ᠨᠤᠬᠠᠢ

ᠳᠡᠭ᠍ᠷᠢ ᠶᠢᠨ ᠡᠯᠴᠢ ᠳᠤᠪᠣᠷᠴᠠᠭ ᠤᠨ ᠪᠦᠳᠦᠷᠢᠯ ᠳ᠋ᠤ

ᠭᠦᠨᠡᠰᠤ ᠪᠠᠨ ᠰᠤᠯᠢᠭᠰᠠᠨ ᠳᠤᠮᠤᠭ

ᠳᠡᠭ᠍ᠷᠢᠯᠢᠭ᠌ ᠮᠤᠩᠭ᠋ᠤᠯ ᠳᠠᠮᠤᠵᠢᠨ ᠵᠤᠷᠢᠭ

ᠠᠩᠴᠢ ᠠᠮᠢᠳᠤᠷᠠᠯ ᠤᠨ ᠳᠦᠰᠢᠭ᠌

ᠴᠢᠨ᠋ᠸ᠎ᠠ ᠶᠢᠨ ᠬᠤᠪᠢᠯᠪᠣᠷᠢ ᠭᠦᠮᠤᠨ ᠤ ᠣᠬᠠᠭᠠᠨ

ᠬᠠᠳᠠᠭᠤ ᠠᠮᠢᠳᠤᠷᠠᠯ ᠤᠨ ᠨᠤᠮᠤᠬᠠᠷᠠᠯ

ᠰᠢᠳᠤᠷᠭᠤ ᠶᠢᠨ ᠲᠦᠯᠦᠭᠡ ᠴᠢᠭᠢ ᠪᠠᠨ ᠠᠪᠣᠭᠤᠯᠵᠤ

ᠡᠵᠡᠨ ᠳᠤ ᠪᠠᠨ ᠡᠷᠭᠦᠭ᠍ᠰᠡᠨ ᠳᠠᠩᠭ᠋ᠠᠷᠢᠭ

ᠢᠳᠡᠭᠡᠯ ᠤᠨ ᠰᠠᠢ᠌ᠬᠠᠨ ᠳᠤ ᠡᠵᠡᠨ ᠶᠢᠡᠨ ᠭᠡᠨᠡᠳᠡᠭᠦᠯᠵᠤ

ᠬᠤᠭᠤᠰᠤᠨ ᠰᠠᠭᠤᠯᠭᠠᠭᠰᠠᠨ ᠶᠦᠮᠦᠷᠯᠢᠭ᠌

ᠪᠢᠯᠳᠠᠤᠴᠢ ᠭᠦᠮᠤᠨ ᠤ ᠶᠠᠪᠣᠳᠠᠯ

ᠪᠠᠭᠠᠳᠤᠷ ᠭᠦᠮᠤᠨ ᠤ ᠵᠠᠭᠤᠳᠠᠯ

ᠭᠤᠵᠤᠭᠤᠷ ᠴᠢᠯᠠᠭᠤᠨ ᠳᠤ ᠠᠳᠠ ᠲᠡᠶ

ᠭᠣᠢ᠌ᠪᠠᠮᠳᠠᠭᠠᠢ ᠭᠦᠮᠤᠨ ᠳᠤ ᠰᠠᠷᠠᠮᠵᠢᠳᠠᠢ

ᠬᠤᠳᠠ ᠪᠠᠨ ᠰᠠᠭᠢᠬᠤ

ᠮᠠᠯᠴᠢᠨ ᠠᠮᠢᠳᠤᠷᠠᠯ ᠤᠨ ᠵᠠᠶᠠᠭ᠎ᠠ

ᠬᠤᠯᠠᠭᠠᠢ᠌ᠴᠢ ᠭᠦᠮᠤᠨ ᠤ

ᠪᠣᠳᠤᠯ ᠤᠨ ᠬᠠᠷ᠎ᠠ ᠡᠭᠦᠯᠡ

ᠵᠢᠳᠭᠦᠯ ᠭᠦᠴᠤ ᠶᠢᠨ ᠶᠠᠷᠤ ᠶᠢᠨ ᠨᠢᠭᠡ ᠨᠠᠷᠠᠢ᠌ᠳᠤᠯ

ᠵᠢᠳᠭᠦᠭ᠍ᠰᠡᠨ ᠭᠠᠪᠢᠶᠠᠨ ᠳ᠋ᠤ

ᠣᠯᠭᠤᠳᠠᠭ ᠨᠢᠭᠡ ᠴᠤᠯᠠ

ᠭᠣᠢ᠌ᠷᠠᠠᠴᠢ ᠶᠢᠨ ᠠᠶᠤᠯ

ᠪᠠᠶᠠᠴᠤᠳ ᠤᠨ ᠴᠡᠩᠭᠡᠯ

ᠳᠤᠯᠢᠶᠠᠬᠤ ᠶᠢᠨ ᠭᠡᠮ

ᠳᠤᠭᠳᠤᠷᠠᠬᠤ ᠶᠢᠨ ᠪᠢᠷ᠎ᠠ


ᠵᠤᠬᠢᠶᠠᠭᠴᠢ ᠶᠢᠨ ᠬᠠ‍‌ᠶᠢᠭ ᠄ ᠨᠢ᠋ᠮᠠᠨ ᠬᠤᠰᠢᠭᠤ

ᠵᠤᠬᠢᠶᠠᠭᠴᠢ᠄ ᠭᠦᠳᠡᠭᠡ
ᠬᠠᠷᠢᠶ᠎ᠠ᠄ ᠰᠢᠯᠦᠭ
ᠳᠠᠷᠤᠮ᠄ 1727
ᠴᠠᠭ᠄ 2011 ᠤᠨ ᠤ 06 ᠰᠠᠷ᠎ᠠ ᠶᠢᠨ 02