᠳᠠᠭ᠃ ᠶᠡᠷᠦᠩᠭᠡᠢ ᠳᠡᠭᠡᠨ ᠪᠣᠷᠭᠠᠰᠤ ᠪᠣᠶᠤ ᠬᠠᠢ᠌ᠯᠠᠰᠤᠨ ᠮᠤᠳᠤᠨ ᠤ ᠮᠦᠴᠢᠷ ᠶᠢᠡᠷ ᠭᠦᠷᠢᠶ᠎ᠡ ᠳᠠᠳᠠᠵᠤ᠂ ᠭᠦᠷᠢᠶᠡᠨ ᠤ ᠪᠠᠨ ᠣᠢ᠌ᠷᠠᠯᠴᠠᠭ᠎ᠠ ᠮᠠᠯ ᠤᠨ ᠬᠠᠰᠢᠶ᠎ᠠ ᠪᠠᠷᠢᠵᠤ᠂ ᠬᠠᠰᠢᠶᠠᠨ ᠤ ᠪᠠᠨ ᠡᠮᠦᠨ᠎ᠡ ᠳᠠᠯ᠎ᠠ ᠳ᠋ᠤᠨᠢ ᠠᠷᠭᠠᠯ ᠭᠦᠷᠵᠡᠩ ᠣᠪᠣᠭᠠᠯᠠᠭᠠᠤᠨ ᠲᠦᠯᠡᠰᠢ ᠭᠢᠳᠡᠭ᠌᠃ ᠨᠡᠭᠦᠳᠡᠯᠯᠡᠨ ᠮᠠᠯᠵᠢᠳᠠᠭ ᠣᠷᠤᠨ ᠤ ᠭᠢᠨ ᠬᠤᠶᠠᠷ ᠭᠤᠷᠪᠠ ᠡᠴᠡ ᠭᠡᠳᠤᠨ ᠠᠷᠪᠠᠨ ᠬᠠᠩᠭ᠋ᠠᠢ ᠳᠡᠷᠭᠡ ᠪᠠᠨ ᠮᠤᠩᠭ᠋ᠤᠯ ᠭᠡᠷ ᠶᠢᠡᠨ ᠳᠤᠭᠤᠷᠢᠭᠤᠯᠤᠨ ᠵᠢᠭᠰᠠᠭᠠᠳᠠᠭ᠃ ᠡᠷᠦᠭᠡ ᠪᠣᠯᠭᠠᠨ ᠪᠦᠷ ᠨᠤᠬᠠᠢ ᠳᠡᠵᠢᠭᠡᠵᠤ᠂ ᠳᠡᠳᠡᠭᠡᠷ ᠰᠡᠭ᠍ᠰᠡᠭᠡᠷ ᠦᠰᠦᠳᠠᠢ ᠨᠤᠬᠠᠢ ᠨᠢ ᠣᠷᠳᠤ ᠳᠠᠯ ᠲᠡᠶ ᠠᠷᠰᠯᠠᠨ ᠰᠢᠭ᠌ ᠠᠪᠣᠷᠭᠤ ᠰᠥᠷᠯᠢᠭ᠌ ᠮᠥᠷᠳᠡᠭᠡᠨ ᠰᠥᠷᠡᠭᠡᠢ ᠭᠡᠴᠡᠭᠦᠤ ᠪᠠᠢ᠌ᠳᠠᠭ᠃ ᠡᠵᠡᠨ ᠶᠢᠡᠨ ᠬᠠᠪᠰᠤᠷᠴᠤ ᠬᠤᠨᠢ ᠬᠠᠷᠢᠭᠤᠯᠬᠤ ᠪᠣᠶᠤ ᠬᠤᠳᠠ ᠰᠠᠭᠢᠳᠠᠭ ᠣᠴᠢᠷ ᠡᠴᠡ ᠡᠵᠡᠨ ᠨᠢ ᠳᠡᠭᠦᠨ ᠢ ᠨᠠᠷᠢᠨ ᠨᠢᠮᠪᠠᠢ ᠠᠷᠠᠴᠢᠯᠠᠵᠤ ᠳᠡᠵᠢᠭᠡᠳᠡᠭ᠌ ᠪᠠᠢ᠌ᠨ᠎ᠠ᠃

ᠨᠡᠭᠦᠳᠡᠯᠯᠡᠨ ᠮᠠᠯᠵᠢᠬᠤ ᠳᠠᠭᠠᠨ ᠥᠷᠭᠦᠯᠵᠢ ᠮᠤᠩᠭ᠋ᠤᠯ ᠭᠡᠷ ᠶᠢᠡᠨ ᠠᠪᠣᠭᠠᠤᠨ ᠶᠠᠪᠣᠳᠠᠭ᠃ ᠡᠪᠦᠯᠵᠢᠶᠡᠨ ᠳᠤ ᠪᠠᠭᠤᠬᠤ ᠳᠠᠭᠠᠨ᠂ ᠶᠡᠷᠦᠩᠭᠡᠢ ᠳᠡᠭᠡᠨ ᠠᠭᠤᠯᠠ ᠶᠢᠨ ᠨᠦᠮᠦᠷᠢ ᠪᠣᠶᠤ ᠬᠤᠳᠤᠭᠤᠷ ᠭᠠᠵᠠᠷ ᠲᠤ ᠮᠤᠩᠭ᠋ᠤᠯ ᠭᠡᠷ ᠶᠢᠡᠨ ᠪᠠᠷᠢᠳᠠᠭ᠂ ᠢᠩᠭᠢᠪᠠᠯ ᠮᠠᠯ ᠶᠢᠡᠨ ᠪᠠᠯᠴᠢᠭᠡᠷᠯᠡᠭᠦᠯᠭᠦ ᠳᠤ ᠠᠮᠠᠷᠬᠠᠨ ᠪᠦᠭᠡᠤᠨ ᠳᠤᠭᠰᠢᠨ ᠰᠠᠯᠭᠢ ᠰᠢᠭᠤᠷᠭ᠎ᠠ ᠡᠴᠡ ᠨᠦᠮᠦᠷᠢᠳᠠᠵᠤ ᠴᠢᠳᠠᠨ᠎ᠠ᠃ ᠵᠤᠰᠠᠯᠠᠩ ᠳᠤ ᠪᠠᠭᠤᠬᠤ ᠳᠠᠭᠠᠨ᠂ ᠦᠨᠳᠦᠷ ᠭᠠᠵᠠᠷ ᠪᠣᠶᠤ ᠰᠠᠯᠭᠢ ᠥᠵᠡᠳᠡᠭ᠌ ᠭᠠᠵᠠᠷ ᠮᠤᠩᠭ᠋ᠤᠯ ᠭᠡᠷ ᠶᠢᠡᠨ ᠪᠠᠷᠢᠳᠠᠭ᠂ ᠢᠩᠭᠢᠪᠠᠯ ᠮᠠᠯ ᠶᠢᠡᠨ ᠬᠠᠯᠠᠭᠤᠳᠠᠭᠤᠯᠬᠤ ᠦᠭᠡᠶ ᠪᠦᠭᠡᠤᠨ ᠡᠪᠠᠰᠤ ᠪᠠᠯᠴᠢᠭᠡᠷ ᠰᠤᠯᠢᠬᠤ ᠳᠤ ᠴᠤ ᠳᠤᠰᠠᠳᠠᠢ ᠶᠤᠮ᠃ ᠬᠠᠪᠣᠷ ᠨᠠᠮᠤᠷ ᠲᠠᠭᠠᠨ ᠣᠰᠤ ᠪᠠᠯᠴᠢᠭᠡᠷ ᠢ ᠳᠠᠭᠠᠵᠤ ᠣᠳᠤᠷᠯᠠᠳᠠᠭ ᠪᠠᠢ᠌ᠨ᠎ᠠ᠃

ᠵᠤᠬᠢᠶᠠᠭᠴᠢ᠄
ᠢᠷᠡᠯᠲᠡ᠄ ᠪᠢᠴᠢᠭ᠍ᠰᠡᠨ ᠥᠭᠡᠢ
ᠳᠠᠷᠤᠮ᠄ 5651
ᠴᠠᠭ᠄ 2005 ᠤᠨ ᠤ 11 ᠰᠠᠷ᠎ᠠ ᠶᠢᠨ 23
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠵᠠᠩ ᠤᠢ᠌ᠯᠠ - ᠮᠤᠩᠭ᠋ᠤᠯ ᠭᠡᠷ