ᠮᠢᠨᠤ ᠮᠥᠷᠦᠭᠡᠳᠦᠯ

ᠰᠠᠷᠠ ᠲᠡᠶ ᠰᠦᠨᠢ ᠪᠠᠷ

ᠰᠤᠷᠮᠤᠰᠤᠨ ᠳᠡᠭᠡᠷ᠎ᠡ ᠴᠢᠨᠢ ᠴᠢᠭᠢᠭᠯᠡᠵᠤ ᠮᠡᠯᠮᠡᠷᠡᠭᠦ

ᠰᠢᠭᠦᠳᠡᠷᠢ ᠪᠣᠯ ᠮᠢᠨᠤ ᠮᠥᠷᠦᠭᠡᠳᠦᠯ

ᠰᠠᠨᠠᠬᠤ ᠶᠢᠨ ᠬᠤᠷᠤᠮ ᠳᠤ

ᠰᠤᠭᠳᠤᠬᠤ ᠶᠢᠨ ᠦᠨᠡᠠᠴᠢ ᠪᠠᠷ ᠵᠠᠩᠭᠢᠷᠠᠵᠤ ᠣᠶᠠᠷᠠᠬᠤ

ᠰᠢᠭᠢᠷᠵᠢᠭᠦᠨ ᠨᠢᠯᠪᠣᠰᠤ ᠪᠣᠯ ᠮᠢᠨᠤ ᠮᠥᠷᠦᠭᠡᠳᠦᠯ

ᠰᠠᠢ᠌ᠬᠠᠨ ᠵᠡᠭᠦᠳᠤ ᠪᠠᠷ

ᠦᠳᠡᠰᠢ ᠶᠢ ᠴᠢᠨᠢ ᠠᠮᠤᠷᠵᠢᠭᠤᠯᠳᠠᠭ

ᠠᠮᠷᠠᠭ ᠵᠦᠩᠨᠠᠯ ᠪᠣᠯ ᠮᠢᠨᠤ ᠮᠥᠷᠦᠭᠡᠳᠦᠯ

ᠰᠠᠯᠤᠭᠰᠠᠨ ᠡᠴᠡ ᠨᠠᠰᠢ ᠶᠢᠨ

ᠦᠷᠦᠴᠠᠨ ᠳᠤ ᠰᠤᠷᠪᠢᠯᠠᠭᠰᠠᠨ

ᠠᠷᠢᠭᠤᠨ ᠳᠤᠷᠠᠳᠬᠠᠯ ᠪᠣᠯ ᠮᠢᠨᠤ ᠮᠥᠷᠦᠭᠡᠳᠦᠯ

ᠦᠷ ᠤᠨ ᠭᠢᠷᠠᠭ᠎ᠠ ᠪᠠᠷ

ᠴᠤᠩᠬᠤᠨ ᠳᠡᠭᠡᠷ᠎ᠡ ᠴᠢᠨᠢ ᠳᠠᠭᠤᠯᠠᠳᠠᠭ

ᠪᠣᠯᠵᠤᠮᠤᠷ ᠤᠨ ᠣᠷᠠᠨ ᠭᠡᠯᠡ ᠪᠣᠯ ᠮᠢᠨᠤ ᠮᠥᠷᠦᠭᠡᠳᠦᠯ

ᠥᠰᠦᠭ᠌ ᠤᠨ ᠵᠠᠶᠠᠭ᠎ᠠ ᠪᠠᠷ

ᠴᠤᠪᠣᠷᠠᠨ ᠣᠶᠠᠩᠭ᠋ᠠᠷᠠᠵᠤ ᠪᠣᠰᠳᠠᠭ

ᠪᠣᠳᠤᠯ ᠤᠨ ᠴᠠᠪᠠᠷ ᠦᠴᠢᠯ ᠪᠣᠯ ᠮᠢᠨᠤ ᠮᠥᠷᠦᠭᠡᠳᠦᠯ

ᠰᠡᠷᠮᠡᠭᠦᠨ ᠬᠠᠩᠭ᠋ᠠᠢ ᠪᠠᠷ ᠰᠢᠪᠠᠷᠠᠵᠤ

ᠰᠡᠳᠭᠢᠯ ᠳᠡᠭᠡᠷ᠎ᠡ ᠴᠢᠨᠢ ᠰᠢᠪᠠᠨᠡᠭᠦ

ᠬᠠᠢ᠌ᠷ᠎ᠠ ᠶᠢᠨ ᠰᠡᠪᠠᠷᠡᠭᠦᠨ ᠪᠣᠷᠤᠭ᠎ᠠ ᠮᠢᠨᠤ ᠮᠥᠷᠦᠭᠡᠳᠦᠯ

ᠰᠡᠯᠡᠭᠦᠭᠡᠨ ᠣᠢ᠌ᠤᠠᠬᠠᠷ ᠤᠨ ᠵᠠᠢ ᠪᠠᠷ

ᠰᠡᠷᠭᠦᠵᠤ ᠦᠨᠳᠠᠢ᠌ᠨ ᠨᠠᠮ᠎ᠠ ᠶᠢ ᠰᠢᠨᠠᠯᠭᠠᠳᠠᠭ

ᠬᠠᠵᠠᠭᠠᠢ ᠬᠠᠢ᠌ᠷ᠎ᠠ ᠶᠢᠨ ᠳᠦᠭᠡᠷᠢᠯ ᠪᠣᠯ ᠮᠢᠨᠤ ᠮᠥᠷᠦᠭᠡᠳᠦᠯ

ᠡᠩᠭᠡᠷ ᠳᠡᠭᠡᠷ᠎ᠡ ᠴᠢᠨᠢ

ᠡᠷᠭᠡᠯᠡᠵᠤ ᠢᠨᠠᠭᠰᠢᠨ ᠨᠡᠪᠴᠢᠭᠦ

ᠰᠠᠯᠭᠢᠨ ᠤ ᠠᠮᠷᠠᠭ ᠥᠭᠡ ᠪᠣᠯ ᠮᠢᠨᠤ ᠮᠥᠷᠦᠭᠡᠳᠦᠯ

ᠡᠯᠢᠭᠡᠨ ᠢᠯᠴᠢ ᠬᠤᠯᠠᠳᠠᠮ᠎ᠠ ᠨᠤᠳᠤᠭ ᠡᠴᠡ

ᠡᠷᠭᠡ ᠦᠭᠡᠶ ᠡᠷᠢᠭᠡᠳ ᠣᠶᠠᠰᠬᠤ

ᠰᠠᠷᠨᠢᠰᠢ ᠦᠭᠡᠶ ᠬᠠᠢ᠌ᠷ᠎ᠠ ᠪᠣᠯ ᠮᠢᠨᠤ ᠮᠥᠷᠦᠭᠡᠳᠦᠯ

᠁᠁

ᠳᠦᠡᠭᠯᠢᠶ‍ᠦᠤ ᠬᠤᠳᠠ ᠶᠢᠨ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ ᠠᠭᠤᠯᠠ ᠪᠠᠯᠭᠠᠰᠤ ᠵᠡᠭᠦᠨ ᠳᠤᠤᠷᠠᠰᠤ ᠭᠠᠴᠠᠭ᠎ᠠ

ᠵᠤᠬᠢᠶᠠᠭᠴᠢ᠄ ᠳᠤᠷᠤᠨᠠᠴᠤᠤᠷᠢᠶ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2158
ᠴᠠᠭ᠄ 2009 ᠤᠨ ᠤ 06 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ