ᠰᠢᠯᠦᠭ᠌ ᠠᠮᠢᠯᠠᠨ᠎ᠠ

ᠠᠽᠢᠶ᠎ᠠ ᠧᠦ᠋ᠷᠦᠫᠡ ᠶᠢ ᠳᠤᠩᠰᠤᠯᠭᠠᠨ    

ᠬᠤᠶᠠᠷ ᠵᠢᠭᠠᠯ ᠢᠠᠴᠠᠭᠠᠬᠤ ᠰᠢᠭ    

ᠨᠠᠢ᠌ᠷ ᠡᠷᠭᠦᠭ᠍ᠰᠡᠨ ᠨᠤᠳᠤᠭ ᠭᠦᠭ᠍ᠵᠢᠶᠡᠨ ᠠᠮᠢᠯᠠᠨ᠎ᠠ    

ᠨᠠᠷᠭᠢᠶᠠᠨ ᠪᠣᠯᠤᠭᠰᠠᠨ ᠭᠠᠵᠠᠷ ᠢᠨᠢᠶᠠᠳᠤ ᠠᠮᠢᠯᠠᠨ᠎ᠠ    

    

ᠸᠠᠩ ᠤᠨ ᠨᠢᠳᠤ ᠶᠢ ᠵᠢᠷᠮᠢᠢᠯᠭᠡᠨ    

ᠮᠠᠠᠵᠤ ᠶᠢᠨ ᠦᠬᠢᠨ ᠪᠦᠵᠢᠭᠯᠡᠭᠦ ᠰᠢᠭ᠌    

ᠴᠠᠯ ᠵᠠᠯᠠᠭᠤ ᠶᠢᠨ ᠠᠭᠠᠭ ᠳᠤᠷᠠᠯᠠᠯ ᠠᠮᠢᠯᠠᠨ᠎ᠠ    

ᠴᠠᠭᠠᠰᠤ ᠥᠵᠦᠭ᠌ ᠤᠨ ᠵᠠᠢ ᠰᠢᠯᠦᠭ᠌ ᠠᠮᠢᠯᠠᠨ᠎ᠠ    

  

ᠠᠭᠤᠯᠠ ᠣᠰᠤ ᠶᠢ ᠳᠠᠢ᠌ᠪᠠᠭᠤᠯᠤᠨ    

ᠦᠨᠦᠴᠢᠨ ᠪᠣᠳᠤᠭᠤ ᠪᠣᠢ᠌ᠯᠠᠬᠤ ᠰᠢᠭ    

ᠴᠠᠢ᠌ᠳᠠᠮ ᠪᠦᠷᠢᠳᠤ ᠨᠤᠯ ᠨᠤᠭᠤᠭᠠᠷᠠᠵᠤ ᠠᠮᠢᠯᠠᠨ᠎ᠠ    

ᠴᠠᠪᠠᠷ ᠠᠷᠢᠭᠤᠨ ᠳᠤᠩᠭ᠋ᠠᠯᠠᠭ ᠠᠭᠠᠷ ᠠᠮᠢᠯᠠᠨ᠎ᠠ    

    

ᠨᠤᠳᠤᠭ ᠤᠨ ᠡᠯᠢᠭᠡ ᠶᠢ ᠥᠡᠳᠡᠢ᠌ᠯᠭᠡᠨ    

ᠭᠠᠳᠠ ᠮᠠᠢ᠌ᠷᠠᠨ ᠣᠷᠠᠢ᠌ᠯᠠᠬᠤ ᠰᠢᠭ    

ᠨᠤᠭᠤᠭ᠎ᠠ ᠬᠠᠵᠠᠯᠠᠭᠰᠠᠨ ᠬᠤᠨᠢᠳ ᠳᠠᠷᠭᠤ ᠠᠮᠢᠯᠠᠨ᠎ᠠ    

ᠨᠣᠢ᠌ᠷ ᠬᠤᠯᠵᠠᠭᠰᠠᠨ ᠰᠦᠨᠢ ᠰᠢᠯᠦᠭ᠌ ᠠᠮᠢᠯᠠᠨ᠎ᠠ    

    

    

ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠦᠨᠳᠦᠰᠦᠳᠠᠨ ᠤ ᠳᠡᠭᠡᠳᠤ ᠰᠤᠷᠭᠠᠭᠤᠯᠢ

ᠵᠤᠬᠢᠶᠠᠭᠴᠢ᠄ ᠬᠦᠷᠡᠯ‍ᠤ᠋ᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1485
ᠴᠠᠭ᠄ 2011 ᠤᠨ ᠤ 09 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁