ᠵᠢᠮᠢᠰ ᠢ ᠵᠦᠪ ᠰᠤᠩᠭ᠋ᠤᠨ ᠢᠳᠠᠪᠠᠯ ᠰᠦᠨᠢᠵᠢᠯᠠᠨ ᠠᠵᠢᠯᠯᠠᠬᠤ ᠡᠴᠡ ᠪᠣᠯᠤᠭᠰᠠᠨ ᠭᠡᠮᠳᠦᠯ ᠢ ᠪᠠᠭᠠᠰᠬᠠᠨ᠎ᠠ

《ᠨᠠᠷᠠᠨ ᠶᠢᠡᠷ ᠭᠠᠷᠴᠤ ᠠᠵᠢᠯᠯᠠᠨ᠂ ᠨᠠᠷᠠ ᠰᠢᠩᠭᠡᠭᠦ ᠳᠤ ᠠᠮᠠᠷᠠᠬᠤ》 ᠪᠣᠯ ᠭᠦᠮᠤᠨ ᠳᠦᠷᠤᠯᠭᠢᠳᠠᠨ ᠤ ᠣᠷᠴᠢᠨ ᠳᠤᠭᠤᠷᠢᠨ ᠳᠤ ᠵᠤᠭᠢᠴᠠᠭᠰᠠᠨ ᠦᠷ᠎ᠡ ᠳ᠋ᠦ᠋ᠩ ᠪᠣᠯᠬᠤ ᠶᠤᠮ᠃ ᠭᠡᠪᠠᠴᠤ ᠣᠳᠤᠬᠠᠨ ᠳᠤ᠂ ᠠᠵᠢᠯ ᠤᠨ ᠶᠠᠭᠠᠷᠠᠤ ᠪᠣᠶᠤ ᠵᠤᠭ᠎ᠠ ᠴᠡᠩᠭᠡᠯ ᠤᠨ ᠠᠵᠢᠯᠯᠠᠭ᠎ᠠ ᠶᠢᠨ ᠡᠯᠪᠠᠭ᠍ᠵᠢᠭᠦ ᠶᠢ ᠳᠠᠭᠠᠯᠳᠤᠨ᠂ ᠳᠤᠩ ᠣᠯᠠᠨ ᠭᠦᠮᠦᠰ ᠰᠦᠨᠢᠵᠢᠯᠠᠨ ᠠᠵᠢᠯᠯᠠᠬᠤ ᠪᠣᠶᠤ ᠵᠤᠭᠠᠯᠠᠬᠤ ᠳᠠᠳᠬᠠᠯ ᠲᠡᠶ ᠪᠣᠯᠵᠤ ᠪᠠᠢ᠌ᠨ᠎ᠠ᠃ ᠭᠦᠮᠤᠨ ᠤ ᠪᠠᠶ᠎ᠠ ᠶᠢᠨ ᠬᠠᠷ᠎ᠠ ᠪᠦᠭᠡᠷ᠎ᠡ ᠳᠡᠭᠡᠷᠡᠭᠢ ᠪᠣᠯᠴᠢᠷᠬᠠᠢ ᠶᠢᠨ ᠪᠣᠷᠤ ᠳᠠᠪᠬᠤᠷᠭ᠎ᠠ ᠶᠢᠨ ᠬᠤᠷᠮᠤᠨ ᠪᠠ ᠦᠰᠦᠯᠳᠠ ᠶᠢᠨ ᠬᠤᠷᠮᠤᠨ ᠨᠢ ᠪᠦᠷ ᠰᠦᠨᠢ ᠣᠠᠳᠠᠭᠰᠠᠨ ᠤ ᠳᠠᠷᠠᠭ᠎ᠠ ᠰᠠ‍‌ᠶᠢ ᠢᠯᠭᠠᠷᠠᠵᠤ᠂ ᠦᠷᠭᠦᠯᠵᠢ ᠰᠦᠨᠢᠵᠢᠯᠠᠨ ᠠᠵᠢᠯᠯᠠᠬᠤ ᠨᠢ ᠡᠷᠡᠭᠦᠯ ᠮᠠᠠᠳᠤ ᠶᠢ ᠬᠤᠭᠢᠷᠠᠭᠤᠯᠬᠤ ᠨᠢ ᠯᠠᠪᠳᠠᠢ ᠶᠤᠮ᠃ ᠵᠢᠮᠢᠰ ᠢ ᠵᠦᠪ ᠰᠤᠩᠭ᠋ᠤᠨ ᠢᠳᠠᠪᠠᠯ ᠰᠦᠨᠢᠵᠢᠯᠠᠨ ᠠᠵᠢᠯᠯᠠᠬᠤ ᠡᠴᠡ ᠪᠣᠯᠤᠭᠰᠠᠨ ᠭᠡᠮᠳᠦᠯ ᠢ ᠪᠠᠭᠠᠰᠬᠠᠨ᠎ᠠ᠃ ᠴᠢᠩᠭᠢᠪᠠᠯ᠂ ᠶᠠᠮᠠᠷ ᠠᠷᠭ᠎ᠠ ᠪᠠᠷ ᠰᠦᠨᠢᠵᠢᠯᠠᠨ ᠠᠵᠢᠯᠯᠠᠬᠤ ᠡᠴᠡ ᠪᠣᠯᠵᠤ ᠪᠠᠶ᠎ᠠ ᠮᠠᠬᠠᠪᠣᠤᠨ ᠢ ᠭᠡᠮᠳᠦᠭᠡᠭᠦ ᠶᠢ ᠨᠠᠮᠳᠠᠭᠤᠯᠵᠤ ᠳᠡᠢ᠌ᠯᠭᠦ ᠪᠣᠢ ︖ ᠭᠢᠳᠠᠤᠨ ᠡᠮᠨᠡᠯᠭᠡ ᠶᠢᠨ ᠥᠵᠡᠭᠦ ᠪᠠᠷ᠂ ᠵᠢᠮᠢᠰ ᠢ ᠵᠦᠪ ᠰᠤᠩᠭ᠋ᠤᠨ ᠢᠳᠠᠪᠠᠯ ᠪᠠᠶ᠎ᠠ ᠮᠠᠬᠠᠪᠣᠤᠨ ᠢ ᠵᠤᠭᠢᠴᠠᠭᠤᠯᠤᠨ᠂ ᠰᠦᠨᠢᠵᠢᠯᠠᠨ ᠠᠵᠢᠯᠯᠠᠭᠰᠠᠨ ᠡᠴᠡ ᠪᠣᠯᠤᠭᠠᠤᠨ ᠪᠠᠶ᠎ᠠ ᠮᠠᠬᠠᠪᠣᠤᠨ ᠢ ᠨᠥᠯᠦᠭᠡᠯᠡᠭᠦ ᠶᠢ ᠰᠡᠷᠭᠡᠢ᠌ᠯᠡᠨ᠎ᠡ᠃

ᠳᠤᠤᠷ᠎ᠠ ᠪᠢᠳᠠ ᠣᠯᠠᠨ ᠳᠤ ᠰᠦᠨᠢᠵᠢᠯᠠᠨ ᠠᠵᠢᠯᠯᠠᠬᠤ ᠦᠶᠡᠰ ᠢᠳᠡᠭᠦ ᠭᠡᠳᠤᠨ ᠵᠣᠢ᠌ᠯ ᠤᠨ ᠵᠢᠮᠢᠰ ᠢ ᠳᠠᠨᠢᠯᠴᠠᠭᠤᠯᠤᠶ᠎ᠠ᠃

ᠠᠯᠮᠤᠷᠠᠤᠨ᠄ ᠶᠠᠷᠤ ᠶᠢᠨ ᠥᠭᠡᠨ ᠳᠤ 《ᠡᠳᠤᠷ ᠪᠣᠯᠭᠠᠨ ᠠᠯᠮᠤᠷᠠᠤᠨ ᠢᠳᠠᠪᠠᠯ᠂ ᠡᠮᠴᠢ ᠨᠠᠳᠠ ᠡᠴᠡ ᠬᠤᠯᠠᠳᠠᠨ᠎ᠠ》 ᠭᠡᠵᠤ ᠭᠡᠯᠡᠳᠡᠭ᠌᠂ ᠠᠯᠮᠤᠷᠠᠤᠨ ᠪᠣᠯ ᠨᠢᠭᠡ ᠵᠣᠢ᠌ᠯ ᠤᠨ 《ᠪᠦᠭᠦ ᠳᠠᠯ᠎ᠠ ᠶᠢᠨ ᠡᠷᠡᠭᠦᠯ ᠡᠩᠭᠡ ᠳᠤ ᠳᠤᠰᠠᠳᠠᠢ ᠵᠢᠮᠢᠰ ᠪᠣᠯᠤᠨ᠎ᠠ》᠂ ᠳᠡᠭᠦᠨ ᠳᠤ ᠡᠯᠪᠠᠭ᠌ ᠳᠡᠯᠪᠠᠭ᠌ ᠣᠷᠭᠠᠨᠢᠭ ᠭᠦᠴᠢᠯ᠂ ᠵᠢᠮᠢᠰ ᠤᠨ ᠴᠠᠪᠠᠤ᠂ ᠸᠢᠲ᠋ᠠᠮᠢᠨ᠂ ᠡᠷᠦᠳᠡᠰᠤ᠂ ᠢᠳᠡᠭᠡᠨ ᠤ ᠰᠢᠷᠭᠡᠭᠯᠢᠭ᠌᠂ ᠦᠯᠡᠮᠵᠢ ᠹᠧᠨᠤᠯ ᠵᠢᠴᠢ ᠰᠢᠷ᠎ᠠ ᠺᠧᠲ᠋ᠤᠨ ᠤ ᠳᠦᠷᠤᠯ ᠤᠨ ᠰᠢᠮ᠎ᠠ ᠳᠡᠵᠢᠭᠡᠯ ᠤᠨ ᠡᠳ᠋ ᠢ ᠡᠯᠪᠠᠭ᠌ ᠠᠬᠤᠭᠤᠯᠵᠤ ᠪᠠᠢ᠌ᠭ᠎ᠠ ᠶᠤᠮ᠃ ᠰᠦᠨᠢᠵᠢᠯᠠᠨ ᠠᠵᠢᠯᠯᠠᠳᠠᠭ ᠭᠦᠮᠦᠰ ᠤᠨ ᠳᠤᠳᠤᠭᠠᠳᠤ ᠱᠥᠭᠦᠷᠡᠯᠡᠯ ᠨᠢ ᠵᠤᠭᠢᠴᠠᠯ ᠶᠢᠡᠨ ᠠᠯᠳᠠᠭᠰᠠᠨ ᠡᠴᠡ ᠪᠣᠯᠵᠤ ᠭᠢᠯᠪᠠᠷᠬᠠᠨ ᠬᠤᠷᠭᠤᠰᠤᠯᠠᠬᠤ᠂ ᠮᠠᠷᠢᠶᠠᠯᠠᠬᠤ ᠵᠡᠷᠭᠡ ᠢᠯᠠᠷᠠᠯ ᠭᠠᠷᠳᠠᠭ ᠪᠠᠢ᠌ᠨ᠎ᠠ᠃ ᠠᠯᠮᠤᠷᠠᠤᠨ ᠳᠤᠳᠤᠷᠠᠭᠢ ᠶᠡᠭᠡ ᠭᠡᠮᠵᠢᠶᠡᠨ ᠤ ᠸᠢᠲ᠋ᠠᠮᠢᠨ ᠪᠠ ᠠᠯᠮᠤᠷᠠᠤᠨ ᠤᠨ ᠭᠦᠴᠢᠯ ᠨᠢ ᠪᠠᠶ᠎ᠠ ᠳᠤ ᠬᠤᠷᠠᠮᠳᠤᠵᠤ ᠪᠠᠢ᠌ᠭ᠎ᠠ ᠥᠭᠡᠭᠦ ᠶᠢ ᠵᠠᠳᠠᠷᠠᠭᠤᠯᠵᠤ᠂ ᠮᠠᠷᠢᠶᠠᠯᠠᠬᠤ ᠶᠢ ᠵᠤᠭᠰᠤᠭᠠᠨ᠎ᠠ᠃ ᠳᠡᠭᠦᠨ ᠤ ᠡᠯᠪᠠᠭ᠌ ᠳᠡᠯᠪᠠᠭ᠌ ᠵᠢᠮᠢᠰ ᠤᠨ ᠴᠠᠪᠠᠤ ᠨᠢ ᠪᠠᠰᠠ ᠢᠯᠭᠠᠨ ᠭᠠᠷᠭᠠᠬᠤ ᠶᠢ ᠠᠭᠢᠭᠤᠯᠤᠨ᠂ ᠯᠤᠭᠰᠢᠭᠤᠨ ᠰᠤᠳᠠᠯ ᠤᠨ ᠳᠦᠭ᠍ᠵᠢᠷᠡᠯ ᠢ ᠰᠡᠷᠭᠡᠢ᠌ᠯᠡᠨ᠎ᠡ᠃

ᠪᠠᠨᠠᠨᠠ᠄ ᠪᠠᠨᠠᠨᠠ ᠪᠣᠯ ᠦᠨᠳᠦᠷ ᠺᠠᠯᠢ ᠶᠢᠨ ᠢᠳᠡᠭᠡᠨ ᠳᠤ ᠬᠠᠷᠢᠶᠠᠯᠠᠭᠳᠠᠵᠤ᠂ ᠳᠡᠭᠦᠨ ᠤ ᠮᠠᠭᠨᠢ ᠶᠢᠨ ᠠᠭᠤᠯᠤᠭᠳᠠᠴᠠ ᠴᠤ ᠳᠤᠩ ᠡᠯᠪᠠᠭ᠌ ᠶᠤᠮ᠃ ᠣᠳᠤ ᠦᠶ᠎ᠡ ᠶᠢᠨ ᠡᠮᠨᠡᠯᠭᠡ ᠶᠢᠨ ᠣᠬᠠᠭᠠᠨ ᠳᠤ ᠭᠡᠷᠡᠴᠢᠯᠡᠭ᠍ᠰᠡᠨ ᠶᠢᠡᠷ᠂ ᠺᠠᠯᠢ ᠨᠢ ᠴᠢᠰᠤᠨ ᠳᠠᠷᠤᠯᠳᠠ ᠪᠠ ᠵᠢᠷᠦᠭᠡᠨ ᠴᠤᠭᠢᠯᠭ᠎ᠠ ᠶᠢ ᠭᠡᠪ ᠤᠨ ᠪᠠᠢ᠌ᠳᠠᠯ ᠳᠤ ᠪᠠᠢ᠌ᠯᠭᠠᠵᠤ᠂ ᠴᠢᠰᠤᠨ ᠳᠠᠷᠤᠯᠳᠠ ᠥᠡᠳᠦᠷᠵᠢᠭᠦ ᠪᠠ ᠪᠣᠯᠴᠢᠩ ᠳᠠᠳᠠᠯᠳᠤᠬᠤ ᠶᠢ ᠰᠡᠷᠭᠡᠢ᠌ᠯᠡᠵᠤ᠂ ᠬᠠᠷᠢᠨ ᠮᠠᠭᠨᠢ ᠨᠢ ᠶᠠᠳᠠᠷᠠᠭ᠎ᠠ ᠶᠢ ᠳᠠᠢ᠌ᠯᠬᠤ ᠦᠷ᠎ᠡ ᠪᠦᠳᠦᠮᠵᠢ ᠲᠡᠶ ᠪᠠᠢ᠌ᠳᠠᠭ᠃ ᠡᠭᠦᠨ ᠡᠴᠡ ᠭᠠᠳᠠᠨ᠎ᠠ᠂ ᠪᠠᠨᠠᠨᠠ ᠶᠢᠨ ᠳᠤᠳᠤᠷᠠᠭᠢ ᠰᠢᠭᠢᠷ ᠨᠢ ᠳᠤᠩ ᠬᠤᠷᠳᠤᠨ ᠶᠢᠡᠷ ᠦᠵᠦᠮ ᠤᠨ ᠰᠢᠭᠢᠷ ᠪᠣᠯᠤᠨ ᠬᠤᠪᠢᠷᠠᠵᠤ᠂ ᠭᠦᠮᠤᠨ ᠤ ᠪᠠᠶ᠎ᠠ ᠳᠤ ᠳᠦᠷᠭᠡᠨ ᠰᠢᠮᠡᠳᠭᠡᠭ᠍ᠳᠡᠵᠤ᠂ ᠨᠢᠭᠡ ᠵᠣᠢ᠌ᠯ ᠤᠨ ᠳᠦᠷᠭᠡᠨ ᠴᠢᠳᠠᠪᠭᠢ ᠶᠢᠨ ᠢᠷᠠᠯᠳᠠ ᠪᠣᠯᠬᠤᠷ᠂ ᠰᠦᠨᠢᠵᠢᠯᠠᠨ ᠠᠵᠢᠯᠯᠠᠭᠰᠠᠨ ᠤ ᠳᠠᠷᠠᠭ᠎ᠠ ᠪᠠᠨᠠᠨᠠ ᠢᠳᠠᠪᠠᠯ ᠪᠠᠶ᠎ᠠ ᠶᠢᠨ ᠭᠦᠴᠤ ᠶᠢ ᠨᠥᠭᠦᠪᠦᠷᠢᠯᠡᠨ᠎ᠡ᠃

ᠦᠵᠦᠮ᠃ ᠦᠵᠦᠮ ᠤᠨ ᠰᠢᠮ᠎ᠠ ᠳᠡᠵᠢᠭᠡᠯ ᠨᠢ ᠲᠤᠢ᠌ᠯ ᠤᠨ ᠦᠨᠳᠦᠷ ᠪᠠᠢ᠌ᠵᠤ᠂ ᠳᠡᠭᠦᠨ ᠤ ᠳᠤᠳᠤᠷᠠᠭᠢ ᠦᠵᠦᠮ ᠤᠨ ᠰᠢᠭᠢᠷ ᠤᠨ ᠠᠭᠤᠯᠤᠭᠳᠠᠴᠠ ᠨᠢ 10% ᠊᠊᠊᠊᠊᠊᠊᠊᠊᠊᠊᠊᠊᠊᠊ 30% ᠪᠠᠢ᠌ᠵᠤ᠂ ᠪᠠᠰᠠ ᠣᠯᠠᠨ ᠵᠣᠢ᠌ᠯ ᠤᠨ ᠸᠢᠲ᠋ᠠᠮᠢᠨ ᠪᠠ ᠭᠦᠮᠤᠨ ᠤ ᠪᠠᠶ᠎ᠠ ᠳᠤ ᠭᠡᠷᠡᠭ᠍ᠴᠡᠭᠡ ᠲᠡᠶ ᠰᠢᠪᠳᠤᠷᠳᠤ ᠭᠦᠴᠢᠯ ᠡᠯᠪᠠᠭ᠌ ᠠᠬᠤᠭᠤᠯᠵᠤ᠂ ᠡᠯᠢᠭᠡ ᠶᠢ ᠬᠠᠮᠠᠭᠠᠯᠠᠬᠤ ᠣᠢ᠌ᠯᠠᠳᠤᠯ ᠨᠢ ᠲᠤᠢ᠌ᠯ ᠤᠨ ᠢᠯᠡᠷᠭᠡᠢ ᠪᠠᠢ᠌ᠳᠠᠭ᠃ ᠶᠡᠭᠡ ᠭᠡᠮᠵᠢᠶᠡᠨ ᠤ ᠵᠢᠮᠢᠰᠤᠨ ᠭᠦᠴᠢᠯ ᠨᠢ ᠰᠢᠩᠭᠡᠭᠡᠯᠳᠡ ᠳᠤ ᠳᠤᠰᠠᠳᠠᠢ ᠪᠠᠢ᠌ᠵᠤ᠂ ᠳᠤᠭᠢᠷᠠᠮᠵᠢᠳᠠᠢ ᠢᠳᠠᠪᠠᠯ ᠳᠡᠯᠢᠭᠦᠤ ᠪᠠ ᠬᠤᠳᠤᠭᠤᠳᠤ ᠶᠢ ᠴᠢᠭᠢᠷᠠᠭᠵᠢᠭᠤᠯᠤᠨ᠎ᠠ᠃ ᠡᠭᠦᠨ ᠡᠴᠡ ᠭᠠᠳᠠᠨ᠎ᠠ ᠦᠵᠦᠮ ᠳᠤ ᠡᠯᠪᠠᠭ᠌ ᠳᠡᠯᠪᠠᠭ᠌ ᠢᠰᠦᠯᠳᠦᠭᠦ ᠪᠣᠳᠠᠰ ᠪᠠᠢ᠌ᠵᠤ᠂ ᠥᠳᠡᠯᠭᠦ ᠶᠢ ᠣᠳᠠᠭᠠᠰᠢᠷᠠᠭᠤᠯᠵᠤ᠂ ᠰᠦᠨᠢᠵᠢᠯᠠᠨ ᠠᠵᠢᠯᠯᠠᠭᠰᠠᠤᠨ ᠲᠤ ᠲᠤᠢ᠌ᠯ ᠤᠨ ᠳᠤᠭᠢᠷᠠᠮᠵᠢᠳᠠᠢ ᠢᠳᠡᠭᠡᠨ ᠪᠣᠯᠬᠤ ᠪᠦᠭᠡᠳ ᠮᠠᠳᠠᠷᠠᠯ ᠮᠠᠭᠤᠳᠠᠬᠤ᠂ ᠶᠡᠭᠡ ᠶᠠᠳᠠᠷᠠᠬᠤ ᠶᠢ ᠨᠠᠮᠳᠠᠭᠤᠯᠬᠤ ᠳᠤ ᠲᠤᠢ᠌ᠯ ᠤᠨ ᠰᠠᠢ᠌ᠨ ᠦᠷ᠎ᠡ ᠪᠦᠳᠦᠮᠵᠢ ᠲᠡᠶ ᠪᠠᠢ᠌ᠳᠠᠭ ᠶᠤᠮ᠃

ᠭᠦᠴᠢᠳᠡᠢ ᠵᠦᠷᠵᠢ᠄ ᠭᠦᠴᠢᠳᠡᠢ ᠵᠦᠷᠵᠢ ᠳᠤ ᠡᠯᠪᠠᠭ᠌ ᠳᠡᠯᠪᠠᠭ᠌ ᠸᠢᠲ᠋ᠠᠮᠢᠨ C ᠠᠬᠤᠭᠤᠯᠵᠤ᠂ ᠸᠢᠲ᠋ᠠᠮᠢᠨ C ᠺᠤᠮᠫᠢᠦ᠋ᠲ᠋ᠧᠷ ᠤᠨ ᠰᠠᠴᠤᠷᠠᠯ ᠤᠨ ᠬᠤᠤᠷ᠎ᠠ ᠶᠢ ᠪᠠᠭᠠᠰᠬᠠᠨ᠂ ᠪᠣᠳᠤᠭᠳᠤ ᠡᠳ᠋ ᠤᠨ ᠮᠥᠭᠦᠯᠢᠭ᠌ ᠪᠦᠷᠢᠯᠳᠦᠭᠦ ᠶᠢ ᠭᠢᠵᠠᠭᠠᠷᠯᠠᠨ᠂ ᠠᠷᠠᠰᠤᠨ ᠤ ᠥᠩᠭᠡ ᠴᠠᠭᠠᠷᠠᠨ ᠭᠦᠯᠢᠭᠡᠷ ᠪᠣᠯᠤᠨ᠎ᠠ᠃ ᠰᠦᠨᠢᠵᠢᠯᠠᠨ ᠠᠵᠢᠯᠯᠠᠭᠴᠢᠳ ᠲᠤ ᠠᠪᠴᠤ ᠭᠡᠯᠡᠪᠠᠯ᠂ ᠡᠡᠮᠦᠰᠭᠢᠭᠦ ᠴᠠᠭ ᠨᠢ ᠣᠬᠤᠷ ᠡᠴᠡ ᠪᠣᠯᠵᠤ ᠬᠤᠷᠭᠤᠰᠤᠯᠠᠬᠤ ᠪᠣᠯᠭᠠᠵᠤ᠂ ᠭᠦᠴᠢᠳᠡᠢ ᠵᠦᠷᠵᠢ ᠶᠢᠨ ᠳᠤᠳᠤᠷᠠᠭᠢ ᠣᠠᠴᠠ ᠪᠠᠢ᠌ᠳᠠᠭ ᠰᠢᠷᠭᠡᠭᠯᠢᠭ᠌᠂ ᠵᠢᠮᠢᠰ ᠤᠨ ᠴᠠᠪᠠᠤ ᠵᠢᠴᠢ ᠠᠷᠠᠰᠤᠨ ᠤ ᠰᠢᠷᠭᠡᠭᠯᠢᠭ᠌ ᠡᠳ᠋ ᠵᠡᠷᠭᠡ ᠰᠢᠮ᠎ᠠ ᠳᠡᠵᠢᠭᠡᠯᠳᠤ ᠡᠳ᠋ ᠨᠢ ᠣᠮᠳᠠᠭᠠᠰᠬᠤ ᠶᠢ ᠨᠠᠮᠳᠠᠭᠠᠨ᠂ ᠬᠤᠳᠤᠭᠤᠳᠤ ᠶᠢ ᠰᠠᠢ᠌ᠵᠢᠷᠠᠭᠤᠯᠤᠨ ᠭᠡᠢ ᠶᠢ ᠳᠤᠷᠤᠭᠰᠢᠯᠠᠭᠤᠯᠬᠤ ᠣᠢ᠌ᠯᠠᠳᠤᠯ ᠲᠡᠶ ᠪᠠᠢ᠌ᠵᠤ᠂ ᠭᠡᠳᠡᠰᠤ ᠶᠢ ᠴᠡᠪᠠᠷᠰᠢᠭᠦᠯᠤᠨ ᠰᠠᠭᠤᠯᠭᠠᠬᠤ ᠶᠢ ᠰᠢᠯᠤᠭᠤᠳᠬᠠᠨ᠂ ᠪᠠᠶ᠎ᠠ ᠶᠢᠨ ᠳᠤᠳᠤᠷᠠᠭᠢ ᠬᠤᠤᠷᠳᠠᠢ ᠪᠣᠳᠠᠰ ᠢ ᠭᠠᠳᠠᠭᠰᠢᠯᠠᠭᠤᠯᠵᠤ᠂ ᠪᠠᠶ᠎ᠠ ᠶᠢᠨ ᠦᠯᠦ ᠬᠠᠯᠳᠠᠭᠠᠬᠤ ᠴᠢᠳᠠᠪᠣᠷᠢ ᠶᠢ ᠴᠢᠩᠭ᠋ᠠᠷᠠᠭᠤᠯᠵᠤ᠂ ᠪᠠᠰᠠ ᠴᠢᠰᠤᠨ ᠰᠤᠳᠠᠯ ᠤᠨ ᠬᠠᠷᠢᠮᠠᠬᠠᠢ ᠴᠢᠨᠠᠷ ᠢ ᠰᠠᠢ᠌ᠵᠢᠷᠠᠭᠤᠯᠤᠨ᠂ ᠰᠦᠰᠦᠨ ᠤ ᠭᠤᠨᠠᠨ ᠠᠯᠺᠦᠤᠯ ᠢ ᠭᠠᠳᠠᠭᠰᠢᠯᠠᠭᠤᠯᠵᠤ᠂ ᠨᠢᠭᠡᠨ ᠵᠣᠢ᠌ᠯ ᠤᠨ 《ᠡᠪᠡᠳᠴᠢᠨ ᠢ ᠵᠠᠰᠠᠬᠤ ᠰᠠᠢ᠌ᠨ ᠡᠮ》 ᠪᠣᠯᠤᠨ᠎ᠠ᠃


ᠵᠤᠬᠢᠶᠠᠭᠴᠢ ᠶᠢᠨ ᠬᠠ‍‌ᠶᠢᠭ ᠄ ᠧᠡᠩᠭᠢ ᠶᠢᠨ ᠳᠸᠯᠸᠢᠰ ᠬᠤᠷᠢᠶ᠎ᠠ

ᠵᠤᠬᠢᠶᠠᠭᠴᠢ᠄ ᠪᠣᠤ ᠢᠤᠢ ᠶ‍ᠢᠩ
ᠢᠷᠡᠯᠲᠡ᠄ ᠥᠭᠡᠯᠡᠳ·ᠵᠠᠮᠰᠠ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠡᠷᠡᠭᠦᠯ ᠡᠩᠬᠡ
ᠳᠠᠷᠤᠮ᠄ 4374
ᠴᠠᠭ᠄ 2011 ᠤᠨ ᠤ 11 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁