ᠥᠭᠡᠢ ᠪᠠ ᠪᠠᠷᠭᠡ

      ᠥᠭᠡᠢ ᠪᠠ ᠪᠠᠷᠭᠡ


ᠲ᠋ᠡᠭᠦᠰᠭᠦ ᠦᠭᠡᠶ ᠶᠠᠪᠣᠳᠠᠯ ᠭᠡᠵᠤ

ᠪᠠᠢ᠌ᠳᠠᠭ ᠦᠭᠡᠶ

ᠠᠷᠢᠯᠬᠤ ᠦᠭᠡᠶ ᠪᠣᠷᠤᠭᠠᠨ ᠭᠡᠵᠤ

ᠪᠠᠭᠤᠳᠠᠭ ᠦᠭᠡᠶ

ᠮᠥᠩᠭᠡᠷᠡᠭᠦ ᠭᠦᠮᠤᠨ ᠭᠡᠵᠤ

ᠳᠦᠷᠦᠳᠡᠭ᠌ ᠦᠭᠡᠶ

ᠮᠥᠰᠢᠶᠡᠭᠦ ᠦᠭᠡᠶ ᠬᠠᠢ᠌ᠷ᠎ᠠ ᠭᠡᠵᠤ

ᠲᠦᠯᠵᠢᠳᠡᠭ᠌ ᠦᠭᠡᠶ

ᠦᠨᠡᠠᠴᠢ ᠰᠢᠳᠤᠷᠭᠤ ᠪᠠᠷ ᠬᠣᠢ᠌ᠬᠤᠷ ᠬᠤᠯᠵᠢᠨ ᠢ

ᠳᠡᠢ᠌ᠯᠭᠦ ᠳᠤ ᠪᠠᠷᠭᠡ

ᠠᠷᠢᠭᠢ ᠳᠠᠮᠠᠭᠢ ᠪᠠᠷ ᠡᠨᠡ ᠪᠠᠶ᠎ᠠ ᠶᠢ

ᠵᠢᠷᠭᠠᠭᠤᠯᠬᠤ ᠳᠤ ᠪᠠᠷᠭᠡ

ᠦᠴᠦᠭᠡᠳᠦᠷ ᠭᠦᠶ‍ᠦᠭ᠍ᠰᠡᠨ ᠳᠠᠤᠯᠠᠢ ᠶᠢ

ᠦᠨᠦᠳᠤᠷ ᠤᠨ ᠴᠠᠰᠤᠨ ᠳᠤ ᠮᠦᠷᠳᠡᠭᠦ ᠳᠤ ᠪᠠᠷᠭᠡ

ᠥᠩᠭᠡᠷᠡᠵᠤ ᠭᠠᠷᠤᠭᠰᠠᠨ ᠠᠯᠳᠠᠭ᠎ᠠ ᠶᠢ

ᠡᠷᠭᠢᠭᠦᠯᠵᠤ ᠨᠥᠭᠦᠪᠦᠷᠢᠯᠡᠭᠦ ᠳᠤ ᠪᠠᠷᠭᠡ


       ᠨᠢᠳᠤ


ᠮᠤᠬᠤᠷ ᠭᠤᠳᠤᠮᠵᠢ ᠭᠦᠮᠤᠨ ᠢ

ᠨᠢᠭᠡ ᠯᠠ ᠣᠳᠠᠭ᠎ᠠ ᠬᠠᠰᠢᠨ᠎ᠠ

ᠮᠤᠬᠤᠷ ᠬᠠᠷᠠᠭ᠎ᠠ ᠭᠦᠮᠤᠨ ᠢ

ᠨᠢᠭᠡ ᠨᠠᠰᠤ ᠪᠠᠷ ᠨᠢ ᠬᠠᠰᠢᠨ᠎ᠠ

ᠬᠤᠳᠤᠭᠤᠷ ᠭᠠᠵᠠᠷ ᠨᠤᠳᠤᠭᠰᠢᠭᠠᠤᠨ

ᠭᠤᠳᠤᠮᠵᠢ ᠮᠤᠬᠤᠷ ᠪᠣᠯᠤᠭᠰᠠᠨ ᠮᠠᠭᠠᠤᠨ

ᠪᠠᠯᠠᠢ ᠶᠠᠪᠣᠭᠰᠠᠨ ᠤ ᠣᠷᠰᠢᠭ ᠡᠴᠡ

ᠬᠠᠷᠠᠭ᠎ᠠ ᠮᠤᠬᠤᠷ ᠪᠣᠯᠤᠭᠰᠠᠨ ᠨᠢ ᠯᠠᠪ

ᠴᠢᠮᠡᠭᠯᠡᠵᠤ ᠥᠩᠭᠡᠯᠡᠭ᠍ᠰᠡᠨ ᠭᠤᠶᠤ ᠭᠤᠶᠤ ᠨᠢᠳᠤ ᠪᠠᠰᠠ

ᠰᠢᠯᠪᠢ ᠶᠢᠨ ᠳᠤᠤᠷ᠎ᠠ ᠪᠠᠨ ᠥᠵᠡᠭᠦ ᠶᠤᠮ

ᠰᠢᠯ ᠵᠡᠭᠦᠭ᠍ᠰᠡᠨ ᠤᠢ᠌ᠷ᠎ᠡ ᠬᠠᠷᠠᠭ᠎ᠠ ᠴᠤ

ᠡᠷᠢᠨ ᠤ ᠳᠤᠭᠤᠰᠤ ᠶᠢ ᠨᠠᠪᠳᠠᠯᠠᠵᠤ ᠪᠣᠯᠤᠨ᠎ᠠ

ᠳᠡᠯᠡᠭᠡᠢ ᠭᠡᠮᠡᠭᠦ ᠶᠡᠭᠡ ᠭᠡᠷ ᠪᠦᠯᠢ ᠳᠤ

ᠣᠳᠤᠨ ᠡᠴᠡ ᠴᠤ ᠣᠯᠠᠨ ᠨᠢᠳᠤ ᠪᠠᠢ᠌ᠨ᠎ᠠ

ᠨᠤᠮ ᠱᠠᠭᠠᠢ᠌ᠭᠰᠠᠨ ᠨᠢᠳᠤᠨ ᠤ ᠬᠠᠷᠠᠭ᠎ᠠ ᠯᠠ

ᠦᠷ ᠤᠨ ᠴᠤᠯᠮᠤᠨ ᠡᠴᠡ ᠴᠤ ᠭᠡᠷᠡᠯᠳᠡᠢ ᠶᠤᠮ ᠡ ᠁


       ᠱᠠᠬᠠᠢ ᠶᠢᠨ ᠣᠯᠠ ᠴᠤᠭᠤᠷᠬᠠᠢ


ᠲ᠋ᠡᠭ᠍ᠷᠢ ᠮᠠᠳᠠᠵᠤ ᠳᠡᠢ᠌ᠯᠦᠭᠡ ᠦᠭᠡᠶ ᠵᠠᠶᠠᠭ᠎ᠠ

ᠭᠠᠵᠠᠷ ᠡᠴᠡ ᠨᠢᠭᠤᠵᠤ ᠴᠢᠳᠠᠭ᠎ᠠ ᠦᠭᠡᠶ ᠭᠤᠨᠢᠭ

ᠳᠠᠨ ᠤ ᠰᠠᠳᠭᠢᠴᠠ ᠳᠤ ᠣᠷᠤᠭ᠎ᠠ ᠦᠭᠡᠶ ᠪᠣᠳᠤᠯ

ᠮᠢᠨᠤ ᠰᠡᠳᠭᠢᠯ ᠡᠴᠡ ᠭᠦᠷᠦᠰᠤ ᠴᠢᠯᠠᠭᠤ ᠶᠢ

ᠠᠠᠳᠠᠭᠤᠷᠠᠯ ᠦᠭᠡᠶ ᠠᠵᠢᠭᠰᠠᠨ

ᠶᠡᠭᠡ ᠪᠠᠭ᠎ᠠ ᠠᠳᠠᠯᠢ ᠦᠭᠡᠶ ᠨᠢᠳᠤ

ᠠᠷᠪᠠᠨ ᠭᠡᠳᠤᠨ ᠵᠤᠭᠤᠰ ᠢ

ᠪᠠᠷᠠᠭᠠᠬᠤ ᠪᠣᠯᠤᠯ᠎ᠠ ᠭᠡᠰᠡᠨ

ᠠᠷᠪᠢᠴᠢ ᠠᠵᠢᠯᠴᠢᠨ ᠤ

ᠨᠢᠭᠡᠨ ᠴᠠᠭ ᠤᠨ ᠰᠢᠮᠰᠢᠷᠠᠯ ᠁


ᠵᠤᠬᠢᠶᠠᠭᠴᠢ ᠶᠢᠨ ᠬᠠ‍‌ᠶᠢᠭ ᠄ ᠳᠦᠰᠢᠶᠡᠳᠤ  ᠭᠦᠡᠳᠦᠯ

ᠵᠤᠬᠢᠶᠠᠭᠴᠢ᠄ ᠪᠠᠶᠠᠭᠤᠳ ᠠᠷᠪᠠᠠᠳᠠᠪᠤᠨ
ᠢᠷᠡᠯᠲᠡ᠄ ᠡ᠊·ᠳᠠᠮᠤᠷ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1309
ᠴᠠᠭ᠄ 2011 ᠤᠨ ᠤ 06 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁