ᠪᠢ ᠠᠩᠭᠢ ᠶᠢᠨ ᠠᠵᠢᠯ ᠶᠢᠡᠨ ᠶᠠᠭᠠᠭᠢᠵᠤ ᠭᠢᠭ᠍ᠰᠡᠨ ᠪᠣᠢ
᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠠᠩᠭᠢ ᠶᠢᠨ ᠡᠷᠭᠢᠯᠡᠭ᠍ᠴᠢ ᠶᠢᠨ ᠳᠤᠷᠰᠢᠯᠭ᠎ᠠ ᠪᠠᠨ ᠰᠤᠯᠢᠯᠴᠠᠬᠤ ᠬᠤᠷᠠᠯ ᠳᠤ

ᠪᠢ ᠠᠩᠭᠢ ᠶᠢᠨ ᠡᠷᠭᠢᠯᠡᠭ᠍ᠴᠢ ᠶᠢᠨ ᠠᠵᠢᠯ ᠢ ᠭᠢᠭᠡᠳ ᠨᠢᠭᠡᠨᠲᠡ ᠪᠦᠭᠦᠯᠢ ᠬᠤᠷᠢᠨ ᠵᠢᠷᠭᠤᠭᠠᠨ ᠵᠢᠯ ᠤᠨ ᠨᠢᠭᠤᠷ ᠢ ᠦᠵᠡᠵᠤ ᠪᠠᠢ᠌ᠭ᠎ᠠ ᠪᠣᠯᠬᠤᠷ ᠠᠩᠭᠢ ᠡᠷᠭᠢᠯᠡᠭᠦ ᠳᠤᠷᠰᠢᠯᠭ᠎ᠠ ᠶᠢ ᠪᠠᠭ᠎ᠠ ᠪᠣᠰᠤ ᠬᠤᠷᠠᠮᠳᠤᠭᠤᠯᠤᠭᠰᠠᠨ ᠶᠤᠮ᠃ ᠭᠡᠪᠠᠴᠤ ᠡᠷᠳᠡᠮᠳᠡᠨ ᠪᠠᠭᠰᠢᠨᠠᠷ ᠲᠡᠶ ᠬᠠᠷᠢᠴᠠᠭᠤᠯᠪᠠᠯ ᠪᠠᠰᠠ ᠬᠤᠯᠠ ᠵᠦᠷᠢᠶ᠎ᠠ ᠲᠡᠶ ᠪᠠᠢ᠌ᠭ᠎ᠠ ᠶᠤᠮ᠃ ᠡ᠊ᠨᠳᠡ ᠪᠢ ᠦᠪᠡᠷ ᠤᠨ ᠦᠴᠦᠭᠡᠨ ᠳᠠᠳᠤᠢ ᠳᠤᠷᠰᠢᠯᠭ᠎ᠠ ᠰᠤᠷᠭᠠᠮᠵᠢ ᠪᠠᠨ ᠶᠠᠷᠢᠵᠤ ᠳᠠᠨᠠᠷ ᠤᠨ ᠶᠢᠡᠨ ᠭᠢᠨᠠᠨ ᠳᠤᠩᠭ᠋ᠠᠬᠤ ᠶᠢ ᠭᠦᠰᠡᠶ᠎ᠡ ︕

ᠪᠦᠭᠦᠢᠯᠡ ᠰᠤᠷᠭᠠᠭᠤᠯᠢ ᠶᠢᠨ ᠰᠤᠷᠭᠠᠨ ᠭᠦᠮᠦᠵᠢᠯ ᠳᠤ ᠠᠩᠭᠢ ᠵᠢᠨ ᠡᠷᠭᠢᠯᠡᠭ᠍ᠴᠢ ᠶᠢᠨ ᠠᠵᠢᠯ ᠪᠣᠯ ᠬᠠᠮᠤᠭ ᠴᠢᠬᠤᠯᠠ ᠪᠠᠢ᠌ᠷᠢ ᠶᠢ ᠡᠵᠡᠯᠡᠭᠦ ᠶᠤᠮ᠃ ᠳᠠᠷᠠ ᠨᠢ ᠰᠤᠷᠭᠠᠭᠤᠯᠢ ᠶᠢᠨ ᠰᠤᠷᠭᠠᠨ ᠭᠦᠮᠦᠵᠢᠯ ᠤᠨ ᠬᠠᠮᠤᠭ ᠤᠨ ᠦᠨᠳᠦᠰᠦᠨ ᠨᠢᠭᠡᠴᠡ ᠮᠦᠨ᠃ ᠮᠦᠨ ᠴᠤ ᠪᠠᠭᠰᠢ ᠰᠤᠷᠤᠭᠴᠢᠳ ᠤᠨ ᠡᠯ᠎ᠡ ᠵᠣᠢ᠌ᠯ ᠤᠨ ᠭᠦᠳᠡᠯᠭᠡᠭᠡᠨ ᠢ ᠦᠷᠨᠢᠭᠦᠯᠭᠦ ᠬᠠᠮᠤᠭ ᠦᠨᠳᠦᠰᠦᠨ ᠵᠤᠬᠢᠶᠠᠨ ᠪᠠᠢ᠌ᠭᠤᠯᠤᠯᠳᠠ ᠶᠢᠨ ᠭᠡᠯᠪᠠᠷᠢ ᠮᠦᠨ᠃ ᠠᠩᠭᠢ ᠶᠢᠨ ᠡᠷᠭᠢᠯᠡᠭ᠍ᠴᠢ ᠨᠢ ᠠᠩᠭᠢ ᠨᠢᠭᠡᠴᠡ ᠶᠢᠨ ᠶᠢᠡᠨ ᠵᠤᠬᠢᠶᠠᠨ ᠪᠠᠢ᠌ᠭᠤᠯᠤᠭᠴᠢ᠂ ᠣᠳᠤᠷᠢᠳᠤᠨ ᠳᠠᠭᠠᠭᠤᠯᠤᠭᠴᠢ ᠪᠣᠯᠬᠤ ᠪᠠᠷ ᠪᠠᠷᠠᠬᠤ ᠦᠭᠡᠶ ᠰᠤᠷᠭᠠᠭᠤᠯᠢ᠂ ᠨᠡᠢ᠌ᠭᠡᠮ᠂ ᠭᠡᠷ ᠪᠦᠯᠢ ᠶᠢᠨ ᠳᠤᠮᠳᠠ ᠰᠢᠭᠤᠳ ᠵᠠᠭᠤᠴᠢᠯᠠᠭᠤᠷ ᠤᠨ ᠣᠢ᠌ᠯᠠᠳᠤᠯ ᠲᠡᠶ ᠶᠤᠮ᠃ ᠨᠢᠭᠡ ᠠᠩᠭᠢ ᠶᠢᠨ ᠰᠤᠷᠤᠭᠴᠢᠳ ᠤᠨ ᠶᠡᠷᠦᠩᠭᠡᠢ ᠭᠡᠪ ᠴᠢᠨᠠᠷ ᠤᠨ ᠰᠠᠢ᠌ᠨ ᠮᠠᠭᠤ ᠨᠢ ᠠᠩᠭᠢ ᠶᠢᠨ ᠡᠷᠭᠢᠯᠡᠭ᠍ᠴᠢ ᠶᠢᠨ ᠦᠪᠡᠷ ᠤᠨ ᠪᠠᠶ᠎ᠠ ᠶᠢᠨ ᠭᠡᠪ ᠴᠢᠨᠠᠷ ᠤᠨ ᠪᠣᠳᠠᠳᠤ ᠪᠠᠢ᠌ᠳᠠᠯ ᠳᠤ ᠰᠢᠭᠤᠳ ᠬᠤᠯᠪᠣᠭᠳᠠᠨ᠎ᠠ᠃ ᠡᠢ᠌ᠮᠤ ᠡᠴᠡ ᠠᠩᠭᠢ ᠶᠢᠨ ᠡᠷᠭᠢᠯᠡᠭ᠍ᠴᠢ ᠶᠢᠨ ᠠᠵᠢᠯ ᠤᠨ ᠡᠭᠦᠷᠭᠡ ᠭᠦᠡᠳᠤ᠂ ᠬᠠᠷᠢᠭᠤᠴᠠᠯᠭ᠎ᠠ ᠴᠢᠬᠤᠯᠠ᠂ ᠪᠠᠭᠰᠢ ᠳᠤ ᠳᠤᠩ ᠶᠡᠭᠡ ᠮᠡᠳᠡᠯᠭᠡ ᠴᠢᠳᠠᠪᠣᠷᠢ ᠱᠠᠭᠠᠷᠳᠠᠭᠳᠠᠬᠤ ᠪᠦᠭᠡᠳ ᠠᠵᠢᠯᠯᠠᠬᠤ ᠠᠷᠭ᠎ᠠ ᠰᠠᠮᠪᠠᠭ᠎ᠠ ᠴᠤ ᠱᠠᠭᠠᠷᠳᠠᠭᠳᠠᠨ᠎ᠠ᠃ ᠣᠴᠢᠷ ᠨᠢ ᠪᠠᠭ᠎ᠠ ᠨᠠᠰᠤᠨ ᠤ ᠬᠡᠦᠬᠡᠳ ᠤᠨ ᠣᠠᠴᠠᠯᠢᠭ ᠡᠴᠡ ᠦᠵᠡᠪᠠᠯ ᠭᠦᠮᠤᠨ ᠢ ᠳᠠᠭᠤᠷᠢᠶᠠᠬᠤ ᠴᠢᠨᠠᠷ ᠮᠠᠰᠢ ᠶᠡᠭᠡ ᠪᠠᠢ᠌ᠳᠠᠭ ᠳᠤᠯᠠ ᠪᠠᠭᠰᠢ ᠪᠣᠯ ᠳᠤᠰ ᠪᠠᠶ᠎ᠠ ᠪᠠᠷ ᠶᠢᠡᠨ ᠰᠤᠷᠤᠭᠴᠢ ᠶᠢᠨ ᠳᠠᠭᠤᠷᠢᠶᠠᠯ ᠪᠠᠶ᠎ᠠ ᠮᠦᠨ᠃ ᠡᠢ᠌ᠮᠤ ᠡᠴᠡ ᠪᠠᠭᠰᠢ ᠠᠯᠢᠪᠠ ᠥᠭᠡ ᠶᠠᠷᠢᠶ᠎ᠠ᠂ ᠣᠢ᠌ᠯᠠ ᠠᠵᠢᠯᠯᠠᠭ᠎ᠠ᠂ ᠡᠮᠦᠰᠴᠤ ᠵᠡᠭᠦᠭᠦ᠂ ᠵᠠᠩ ᠳᠠᠳᠬᠠᠯ ᠶᠢᠡᠨ ᠪᠦᠷ ᠰᠢᠯᠢᠳᠡᠭ᠌ ᠪᠠᠷᠢᠮᠵᠢᠶ᠎ᠠ ᠪᠠᠷ ᠱᠠᠭᠠᠷᠳᠠᠵᠤ ᠪᠠᠢ᠌ᠬᠤ ᠭᠡᠷᠡᠭ᠍ᠳᠡᠢ᠃

ᠨᠢᠭᠡ᠂ 《ᠬᠠᠢ᠌ᠷ᠎ᠠ》 ᠪᠣᠯ ᠠᠩᠭᠢ ᠶᠢᠨ ᠠᠵᠢᠯ ᠤᠨ ᠠᠮᠢᠨ ᠰᠦᠨᠠᠰᠤ ᠮᠦᠨ

ᠠᠩᠭᠢ ᠶᠢᠨ ᠡᠷᠭᠢᠯᠡᠭ᠍ᠴᠢ ᠶᠢᠨ ᠠᠵᠢᠯ ᠤᠨ ᠣᠷᠤᠭᠰᠢᠳᠠᠢ ᠶᠠᠪᠣᠭᠳᠠᠬᠤ ᠶᠢᠨ ᠣᠷᠢᠳᠠᠴᠢ ᠨᠥᠭᠦᠴᠡᠯ ᠪᠣᠯ ᠳᠡᠷᠦᠢ ᠬᠡᠦᠬᠡᠳ ᠲᠤ ᠭᠦᠷᠳᠡᠭᠡᠭᠦ ᠬᠠᠢ᠌ᠷ᠎ᠠ ᠪᠣᠯᠤᠨ᠎ᠠ᠃ ᠪᠢᠳᠠᠨ ᠳᠤ ᠰᠤᠷᠤᠭᠴᠢ ᠪᠠᠨ ᠭᠦᠮᠤᠨ ᠪᠣᠯᠭᠠᠶ᠎ᠠ ᠭᠡᠭᠦ ᠣᠷᠭᠢᠯᠤᠮ᠎ᠠ ᠬᠠᠯᠠᠭᠤᠨ ᠬᠠᠢ᠌ᠷ᠎ᠠ ᠶᠢᠨ ᠰᠡᠳᠭᠢᠯ ᠪᠠᠢ᠌ᠮᠠᠠᠵᠢᠨ ᠰᠠ‍‌ᠶᠢ ᠮᠠᠨ ᠤ ᠠᠵᠢᠯ ᠰᠤᠷᠳᠠᠯ ᠴᠠᠪᠠᠷᠰᠢᠵᠤ᠂ ᠠᠵᠢᠯ ᠤᠨ ᠡᠷᠴᠢᠮ ᠴᠢᠩᠭ᠋ᠠᠷᠠᠨ᠂ ᠢᠳᠠᠪᠭᠢ ᠪᠣᠢ ᠪᠣᠯᠵᠤ ᠪᠦᠭᠦᠢᠯᠡ ᠠᠵᠢᠯ ᠤᠨ ᠶᠠᠪᠣᠴᠠ ᠲᠦᠯᠭᠢᠴᠠ ᠭᠦᠴᠤᠨ ᠲᠡᠶ ᠪᠣᠯᠳᠠᠭ᠃ ᠦᠨᠡᠨᠳᠡᠭᠡᠨ ᠠᠩᠭᠢ ᠶᠢᠨ ᠡᠷᠭᠢᠯᠡᠭ᠍ᠴᠢ ᠶᠢᠨ ᠬᠠᠢ᠌ᠷ᠎ᠠ ᠪᠣᠯ ᠠᠪᠣ ᠡᠵᠢ ᠶᠢᠨ ᠬᠠᠢ᠌ᠷ᠎ᠠ ᠲᠡᠶ ᠠᠳᠠᠯᠢ ᠦᠭᠡᠶ ᠴᠢᠨᠠᠷ ᠤᠨ ᠢᠯᠭᠠᠯ ᠲᠡᠶ ᠪᠠᠢ᠌ᠪᠠᠯ ᠳᠠᠭᠠᠷᠠᠨ᠎ᠠ᠃ ᠣᠯᠠᠩᠭᠢ ᠠᠪᠣ ᠡᠵᠢ ᠶᠢᠨ ᠬᠠᠢ᠌ᠷ᠎ᠠ ᠪᠣᠯ ᠦᠰᠭᠡᠵᠤ ᠪᠣᠢ᠌ᠵᠢᠭᠤᠯᠬᠤ ᠶᠢᠨ ᠳ᠋ᠠᠩ ᠴᠤᠯᠭᠤᠢ ᠬᠠᠢ᠌ᠷ᠎ᠠ ᠪᠠᠢ᠌ᠬᠤ ᠳᠤ ᠠᠩᠭᠢ ᠶᠢᠨ ᠡᠷᠭᠢᠯᠡᠭ᠍ᠴᠢ ᠶᠢᠨ ᠬᠠᠢ᠌ᠷ᠎ᠠ ᠪᠣᠯ ᠰᠤᠷᠤᠭᠴᠢ ᠶᠢᠨ ᠶᠢᠡᠨ ᠦᠰᠴᠤ ᠪᠣᠢ᠌ᠵᠢᠬᠤ ᠡᠴᠡ ᠰᠤᠷᠴᠤ ᠭᠦᠮᠦᠵᠢᠭᠦ ᠶᠢ ᠬᠠᠮᠤᠷᠠᠭᠰᠠᠨ ᠪᠠᠢ᠌ᠳᠠᠭ᠃ ᠳᠠᠷᠤᠢ ᠬᠠᠢ᠌ᠷ᠎ᠠ ᠶᠢᠨ ᠳᠤᠳᠤᠷ᠎ᠠ ᠬᠠᠯᠠ ᠠᠬᠤᠯᠠᠭᠳᠠᠵᠤ᠂ ᠬᠠᠯᠠ ᠶᠢᠨ ᠳᠠᠯᠳᠠ ᠬᠠᠢ᠌ᠷ᠎ᠠ ᠨᠢᠭᠤᠭᠳᠠᠵᠤ ᠪᠠᠢ᠌ᠬᠤ 《ᠡᠭᠡ ᠶᠢᠨ ᠬᠠᠢ᠌ᠷ᠎ᠡ᠂ ᠡᠴᠢᠭᠡ ᠶᠢᠨ ᠬᠠᠯᠠ》 ᠬᠤᠤᠰᠯᠠᠭᠤᠯᠤᠭᠰᠠᠨ ᠵᠢᠩᠭᠢᠨᠢ ᠬᠠᠢ᠌ᠷ᠎ᠠ ᠪᠠᠢ᠌ᠵᠤ ᠳᠠᠭᠠᠷᠠᠨ᠎ᠠ᠃ 《ᠬᠠᠯᠠᠳᠠᠢ ᠪᠠᠭᠰᠢ ᠡᠴᠡ ᠨᠤᠮ ᠲᠡᠶ ᠱᠠᠪᠢ》 ᠭᠡᠭᠦ ᠥᠭᠡ ᠪᠣᠯ ᠡᠷᠳᠡᠨ ᠤ ᠡᠪᠦᠭᠡ ᠳᠡᠭᠡᠳᠦᠰ ᠤᠨ ᠬᠡᠦᠬᠡᠳ ᠠᠴᠢᠨᠠᠷ ᠶᠢᠡᠨ ᠰᠤᠷᠭᠠᠵᠤ ᠭᠦᠮᠦᠵᠢᠭᠦᠯᠭᠦ ᠶᠢᠨ ᠳᠤᠷᠰᠢᠯᠭ᠎ᠠ ᠪᠠᠨ ᠬᠤᠷᠠᠮᠳᠤᠭᠤᠯᠵᠤ ᠴᠤᠭᠯᠠᠭᠤᠯᠤᠭᠰᠠᠨ ᠤ ᠳ᠋ᠦ᠋ᠩᠨᠡᠯᠲᠡ ᠮᠦᠨ᠃ ᠪᠠᠭᠰᠢ ᠪᠣᠯᠤᠭᠰᠠᠤᠨ ᠡᠷᠭᠡᠪᠰᠢ 《ᠭᠦᠮᠤᠨ ᠶᠢᠡᠷ ᠦᠨᠳᠦᠰᠦ ᠪᠣᠯᠭᠠᠬᠤ》 ᠵᠠᠷᠴᠢᠮ ᠢ ᠴᠢᠩᠭ᠋᠎ᠠ ᠪᠠᠷᠢᠮᠳᠠᠯᠠᠨ᠂ ᠪᠦᠭᠦ ᠠᠩᠭᠢ ᠶᠢᠨ ᠰᠤᠷᠤᠭᠴᠢ ᠪᠠᠨ ᠠᠳᠠᠯᠢ ᠳᠡᠭ᠍ᠰᠢ ᠪᠠᠷ ᠥᠵᠡᠭᠦ ᠪᠦᠭᠡᠳ ᠰᠤᠷᠤᠯᠭ᠎ᠠ ᠮᠤᠷᠠᠯ ᠳᠤᠷᠤᠢ᠂ ᠥᠩᠭᠡ ᠵᠢᠰᠤ ᠪᠠᠶ᠎ᠠ ᠭᠠᠳᠠᠷ ᠪᠠᠷᠤᠭᠳᠠᠢ ᠡᠢ᠌ᠮᠦᠷᠭᠦ ᠰᠤᠷᠤᠭᠴᠢ ᠪᠠᠭᠰᠢ ᠶᠢᠨ ᠬᠠᠢ᠌ᠷ᠎ᠠ ᠶᠢ ᠨᠠᠩ ᠢᠯᠡᠭᠦᠤ ᠱᠠᠭᠠᠷᠳᠠᠨ᠎ᠠ ᠭᠡᠳᠡᠭ᠌ ᠢ ᠣᠮᠳᠤᠭᠠᠢ᠌ᠯᠠᠵᠤ ᠪᠣᠯᠬᠤ ᠦᠭᠡᠶ᠃ ᠳᠠᠳᠠᠨ ᠳᠤ ᠬᠠᠢ᠌ᠷ᠎ᠠ ᠭᠦᠷᠳᠡᠭᠡᠭᠦ ᠪᠣᠳᠠᠳᠤ ᠠᠵᠢᠯᠯᠠᠭᠠᠨ ᠶᠢᠡᠷ ᠪᠠᠶ᠎ᠠ ᠶᠢᠨ ᠢᠳᠡᠭᠡᠯ ᠵᠤᠷᠢᠭ ᠶᠢ ᠨᠢ ᠡᠷᠴᠢᠯᠡᠭᠦᠯᠵᠤ᠂ ᠦᠪᠡᠷ ᠤᠨ ᠳᠤᠷᠠᠰᠢᠯ ᠡᠴᠡ ᠪᠠᠨ ᠰᠤᠷᠤᠯᠴᠠᠬᠤ ᠣᠬᠠᠮᠰᠠᠷᠠᠬᠤ ᠳᠤ ᠭᠦᠷᠭᠡᠭᠦ ᠪᠣᠯᠤᠨ᠎ᠠ᠃

ᠬᠤᠶᠠᠷ᠂ 《ᠭᠢᠯᠠᠰ ᠴᠡᠭ᠌》 ᠊ᠢ ᠠᠳᠬᠤᠬᠤ ᠨᠢ ᠪᠠᠰᠠ ᠴᠢᠬᠤᠯᠠ

ᠭᠦᠮᠤᠨ ᠤ ᠨᠠᠢ᠌ᠳᠠ ᠶᠢᠨ ᠴᠢᠨᠠᠷ ᠡᠴᠡ ᠦᠵᠡᠪᠠᠯ ᠶᠡᠭᠡ ᠭᠦᠮᠤᠨ᠂ ᠪᠠᠭ᠎ᠠ ᠭᠦᠮᠤᠨ ᠭᠡᠰᠡᠨ ᠦᠭᠡᠶ ᠪᠦᠷ ᠮᠠᠭᠳᠠᠭᠠᠯ ᠥᠭᠡ ᠰᠤᠨᠤᠰᠬᠤ ᠳᠤᠷᠠᠳᠠᠢ᠂ ᠪᠣᠷᠤᠭᠤᠰᠢᠶᠠᠬᠤ ᠥᠭᠡᠨ ᠳᠤ ᠳᠤᠷ᠎ᠠ ᠦᠭᠡᠶ ᠪᠠᠢ᠌ᠳᠠᠭ᠃ ᠡᠭᠦᠨ ᠳᠤ ᠬᠡᠦᠬᠡᠳ ᠢ ᠨᠠᠩ ᠶᠠᠭᠤᠨ ᠥᠭᠦᠯᠡᠨ᠎ᠡ ︕ ᠮᠠᠨ ᠤ ᠮᠤᠩᠭ᠋ᠤᠯ ᠤᠨ ᠪᠢᠯᠢᠭ᠌ ᠥᠭᠡᠨ ᠳᠤ 《ᠳᠤᠯᠤᠭᠠᠢ ᠰᠢᠭᠢᠷ᠎ᠠ ᠲᠡᠶ ᠪᠠᠨ ᠳᠤᠭᠤᠭ᠎ᠠ ᠳᠦᠭᠦᠷᠦᠨ᠎ᠡ》 ᠭᠡᠳᠡᠭ᠌᠃ ᠨᠢᠭᠡ ᠠᠩᠭᠢ ᠰᠤᠷᠤᠭᠴᠢ ᠰᠠ‍‌ᠶᠢ ᠪᠦᠷᠢᠯᠳᠦᠭᠦ ᠳᠤ ᠪᠠᠨ ᠶᠠᠩᠵᠤ ᠶᠠᠩᠵᠤ ᠶᠢᠨ ᠭᠦᠮᠤᠨ ᠪᠠᠢ᠌ᠵᠤ ᠳᠠᠭᠠᠷᠠᠨ᠎ᠠ᠃ ᠶᠠᠮᠠᠷ ᠠᠯᠢᠶ᠎ᠠ ᠬᠡᠦᠬᠡᠳ ᠴᠤ ᠭᠡᠰᠡᠨ ᠢᠳᠠᠪᠭᠢ ᠳᠠᠯ᠎ᠠ ᠨᠢ ᠨᠠᠵᠠᠭᠠᠢ ᠳᠠᠯ᠎ᠠ ᠡᠴᠡ ᠪᠠᠨ ᠳᠡᠢ᠌ᠯᠦᠩᠭᠡᠢ ᠪᠠᠢ᠌ᠬᠤ ᠶᠤᠰᠤᠳᠠᠢ᠃ ᠡᠢ᠌ᠮᠤ ᠡᠴᠡ ᠳᠠᠪᠠᠭᠤᠯᠢᠭ ᠵᠣᠢ᠌ᠯ ᠢ ᠨᠢ ᠢᠯᠡᠭᠦᠭᠡᠨ ᠳᠤᠷᠠᠳᠴᠤ ᠭᠦᠷᠦᠯᠴᠡᠭᠦ ᠦᠭᠡᠶ ᠳᠠᠯ᠎ᠠ ᠶᠢ ᠨᠢ ᠨᠥᠭᠦᠪᠦᠷᠢᠯᠡᠨ᠎ᠡ᠃ ᠳᠠᠷᠤᠢ 《ᠡᠨᠡ ᠣᠳᠠᠭ᠎ᠠ ᠴᠢ ᠰᠠᠢ᠌ᠨ ᠭᠢᠵᠠᠢ᠃ ᠭᠡᠷᠪᠡ ᠳᠠᠷᠠ ᠨᠢᠭᠡ ᠳᠤᠳᠠᠭᠳᠠᠯ ᠶᠢᠡᠨ ᠬᠠᠯᠠᠪᠠᠯ ᠨᠠᠩ ᠰᠠᠢ᠌ᠨ ᠪᠣᠯᠤᠨ᠎ᠠ》 ᠭᠡᠪᠠᠯ ᠨᠠᠩ ᠰᠠᠢ᠌ᠨ ᠪᠣᠯᠬᠤ ᠶᠢ ᠭᠦᠰᠡᠭᠦ ᠦᠭᠡᠶ ᠬᠡᠦᠬᠡᠳ ᠭᠡᠵᠤ ᠪᠠᠢ᠌ᠬᠤ ᠦᠭᠡᠶ᠃ ᠳᠠᠷᠠ ᠯᠠᠪᠳᠠᠢ ᠠᠩᠬᠠᠷᠤᠯ ᠳᠤ ᠪᠠᠨ ᠠᠪᠴᠤ ᠴᠢᠷᠮᠠᠢ᠌ᠬᠤ ᠶᠤᠮ᠃ ᠳᠡᠭᠦᠨ ᠤ 《ᠭᠢᠯᠠᠰ ᠴᠡᠭ᠌》 ᠨᠢ ᠭᠡᠳᠥᠢᠪᠠᠷ ᠳᠤᠩ ᠶᠠᠯᠢᠮ ᠦᠭᠡᠶ ᠦᠴᠦᠭᠡᠨ ᠭᠡᠷᠡᠭ᠌ ᠪᠣᠯᠪᠠᠴᠤ ᠭᠤᠯᠤᠯ ᠦᠭᠡᠶ ᠠᠳᠬᠤᠨ ᠠᠪᠴᠤ ᠰᠤᠷᠭᠠᠵᠤ ᠭᠦᠮᠦᠵᠢᠭᠦᠯᠭᠦ ᠵᠠᠪᠰᠢᠶᠠᠨ ᠪᠣᠯᠭᠠᠬᠤ ᠭᠡᠷᠡᠭ᠍ᠳᠡᠢ᠃ ᠳᠠᠩᠳᠠ ᠠᠭᠤᠷᠯᠠᠵᠤ ᠰᠢᠭᠦᠮᠵᠢᠯᠡᠭᠦ ᠶᠢ ᠯᠠ ᠮᠡᠳᠡᠭᠡᠳ ᠰᠠᠢ᠌ᠨ ᠲᠡᠶ ᠳᠠᠯ᠎ᠠ ᠶᠢ ᠣᠭᠳᠤᠬᠠᠨ ᠴᠤ ᠠᠩᠬᠠᠷᠬᠤ ᠦᠭᠡᠶ ᠪᠣᠯ ᠰᠤᠷᠤᠭᠴᠢ ᠴᠢᠨᠢ ᠴᠢᠮ᠎ᠠ ᠳᠤ ᠰᠠᠨᠠᠯ ᠲᠡᠶ ᠪᠣᠯᠵᠤ ᠴᠢᠨᠤ ᠰᠤᠷᠭᠠᠯ ᠢ ᠭᠦᠯᠢᠶᠡᠨ ᠠᠪᠬᠤ ᠨᠤᠷᠮ᠎ᠠ ᠨᠢ ᠮᠡᠳᠡᠭ᠍ᠳᠡᠭᠦᠢᠴᠡ ᠪᠠᠭᠤᠷᠠᠨ᠎ᠠ᠃

ᠭᠤᠷᠪᠠ᠂ ᠪᠠᠭᠰᠢ ᠠᠬᠠᠮᠠᠤᠨ ᠤᠨ ᠬᠠᠷᠢᠴᠠᠭ᠎ᠠ ᠳᠤᠩ ᠭᠡᠷᠡᠭ᠍ᠳᠡᠢ

ᠬᠡᠦᠬᠡᠳ ᠪᠣᠯ ᠪᠠᠭᠰᠢ ᠪᠠ ᠭᠡᠷ ᠤᠨ ᠠᠬᠠᠮᠠᠤᠨ ᠤᠨ ᠬᠠᠷᠢᠯᠴᠠᠭᠠᠨ ᠤ ᠬᠤᠯᠪᠣᠭᠠᠰᠤ ᠮᠦᠨ᠃ ᠪᠠᠭᠰᠢ ᠪᠠ ᠭᠡᠷ ᠤᠨ ᠠᠬᠠᠮᠠᠤᠨ ᠤᠨ ᠨᠡᠪᠳᠡᠷᠡᠯᠴᠡᠭᠡ ᠨᠢ ᠬᠡᠦᠬᠡᠳ ᠤᠨ ᠦᠰᠤᠨ ᠪᠣᠢ᠌ᠵᠢᠯᠳᠠ ᠪᠠ ᠪᠠᠭᠰᠢ ᠶᠢᠨ ᠠᠵᠢᠯ ᠤᠨ ᠦᠷ᠎ᠡ ᠪᠦᠳᠦᠮᠵᠢ ᠶᠢ ᠰᠢᠭᠤᠳ ᠨᠥᠯᠦᠭᠡᠯᠡᠵᠤ ᠪᠠᠢ᠌ᠳᠠᠭ᠃ ᠡᠢ᠌ᠮᠤ ᠡᠴᠡ ᠪᠠᠭᠰᠢ ᠠᠬᠠᠮᠠᠤᠨ ᠤᠨ ᠨᠡᠪᠳᠡᠷᠡᠯᠴᠡᠭᠡ ᠨᠢ ᠨᠢᠭᠡᠨ ᠠᠩᠭᠢ ᠶᠢᠨ ᠡᠷᠭᠢᠯᠡᠭ᠍ᠴᠢ ᠳᠤ ᠠᠪᠴᠤ ᠭᠡᠯᠡᠪᠠᠯ ᠵᠠᠪᠠᠯ ᠭᠦᠢᠴᠡᠳᠭᠡᠭᠦ ᠭᠡᠷᠡᠭ᠍ᠳᠡᠢ ᠠᠵᠢᠯ ᠪᠣᠯᠬᠤ ᠶᠤᠮ᠃ ᠭᠡᠷ ᠤᠨ ᠠᠬᠠᠮᠠᠤᠨ ᠢ ᠰᠤᠷᠪᠣᠯᠵᠢᠯᠠᠬᠤ ᠭᠡᠯᠪᠠᠷᠢ ᠣᠯᠠᠨ ᠶᠠᠩᠵᠤ ᠪᠠᠢ᠌ᠳᠠᠭ᠃ ᠳᠠᠷᠤᠢ ᠣᠳᠠᠰᠤ ᠠᠪᠬᠤ᠂ ᠵᠠᠭᠢᠳᠠᠯ ᠦᠭ‍ᠭᠦ᠂ ᠨᠢᠭᠤᠷᠳᠠᠨ ᠶᠠᠷᠢᠯᠴᠠᠬᠤ ᠵᠡᠷᠭᠡ ᠪᠦᠷ ᠪᠠᠢ᠌ᠵᠤ ᠪᠣᠯᠬᠤ ᠪᠦᠭᠡᠳ ᠬᠠᠮᠤᠭ ᠴᠢᠬᠤᠯᠠ ᠨᠢ ᠰᠤᠷᠪᠣᠯᠵᠢᠯᠠᠭ᠎ᠠ ᠶᠢᠨ ᠰᠠᠢ᠌ᠨ ᠦᠷ᠎ᠡ ᠪᠦᠳᠦᠮᠵᠢ ᠶᠢ ᠡᠷᠭᠡᠪᠰᠢ ᠪᠠᠳᠤᠯᠠᠬᠤ ᠭᠡᠷᠡᠭ᠍ᠳᠡᠢ᠃ ᠡᠭᠦᠨ ᠳᠤ ᠭᠡᠷ ᠤᠨ ᠠᠬᠠᠮᠠᠤᠨ ᠲᠡᠶ ᠬᠠᠷᠢᠴᠠᠬᠤ ᠳᠤ ᠨᠢᠭᠡᠨ ᠵᠣᠢ᠌ᠯ ᠤᠨ ᠣᠠᠴᠠᠭᠠᠢ ᠣᠷᠠᠯᠢᠭ ᠱᠠᠭᠠᠷᠳᠠᠭᠳᠠᠨ᠎ᠠ᠃ ᠣᠴᠢᠷ ᠨᠢ ᠣᠷᠠᠯᠢᠭ ᠭᠡᠳᠡᠭ᠌ ᠶᠠᠭᠤᠮ᠎ᠠ ᠶᠢᠨ ᠭᠦᠮᠤᠨ ᠢ ᠰᠡᠳᠭᠢᠯ ᠭᠦᠳᠡᠯᠭᠡᠭᠦᠯᠤᠨ ᠨᠥᠯᠦᠭᠡᠯᠡᠭᠦ ᠭᠦᠴᠤᠨ ᠶᠡᠭᠡ ᠪᠠᠢ᠌ᠵᠤ ᠠᠮᠠᠷᠬᠠᠨ ᠭᠦᠯᠢᠶᠡᠵᠤ ᠠᠪᠬᠤ ᠳᠤ ᠭᠦᠷᠭᠡᠨ᠎ᠡ᠃ ᠡᠭᠦᠨ ᠳᠤ ᠵᠤᠭᠢᠰᠳᠠᠢ ᠴᠠᠭ ᠲᠤᠬᠢᠶᠠᠯ᠂ ᠵᠤᠭᠢᠰᠳᠠᠢ ᠣᠷᠴᠢᠨ ᠳᠤᠭᠤᠷᠢᠨ᠂ ᠵᠤᠭᠢᠰᠳᠠᠢ ᠭᠡᠯᠡ ᠭᠡᠯᠡᠯᠭᠡ᠂ ᠵᠤᠭᠢᠰᠳᠠᠢ ᠣᠪᠣᠷ ᠰᠤᠷᠳᠠᠯ ᠵᠡᠷᠭᠡ ᠳᠠᠯ᠎ᠠ ᠶᠢ ᠪᠦᠷ ᠠᠩᠬᠠᠷᠬᠤ ᠭᠡᠷᠡᠭ᠍ᠳᠡᠢ᠃ ᠭᠡᠷ ᠤᠨ ᠠᠬᠠᠮᠠᠤᠨ ᠲᠡᠶ ᠬᠠᠷᠢᠴᠠᠬᠤ ᠣᠷᠠᠨ ᠮᠡᠷᠭᠡᠰᠢᠯ ᠪᠠᠢ᠌ᠬᠤ ᠦᠭᠡᠶ ᠪᠣᠯ ᠣᠴᠢᠷ ᠶᠠᠪᠣᠳᠠᠯ ᠢ ᠰᠢ᠌ᠤᠠᠪᠣᠷᠢᠯᠠᠵᠤ ᠳᠡᠢ᠌ᠯᠭᠦ ᠦᠭᠡᠶ ᠳᠡᠭᠡᠷ᠎ᠡ ᠪᠠᠨ ᠣᠷᠰᠢᠭ ᠳᠠᠳᠠᠬᠤ ᠶᠠᠪᠣᠳᠠᠯ ᠴᠤ ᠭᠠᠷᠴᠤ ᠮᠠᠳᠠᠨ᠎ᠠ᠃ ᠡᠢ᠌ᠮᠤ ᠡᠴᠡ ᠡᠩ ᠳᠡᠷᠢᠭᠦᠨ ᠳᠤ ᠬᠠᠢ᠌ᠷ᠎ᠠ ᠰᠡᠳᠬᠢᠯᠭᠡ ᠪᠠᠷ ᠭᠡᠷ ᠤᠨ ᠠᠬᠠᠮᠠᠤᠨ ᠤᠨ ᠢᠳᠡᠭᠡᠯ ᠢ ᠣᠯᠤᠨ᠎ᠠ᠃ ᠭᠦᠮᠤᠨ ᠡᠳ᠋ ᠭᠦᠷᠦᠩᠭᠡ᠂ ᠬᠠᠪᠰᠤᠷᠤᠯᠭ᠎ᠠ ᠳᠡᠮᠵᠢᠯᠭᠡ᠂ ᠬᠠᠢ᠌ᠷ᠎ᠠ ᠬᠠᠯᠠᠮᠵᠢᠯᠠᠯ ᠢ ᠣᠢ᠌ᠰᠢᠶᠠᠬᠤ ᠦᠭᠡᠶ ᠪᠠᠢ᠌ᠵᠤ ᠪᠣᠯᠤᠨ᠎ᠠ᠃ ᠭᠡᠪᠠᠴᠤ ᠶᠠᠮᠠᠷ ᠭᠦᠮᠤᠨ ᠴᠤ ᠵᠢᠩᠭᠢᠨᠢ ᠬᠠᠢ᠌ᠷ᠎ᠠ ᠰᠡᠳᠬᠢᠯᠭᠡ ᠶᠢᠨ ᠳᠤᠤᠷ᠎ᠠ ᠰᠡᠳᠭᠢᠯ ᠭᠦᠳᠡᠯᠭᠦ ᠦᠭᠡᠶ ᠪᠠᠢ᠌ᠬᠤ ᠶᠢᠨ ᠠᠷᠭ᠎ᠠ ᠦᠭᠡᠶ ᠶᠤᠮ᠃ ᠳᠠᠭᠢᠪᠠᠯ ᠪᠣᠳᠠᠳᠤ ᠠᠵᠢᠯᠠᠭ᠎ᠠ ᠪᠠᠷ ᠶᠢᠡᠨ ᠭᠡᠷ ᠤᠨ ᠠᠬᠠᠮᠠᠤᠨ ᠤᠨ ᠣᠢ᠌ᠯᠠᠭᠠᠯᠳᠠ ᠶᠢ ᠣᠯᠤᠨ᠎ᠠ᠃ ᠳᠤᠰ ᠰᠤᠷᠤᠭᠴᠢ ᠶᠢ ᠢᠯᠡᠭᠦᠭᠡᠨ ᠬᠠᠷᠠᠭᠠᠯᠵᠠᠵᠤ ᠬᠠᠮᠤᠭ ᠤᠢ᠌ᠷ᠎ᠡ ᠶᠠᠪᠣᠵᠤ ᠪᠠᠢ᠌ᠭᠰᠠᠨ ᠳᠤᠯᠠ ᠰᠤᠷᠤᠭᠴᠢ ᠴᠢᠨᠢ ᠴᠢᠮ᠎ᠠ ᠶᠢ ᠪᠠᠬᠠᠷᠬᠠᠨ᠎ᠠ᠃ ᠡᠨᠡ ᠪᠣᠯ ᠭᠡᠷ ᠤᠨ ᠠᠬᠠᠮᠠᠤᠨ ᠤᠨ ᠣᠢ᠌ᠯᠠᠭᠠᠯᠳᠠ ᠶᠢ ᠣᠯᠬᠤ ᠶᠢᠨ ᠰᠠᠭᠤᠷᠢ ᠮᠦᠨ᠃ ᠪᠠᠰᠠ ᠡᠷᠳᠡᠮ ᠴᠢᠳᠠᠪᠣᠷᠢ ᠪᠠᠷ ᠶᠢᠡᠨ ᠭᠡᠷ ᠤᠨ ᠠᠬᠠᠮᠠᠤᠨ ᠤᠨ ᠪᠢᠰᠢᠷᠠᠯ ᠢ ᠣᠯᠤᠨ᠎ᠠ᠃ ᠠᠩᠭᠢ ᠶᠢᠨ ᠡᠷᠭᠢᠯᠡᠭ᠍ᠴᠢ ᠭᠡᠪᠠᠯ ᠡᠷᠳᠡᠮ ᠮᠡᠳᠡᠯᠭᠡ ᠲᠡᠶ᠂ ᠣᠶᠤᠨ ᠴᠢᠳᠠᠪᠣᠷᠢ ᠲᠡᠶ᠂ ᠣᠬᠠᠭᠠᠨ ᠰᠠᠨᠠᠭ᠎ᠠ ᠲᠡᠶ ᠭᠦᠮᠤᠨ ᠪᠠᠢ᠌ᠬᠤ ᠭᠡᠷᠡᠭ᠍ᠳᠡᠢ᠃ ᠭᠡᠷ ᠤᠨ ᠠᠬᠠᠮᠠᠤᠨ ᠲᠤ ᠭᠤᠯᠤᠭᠳᠠᠭᠰᠠᠨ ᠪᠠᠢ᠌ᠪᠠᠯ ᠡᠨᠡ ᠰᠤᠷᠪᠣᠯᠵᠢᠯᠠᠭ᠎ᠠ ᠶᠢ ᠭᠢᠭᠦ ᠶᠢᠨ ᠠᠷᠭ᠎ᠠ ᠦᠭᠡᠶ ᠶᠤᠮ᠃ ᠡᠭᠦᠨ ᠡᠴᠡ ᠭᠠᠳᠠᠨ᠎ᠠ ᠭᠡᠷ ᠤᠨ ᠠᠬᠠᠮᠠᠤᠨ ᠲᠡᠶ ᠬᠠᠷᠢᠯᠴᠠᠬᠤ ᠳᠤ ᠪᠠᠨ ᠡᠷᠭᠡᠪᠰᠢ ᠡᠶᠡᠯᠳᠡᠭ᠌ ᠳᠤᠳᠤᠨᠤ ᠵᠠᠩ ᠠᠭᠠᠯᠢ᠂ ᠪᠣᠯᠪᠠᠰᠤᠨ ᠰᠠᠢ᠌ᠨ ᠣᠪᠣᠷ ᠰᠤᠷᠳᠠᠯ᠂ ᠣᠷᠤᠰᠤᠮ᠎ᠠ ᠰᠠᠢ᠌ᠬᠠᠨ ᠴᠠᠪᠠᠷ ᠳᠤᠳᠤ ᠭᠡᠯᠡ ᠭᠡᠯᠡᠯᠭᠡ ᠪᠠᠷ ᠶᠢᠡᠨ ᠪᠠᠭᠰᠢ ᠠᠬᠠᠮᠠᠤᠨ ᠬᠤᠶᠠᠭᠤᠯᠠ ᠶᠢᠨ ᠪᠠᠢ᠌ᠷᠢ ᠰᠠᠭᠤᠷᠢ ᠪᠠᠨ ᠡᠷᠭᠡ ᠳᠡᠭ᠍ᠰᠢ ᠪᠣᠯᠭᠠᠪᠠᠯ ᠬᠠᠷᠢᠯᠴᠠᠭ᠎ᠠ ᠰᠠᠭᠠᠤᠨ ᠳᠤᠳᠬᠠᠷ ᠦᠭᠡᠶ ᠣᠷᠤᠭᠰᠢᠳᠠᠢ ᠰᠠᠢ᠌ᠨ ᠶᠠᠪᠣᠭᠳᠠᠵᠤ ᠴᠢᠳᠠᠨ᠎ᠠ᠃ ᠶᠠᠷᠢᠯᠴᠠᠭ᠎ᠠ ᠶᠢᠨ ᠳᠤᠮᠳᠠ ᠭᠡᠷ ᠤᠨ ᠠᠬᠠᠮᠠᠤᠨ ᠤᠨ ᠬᠡᠦᠬᠡᠳ ᠤᠨ ᠶᠢᠡᠨ ᠰᠤᠷᠤᠯᠭ᠎ᠠ ᠭᠦᠮᠦᠵᠢᠯᠳᠡ ᠳᠤ ᠶᠡᠭᠡ ᠢᠳᠠᠪᠭᠢᠳᠠᠢ ᠪᠠᠢ᠌ᠭ᠎ᠠ ᠳᠠᠪᠠᠭᠤᠯᠢᠭ ᠳᠠᠯ᠎ᠠ ᠶᠢ ᠢᠯᠡᠭᠦᠭᠡᠨ ᠮᠠᠭᠳᠠᠵᠤ ᠰᠠᠢ᠌ᠰᠢᠶᠠᠵᠤ ᠪᠠᠢ᠌ᠬᠤ ᠴᠢᠬᠤᠯᠠᠳᠠᠢ᠃

ᠠᠩᠭᠢ ᠶᠢᠨ ᠠᠵᠢᠯ ᠪᠣᠯ ᠨᠢᠭᠡ ᠰᠠᠢ᠌ᠨ ᠪᠠᠭᠰᠢ ᠪᠣᠯᠤᠶ᠎ᠠ ᠭᠡᠵᠤ ᠴᠢᠷᠮᠠᠢ᠌ᠭ᠎ᠠ ᠭᠦᠮᠤᠨ ᠳᠤ ᠠᠪᠴᠤ ᠭᠡᠯᠡᠪᠠᠯ ᠡᠯ᠎ᠡ ᠵᠣᠢ᠌ᠯ ᠤᠨ ᠡᠷᠳᠡᠮ ᠣᠬᠠᠭᠠᠨ᠂ ᠮᠡᠳᠡᠯᠭᠡ ᠴᠢᠳᠠᠪᠣᠷᠢ ᠶᠢ ᠡᠵᠡᠮᠰᠢᠵᠤ ᠳᠠᠪᠳᠠᠭᠳᠠᠨ ᠪᠣᠯᠪᠠᠰᠤᠷᠠᠬᠤ ᠶᠢᠨ ᠨᠢᠭᠡᠨ ᠣᠯᠳᠠᠰᠢ ᠦᠭᠡᠶ ᠰᠠᠢ᠌ᠨ ᠳᠠᠯᠠᠪᠣᠷ ᠪᠣᠯᠬᠤ ᠶᠤᠮ᠃ ᠠᠩᠭᠢ ᠶᠢᠨ ᠠᠵᠢᠯ ᠢ ᠡᠷᠴᠢᠮ ᠲᠡᠶ ᠰᠠᠢ᠌ᠨ ᠭᠢᠭᠦ ᠪᠠᠷ ᠳᠠᠮᠵᠢᠨ ᠨᠢᠭᠡ ᠭᠦᠮᠤᠨ ᠤ ᠣᠬᠠᠭᠠᠨ ᠰᠠᠨᠠᠭ᠎ᠠ ᠦᠨᠳᠦᠷᠵᠢᠵᠤ᠂ ᠮᠡᠳᠡᠯᠭᠡ ᠴᠢᠳᠠᠪᠣᠷᠢ ᠳᠡᠭᠡᠭ᠍ᠰᠢᠯᠡᠨ᠂ ᠠᠷᠭ᠎ᠠ ᠰᠠᠮᠪᠠᠭ᠎ᠠ ᠳᠡᠭᠦᠯᠳᠡᠷᠵᠢᠨ᠂ ᠶᠠᠪᠣᠳᠠᠯ ᠣᠴᠢᠷ ᠲᠤ ᠬᠠᠠᠳᠤᠬᠤ ᠣᠪᠣᠷ ᠴᠤ ᠰᠠᠷᠠᠭᠤᠯᠵᠢᠨ᠎ᠠ᠃ ᠣᠳᠤᠬᠠᠨ ᠤ ᠭᠦᠮᠤᠨ ᠶᠢᠡᠷ ᠦᠨᠳᠦᠰᠦ ᠪᠣᠯᠭᠠᠨ ᠰᠤᠷᠭᠠᠨ ᠭᠦᠮᠦᠵᠢᠯ ᠭᠢᠭᠦ ᠠᠵᠢᠯᠯᠠᠭᠠᠨ ᠳᠤ ᠨᠠᠩ ᠵᠦᠪ ᠣᠨᠤᠪᠴᠢᠳᠠᠢ ᠰᠤᠷᠭᠠᠵᠤ ᠭᠦᠮᠦᠵᠢᠭᠦᠯᠭᠦ ᠠᠷᠭ᠎ᠠ ᠮᠡᠷᠭᠡᠵᠢᠯ ᠢ ᠡᠵᠡᠮᠰᠢᠨ ᠨᠢᠭᠡᠨ ᠰᠢᠯᠢᠳᠡᠭ᠌ ᠠᠩᠭᠢ ᠶᠢᠨ ᠡᠷᠭᠢᠯᠡᠭ᠍ᠴᠢ ᠪᠣᠯᠬᠤ ᠭᠡᠷᠡᠭ᠍ᠳᠡᠢ᠃


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠳᠠᠩᠨᠤᠳ ᠬᠠᠢ᠌ᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2068
ᠴᠠᠭ᠄ 2012 ᠤᠨ ᠤ 05 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ