ᠵᠤᠭᠠᠴᠠᠮᠠᠷ ᠰᠠᠢ᠌ᠬᠠᠨ ᠳᠠᠯ᠎ᠠ ᠶᠢᠨ ᠮᠤᠩᠭ᠋ᠤᠯ ᠠᠢ᠌ᠯ

ᠳᠡᠨᠢᠭᠡᠷ ᠬᠠᠩᠭ᠋ᠠᠢ ᠨᠤᠳᠤᠭ ᠤᠨ

ᠲ᠋ᠡᠭ᠍ᠷᠢ ᠨᠢ ᠭᠦᠭᠡᠮᠳᠦᠭ᠌ ᠪᠠᠢ᠌ᠯ᠎ᠠ᠂

ᠳᠡᠯᠭᠡᠷ ᠳᠦᠷᠪᠠᠨ ᠣᠯᠠᠷᠢᠯ ᠤᠨ

ᠦᠵᠡᠮᠵᠢ ᠨᠢ ᠰᠠᠢ᠌ᠬᠠᠨ ᠪᠠᠢ᠌ᠯ᠎ᠠ᠂

ᠳᠠᠯ᠎ᠠ ᠶᠢᠨ ᠮᠤᠩᠭ᠋ᠤᠯ ᠠᠢ᠌ᠯ ᠤᠨ

ᠪᠦᠰᠡᠭᠦᠢ ᠨᠢ ᠭᠤᠶᠤ ᠪᠠᠢ᠌ᠯ᠎ᠠ᠂

ᠳᠠᠩᠰᠤᠭ ᠪᠠᠶᠠᠨ ᠠᠮᠢᠳᠤᠷᠠᠯ ᠤᠨ

ᠭᠡᠢ᠌ᠮᠦᠷᠢ ᠨᠢ ᠮᠠᠠᠳᠤᠳᠠᠭ ᠪᠠᠢ᠌ᠯ᠎ᠠ᠃

ᠡᠭᠦᠳᠡ ᠪᠠᠷ ᠨᠢ ᠭᠠᠷᠳᠠᠭ ᠭᠦᠮᠦᠰ

ᠦᠷᠦᠭᠡ ᠶᠢ ᠨᠢ ᠮᠠᠭᠳᠠᠳᠠᠭ ᠪᠠᠢ᠌ᠯ᠎ᠠ᠂

ᠡᠮᠤᠨ᠎ᠡ ᠣᠷᠤᠨ ᠤ ᠣᠯᠤᠰ

ᠲ᠋ᠤᠭᠤᠷᠢᠨ ᠠᠢ᠌ᠯᠴᠢᠯᠠᠳᠠᠭ ᠪᠠᠢ᠌ᠯ᠎ᠠ᠂

ᠡᠵᠡᠭᠦᠢ ᠭᠡᠭᠡᠷ᠎ᠡ ᠨᠤᠳᠤᠭ

ᠵᠤᠭᠠᠴᠠᠯ ᠤᠨ ᠣᠷᠤᠨ ᠪᠠᠢ᠌ᠯ᠎ᠠ᠂

ᠡᠩ ᠦᠭᠡᠶ ᠨᠤᠭᠤᠭᠠᠨ ᠳᠠᠯ᠎ᠠ

ᠵᠢᠷᠭᠠᠯ ᠤᠨ ᠳ᠋ᠸᠪᠠᠵᠠᠨ ᠪᠠᠢ᠌ᠯ᠎ᠠ᠃


ᠵᠤᠬᠢᠶᠠᠭᠴᠢ ᠶᠢᠨ ᠬᠠᠶ‍ᠢᠭ᠄ ᠭᠦᠷᠢᠶ᠎ᠡ ᠬᠤᠰᠢᠭᠤ ᠪᠠᠶᠠᠠᠬᠤᠧᠨ ᠰᠤᠮᠤ ᠭᠦᠡᠳᠦᠢ ᠭᠠᠴᠠᠭ᠎ᠠ3 ᠳ᠋ᠤᠭᠠᠷ ᠳᠤᠭᠣᠢ᠌ᠯᠠᠩ

ᠵᠤᠬᠢᠶᠠᠭᠴᠢ᠄ ᠪᠦᠷᠢᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1492
ᠴᠠᠭ᠄ 2010 ᠤᠨ ᠤ 07 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁