ᠡᠬᠡ ᠨᠤᠲᠤᠭ ᠤᠨ ᠮᠢᠨᠢ ᠪᠤᠷᠤᠭᠠᠨ
(ᠭᠠᠳᠠᠨ᠎ᠠ ᠨᠢᠭᠡ)

ᠰᠢᠪᠠᠷ ᠰᠢᠪᠠᠷ᠂ ᠰᠢᠪᠠᠷ ᠰᠢᠪᠠᠷ᠂

ᠡᠭᠡ ᠨᠤᠳᠤᠭ ᠤᠨ ᠮᠢᠨᠢ ᠪᠣᠷᠤᠭᠠᠨ

ᠰᠢᠯᠢ ᠶᠢ ᠨᠤᠷᠭᠠᠵᠤ᠂ ᠳᠠᠯ᠎ᠠ ᠶᠢ ᠨᠤᠷᠭᠠᠵᠤ

ᠰᠠᠤᠠᠭᠢᠯ ᠢ ᠨᠤᠷᠭᠠᠨ᠎ᠠ᠃

ᠵᠦᠰᠠᠷ ᠵᠦᠰᠠᠷ᠂ ᠵᠦᠰᠠᠷ ᠵᠦᠰᠠᠷ

ᠡᠭᠡ ᠨᠤᠳᠤᠭ ᠤᠨ ᠮᠢᠨᠢ ᠪᠣᠷᠤᠭᠠᠨ

ᠵᠥᠯᠭᠡ ᠶᠢ ᠣᠮᠳᠠᠯᠠᠵᠤ᠂ ᠴᠡᠴᠡᠭ᠌ ᠢ ᠣᠮᠳᠠᠯᠠᠵᠤ

ᠵᠡᠭᠦᠳᠤ ᠶᠢ ᠣᠮᠳᠠᠯᠠᠨ᠎ᠠ᠃

ᠨᠠᠮᠢᠷᠠᠰ ᠨᠠᠮᠢᠷᠠᠰ᠂ ᠨᠠᠮᠢᠷᠠᠰ ᠨᠠᠮᠢᠷᠠᠰ

ᠡᠭᠡ ᠨᠤᠳᠤᠭ ᠤᠨ ᠮᠢᠨᠢ ᠪᠣᠷᠤᠭᠠᠨ

ᠨᠠᠮᠠᠶ᠋ᠢ ᠪᠠᠶᠠᠰᠬᠠᠵᠤ᠂ ᠴᠢᠮᠢ᠋ᠢ ᠪᠠᠶᠠᠰᠬᠠᠵᠤ

ᠳᠡᠯᠡᠭᠡᠢ ᠶᠢ ᠪᠠᠶᠠᠰᠬᠠᠨ᠎ᠠ᠃


ᠪᠣᠷᠤᠭᠠᠨ ᠳᠤ ᠨᠤᠷᠬᠤ ᠰᠠᠢ᠌ᠬᠠᠨ


ᠪᠣᠷᠤᠭᠠᠨ ᠳᠤ ᠨᠤᠷᠬᠤ ᠰᠠᠢ᠌ᠬᠠᠨ

ᠪᠣᠷᠤᠭᠠᠨ ᠤ ᠳᠤᠮᠳᠠ ᠰᠢᠭᠦᠷ ᠥᠭᠡᠢ

ᠱᠠᠯ ᠨᠤᠷᠬᠤ ᠰᠠᠢ᠌ᠬᠠᠨ᠃

ᠪᠣᠭᠢᠨᠢᠳᠤᠯ ᠣᠢ᠌ᠤᠠᠬᠠᠷ ᠵᠢᠠᠨ

ᠪᠣᠷᠤᠭᠠᠨ ᠤᠨ ᠣᠰᠤ ᠪᠠᠷ ᠣᠭᠠᠬᠤ ᠰᠠᠢ᠌ᠬᠠᠨ

ᠪᠣᠭᠢᠷᠳᠠᠯ ᠠᠭᠠᠷ ᠵᠢᠠᠨ

ᠪᠣᠷᠤᠭᠠᠨ ᠤ ᠳᠤᠰᠤᠯ ᠶᠢᠡᠷ ᠴᠡᠪᠠᠷᠰᠢᠭᠦᠯᠭᠦ ᠰᠠᠢ᠌ᠬᠠᠨ᠃

ᠪᠣᠷᠤᠭᠠᠨ ᠳᠤ ᠨᠤᠷᠬᠤ ᠰᠠᠢ᠌ᠬᠠᠨ

ᠪᠣᠳᠤᠯ ᠰᠠᠤᠠᠭᠢᠯ ᠵᠢᠠᠨ

ᠪᠣᠷᠬᠠᠨ ᠤ ᠷᠠᠰᠢᠶᠠᠨ ᠶᠢᠡᠷ ᠠᠷᠢᠭᠤᠤᠠᠬᠠᠬᠤ ᠰᠠᠢ᠌ᠬᠠᠨ᠂

ᠪᠣᠯᠵᠤᠭ᠎ᠠ ᠳᠠᠩᠭ᠋ᠠᠷᠢᠭ ᠵᠢᠠᠨ

ᠳᠡᠭ᠍ᠷᠢ ᠶᠢᠨ ᠴᠠᠭ ᠶᠢᠡᠷ ᠭᠦᠯᠢᠶᠡᠯᠭᠡᠭᠦ ᠰᠠᠢ᠌ᠬᠠᠨ᠃

ᠪᠣᠷᠤᠭᠠᠨ ᠳᠤ ᠨᠤᠷᠬᠤ ᠰᠠᠢ᠌ᠬᠠᠨ

ᠪᠣᠷᠤᠭᠠᠨ ᠤ ᠳᠤᠮᠳᠠ ᠶᠠᠭᠤ ᠴᠤ ᠪᠣᠳᠤᠬᠤ ᠥᠭᠡᠢ

ᠱᠤᠭᠰᠢᠵᠤ ᠭᠦᠶ‍ᠦᠭᠦ ᠰᠠᠢ᠌ᠬᠠᠨ᠂

ᠠᠮᠢᠳᠤᠷᠠᠯ ᠤᠨ ᠬᠤᠭᠤᠷᠤᠠᠳᠤᠭᠢ ᠶᠠᠳᠠᠷᠠᠭ᠎ᠠ

ᠠᠵᠢᠯ ᠤᠨ ᠳᠤᠮᠳᠠᠭᠢ ᠵᠥᠳᠡᠷᠡᠭᠡ

ᠠᠯᠢᠪᠠ ᠪᠦᠭᠦᠨ ᠊ᠢ

ᠠᠩᠬᠠᠨ ᠤ ᠪᠣᠷᠤᠭᠠᠨ ᠵᠢᠠᠷ

ᠨᠢᠭᠡᠯᠡ ᠣᠭᠠᠬᠤ ᠰᠠᠢ᠌ᠬᠠᠨ ᠡ


ᠵᠤᠬᠢᠶᠠᠭᠴᠢ᠄ ᠭᠦᠢ ᠶᠢᠩ
ᠢᠷᠡᠯᠲᠡ᠄ ᠵᠠᠷᠤᠳ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠲᠤ ᠬᠤᠷᠠᠯ ᠬᠠᠩᠭᠠᠪᠠ
ᠬᠠᠷᠢᠶ᠎ᠠ᠄ ᠰᠢᠯᠦᠭ
ᠳᠠᠷᠤᠮ᠄ 1986
ᠴᠠᠭ᠄ 2006 ᠤᠨ ᠤ 09 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁