ᠮᠤᠩᠭ᠋ᠤᠯ ᠥᠰᠦᠭ᠌ ᠮᠢᠨᠢ

ᠰᠠᠷᠢᠳᠠᠭ ᠤᠨ ᠭᠦᠭᠡ ᠴᠥᠭᠦᠷᠡᠰᠤ ᠰᠢᠤᠬᠠᠨ ᠰᠢᠯᠤᠭᠤᠨ ᠨᠢᠷᠤᠭᠤ ᠳᠠᠢ

ᠰᠠᠭᠯᠠᠭᠠᠷ ᠴᠥᠭᠦᠷᠡᠰᠤ ᠶᠢᠨ ᠰᠠᠯᠠᠭ᠎ᠠ ᠰᠢᠤᠬᠠᠨ ᠰᠢᠯᠪᠢ᠂ ᠠᠴᠤᠭ ᠲᠡᠶ

ᠰᠠᠯᠠᠭᠠᠨ ᠳ᠋ᠤᠨᠢ ᠡᠯᠭᠦᠭ᠍ᠳᠡᠭ᠍ᠰᠡᠨ ᠰᠠᠷᠠ ᠰᠢᠤᠬᠠᠨ ᠰᠠᠠᠵᠢ᠂ ᠭᠡᠳᠡᠰᠤ ᠲᠡᠶ

ᠰᠠᠢ᠌ᠬᠠᠨ ᠮᠤᠩᠭ᠋ᠤᠯ ᠥᠰᠦᠭ᠌ ᠮᠢᠨᠢ ᠰᠠᠳᠭᠢᠯ ᠤᠨ ᠴᠢᠮᠡᠭ᠌ ᠡ᠂

ᠮᠢᠩᠭᠠᠨ ᠣᠨ ᠤ ᠴᠥᠭᠦᠷᠡᠰᠤ ᠬᠤᠪᠬᠠᠢ᠌ᠷᠠᠳᠠᠭ ᠴᠤ

ᠮᠤᠩᠭ᠋ᠤᠯ ᠥᠰᠦᠭ᠌ ᠮᠥᠩᠭᠡ ᠪᠣᠰᠤᠭ᠎ᠠ ᠪᠠᠷ ᠶᠢᠡᠨ᠃

ᠡᠮᠡᠭᠡᠯ ᠳᠤ ᠰᠥᠡᠳᠡᠷᠯᠡᠭ᠍ᠰᠡᠨ ᠡᠷ᠎ᠡ ᠰᠢᠦᠬᠠᠨ ᠲᠡᠨᠢᠭᠦᠨ ᠪᠢᠴᠢᠯᠭᠡ ᠲᠡᠶ

ᠡᠷ᠎ᠡ ᠶᠢᠨ ᠰᠤᠩᠭ᠋ᠠᠭᠰᠠᠨ ᠣᠷᠭ᠎ᠠ ᠰᠢᠤᠬᠠᠨ ᠳᠤᠭᠤᠢ ᠳᠤᠯᠤᠭᠠᠢ ᠲᠡᠶ

ᠣᠷᠭ᠎ᠠ ᠡᠴᠡ ᠰᠢᠪᠠᠷᠡᠭ᠍ᠰᠡᠨ ᠰᠢᠭᠦᠳᠡᠷᠢ ᠰᠢᠤᠬᠠᠨ ᠳᠤᠰᠤᠯ᠂ ᠴᠢᠭ᠌ ᠲᠡᠶ

ᠡᠷᠳᠡᠨᠢ ᠮᠤᠩᠭ᠋ᠤᠯ ᠥᠰᠦᠭ᠌ ᠮᠢᠨᠢ ᠡᠷᠳᠡᠮ ᠤᠨ ᠳᠡᠭᠡᠵᠢ ᠡ᠂

ᠮᠤᠷᠢᠨ ᠤ ᠨᠢᠷᠤᠭᠤᠨ ᠳᠤ ᠡᠷ᠎ᠡ ᠥᠳᠡᠯᠳᠡᠭ᠌ ᠴᠤ

ᠮᠤᠩᠭ᠋ᠤᠯ ᠥᠰᠦᠭ᠌ ᠥᠨᠢ ᠵᠠᠯᠠᠭᠤ ᠪᠠᠷ ᠶᠢᠡᠨ᠃

ᠬᠤᠨᠢᠨ ᠳᠠᠭᠠᠨ ᠶᠠᠪᠣᠭᠰᠠᠨ ᠭᠡᠦᠭᠡᠨ ᠰᠢᠤᠬᠠᠨ ᠣᠷᠠᠯᠢᠭ ᠳᠠᠳᠠᠯᠭ᠎ᠠ ᠲᠡᠶ

ᠭᠡᠦᠭᠡᠨ ᠤ ᠭᠡᠢ᠌ᠰᠭᠡᠭ᠍ᠰᠡᠨ ᠬᠤᠷᠮᠤᠢ ᠰᠢᠤᠬᠠᠨ ᠣᠷᠭᠢᠴᠠ ᠰᠡᠭᠦᠯ ᠲᠡᠶ

ᠬᠤᠷᠮᠤᠢ ᠳ᠋ᠤᠨᠢ ᠨᠠᠯᠠᠭᠰᠠᠨ ᠰᠠᠷᠠᠯᠠᠩ ᠰᠢᠤᠬᠠᠨ ᠣᠷᠤᠭᠰᠢᠯᠠᠭ᠎ᠠ ᠴᠠᠴᠤᠯᠭ᠎ᠠ ᠲᠡᠶ

ᠬᠤᠪᠢᠳᠠᠢ ᠮᠤᠩᠭ᠋ᠤᠯ ᠥᠰᠦᠭ᠌ ᠮᠢᠨᠢ ᠬᠤᠷᠸ᠎ᠠ ᠶᠢᠨ ᠭᠠᠢ᠌ᠬᠠᠮᠰᠢᠭ ᠡ᠂

ᠮᠠᠨᠤ ᠪᠠᠷ ᠴᠢᠮᠡᠭᠡᠤᠨ ᠭᠡᠦᠭᠡᠨ ᠬᠠᠷᠢᠯᠠᠳᠠᠭ ᠴᠤ

ᠮᠤᠩᠭ᠋ᠤᠯ ᠥᠰᠦᠭ᠌ ᠮᠢᠨᠢ ᠨᠠᠰᠤᠨ ᠤ ᠬᠠᠨᠢ ᠰᠢᠤ᠃


2008/12/13 ᠪᠣᠭᠤᠳᠤ

ᠵᠤᠬᠢᠶᠠᠭᠴᠢ᠄ ᠠᠮᠤᠷ
ᠬᠠᠷᠢᠶ᠎ᠠ᠄ ᠰᠢᠯᠦᠭ
ᠳᠠᠷᠤᠮ᠄ 2766
ᠴᠠᠭ᠄ 2008 ᠤᠨ ᠤ 12 ᠰᠠᠷ᠎ᠠ ᠶᠢᠨ 15