ᠳᠤᠯᠠᠭᠠᠨ ᠪᠠᠭᠤᠴᠠ

ᠬᠠᠨᠢ ᠶᠢᠨ ᠪᠠᠷᠢᠯᠳᠤᠯ ᠶᠢᠡᠷ ᠪᠠᠷᠠᠭᠠᠳᠠᠨ ᠳᠦᠰᠢᠯᠴᠡᠭ᠍ᠰᠡᠨ

ᠬᠠᠩᠭ᠋ᠠᠢ ᠭᠤᠪᠢ ᠰᠢᠯᠢ ᠳᠤᠯᠤᠭᠠᠤᠨ ᠮᠢᠨᠢ

ᠬᠠᠢ᠌ᠷ᠎ᠠ ᠶᠢᠨ ᠵᠢᠷᠤᠮ ᠶᠢᠡᠷ ᠨᠠᠭᠠᠳᠴᠤ ᠥᠰᠦᠭ᠍ᠰᠡᠨ

ᠬᠠᠩᠬᠠᠯ ᠳᠠᠩᠭᠢᠯ ᠨᠠᠢ᠌ᠵᠠ ᠨᠥᠭᠦᠤᠨ ᠮᠢᠨᠢ


ᠰᠦᠷ ᠶᠢᠡᠨ ᠭᠠᠢ᠌ᠬᠠᠭᠤᠯᠤᠶ᠎ᠠ ᠭᠡᠵᠤ ᠪᠣᠰᠤᠭ᠎ᠠ ᠪᠠᠢ᠌ᠳᠠᠭ

ᠰᠦᠷᠯᠢᠭ᠌ ᠦᠨᠳᠦᠷ ᠠᠭᠤᠯᠠ ᠬᠠᠢ᠌ᠷᠬᠠᠤᠨ ᠮᠢᠨᠢ

ᠰᠥᠵᠢᠭ᠌ ᠶᠢᠡᠨ ᠮᠡᠳᠡᠭᠦᠯᠦᠶ᠎ᠡ ᠭᠡᠵᠤ ᠳᠦᠪᠯᠡᠭᠦᠨ ᠪᠠᠢ᠌ᠳᠠᠭ

ᠰᠦᠷᠡᠭᠡᠢ ᠣᠮᠤᠭᠯᠠᠩ ᠪᠣᠭᠤᠷᠤᠯ ᠳᠤᠮᠤᠭᠠᠳᠠᠤᠨ ᠮᠢᠨᠢ


ᠳᠤᠩᠭ᠋ᠠᠯᠠᠭ ᠶᠢᠡᠨ ᠳᠤᠯᠢᠳᠠᠭᠤᠯᠤᠶ᠎ᠠ ᠭᠡᠮᠡᠨ ᠢᠵᠢᠯᠢᠰᠢᠭ᠍ᠰᠡᠨ

ᠳᠤᠨᠤᠮᠠᠯ ᠨᠠᠭᠤᠷ ᠪᠣᠯᠠᠭ ᠤᠳ ᠮᠢᠨᠢ

ᠳᠤᠭᠯᠠᠭᠠᠮ ᠶᠢᠡᠨ ᠬᠤᠪᠢᠶᠠᠯᠴᠠᠶ᠎ᠠ ᠭᠡᠮᠡᠨ ᠥᠶᠡᠷᠭᠡᠭ᠍ᠰᠡᠨ

ᠳᠤᠷᠨᠢᠭᠤᠨ ᠥᠰᠭᠦ ᠬᠡᠦᠬᠡᠳ ᠳᠡᠭᠦᠦᠨᠡᠷ ᠮᠢᠨᠢ


ᠣᠨ ᠣᠨ ᠤ ᠣᠯᠠᠷᠢᠯᠳᠠ ᠳ᠋ᠤ

ᠣᠠᠴᠠᠯᠢᠭ ᠵᠢᠠᠨ ᠬᠠᠳᠠᠭᠠᠯᠠᠭᠰᠠᠨ ᠨᠤᠳᠤᠭ ᠮᠢᠨᠢ

ᠣᠷᠤᠨ ᠵᠠᠢ ᠶᠢᠨ ᠶᠢᠠᠨ ᠴᠢᠯᠦᠭᠡᠵᠢᠯᠡᠯ ᠳ᠋ᠤ

ᠣᠷᠤᠭ᠎ᠠ ᠪᠣᠰᠬᠠᠭ᠎ᠠ ᠪᠣᠯ ᠳᠠᠮᠠᠭᠠᠯᠠᠭᠰᠠᠨ ᠳᠡᠦᠭᠡ ᠮᠢᠨᠢ

ᠡᠩ ᠦᠭᠡᠶ ᠬᠠᠢ᠌ᠷ᠎ᠠ ᠶᠢᠨ ᠰᠢᠪᠠᠨᠡᠭᠡ ᠰᠢᠩᠭᠡᠭ᠍ᠰᠡᠨ

ᠡᠩᠭᠡ ᠳᠠᠢ᠌ᠪᠣᠩ ᠳᠤᠯᠠᠭᠠᠨ ᠪᠠᠭᠤᠴᠠ ᠮᠢᠨᠢ

ᠠᠵᠠ ᠵᠢᠷᠭᠠᠯ ᠤᠨ ᠣᠷᠢᠶ᠎ᠠ ᠴᠤᠤᠷᠢᠶᠠᠳᠠᠭᠤᠯᠤᠭᠰᠠᠨ

ᠠᠰᠢᠳᠠ ᠶᠢᠨ ᠣᠳᠤᠨ ᠮᠤᠩᠭ᠋ᠤᠯ ᠲᠦᠮᠡᠨ ᠮᠢᠨᠢ


ᠵᠤᠬᠢᠶᠠᠭᠴᠢ ᠶᠢᠨ ᠬᠠ‍‌ᠶᠢᠭ ᠄ ᠪᠠᠷᠠᠭᠤᠨ ᠰᠦᠨᠢᠳ ᠬᠤᠰᠢᠭᠤ

ᠵᠤᠬᠢᠶᠠᠭᠴᠢ᠄ ᠮᠢ᠊·ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1253
ᠴᠠᠭ᠄ 2010 ᠤᠨ ᠤ 11 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁