ᠮᠤᠩᠭ᠋ᠤᠯ ᠤᠨ ᠥᠡᠳᠦᠷᠯᠢᠭ᠌ ᠮᠢᠨᠢ ᠴᠢᠨ᠋ᠸ᠎ᠠ ᠪᠠᠨ ᠬᠠᠢ᠌ᠷᠠᠯᠠ

ᠣᠷᠳᠤ ᠶᠢᠨ ᠳᠠᠭᠤᠤ ᠲᠡᠶ

ᠥᠡᠳᠦᠷᠯᠢᠭ᠌ ᠮᠢᠨᠢ ᠴᠢᠨ᠋ᠸ᠎ᠠ ᠪᠠᠨ ᠬᠠᠢ᠌ᠢᠷᠠᠯᠠ ︕

ᠡᠪᠦᠯ ᠤᠨ ᠣᠷᠳᠤ ᠰᠦᠨᠢ

ᠡᠪᠦᠷ ᠰᠡᠢ᠌ᠭᠡᠭᠦᠯᠵᠤ ᠢᠷᠡᠳᠡᠭ᠌

ᠡᠯᠢᠭᠡ ᠵᠢᠷᠦᠭᠡ ᠲᠡᠶ ᠠᠮᠢᠳᠠᠨ

ᠴᠢᠨ᠋ᠸ᠎ᠠ ᠶᠢ ᠬᠠᠢ᠌ᠷᠠᠯᠠ ︕

ᠪᠣᠰᠤᠭ᠎ᠠ ᠬᠠᠳᠠᠨ ᠤ ᠳᠡᠭᠡᠷ᠎ᠡ

ᠳᠡᠭ᠍ᠷᠢ ᠬᠠᠷᠠᠵᠤ ᠣᠯᠢᠬᠤ ᠳᠤ

ᠪᠣᠳᠢᠷ ᠤᠨ ᠴᠢᠯᠠᠭᠤᠳ ᠤᠨ ᠰᠦᠨᠠᠰᠤ

ᠲᠥᠪ ᠲᠡᠭᠡᠨ ᠢᠵᠢᠯᠰᠢᠵᠤ ᠨᠡᠢ᠌ᠯᠡᠳᠡᠭ᠌

ᠴᠢᠨ᠋ᠸ᠎ᠠ ᠪᠠᠨ ᠬᠠᠢ᠌ᠷᠠᠯᠠ ︕

ᠳᠠᠷᠬᠠᠵᠤ ᠪᠣᠳᠠᠷᠠᠭᠰᠠᠨ ᠬᠤᠨᠢ

ᠳᠤᠭᠰᠢᠨ ᠰᠦᠷ ᠲᠤ ᠪᠦᠭᠡᠮᠨᠡᠷᠡᠵᠤ

ᠳᠠᠰ ᠬᠠᠷ᠎ᠠ ᠠᠵᠢᠷᠭ᠎ᠠ ᠶᠢᠨ

ᠳᠠᠯ ᠨᠢ ᠱᠤᠤᠭᠢᠵᠤ ᠪᠣᠰᠳᠠᠭ

ᠴᠢᠨ᠋ᠸ᠎ᠠ ᠪᠠᠨ ᠬᠠᠢ᠌ᠷᠠᠯᠠ ︕

ᠰᠠᠯᠭᠢ ᠰᠢᠭᠤᠷᠭᠠᠨ ᠮᠠᠳᠤ

ᠰᠦᠷ ᠢᠷᠮᠡᠭᠦᠨ ᠳᠠᠭᠠᠷᠢᠯᠳᠠ ᠳ᠋ᠤᠨᠢ

ᠰᠥᠨᠦᠭ᠍ᠰᠡᠨ ᠬᠠᠢ᠌ᠷᠬᠠᠨ ᠤ ᠴᠢᠯᠠᠭᠤ

ᠰᠢᠷᠬ᠎ᠠ ᠪᠠᠨ ᠳᠤᠯᠢᠶᠠᠵᠤ ᠡᠳᠡᠭᠡᠷᠡᠳᠡᠭ᠌

ᠴᠢᠨ᠋ᠸ᠎ᠠ ᠪᠠᠨ ᠬᠠᠢ᠌ᠷᠠᠯᠠ ︕

ᠰᠠᠷ᠎ᠠ ᠦᠭᠡᠶ ᠬᠠᠷᠠᠩᠭ᠋ᠤᠢ ᠳᠤ

ᠰᠤᠠᠵᠤ ᠭᠦᠶ‍ᠦᠭᠦ ᠳᠡᠭᠡᠨ ᠴᠤ

ᠰᠤᠷᠭᠤᠭ ᠴᠡᠴᠡᠭ᠌ ᠤᠨ ᠳᠡᠭᠡᠷ᠎ᠡ

ᠭᠦᠯ ᠭᠢᠰᠭᠢᠳᠡᠭ᠌ ᠦᠭᠡᠶ

ᠴᠢᠨ᠋ᠸ᠎ᠠ ᠪᠠᠨ ᠬᠠᠢ᠌ᠷᠠᠯᠠ ︕

ᠭᠦᠭ᠍ᠰᠢᠷᠡᠵᠤ ᠡᠴᠦᠰᠯᠡᠭᠦ ᠦᠶ᠎ᠡ ᠳᠡᠭᠡᠨ

ᠭᠦᠯ ᠣᠯᠠ ᠶᠢᠨ ᠳᠤᠭᠤᠰᠤ ᠪᠠᠷ

ᠭᠡᠭᠦᠷ ᠶᠠᠰᠤ ᠪᠠᠨ ᠳᠠᠷᠤᠬᠤ ᠦᠭᠡᠶ

ᠬᠠᠨ ᠳᠡᠭ᠍ᠷᠢ ᠳᠡᠭᠡᠨ ᠬᠠᠯᠢᠳᠠᠭ

ᠴᠢᠨ᠋ᠸ᠎ᠠ ᠪᠠᠨ ᠬᠠᠢ᠌ᠷᠠᠯᠠ ︕

ᠪᠦᠰᠡᠯᠡᠵᠤ ᠬᠠᠮᠤᠷᠬᠤ ᠰᠤᠷᠢᠭᠠᠨ ᠤ

ᠪᠡᠯᠡᠳᠭᠡᠯ ᠳᠠᠢ᠌ᠨ ᠢ ᠨᠢ ᠬᠠᠷᠠᠵᠤ

ᠪᠠᠷᠰ ᠡᠴᠡ ᠠᠶᠤᠭᠰᠠᠨ ᠪᠣᠬ᠎ᠠ

ᠰᠦᠨᠠᠰᠤ ᠨᠢ ᠪᠠᠶ᠎ᠠ ᠳᠡᠭᠡᠨ ᠡᠷᠭᠢᠳᠡᠭ᠌

ᠴᠢᠨ᠋ᠸ᠎ᠠ ᠪᠠᠨ ᠬᠠᠢ᠌ᠷᠠᠯᠠ ︕

ᠬᠤᠤᠰ ᠨᠢᠳᠤᠨ ᠡᠴᠡ ᠨᠢ ᠰᠠᠴᠤᠷᠠᠬᠤ

ᠬᠤᠷᠴᠠ ᠰᠢᠷ᠎ᠠ ᠭᠡᠷᠡᠯ ᠶᠢᠡᠷ ᠨᠢ

ᠭᠡᠭᠡᠷ᠎ᠡ ᠬᠤᠨᠤᠭᠰᠠᠨ ᠠᠳᠤᠭᠤ

ᠭᠦᠯ ᠪᠣᠰᠤᠭ᠎ᠠ ᠣᠠᠳᠠᠳᠠᠭ

ᠴᠢᠨ᠋ᠸ᠎ᠠ ᠪᠠᠨ ᠬᠠᠢ᠌ᠷᠠᠯᠠ ︕

ᠪᠣᠷᠤ ᠳᠠᠯ᠎ᠠ ᠶᠢᠨ ᠳᠠᠠᠵᠢᠨ ᠳᠤ

ᠴᠤᠩᠨᠣᠢ᠌ᠵᠤ ᠬᠤᠯᠠ ᠶᠢ ᠰᠢᠷᠳᠡᠭᠦ ᠳᠤ

ᠪᠦᠷᠭᠦᠤᠨ ᠤᠨ ᠣᠩᠭ᠋ᠤᠨ ᠳᠠᠯᠠᠪᠴᠢ

ᠳᠡᠭ᠍ᠷᠢ ᠶᠢᠨ ᠳᠤᠭᠤᠰᠤ ᠶᠢ ᠠᠯᠠᠭᠠᠳᠠᠳᠠᠭ

ᠴᠢᠨ᠋ᠸ᠎ᠠ ᠪᠠᠨ ᠬᠠᠢ᠌ᠷᠠᠯᠠ ︕

ᠰᠦᠷᠦᠭᠯᠡᠵᠤ ᠴᠤᠪᠣᠷᠠᠯᠳᠤᠭᠰᠠᠨ ᠮᠦᠷ ᠳᠤᠨᠢ

ᠰᠠᠯᠭᠢ ᠪᠦᠳᠦᠷᠢᠵᠤ ᠣᠨᠠᠬᠤ ᠳᠤ

ᠰᠠᠢ᠌ᠬᠠᠨ ᠮᠤᠩᠭ᠋ᠤᠯ ᠨᠤᠳᠤᠭ

ᠰᠡᠵᠢᠭ᠌ ᠶᠢᠡᠨ ᠠᠯᠳᠠᠷᠠᠳᠠᠯ᠎ᠠ ᠰᠤᠨᠢᠶᠠᠳᠠᠭ

ᠴᠢᠨ᠋ᠸ᠎ᠠ ᠪᠠᠨ ᠬᠠᠢ᠌ᠷᠠᠯᠠ ︕

ᠪᠣᠤᠬᠠᠢ ᠶᠢᠨ ᠰᠡᠭᠦᠳᠡᠷ ᠳᠠᠰᠤᠷᠠᠭᠰᠠᠨ

ᠰᠠᠬᠠᠷᠠ ᠶᠢᠨ ᠡᠯᠡᠰᠤᠨ ᠴᠦᠯ

ᠰᠦᠨᠢ ᠪᠠᠷ ᠬᠠᠷ᠎ᠠ ᠳᠠᠷᠤᠵᠤ

ᠰᠥᠭᠡᠩᠭᠢ ᠬᠤᠭᠤᠯᠠᠢ ᠨᠢ ᠬᠠᠳᠠᠳᠠᠭ

ᠴᠢᠨ᠋ᠸ᠎ᠠ ᠪᠠᠨ ᠬᠠᠢ᠌ᠷᠠᠯᠠ ︕

ᠣᠶᠠᠭᠠᠨ ᠭᠦᠭᠡᠮᠡᠢ ᠲᠡᠶ

ᠥᠡᠳᠦᠷᠯᠢᠭ᠌ ᠮᠢᠨᠢ ᠴᠢᠨ᠋ᠸ᠎ᠠ ᠪᠠᠨ ᠬᠠᠢ᠌ᠷᠠᠯᠠ ︕

ᠡᠪᠦᠯ ᠤᠨ ᠣᠷᠳᠤ ᠰᠦᠨᠢ

ᠡᠪᠦᠷ ᠰᠡᠢ᠌ᠭᠡᠭᠦᠯᠵᠤ ᠢᠷᠡᠳᠡᠭ᠌

ᠡᠴᠢᠨ᠎ᠡ ᠳᠠᠯᠳᠠ ᠶᠢᠨ ᠰᠠᠭᠢᠭᠤᠰᠤ

ᠴᠢᠨ᠋ᠸ᠎ᠠ ᠪᠠᠨ ᠬᠠᠢ᠌ᠷᠠᠯᠠ ᠁


ᠵᠤᠬᠢᠶᠠᠭᠴᠢ᠄ ᠰ·ᠪᠦᠭᠡᠴᠢᠯᠡᠭᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1643
ᠴᠠᠭ᠄ 2014 ᠤᠨ ᠤ 01 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ