ᠬᠠᠷᠢᠶᠠᠯ ᠪᠣᠤ ᠭᠢ

ᠨᠤᠳᠤᠭ ᠣᠰᠤ ᠶᠢ ᠬᠠᠷᠢᠶᠠᠪᠠᠯ

ᠨᠤᠭᠤᠰᠤᠨ ᠮᠠᠳᠠᠷᠠᠯ ᠮᠢᠨᠢ ᠮᠢᠡᠴᠦᠭᠦᠷᠦᠭᠦ ᠶᠤᠮ

ᠡᠴᠢᠭᠡ ᠡᠭᠡ ᠶᠢ ᠬᠠᠷᠢᠶᠠᠪᠠᠯ

ᠡᠯᠢᠭᠡ ᠵᠢᠷᠦᠭᠡ ᠮᠢᠨᠢ ᠰᠢᠮᠰᠢᠷᠡᠭᠦ ᠶᠤᠮ


ᠬᠡᠦᠬᠡᠳ ᠠᠴᠢᠷ ᠢ ᠬᠠᠷᠢᠶᠠᠪᠠᠯ

ᠭᠦᠵᠦᠭᠦᠤ ᠬᠤᠭᠤᠯᠠᠢ ᠮᠢᠨᠢ ᠪᠣᠭᠤᠭᠳᠠᠬᠤ ᠶᠤᠮ

ᠬᠠᠮᠳᠤ ᠨᠥᠭᠦᠤᠨ ᠢ ᠬᠠᠷᠢᠶᠠᠪᠠᠯ

ᠬᠠᠯᠠᠭᠤᠨ ᠬᠠᠴᠠᠷ ᠮᠢᠨᠢ ᠵᠢᠮᠵᠢᠭᠢᠨᠡᠭᠦ ᠶᠤᠮ


ᠬᠠᠨᠢ ᠨᠥᠭᠦᠷ ᠶᠢᠡᠨ ᠬᠠᠷᠢᠶᠠᠪᠠᠯ

ᠬᠠᠷᠠᠬᠠᠨ ᠠᠮᠢᠳᠤᠷᠠᠯ ᠴᠢᠨᠢ ᠰᠥᠢᠷᠡᠭᠦ ᠪᠠᠢ᠌ᠬ᠎ᠠ

ᠬᠠᠢ᠌ᠷᠠᠳᠤ ᠨᠠᠢ᠌ᠵᠠ ᠪᠠᠨ ᠬᠠᠷᠢᠶᠠᠪᠠᠯ

ᠬᠠᠷᠠᠯᠳᠠ ᠰᠤᠭᠤᠮ ᠴᠢᠨᠢ ᠪᠠᠯᠠᠷᠠᠬᠤ ᠶᠤᠮ


ᠡᠭᠡᠯ ᠠᠷᠠᠤᠨ ᠢ ᠬᠠᠷᠢᠶᠠᠪᠠᠯ

ᠡᠭᠡ ᠣᠷᠤᠨ ᠮᠢᠨᠢ ᠭᠤᠳᠤᠷᠠᠬᠤ ᠶᠤᠮ

ᠡᠵᠡᠡᠳᠤ ᠳᠦᠷᠤ ᠶᠢ ᠬᠠᠷᠢᠶᠠᠪᠠᠯ

ᠡᠭᠡ ᠣᠯᠤᠰ ᠮᠢᠨᠢ ᠳᠤᠷᠣᠢ᠌ᠳᠠᠬᠤ ᠶᠤᠮ


ᠪᠠᠶ᠎ᠠ ᠨᠢ ᠪᠠᠶ᠎ᠠ ᠪᠠᠨ ᠬᠠᠷᠢᠶᠠᠪᠠᠯ

ᠪᠢᠯᠢᠭ᠌ ᠣᠢ ᠴᠢᠨᠢ ᠮᠠᠭᠤᠳᠠᠬᠤ ᠨᠢ ᠳᠠᠷᠠ

ᠪᠣᠷᠬᠠᠨ ᠰᠠᠭᠢᠭᠤᠯᠰᠠᠨ ᠢ ᠬᠠᠷᠢᠶᠠᠪᠠᠯ

ᠪᠣᠶᠠᠨ ᠭᠡᠰᠢᠭ᠌ ᠴᠢᠨᠢ ᠪᠠᠭᠤᠷᠠᠬᠤ ᠨᠢ ᠳᠠᠷᠠ


ᠦᠨᠳᠦᠰᠦᠳᠠᠨ ᠨᠢ ᠦᠨᠳᠦᠰᠦᠳᠠᠨ ᠶᠢᠡᠨ ᠬᠠᠷᠢᠶᠠᠪᠠᠯ

ᠦᠪ ᠰᠤᠶᠤᠯ ᠬᠠᠶᠠᠭᠳᠠᠬᠤ ᠨᠢ ᠳᠠᠷᠠ

ᠦᠷᠦᠭᠡᠯ ᠦᠨᠳᠦᠰᠦᠳᠠᠨ ᠢ ᠬᠠᠷᠢᠶᠠᠪᠠᠯ

ᠡᠶ᠎ᠡ ᠵᠤᠭᠢᠴᠠᠯ ᠣᠰᠠᠳᠬᠤ ᠨᠢ ᠳᠠᠷᠠ


ᠪᠣᠷᠤᠭᠤ ᠵᠠᠮ ᠶᠢᠡᠷ ᠪᠣᠳᠠᠭ᠎ᠠ ᠳᠡᠭᠡᠭᠡᠪᠠᠯ

ᠪᠣᠴᠠᠬᠤ ᠵᠠᠮ ᠳᠠᠭᠠᠨ ᠰᠢᠷᠤᠢ ᠳᠡᠭᠡᠭᠡᠭᠦ ᠶᠤᠰᠤᠨ ᠨᠢ

ᠪᠣᠯᠪᠠᠰᠤᠨ ᠪᠣᠰᠤ ᠬᠠᠷᠢᠶᠠᠯ ᠤᠨ ᠡᠴᠦᠰᠯᠡᠯ

ᠪᠣᠰᠤᠳ ᠦᠪᠡᠷ ᠢ ᠶᠢᠡᠨ ᠬᠤᠭᠢᠷᠠᠭᠤᠯᠬᠤ ᠶᠢ ᠭᠡᠯᠡᠨ᠎ᠡ


ᠮᠤᠩᠭ᠋ᠤᠯ ᠭᠦᠮᠤᠨ ᠠᠮᠠᠨ ᠪᠠᠯᠭᠡ ᠲᠡᠶ ᠶᠢᠨ ᠣᠴᠢᠷ

ᠮᠠᠭᠤ ᠬᠤᠩᠰᠢᠶᠠᠷ ᠶᠢᠡᠷ ᠶᠢᠡᠨ ᠬᠠᠷᠢᠶᠠᠯ ᠪᠣᠤ ᠭᠢ

ᠮᠤᠩᠭ᠋ᠤᠯ ᠭᠦᠮᠤᠨ ᠡᠪᠯᠡᠷᠡᠯ ᠵᠢᠷᠤᠮ ᠢ ᠡᠷᠭᠢᠮᠯᠡᠳᠡᠭ᠌ ᠤᠨ ᠣᠴᠢᠷ

ᠮᠤᠯᠤᠷ ᠡᠷᠳᠡᠨᠢ ᠴᠤᠪᠣᠷᠠᠬᠤ ᠠᠮᠠ ᠪᠠᠷ ᠶᠢᠡᠨ ᠬᠠᠷᠢᠶᠠᠯ ᠪᠣᠤ ᠭᠢ


                             ᠰᠠᠢ᠌ᠬᠠᠠᠳᠠᠯ᠎ᠠ ᠪᠠᠯᠭᠠᠰᠤᠨ᠎ᠠ

                             2011᠂   11᠂   20



ᠵᠤᠬᠢᠶᠠᠭᠴᠢ ᠶᠢᠨ ᠬᠠ‍‌ᠶᠢᠭ ᠄ ᠪᠠᠷᠠᠭᠤᠨ ᠰᠦᠨᠢᠳ ᠬᠤᠰᠢᠭᠤᠨ ᠤ ᠭᠤᠷᠪᠠᠳᠤᠭᠠᠷ ᠪᠠᠭ᠎ᠠ ᠰᠤᠷᠭᠠᠭᠤᠯᠢ

ᠵᠤᠬᠢᠶᠠᠭᠴᠢ᠄ ᠮᠢ᠊·ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1303
ᠴᠠᠭ᠄ 2012 ᠤᠨ ᠤ 11 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁