ᠴᠠᠷᠮᠠᠢ᠌ᠨ ᠰᠤᠷᠤᠯᠴᠠᠶ᠎ᠠ

           ᠊᠊᠊᠊᠊᠊᠊᠊᠊᠊᠊᠊᠊᠊᠊ ᠨᠠᠷᠭᠢᠵᠤ  ᠨᠠᠭᠠᠳᠴᠤ  ᠶᠠᠪᠣᠬᠤ ᠳᠠᠭᠠᠨ  

             《ᠨᠢ᠋ᠮᠠᠨ ᠰᠢᠷᠭ᠎ᠠ》 ᠳᠠᠯ᠎ᠠ ᠳᠤ ᠳᠠᠪᠭᠢᠬᠤ ᠠᠳᠠᠯᠢᠬᠠᠨ  

           ᠨᠡᠢ᠌ᠷ  ᠡᠪᠳᠡᠷᠡᠯᠴᠡᠵᠤ ᠥᠵᠡᠭᠡ ᠥᠭᠡᠢ  

           ᠨᠠᠢ᠌ᠷᠰᠠᠭ ᠳᠤᠳᠤᠨᠤ ᠳᠡᠭᠦᠨᠡᠷ ᠲᠡᠭᠡᠨ ᠵᠤᠷᠢᠭᠤᠯᠪᠠ   

  

ᠳᠡᠷᠳᠡᠭᠡ ᠣᠷᠤᠰᠬᠤ ᠳᠡᠷᠡᠭᠦ ᠭᠤᠤᠯ  

ᠮᠢᠷᠠᠯᠵᠠᠨ ᠳᠠᠪᠠᠯᠭᠠᠯᠠᠨ ᠣᠷᠤᠰᠤᠨ᠎ᠠ   

ᠡᠷᠭᠢ ᠳᠠᠠᠵᠢ ᠳ᠋ᠠᠭᠢ ᠠᠮᠢᠳᠤ ᠪᠣᠳᠠᠰ ᠲᠤ ᠪᠠᠨ  

ᠣᠭᠤᠷᠠᠭ ᠰᠢᠮ᠎ᠠ ᠬᠠᠩᠭ᠋ᠠᠭᠠᠤᠨ ᠠᠶᠠᠷᠯᠠᠨ᠎ᠠ   

《ᠨᠤᠳᠤᠭ ᠤᠨ ᠮᠢᠨᠢ ᠠᠮᠢᠨ ᠰᠤᠳᠠᠰᠤ ᠡ  

ᠪᠣᠴᠠᠭᠠᠤᠨ ᠣᠷᠤᠰᠤᠭᠠᠷᠠᠢ ⁈》 ᠭᠡᠵᠤ  

ᠨᠤᠭᠤᠭᠠᠨ ᠵᠥᠯᠭᠡᠨ ᠳᠡᠭᠡᠭᠦᠷ  

ᠪᠦᠭᠦ ᠭᠦᠴᠤ ᠪᠠᠷ ᠶᠢᠡᠨ ᠬᠠᠰᠭᠢᠷᠤᠯ᠎ᠠ ᠪᠢ   

ᠭᠡᠳᠡᠯ᠎ᠡ ᠊᠊᠊᠊᠊᠊᠊᠊᠊᠊᠊᠊᠊᠊᠊   

ᠭᠤᠤᠯ ᠤᠨ ᠣᠰᠤ ᠪᠣᠴᠠᠭᠠᠤᠨ ᠣᠷᠤᠰᠳᠠᠭ ᠦᠭᠡᠶ︕   

ᠴᠠᠭ ᠤᠨ ᠵᠡᠭᠦᠤ ᠠᠭᠢᠭᠠᠤᠨ ᠡᠷᠭᠢᠳᠡᠭ᠌ ᠦᠭᠡᠶ︕   

ᠪᠠᠭ᠎ᠠ ᠨᠠᠰᠤ ᠳᠠᠭᠢᠭᠠᠤᠨ ᠢᠷᠡᠳᠡᠭ᠌ ᠦᠭᠡᠶ︕   

ᠥᠩᠭᠡᠷᠡᠰᠡᠨ ᠪᠦᠭᠦᠨ ᠡᠭᠦᠷᠢᠳᠡ ᠪᠣᠴᠠᠰᠢ ᠦᠭᠡᠶ︕   

ᠡᠭᠦᠰᠦᠭ᠍ᠰᠡᠨ ᠪᠦᠭᠦᠨ ᠭᠡᠵᠢᠶ᠎ᠡ ᠴᠤ ᠡᠷᠭᠢᠰᠢ ᠦᠭᠡᠶ︕   

ᠡᠭᠡᠯᠢ ᠲᠡᠶ ᠡᠩᠭᠡ ᠬᠤᠷᠸ᠎ᠠ ᠶᠢᠨ ᠵᠢᠮ᠎ᠠ  

ᠡᠭᠡᠭᠡᠨ ᠠᠮᠢᠳᠤᠷᠠᠯ ᠤᠨ ᠠᠶᠠᠨ  

ᠣᠯᠠ ᠮᠦᠷ ᠶᠤᠮᠰᠠᠨ   

ᠳᠠᠢ᠌ᠮᠤ ᠡ︕         

ᠰᠤᠷᠳᠠᠯ ᠤᠨ ᠳᠤᠷᠭᠠᠨ ᠵᠢᠯᠤᠭᠤᠨ ᠳᠤ ᠵᠠᠯᠠᠭᠳᠠᠨ  

ᠰᠤᠷᠢᠯᠳᠠ ᠴᠢᠩᠭ᠎ᠠ ᠠᠮᠢᠳᠤᠷᠠᠯ ᠳᠤ ᠭᠦᠳᠦᠯᠦᠭ᠍ᠳᠡᠭ᠍ᠰᠡᠭᠡᠷ  

ᠰᠤᠶᠤᠯ ᠤᠨ ᠠᠭᠤᠳᠠᠮ ᠬᠤᠷᠸ᠎ᠠ ᠳᠤ ᠳᠠᠮᠠᠤᠯᠠᠨ  

ᠰᠤᠷᠤᠯᠭ᠎ᠠ ᠶᠢᠨ ᠠᠰᠬ᠎ᠠ ᠳᠡᠭ᠍ᠳᠡᠷ ᠲᠤ ᠠᠪᠢᠷᠠᠭᠰᠠᠭᠠᠷ  

ᠰᠤᠳᠤᠯᠤᠯᠳᠠ ᠪᠦᠳᠦᠭᠡᠯ ᠶᠢᠡᠷ ᠬᠣᠢ᠌ᠮᠤᠷ ᠴᠢᠮᠠᠵᠤ  

ᠰᠤᠷᠤᠭᠴᠢ ᠠᠮᠢᠳᠤᠷᠠᠯ ᠳᠤ ᠠᠭᠤᠰᠤᠨ ᠰᠤᠶᠤᠯᠵᠢᠭᠰᠠᠭᠠᠷ  

ᠰᠦᠨ ᠤ ᠦᠪ ᠰᠤᠶᠤᠯ ᠶᠢᠠᠨ ᠳᠡᠭᠡᠳᠦᠯᠡᠵᠤ ᠶᠠᠪᠣᠬᠤ  

ᠰᠤᠳᠤᠨᠮᠤᠩᠭ᠋ᠤᠯ ᠤᠨ ᠰᠢᠯᠢᠳᠡᠭ᠌ ᠦᠷᠠᠰ ᠡᠭ᠍ᠡᠨᠡᠭ᠍ᠳᠡ ᠭᠦᠮᠦᠵᠢᠭ᠍ᠰᠡᠭᠡᠷ ᠁


ᠰᠤᠷᠤᠭᠴᠢ ᠭᠦᠮᠤᠨ ᠤ ᠰᠤᠷᠢᠶ᠎ᠠ ᠶᠡᠭᠡᠳᠡᠢ ᠠᠮᠢᠳᠤᠷᠠᠯ  

ᠰᠦ᠋ ᠲᠡᠶ ᠳᠦᠷᠦᠭᠡᠨ ᠳᠤ ᠢᠷᠦᠭᠡᠯ ᠲᠡᠶ ᠮᠤᠷᠳᠠᠭᠤᠯᠳᠠᠭ  

ᠰᠤᠷᠭᠠᠭᠤᠯᠢ ᠶᠢᠨ ᠭᠦᠷᠢᠶᠡᠨ ᠳᠤ ᠯᠠ ᠪᠠᠢ᠌ᠳᠠᠭ ᠰᠢᠭ  

ᠰᠤᠷᠤᠯᠴᠠᠯᠭ᠎ᠠ ᠶᠢᠨ ᠳᠤᠬᠠᠢ ᠰᠤᠳᠤᠯᠵᠤ  

ᠰᠤᠷᠤᠯᠭ᠎ᠠ ᠶᠢᠨ ᠲᠦᠯᠦᠭᠡᠨ᠎ᠡ ᠴᠢᠷᠮᠠᠢ᠌ᠬᠤ  

ᠬᠠᠮᠤᠭ ᠢ ᠪᠦᠳᠦᠭᠡᠭᠦ ᠮᠡᠷᠭᠡᠨ ᠣᠬᠠᠭᠠᠨ  

ᠬᠠᠳᠠᠨ ᠴᠠᠭᠢᠷᠠᠭ ᠪᠠᠶ᠎ᠠ ᠮᠠᠬᠠᠪᠣᠤᠨ  

ᠬᠠᠯᠠᠭᠤᠨ ᠨᠢᠭᠦᠯᠡᠰᠦᠩᠭᠦᠢ ᠰᠡᠳᠭᠢᠯ  

ᠬᠠᠠᠳᠤᠯᠭ᠎ᠠ ᠡᠷᠭᠢᠮ ᠰᠤᠷᠳᠠᠯ  

ᠬᠠᠨᠠᠭᠠᠷ ᠪᠠᠭᠳᠠᠭᠠᠮᠵᠢᠳᠤ ᠴᠡᠭᠡᠵᠢ  

ᠬᠠᠢ᠌ᠷ᠎ᠠ ᠦᠨᠡᠠᠴᠢ ᠨᠥᠭᠦᠷᠯᠡᠯ  

ᠬᠠᠮᠤᠭ ᠪᠦᠭᠦᠨ ᠢ ᠮᠢᠯᠢᠶᠠᠬᠤ  

ᠬᠤᠤᠰ ᠦᠭᠡᠶ ᠳᠤᠷᠭᠠᠨ ᠵᠢᠯᠤᠭᠤ  

ᠰᠤᠳᠤᠯᠤᠰᠢ ᠦᠭᠡᠶ ᠪᠠᠷᠭᠡ  

ᠨᠢᠭᠤᠴᠠᠭᠠᠢ ᠭᠡᠷᠡᠭ᠌ ᠢ ᠴᠤ  

ᠰᠤᠳᠤᠯᠤᠭᠰᠠᠭᠠᠷ ᠶᠢᠡᠨ ᠪᠠᠢ᠌ᠵᠤ  

ᠠᠮᠵᠢᠯᠳᠠ ᠳᠤ ᠭᠦᠷᠳᠡᠭ᠌᠂   

ᠳᠠᠢ᠌ᠯᠤᠰᠢ ᠦᠭᠡᠶ ᠪᠠᠭᠡ  

ᠮᠥᠩᠭᠡ ᠶᠢᠨ ᠣᠨᠢᠰᠤᠭ᠎ᠠ ᠶᠢ ᠴᠤ  

ᠳᠠᠭᠠᠭᠠᠭᠰᠠᠭᠠᠷ ᠶᠢᠡᠨ ᠪᠠᠢ᠌ᠵᠤ  

ᠬᠦᠩᠭᠡᠨ ᠶᠢᠡᠷ ᠰᠢᠦᠡᠪᠦᠷᠢᠯᠡᠳᠡᠭ᠌᠂   

ᠰᠤᠯᠤᠩᠭ᠎ᠠ ᠰᠢᠭ ᠰᠠᠢ᠌ᠬᠠᠨ  

ᠢᠳᠡᠭᠡᠯ ᠡᠪᠦᠷᠯᠡᠭ᠍ᠰᠡᠨ  

ᠰᠤᠷᠤᠭᠴᠢ ᠠᠮᠢᠳᠤᠷᠠᠯ ᠳᠤ ᠯᠠ  

ᠪᠠᠢ᠌ᠳᠠᠭ ᠣᠴᠢᠷ ᠲᠡᠶ   

ᠬᠠᠪᠰᠤᠷᠤᠯᠴᠠᠬᠤ ᠶᠢᠨ ᠰᠠᠢ᠌ᠬᠠᠨ ᠳ᠋ᠤ  

ᠬᠠᠮᠳᠤᠪᠠᠷ ᠳᠠᠪᠰᠢᠬᠤ ᠵᠤᠷᠢᠭ︕   

ᠬᠠᠯᠠᠮᠵᠢᠯᠠᠯ ᠤᠨ ᠭᠦᠴᠤᠨ ᠳ᠋ᠤ  

ᠬᠠᠮᠳᠤ ᠳᠠᠭᠠᠨ ᠳᠡᠮᠡᠤᠯᠡᠭᠦ ᠭᠦᠰᠡᠯᠡᠩ︕   

ᠬᠠᠢ᠌ᠷᠬᠠᠨ ᠪᠠᠶ᠎ᠠ ᠶᠢᠨ ᠮᠢᠨᠢ ᠭᠠᠭᠴᠠ ᠳᠦᠰᠢᠭ᠌  

ᠰᠤᠷᠤᠯᠴᠠᠯᠭ᠎ᠠ ᠭᠢᠭᠡᠳ  

ᠬᠠᠮᠤᠭ ᠨᠠᠢ᠌ᠵᠠᠰ ᠤᠨ ᠮᠢᠨᠢ ᠢᠳᠡᠭᠡᠯ ᠤᠨ ᠵᠢᠯᠤᠭᠤ  

ᠴᠢᠷᠮᠠᠢ᠌ᠯᠠᠭ᠎ᠠ ᠳᠤ ᠯᠠ ᠪᠠᠢ᠌ᠳᠠᠭ ᠰᠠᠨ   

ᠴᠢᠷᠮᠠᠢ᠌ᠨ ᠰᠤᠷᠤᠯᠴᠠᠶ᠎ᠠ᠂ ᠴᠢᠷᠮᠠᠢ᠌ᠨ ᠰᠤᠷᠤᠯᠴᠠᠶ᠎ᠠ  

ᠴᠠᠭ ᠢ ᠠᠮᠵᠢᠨ ᠴᠢᠷᠮᠠᠢ᠌ᠨ ᠰᠤᠷᠤᠯᠴᠠᠶ᠎ᠠ︕   

ᠴᠡᠴᠡᠭ᠌ ᠰᠢᠭ᠌ ᠨᠠᠰᠤ ᠪᠠᠨ ᠡᠷᠭᠢᠮᠯᠡᠵᠤ ᠴᠢᠷᠮᠠᠢ᠌ᠨ ᠰᠤᠷᠤᠯᠴᠠᠶ᠎ᠠ︕   

ᠴᠢᠷᠮᠠᠢ᠌ᠨ ᠰᠤᠷᠤᠯᠴᠠᠶ᠎ᠠ᠂ ᠴᠢᠷᠮᠠᠢ᠌ᠨ ᠰᠤᠷᠤᠯᠴᠠᠶ᠎ᠠ  

ᠴᠢᠩᠭ᠎ᠠ ᠬᠠᠳᠠᠨ ᠵᠤᠷᠢᠭ ᠢ ᠪᠠᠷᠢᠨ ᠴᠢᠷᠮᠠᠢ᠌ᠨ ᠰᠤᠷᠤᠯᠴᠠᠶ᠎ᠠ︕   

ᠴᠠᠭᠯᠠᠰᠢ ᠦᠭᠡᠶ ᠭᠦᠰᠡᠯᠡᠩ ᠶᠢᠨ ᠶᠢᠡᠨ ᠲᠦᠯᠦᠭᠡ ᠴᠢᠷᠮᠠᠢ᠌ᠨ ᠰᠤᠷᠤᠯᠴᠠᠶ᠎ᠠ︕   

  

  

          2010 ᠣᠨ ᠤ10 ᠰᠠᠷ᠎ᠠ ᠵᠢᠨ12 ᠊ᠤ ᠡᠳᠦᠷ   

              ᠪᠣᠷᠤᠬᠤᠳᠠᠨ᠎ᠠ   


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠦᠨᠳᠦᠰᠦᠳᠠᠨ ᠤ ᠳᠡᠭᠡᠳᠤ ᠰᠤᠷᠭᠠᠭᠤᠯᠢ ᠶᠢᠨ ᠰᠤᠨᠢᠨ ᠮᠡᠳᠡᠭᠡᠨ ᠤ ᠰᠠᠯᠪᠣᠷᠢ ᠵᠢᠨ2009 ᠣᠨ ᠤ ᠰᠤᠷᠪᠣᠯᠵᠢᠯᠭ᠎ᠠ᠂ ᠨᠠᠢ᠌ᠷᠠᠭᠤᠯᠭ᠎ᠠ ᠶᠢᠨ ᠨᠢᠭᠡᠳᠦᠭᠡᠷ ᠠᠩᠭᠢ

ᠵᠤᠬᠢᠶᠠᠭᠴᠢ᠄ ᠬᠦᠷᠡᠯ‍ᠤ᠋ᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1625
ᠴᠠᠭ᠄ 2011 ᠤᠨ ᠤ 01 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ