ᠡᠯᠡᠷ ᠪᠠᠯᠠᠷ ᠮᠢᠨᠦ ᠳᠡᠭᠡᠳᠦ ᠮᠤᠩᠭᠤᠯ

ᠳᠠᠪᠠᠯ ᠤᠨ ᠪᠠᠭ᠎ᠠ ᠡᠩᠭᠡᠷ ᠰᠢᠭ᠌

ᠳᠡᠯᠡᠭᠡᠢ ᠢᠪᠴᠤᠤᠬᠠᠨ ᠪᠠᠢ᠌ᠬᠤ ᠳᠤ

ᠳᠠᠮᠤᠵᠢᠨ ᠡᠵᠡᠨ ᠢ ᠮᠢᠨᠢ

ᠳᠡᠭ᠍ᠷᠢ ᠢᠪᠠᠭᠡᠵᠤ ᠪᠠᠢ᠌ᠬᠤ ᠳᠤ

ᠳᠠᠰ ᠤᠨ ᠵᠢᠭᠦᠷ ᠰᠢᠭ᠌ ᠠᠷᠠᠤᠨ ᠤᠳ ᠨᠢ

ᠬᠠᠷ᠎ᠠ ᠳᠤᠭ ᠤᠨ ᠳᠤᠤᠷ᠎ᠠ ᠵᠢᠭ᠍ᠳᠡᠷᠡᠵᠤ ᠪᠠᠢ᠌ᠬᠤ ᠳᠤ

ᠳᠠᠮᠠᠭᠠᠨ ᠳᠤᠭᠤᠷᠠᠢ ᠲᠡᠶ ᠭᠦᠯᠦᠭ᠌ ᠤᠳ ᠨᠢ

ᠬᠠᠯᠠᠭᠤᠨ ᠭᠦᠯᠢᠮ ᠤᠨ ᠳᠤᠤᠷ᠎ᠠ ᠴᠤᠪᠬᠤᠴᠢᠵᠤ ᠪᠠᠢ᠌ᠬᠤ ᠳᠤ

ᠠᠮᠢᠳᠠᠨ ᠭᠦᠮᠤᠨ ᠤ ᠶ‍ᠢᠷᠳᠢᠠᠴᠤ

ᠠᠮᠳᠠᠳᠤ ᠨᠣᠢ᠌ᠷ ᠡᠴᠡ ᠪᠠᠨ ᠰᠠᠷᠢᠵᠤ ᠪᠠᠢ᠌ᠬᠤ ᠳᠤ

ᠠᠽᠢᠶ᠎ᠠ ᠧᠥᠷᠦᠫᠡ ᠳᠤ

ᠠᠷᠪᠠᠨ ᠭᠤᠷᠪᠠᠳᠤᠭᠠᠷ ᠵᠠᠭᠤᠨ ᠲᠦᠷᠦᠵᠤ ᠪᠠᠢ᠌ᠬᠤ ᠳᠤ

ᠠᠯᠳᠠ ᠪᠠᠷ ᠪᠠᠷᠢᠠᠳᠠᠭᠯᠠᠭᠰᠠᠨ 《ᠨᠢᠭᠤᠴᠠ ᠳᠤᠪᠴᠢᠶᠠᠨ》

ᠵᠠᠳᠠᠷᠠᠭ᠎ᠠ ᠦᠭᠡᠶ ᠪᠠᠢ᠌ᠬᠤ ᠳᠤ

ᠠᠩᠭᠢᠳᠤ ᠭᠦᠷᠦᠩᠭᠡᠳᠤ ᠨᠡᠢ᠌ᠭᠡᠮ

ᠳᠦᠷᠦᠭᠡ ᠦᠭᠡᠶ ᠪᠠᠢ᠌ᠬᠤ ᠳᠤ

ᠠᠷᠠᠰᠤᠨ ᠳᠠᠪᠠᠯ ᠲᠡᠶ ᠮᠤᠩᠭ᠋ᠤᠯ

ᠠᠷᠢᠭᠤᠨ ᠴᠢᠰᠤ ᠪᠠᠨ ᠠᠰᠬᠠᠯᠴᠠᠵᠤ ᠶᠠᠪᠣᠭᠰᠠᠨ ᠨᠤᠳᠤᠭ

ᠠᠷᠰᠯᠠᠨ ᠬᠠᠰᠠᠷ ᠤᠨ ᠬᠣᠢ᠌ᠴᠢᠰ

ᠠᠯᠳᠠᠨ ᠳᠤᠯᠭ᠎ᠠ ᠶᠢ ᠨᠢ ᠳᠠᠭᠢᠵᠤ ᠢᠷᠡᠭ᠍ᠰᠡᠨ ᠣᠳᠤᠮ

ᠲᠦᠮᠡᠤᠨ ᠤᠨ ᠠᠯᠳᠠᠨ ᠬᠠᠨ

ᠲᠦᠪᠡᠳ ᠤᠨ ᠰᠤᠨᠤᠮᠵᠠᠮᠰᠤ

ᠲᠦᠷᠦ ᠴᠤᠯᠠ ᠪᠠᠨ ᠡᠷᠭᠦᠮᠵᠢᠯᠡᠭ᠍ᠰᠡᠨ ᠣᠷᠤᠨ

ᠳᠠᠮᠤᠷ ᠬᠤᠶᠠᠭᠳᠤ ᠪᠠᠭᠠᠳᠤᠷ

ᠳᠡᠦᠭᠡᠨ ᠳᠤ ᠪᠢᠯᠢᠭ᠍ᠳᠤ ᠴᠤᠭᠳᠤ ᠶᠢᠨ

ᠲᠦᠪᠰᠢᠨ ᠬᠤᠮᠰᠠ ᠳᠠᠷᠠ ᠦᠶ᠎ᠡ

ᠳᠤᠯᠤᠭᠠᠢ ᠨᠢ ᠥᠩᠭᠦᠷᠢᠭ᠍ᠰᠡᠨ ᠳᠠᠪᠠᠭ᠎ᠠ

ᠭᠡᠭᠡᠷ᠎ᠡ ᠶᠢᠨ ᠵᠡᠷᠯᠢᠭ᠌ ᠪᠠᠷᠰ ᠢ

ᠭᠡᠯᠭᠢᠶ᠎ᠡ ᠲᠡᠶ ᠭᠢᠠᠵᠢ ᠪᠠᠷ ᠣᠭᠤᠰᠤᠷᠯᠠᠭᠰᠠᠨ

ᠭᠡᠷᠡᠮᠡᠯ ᠬᠤᠱᠤᠳ ᠤᠨ ᠭᠡᠭᠡᠨ ᠭᠦᠦᠰᠢ

ᠨᠤᠳᠤᠭᠯᠠᠵᠤ ᠢᠷᠡᠭ᠍ᠰᠡᠨ ᠪᠠᠯᠴᠢᠭᠡᠷ

ᠭᠡᠷᠴᠡᠭᠡᠢ ᠮᠠᠠᠵᠤ ᠶᠢᠨ ᠨᠢᠳᠤ ᠦᠭᠡᠶ ᠲᠦᠷᠦ

ᠭᠡᠳᠤᠨ ᠮᠤᠩᠭ᠋ᠤᠯ ᠢ ᠮᠢᠨᠢ ᠭᠡᠰᠡᠭᠯᠡᠵᠤ ᠪᠠᠢ᠌ᠭᠰᠠᠨ ᠳᠡᠦᠭᠡ

ᠭᠡᠳᠡᠷ ᠨᠢ ᠭᠦᠳᠦᠯᠦᠭ᠍ᠰᠡᠨ ᠯᠤᠪᠰᠠᠩᠳᠠᠠᠵᠠᠨ ᠤ

ᠭᠡᠴᠡᠭᠦᠤ ᠬᠤᠮᠤᠭᠴᠢᠯᠠᠯ᠂ ᠭᠦᠳᠡᠷ ᠴᠠᠭᠠᠵᠠ ᠶᠢ

ᠰᠡᠳᠦᠯᠦᠭᠡᠤᠨ ᠭᠠᠷᠤᠭᠰᠠᠨ ᠪᠣᠰᠤᠯᠭ᠎ᠠ

ᠬᠠᠷ᠎ᠠ ᠭᠡᠷᠢᠶ᠎ᠡ ᠡᠴᠡ ᠬᠠᠰᠢᠷ ᠳᠠᠮᠠᠨᠠ ᠶᠢᠨ

ᠪᠠᠶᠠᠨ ᠥᠯᠢᠭᠡᠷ ᠤᠨ ᠥᠯᠦᠭᠡᠢ

ᠬᠠᠭᠠᠨ ᠭᠡᠰᠡᠷ᠂ ᠬᠠᠨ ᠴᠡᠩᠭᠡᠯ ᠤᠨ

ᠪᠠᠢ᠌ᠯᠳᠤᠵᠤ ᠪᠠᠢ᠌ᠭᠰᠠᠨ ᠳᠤᠮᠤᠭ

ᠠᠬᠤᠢ ᠲᠦᠷᠦ ᠶᠢᠨ ᠰᠦᠯᠳᠡᠨ ᠳᠡᠭᠡᠨ

ᠠᠠᠳᠠᠭᠠᠢ ᠳᠠᠩᠭ᠋ᠠᠷᠢᠭ ᠲᠡᠶ ᠮᠤᠩᠭ᠋ᠤᠯ

ᠷᠠᠩᠭ᠋ᠠᠨ ᠳᠡᠭᠡᠷᠡᠮ ᠤᠨ ᠳᠠᠯᠭᠢᠭᠳᠠᠯ ᠳᠤ

ᠠᠷᠠᠭ᠎ᠠ ᠨᠢ ᠳᠠᠴᠢᠭᠢᠨᠠᠭᠰᠠᠨ ᠮᠤᠷᠢᠳᠠᠨ

ᠠᠴᠢᠶ᠎ᠠ ᠭᠦᠰᠭᠡ ᠲᠡᠶ ᠠᠮᠢᠳᠤᠷᠠᠯ ᠡᠴᠡ ᠪᠠᠨ

ᠴᠥᠭᠦᠷᠡᠵᠤ ᠥᠵᠡᠭᠡ ᠦᠭᠡᠶ ᠳᠡᠨᠦᠭᠦᠯᠴᠢᠨ

ᠠᠯᠢ ᠴᠤ ᠭᠠᠯᠪᠠ ᠶᠢᠨ ᠵᠠᠭᠤᠨ ᠳᠤ

ᠴᠦᠮ᠎ᠡ ᠶᠢᠨ ᠵᠡᠪᠰᠡᠭ᠌ ᠦᠭᠡᠶ ᠨᠡᠭᠦᠳᠡᠯᠴᠢᠨ

ᠵᠠᠭ ᠱᠤᠤᠭᠢᠭᠰᠠᠨ ᠵᠤᠳ ᠨᠢ

ᠵᠥᠯᠭᠡ ᠭᠦᠭᠡᠷᠡᠭᠦ ᠪᠠᠷ ᠠᠷᠢᠯᠳᠠᠭ

ᠵᠤᠩᠭ᠋ᠠᠭ ᠱᠠᠯᠵᠠ ᠲᠡᠶ ᠬᠤᠨᠢᠳ ᠶᠢᠡᠨ

ᠵᠢᠷᠭᠤᠭᠠᠨ ᠰᠠᠷ᠎ᠠ ᠪᠠᠷ ᠨᠤᠤᠰᠤᠯᠠᠳᠠᠭ

ᠨᠤᠭᠤᠰᠤ ᠲᠡᠶ ᠨᠠᠭᠤᠷ ᠤᠨ ᠣᠰᠤᠨ ᠳ᠋ᠤᠨᠢ

ᠨᠠᠷᠠᠨ ᠰᠠᠷᠠᠨ ᠣᠮᠪᠠᠳᠠᠭ

ᠨᠠᠴᠢᠨ ᠱᠤᠩᠬᠤᠷ ᠰᠢᠪᠠᠭᠤᠳ ᠨᠢ ᠨᠤᠳᠤᠭ ᠤᠨ ᠳᠡᠭ᠍ᠷᠢ ᠪᠠᠨ ᠴᠢᠮᠡᠳᠡᠭ᠌

ᠴᠠᠮᠴᠠ ᠳᠡᠷᠪᠠᠭᠦᠯᠦᠭ᠍ᠰᠡᠨ ᠰᠠᠯᠭᠢ ᠨᠢ

ᠴᠡᠩᠭᠡᠷ ᠢ ᠨᠢ ᠦᠨᠦᠰᠴᠤ ᠠᠮᠢᠰᠬᠤᠭᠠᠳᠠᠳᠠᠭ

ᠴᠠᠰᠤᠨ ᠰᠢᠭᠤᠷᠭ᠎ᠠ ᠲᠡᠶ ᠭᠦᠢᠳᠡᠨ ᠨᠢ

ᠴᠢᠯᠠᠭᠤ ᠪᠠᠨ ᠬᠠᠭᠠᠯᠵᠤ ᠣᠶᠠᠷᠠᠳᠠᠭ

ᠮᠠᠬᠠᠢ ᠰᠠᠷᠳᠠᠩ ᠤᠨ ᠱᠠᠯᠠ ᠳ᠋ᠤᠨᠢ

ᠮᠠᠨᠠᠨ ᠨᠢ ᠭᠦᠷᠳᠡᠯ᠎ᠡ ᠳᠦᠭᠡᠷᠢᠳᠡᠭ᠌

ᠮᠠᠩᠬᠠᠨ ᠴᠡᠩᠭᠡᠷ ᠳᠡᠭ᠍ᠷᠢ ᠪᠠᠨ

ᠮᠠᠯ ᠤᠨ ᠶᠢᠡᠨ ᠰᠦ᠋ ᠪᠠᠷ ᠳᠠᠭᠢᠳᠠᠭ

ᠨᠠᠢ᠌ᠳᠠᠭᠤᠷ ᠡᠪᠠᠰᠤ ᠨᠢ

ᠬᠠᠷ᠎ᠠ ᠰᠠᠢ ᠡᠴᠡ ᠨᠢ ᠰᠡᠩᠭᠢᠨᠡᠳᠡᠭ᠌

ᠨᠠᠷᠠᠯᠠᠭ ᠥᠯᠭᠡᠨ ᠨᠢ

ᠬᠠᠷᠭᠠᠢ ᠶᠢᠨ ᠣᠢ ᠳᠤ ᠰᠡᠷᠢᠭᠦᠴᠡᠳᠡᠭ᠌

ᠠᠩᠭᠢᠷ ᠰᠢᠷ᠎ᠠ ᠭᠤᠪᠢ ᠨᠢ

ᠬᠠᠷᠠᠮᠠᠭ ᠤᠨ ᠥᠩᠭᠡ ᠪᠠᠷ ᠭᠦᠷᠡᠩᠳᠡᠳᠡᠭ᠌

ᠨᠠᠷᠢᠨ ᠰᠢᠪᠠᠭᠡ ᠲᠡᠶ ᠠᠭᠤᠯᠠᠰ ᠨᠢ

ᠬᠠᠳᠠᠨ ᠴᠤᠤᠷᠢᠶ᠎ᠠ ᠪᠠᠷ ᠭᠦᠦᠷᠨᠢᠯᠳᠦᠳᠡᠭ᠌

ᠵᠡᠭᠡᠷᠭᠡᠨ᠎ᠡ ᠳᠤᠯᠤᠪᠣᠷ ᠨᠢ

《ᠪᠣᠷᠤᠯᠵᠢᠨ ᠳᠠᠪᠠᠯ》 ᠶᠢᠡᠨ ᠡᠮᠵᠢᠶᠡᠷᠯᠡᠳᠡᠭ᠌

ᠵᠡᠭᠡᠰᠤ ᠬᠤᠯᠤᠰᠤ ᠨᠢ

ᠪᠣᠷᠤ ᠳᠤᠬᠤᠢ ᠪᠠᠨ ᠡᠭᠡᠪᠦᠷᠢᠯᠡᠭᠦᠯᠳᠡᠭ᠌

ᠦᠬᠢ ᠥᠷᠭᠡᠨ᠎ᠡ ᠨᠢ

ᠭᠠᠵᠠᠷ ᠤᠨ ᠥᠩᠭᠡ ᠪᠤᠯᠢᠶᠡᠳᠠᠭ

ᠣᠷᠢᠶᠠᠯᠠᠭ᠎ᠠ ᠰᠢᠪᠠᠭ ᠨᠢ

ᠭᠤᠤᠯ ᠭᠦᠪᠠᠭᠡᠯᠡᠵᠤ ᠴᠡᠴᠡᠭᠯᠡᠳᠡᠭ᠌

ᠠᠷᠤ ᠪᠠᠯᠴᠢᠭᠡᠷ ᠨᠢ

ᠬᠠᠯᠢᠭᠤ ᠪᠣᠯᠭ᠎ᠠ ᠪᠠᠷ ᠨᠡᠯᠥᠢᠳᠡᠭ᠌

ᠠᠷᠢᠶᠠᠳᠠᠨ ᠭᠦᠷᠦᠭᠡᠰᠤ ᠨᠢ

ᠬᠠᠷᠭᠢᠬᠤ ᠳᠠᠭᠠᠨ ᠠᠨᠢᠷ ᠠᠪᠣᠯᠴᠠᠳᠠᠭ

ᠭᠠᠵᠠᠷ ᠤᠨ ᠭᠡᠪᠠᠯᠢ ᠴᠤᠩᠭ᠋ᠠᠮ᠎ᠠ

ᠡᠯᠡᠰᠤᠨ ᠴᠦᠯ ᠳᠡᠭᠡᠨ ᠴᠤ

ᠭᠠᠯᠪᠠ ᠶᠢᠨ ᠡᠯᠢᠭᠡ ᠵᠥᠰᠦᠮ᠎ᠡ

ᠬᠠᠯᠠᠭᠤᠨ ᠠᠮᠢ ᠲᠡᠶ ᠪᠠᠢ᠌ᠳᠠᠭ

ᠭᠠᠳᠠᠰᠤ ᠣᠳᠤ ᠴᠤ ᠴᠤᠴᠢᠮ᠎ᠠ

ᠡᠵᠡᠭᠦᠢ ᠬᠠᠩᠭ᠋ᠠᠢ ᠳ᠋ᠤᠨᠢ

ᠭᠠᠭᠴᠠᠬᠠᠨ ᠮᠤᠩᠭ᠋ᠤᠯ ᠠᠢ᠌ᠯ

ᠡᠵᠡᠨ ᠨᠢ ᠪᠣᠯᠤᠨ ᠰᠠᠭᠤᠵᠤ ᠪᠠᠢ᠌ᠳᠠᠭ

ᠬᠤᠷᠮᠤᠰᠳᠠ ᠡᠴᠡ ᠠᠶᠤᠭᠰᠠᠨ ᠭᠡᠦᠭᠡᠤᠨ ᠶᠢᠡᠨ

ᠬᠤᠷᠭᠤᠯᠵᠢ ᠴᠢᠤᠠᠬᠤᠵᠤ ᠳᠤᠮᠨᠤᠳᠠᠭ

ᠬᠤᠯᠠ ᠶᠠᠪᠣᠬᠤ ᠦᠷᠡᠰ ᠤᠨ ᠶᠢᠡᠨ

ᠬᠤᠱᠢ ᠲᠡᠶ ᠳᠦᠷᠦᠭᠡᠨ ᠳ᠋ᠤᠨᠢ ᠰᠥ᠋ ᠳᠤᠰᠤᠭᠠᠳᠠᠭ

ᠪᠣᠯᠤᠷ ᠳᠤᠩᠭ᠋ᠠᠯᠠᠭ ᠰᠠᠷᠠᠨ

ᠪᠣᠷᠭᠢᠯᠤᠨ ᠣᠠᠳᠤᠷᠠᠬᠤ ᠪᠣᠯᠠᠭ ᠳᠤᠳᠤᠷ᠎ᠠ ᠨᠢ ᠨᠡᠭᠦᠳᠡᠭ᠌

ᠪᠣᠢ᠌ᠯᠠ ᠵᠤᠷᠢᠳᠠᠭ ᠰᠤᠬᠠᠢ᠌ᠨ ᠣᠢ ᠳ᠋ᠤᠨᠢ

ᠪᠠᠭᠠᠪᠠᠭᠠᠢ ᠶᠢᠨ ᠰᠥᠷᠦᠭ᠌ ᠨᠢᠭᠤᠭᠳᠠᠳᠠᠭ

ᠰᠡᠭᠡᠷ ᠦᠨᠳᠦᠷ ᠳᠤᠯᠤᠭᠠᠢ᠌ᠳ ᠶᠢᠡᠷ ᠶᠢᠡᠨ

ᠰᠠᠷᠯᠤᠭ ᠶᠢᠡᠨ ᠠᠴᠢᠵᠤ ᠣᠳᠤᠷᠯᠠᠳᠠᠭ

ᠰᠠᠪᠠ ᠶ‍ᠢᠷᠳᠢᠠᠴᠤ ᠶᠢᠨ ᠥᠷᠯᠦᠭᠡ ᠶᠢ

ᠰᠠᠷᠴᠢᠮ ᠡᠷᠭᠦᠵᠤ ᠣᠭᠳᠤᠳᠠᠭ

ᠪᠣᠳᠠ ᠪᠣᠳᠠᠷᠭᠠᠨ᠎ᠠ ᠲᠡᠶ ᠴᠠᠢ᠌ᠳᠠᠮ ᠳ᠋ᠤᠨᠢ

ᠪᠣᠤᠷ᠎ᠠ ᠲᠡᠶ ᠳᠡᠮᠡᠭᠡ ᠳᠠᠯᠳᠠᠷᠢᠳᠠᠭ

ᠪᠣᠮᠪᠣᠯᠠᠢ ᠴᠠᠭᠠᠨ ᠥᠷᠭᠦᠭᠡ ᠨᠢ

ᠪᠦᠮᠪᠦᠷᠴᠡᠭ᠌ ᠥᠯᠦᠭᠡᠢ᠌ᠳᠡᠵᠤ ᠴᠠᠢ᠌ᠯᠵᠠᠳᠠᠭ

ᠡᠭᠦᠯᠡ ᠭᠡᠷᠦᠵᠤ ᠳᠠᠪᠠᠳᠠᠭ ᠭᠦᠳᠦᠯ ᠳᠡᠭᠡᠷ᠎ᠡ ᠨᠢ

ᠦᠨᠡᠨ ᠳᠡᠦᠭᠡ ᠶᠢᠨ ᠭᠦᠭᠡ ᠴᠢᠯᠠᠭᠤᠳ

ᠣᠪᠣᠭ᠎ᠠ ᠪᠣᠯᠵᠤ ᠥᠡᠳᠡᠯᠵᠡᠳᠡᠭ᠌

ᠦᠴᠢ ᠯᠠᠪᠰᠢᠭ ᠤᠨ ᠡᠮᠵᠢᠶᠡᠷᠢ ᠪᠠᠨ ᠴᠤ

ᠣᠴᠠᠷᠠᠯ ᠪᠠᠯᠭᠡᠳᠡᠨ ᠱᠠᠭᠯᠠᠳᠠᠭ

ᠥᠯᠦᠰᠭᠦᠯᠡᠩ ᠵᠢᠷᠭᠠᠯ ᠤᠨ ᠡᠯᠳᠡᠪ ᠶᠢᠡᠨ ᠴᠤ

ᠣᠳᠤ ᠲᠡᠶ ᠳᠡᠭ᠍ᠷᠢ ᠪᠠᠷ ᠱᠠᠩᠨᠠᠭᠤᠯᠳᠠᠭ

ᠬᠤᠷᠭᠤ ᠬᠤᠷᠭᠤ ᠶᠢᠨ ᠡᠪᠠᠰᠤ ᠨᠢ ᠴᠤ

ᠬᠤᠯᠢᠮᠠᠭ ᠦᠭᠡᠶ ᠡᠮ ᠪᠠᠢ᠌ᠳᠠᠭ

ᠬᠤᠷᠭᠤᠯ ᠠᠷᠭᠠᠯ ᠤᠨ ᠣᠳᠤᠭ᠎ᠠ ᠨᠢ ᠴᠤ

ᠬᠤᠤᠷᠳᠠᠯᠭ᠎ᠠ ᠦᠭᠡᠶ ᠲᠦᠯᠡᠰᠢ ᠪᠠᠢ᠌ᠳᠠᠭ

ᠦᠰᠴᠦ ᠪᠣᠰᠤᠭ᠎ᠠ ᠦᠷᠡᠰ ᠶᠢᠡᠨ

ᠠᠷᠠᠤᠨ ᠤᠨ ᠶᠢᠡᠨ ᠴᠠᠴᠠ ᠪᠠᠷ ᠰᠤᠷᠭᠠᠳᠠᠭ

ᠥᠷᠭᠡᠨ ᠭᠤᠪᠢ ᠶᠡᠭᠡ ᠬᠠᠩᠭ᠋ᠠᠢ ᠪᠠᠨ

ᠣᠷᠳᠤ ᠶᠢᠨ ᠶᠢᠡᠨ ᠳᠠᠭᠤᠤ ᠪᠠᠷ ᠠᠷᠭᠠᠳᠠᠳᠠᠭ

ᠡᠪᠦᠳᠦᠭ᠌ ᠵᠤᠵᠠᠭᠠᠨ ᠮᠦᠰᠤ ᠨᠢ

ᠣᠢ᠌ᠵᠤ ᠭᠦᠯᠳᠡᠭᠦ ᠳᠡᠭᠡᠨ ᠰᠦᠩ ᠪᠣᠰᠳᠠᠭ

ᠡᠪᠦᠯ ᠵᠤᠵᠠᠭᠠᠨ ᠴᠠᠰᠤ ᠨᠢ

ᠦᠨᠵᠢᠵᠤ ᠭᠦᠷᠯᠡᠭᠦ ᠳᠡᠭᠡᠨ ᠦᠩ ᠪᠣᠯᠳᠠᠭ

ᠠᠶ᠎ᠠ ᠮᠢᠨᠤ ᠳᠡᠭᠡᠳᠤ ᠮᠤᠩᠭ᠋ᠤᠯ

ᠴᠢᠩᠭ᠋᠎ᠠ ᠬᠠᠳᠠᠭᠤ ᠣᠨ ᠵᠠᠭᠤᠨ ᠡᠴᠡ

ᠴᠢᠩᠭᠢᠰ ᠤᠨ ᠰᠦᠯᠳᠡ ᠲᠡᠶ

ᠮᠢᠨᠤ ᠳᠡᠭᠡᠳᠤ ᠮᠤᠩᠭ᠋ᠤᠯ

ᠴᠢᠭᠢ ᠨᠢᠳᠤ ᠦᠭᠡᠶ ᠰᠢᠭᠤᠷᠭᠠᠨ ᠳᠤᠮᠳᠠ ᠴᠤ

ᠴᠢᠭᠢᠷᠠᠭ ᠰᠦᠰᠦ ᠲᠡᠶ

ᠮᠢᠨᠤ ᠳᠡᠭᠡᠳᠤ ᠮᠤᠩᠭ᠋ᠤᠯ

ᠠᠬᠠᠮᠠᠤᠨ ᠨᠠᠰᠤᠳᠠᠤᠨ ᠶᠢᠡᠨ

ᠳᠡᠭᠡᠭ᠍ᠰᠢ ᠪᠠᠨ ᠭᠦᠡᠳᠦᠯᠡᠳᠡᠭ᠌

ᠮᠢᠨᠤ ᠳᠡᠭᠡᠳᠤ ᠮᠤᠩᠭ᠋ᠤᠯ

ᠠᠷᠠᠵᠠ ᠬᠤᠷᠠᠵᠠ ᠶᠢᠨ ᠳᠡᠭᠡᠵᠢ ᠪᠠᠨ

ᠳᠡᠭᠡᠵᠢᠯᠡᠭᠦᠯᠳᠡᠭ᠌ ᠠᠷᠠᠠᠰᠢᠨ ᠲᠡᠶ

ᠮᠢᠨᠤ ᠳᠡᠭᠡᠳᠤ ᠮᠤᠩᠭ᠋ᠤᠯ

ᠵᠠᠭᠤᠷᠠᠳᠤ ᠪᠠᠷ ᠬᠠᠯᠢᠭᠰᠠᠨ ᠨᠢᠭᠡ ᠶᠢ ᠪᠠᠨ

ᠳᠡᠭ᠍ᠷᠢ ᠳᠡᠭᠡᠨ ᠨᠢᠰᠭᠡᠳᠡᠭ᠌ ᠮᠢᠨᠤ ᠳᠡᠭᠡᠳᠤ ᠮᠤᠩᠭ᠋ᠤᠯ

ᠵᠠᠭᠤᠨ ᠵᠠᠭᠤᠨ ᠲᠦᠮᠡᠨ ᠰᠥᠷᠦᠭ᠌ ᠤᠨ ᠭᠡᠰᠢᠭ᠌ ᠶᠢᠡᠨ

ᠳᠠᠭᠢᠯᠭ᠎ᠠ ᠳᠠᠭᠠᠨ ᠡᠷᠭᠦᠳᠡᠭ᠌ ᠮᠢᠨᠤ ᠳᠡᠭᠡᠳᠤ ᠮᠤᠩᠭ᠋ᠤᠯ

ᠠᠷᠪᠠᠨ ᠳᠠᠪᠤᠨ ᠤ ᠵᠤᠯᠠ ᠰᠢᠭ

ᠠᠰᠠᠵᠤ ᠪᠠᠢ᠌ᠳᠠᠭ ᠮᠢᠨᠤ ᠳᠡᠭᠡᠳᠤ ᠮᠤᠩᠭ᠋ᠤᠯ

ᠠᠳᠠᠭ᠎ᠠ ᠳᠠᠪᠤᠨ ᠳᠡᠭ᠍ᠷᠢ ᠳᠡᠭᠡᠨ

ᠵᠠᠯᠪᠠᠷᠢᠵᠤ ᠶᠠᠪᠣᠳᠠᠭ ᠮᠢᠨᠤ ᠳᠡᠭᠡᠳᠤ ᠮᠤᠩᠭ᠋ᠤᠯ

ᠢᠰᠡᠭᠡᠢ ᠳᠠᠯᠪᠢᠵᠤ᠂ ᠨᠡᠭᠡᠢ ᠡᠯᠳᠡᠵᠤ

ᠡᠨᠡ ᠵᠠᠭᠤᠨ ᠲᠡᠶ ᠵᠤᠯᠭᠠᠭᠰᠠᠨ ᠮᠢᠨᠤ ᠳᠡᠭᠡᠳᠤ ᠮᠤᠩᠭ᠋ᠤᠯ

ᠢᠷᠭᠢ ᠪᠠᠨ ᠰᠢᠭᠤᠵᠤ ᠠᠢ᠌ᠳᠠᠮ ᠶᠢᠡᠨ ᠳᠠᠭᠤᠯᠠᠭᠰᠠᠭᠠᠷ

ᠡᠷᠭᠢᠮ ᠵᠤᠴᠢᠳ ᠶᠢᠡᠨ ᠣᠷᠢᠭᠰᠠᠨ ᠮᠢᠨᠤ ᠳᠡᠭᠡᠳᠤ ᠮᠤᠩᠭ᠋ᠤᠯ

ᠦᠪ ᠭᠦᠷᠦᠩᠭᠡ ᠨᠢ

ᠡᠷᠳᠡᠨᠢ ᠪᠠᠷ ᠶᠢᠡᠨ ᠪᠠᠢ᠌ᠭ᠎ᠠ ᠮᠢᠨᠤ ᠳᠡᠭᠡᠳᠤ ᠮᠤᠩᠭ᠋ᠤᠯ

ᠥᠰᠭᠦ ᠡᠴᠡ ᠪᠠᠨ ᠦᠨᠢᠷ ᠳᠤᠨᠢ

ᠡᠯᠡᠷ ᠪᠠᠯᠠᠷ ᠮᠢᠨᠤ ᠳᠡᠭᠡᠳᠤ ᠮᠤᠩᠭ᠋ᠤᠯ

ᠠᠶ᠎ᠠ ᠮᠢᠨᠤ ᠳᠡᠭᠡᠳᠤ ᠮᠤᠩᠭ᠋ᠤᠯ

ᠥᠨᠡᠭᠡᠨ ᠬᠠᠷᠠᠩᠭ᠋ᠤᠢ ᠪᠠᠷ

ᠦᠨᠡᠰᠤ ᠪᠣᠭ ᠶᠢᠡᠨ ᠭᠠᠷᠭᠠᠳᠠᠭ ᠦᠭᠡᠶ

ᠮᠢᠨᠤ ᠳᠡᠭᠡᠳᠤ ᠮᠤᠩᠭ᠋ᠤᠯ

ᠥᠭᠡᠷ ᠮᠠᠯ ᠤᠨ ᠬᠠᠰᠢᠶ᠎ᠠ ᠣᠷᠤᠭᠤ ᠪᠠᠨ

ᠦᠯᠦᠨ ᠭᠬᠢᠷ ᠲᠡᠶ ᠪᠠᠨ ᠱᠠᠭᠠᠢ᠌ᠳᠠᠭ ᠦᠭᠡᠶ

ᠮᠢᠨᠤ ᠳᠡᠭᠡᠳᠤ ᠮᠤᠩᠭ᠋ᠤᠯ

ᠵᠠᠶᠠᠭᠠᠭᠰᠠᠨ ᠦᠷᠡᠰ ᠳᠡᠭᠡᠨ

ᠵᠠᠬ᠎ᠠ ᠬᠠᠪᠢᠷᠠᠭ᠎ᠠ ᠦᠭ‍ᠭᠦᠳᠡᠭ᠌ ᠦᠭᠡᠶ

ᠮᠢᠨᠤ ᠳᠡᠭᠡᠳᠤ ᠮᠤᠩᠭ᠋ᠤᠯ

ᠵᠠᠭᠠᠮ᠎ᠠ ᠡᠩᠭᠡᠷ ᠵᠠᠳᠠᠭᠠᠢ

ᠵᠠᠬᠠᠰ ᠲᠡᠶ ᠪᠠᠨ ᠮᠡᠡᠳᠦᠴᠢᠯᠡᠳᠡᠭ᠌ ᠦᠭᠡᠶ

ᠮᠢᠨᠤ ᠳᠡᠭᠡᠳᠤ ᠮᠤᠩᠭ᠋ᠤᠯ

ᠵᠠᠩᠭᠢᠳᠤᠭᠰᠠᠨ ᠭᠤᠨᠢᠭ ᠶᠢᠡᠨ

ᠣᠷᠤᠨ ᠳᠤᠳᠤᠷ᠎ᠠ ᠪᠠᠨ ᠣᠭᠢᠯᠠᠳᠠᠭ ᠦᠭᠡᠶ

ᠮᠢᠨᠤ ᠳᠡᠭᠡᠳᠤ ᠮᠤᠩᠭ᠋ᠤᠯ

ᠭᠠᠯ ᠤᠨ ᠬᠠᠢ᠌ᠴᠢ ᠪᠠᠨ

ᠭᠢᠰᠭᠢᠭᠦᠷ ᠲᠤ ᠬᠠᠶᠠᠳᠠᠭ ᠦᠭᠡᠶ

ᠮᠢᠨᠤ ᠳᠡᠭᠡᠳᠤ ᠮᠤᠩᠭ᠋ᠤᠯ

ᠭᠠᠷᠬᠤ ᠣᠷᠤᠬᠤ ᠳᠠᠭᠠᠨ

ᠡᠭᠦᠳᠡ ᠪᠠᠨ ᠰᠠᠪᠠᠳᠠᠭ ᠦᠭᠡᠶ

ᠮᠢᠨᠤ ᠳᠡᠭᠡᠳᠤ ᠮᠤᠩᠭ᠋ᠤᠯ

ᠠᠶ᠎ᠠ ᠮᠢᠨᠤ ᠳᠡᠭᠡᠳᠤ ᠮᠤᠩᠭ᠋ᠤᠯ

ᠣᠷᠭᠢᠯᠤᠨ ᠪᠣᠷᠭᠢᠯᠬᠤ ᠡᠪᠠᠢ ᠶᠢᠨ ᠭᠤᠤᠯ

ᠠᠭᠤᠯᠠᠰ ᠶᠢᠡᠨ ᠵᠢᠰᠤᠯᠠᠵᠤ ᠣᠠᠳᠤᠷᠠᠭᠰᠠᠨ

ᠮᠢᠨᠤ ᠳᠡᠭᠡᠳᠤ ᠮᠤᠩᠭ᠋ᠤᠯ

ᠣᠭᠳᠠᠷᠭᠤᠢ ᠱᠥᠷᠭᠦᠭᠡᠭ᠍ᠰᠡᠨ ᠴᠠᠰᠤᠳᠤ ᠮᠥᠩᠭᠡ ᠨᠢ

ᠨᠠᠷᠠᠨ ᠳᠤ ᠭᠦᠯᠦᠷᠢᠭᠡ ᠦᠭᠡᠶ ᠮᠢᠨᠤ ᠳᠡᠭᠡᠳᠤ ᠮᠤᠩᠭ᠋ᠤᠯ

ᠣᠪᠣᠭᠠᠨ ᠳᠡᠭᠡᠷ᠎ᠡ ᠠᠮᠠᠭᠠᠢ ᠱᠠᠷᠭᠢᠭᠤᠯᠤᠨ ᠠᠭᠤᠯᠵᠠᠬᠤ ᠳᠠᠭᠠᠨ

ᠠᠮᠤᠷ ᠮᠠᠠᠳᠤ ᠲᠡᠶ

ᠮᠢᠨᠤ ᠳᠡᠭᠡᠳᠤ ᠮᠤᠩᠭ᠋ᠤᠯ

ᠣᠳᠤᠮ ᠡᠴᠡ ᠪᠠᠨ ᠭᠡᠢ᠌ᠮᠦᠷᠢ ᠵᠥᠩᠨᠡᠳᠡᠭ᠌

ᠠᠮᠤᠭᠤᠯᠠᠩ ᠢᠷᠦᠭᠡᠯ ᠲᠡᠶ

ᠮᠢᠨᠤ ᠳᠡᠭᠡᠳᠤ ᠮᠤᠩᠭ᠋ᠤᠯ

ᠵᠠᠯᠠᠭᠰᠠᠨ ᠰᠠᠭᠢᠭᠤᠰᠤ ᠪᠠᠨ

ᠳᠤᠯᠭᠠᠨ ᠤ ᠪᠠᠨ ᠬᠣᠢ᠌ᠮᠤᠷ ᠳᠠᠭᠢᠳᠠᠭ

ᠮᠢᠨᠤ ᠳᠡᠭᠡᠳᠤ ᠮᠤᠩᠭ᠋ᠤᠯ

ᠵᠠᠯᠠᠭ᠎ᠠ ᠴᠢᠮᠦᠭᠡ ᠶᠢ

ᠳᠤᠳᠤᠭᠤᠨ ᠳᠡᠭᠡᠷ᠎ᠡ ᠪᠠᠨ ᠱᠤᠮᠨᠠᠳᠠᠭ

ᠮᠢᠨᠤ ᠳᠡᠭᠡᠳᠤ ᠮᠤᠩᠭ᠋ᠤᠯ

ᠰᠢᠷᠪᠣᠰᠤ ᠴᠢᠯᠳᠠᠩ ᠡᠷᠡᠴᠦᠦᠯ ᠨᠢ

ᠰᠢᠷᠳᠠᠩ ᠳᠡᠭᠡᠨ ᠭᠤᠷᠪᠠ ᠰᠢᠷᠣᠢ᠌ᠳᠠᠳᠠᠭ

ᠮᠢᠨᠤ ᠳᠡᠭᠡᠳᠤ ᠮᠤᠩᠭ᠋ᠤᠯ

ᠰᠢᠩᠭᠡᠨ ᠨᠠᠷᠠᠮᠠᠯ ᠤᠨ ᠣᠮᠤᠭ ᠶᠢᠡᠷ

ᠰᠢᠠᠳᠠᠰᠤ ᠲᠡᠶ ᠨᠢ ᠴᠤ ᠭᠤᠨᠢᠭ ᠲᠡᠶ ᠳᠡᠭᠦᠰᠳᠡᠭ᠌

ᠮᠢᠨᠤ ᠳᠡᠭᠡᠳᠤ ᠮᠤᠩᠭ᠋ᠤᠯ

ᠰᠠᠷᠠᠨ ᠤ ᠭᠡᠭᠡ ᠰᠢᠭ᠌ ᠴᠡᠮᠴᠡᠭᠡᠷ ᠪᠦᠰᠡᠭᠦᠢᠴᠦᠳ ᠨᠢ

ᠰᠠᠭᠠᠯᠢ ᠶᠢᠨ ᠵᠤᠨ ᠲᠡᠶ ᠮᠢᠨᠤ ᠳᠡᠭᠡᠳᠤ ᠮᠤᠩᠭ᠋ᠤᠯ

ᠰᠠᠠᠰᠠᠷ ᠤᠨ ᠮᠥᠩᠭᠦᠨ ᠣᠳᠤᠳ ᠤᠨ ᠳᠤᠤᠷ᠎ᠠ

ᠰᠠᠨᠠᠭ᠎ᠠ ᠵᠡᠭᠦᠳᠤᠨ ᠳᠤ ᠦᠭᠡᠶ

ᠮᠢᠨᠤ ᠳᠡᠭᠡᠳᠤ ᠮᠤᠩᠭ᠋ᠤᠯ

ᠠᠶ᠎ᠠ ᠮᠢᠨᠤ ᠳᠡᠭᠡᠳᠤ ᠮᠤᠩᠭ᠋ᠤᠯ

ᠢᠰᠡᠭᠡᠢ ᠭᠡᠷ ᠤᠨ ᠬᠠᠶᠠᠭ᠎ᠠ ᠳᠤᠶᠠᠭᠠᠷᠠᠭᠤᠯᠵᠤ ᠮᠡᠡᠳᠦᠯᠡᠭᠦ ᠳᠤ

ᠡᠵᠢ ᠡᠴᠡ ᠮᠢᠨᠢ ᠣᠷᠢᠳᠠᠵᠤ

ᠥᠶ‍ᠦᠭ᠌ ᠰᠠᠯᠭᠢ ᠪᠠᠷ ᠶᠢᠡᠨ ᠥᠨᠦᠰᠦᠭ᠍ᠰᠡᠨ

ᠮᠢᠨᠤ ᠳᠡᠭᠡᠳᠤ ᠮᠤᠩᠭ᠋ᠤᠯ

ᠡᠴᠢᠭᠡ ᠡᠴᠡ ᠮᠢᠨᠢ ᠣᠷᠢᠳᠠᠵᠤ

ᠢᠳᠡᠭᠡᠨ ᠭᠦᠷᠦᠰᠤᠨ ᠳᠡᠭᠡᠨ ᠳᠡᠪᠠᠷᠢᠭ᠍ᠰᠡᠨ

ᠮᠢᠨᠤ ᠳᠡᠭᠡᠳᠤ ᠮᠤᠩᠭ᠋ᠤᠯ

ᠳᠤᠭ᠎ᠠ ᠲᠡᠶ ᠨᠠᠰᠤᠨ ᠳᠤ ᠮᠢᠨᠢ ᠣᠬᠠᠭᠠᠨ ᠣᠷᠭᠤᠵᠤ

ᠳᠤᠮᠤᠭ᠎ᠠ ᠮᠡᠳᠡᠭᠡ ᠲᠡᠶ ᠪᠣᠯᠤᠭᠠᠤᠨ ᠢᠷᠡᠭᠦ ᠪᠠᠷ

ᠳᠤᠷᠭᠠᠨ ᠥᠯᠦᠭᠡᠢ ᠪᠠᠨ ᠳᠡᠪᠢᠰᠦᠭ᠍ᠰᠡᠨ

ᠮᠢᠨᠤ ᠳᠡᠭᠡᠳᠤ ᠮᠤᠩᠭ᠋ᠤᠯ

ᠳᠤᠮᠤᠷᠬᠠᠯ ᠣᠮᠤᠷᠬᠠᠯ ᠲᠡᠶ ᠳᠡᠪᠠᠷᠡᠭᠡᠤᠨ ᠢᠷᠡᠭᠦ ᠪᠠᠷ

ᠳᠦᠭᠡᠭ᠌ ᠴᠢᠯᠠᠭᠤᠨ ᠳᠠᠭᠠᠨ ᠪᠦᠳᠦᠷᠢᠭᠦᠯᠦᠭ᠍ᠰᠡᠨ

ᠮᠢᠨᠤ ᠳᠡᠭᠡᠳᠤ ᠮᠤᠩᠭ᠋ᠤᠯ

ᠠᠶ᠎ᠠ ᠮᠢᠨᠤ ᠳᠡᠭᠡᠳᠤ ᠮᠤᠩᠭ᠋ᠤᠯ︕


ᠵᠤᠬᠢᠶᠠᠭᠴᠢ᠄ ᠪᠠ᠊·ᠪᠦᠷᠭᠦᠳ
ᠢᠷᠡᠯᠲᠡ᠄ ᠬᠦᠬᠡ‍ᠨᠠᠭᠤᠷ ᠤᠨ ᠨᠠᠷᠠᠨᠴᠡᠴᠡᠭ ᠬᠠᠩᠭᠠᠪᠠ
ᠬᠠᠷᠢᠶ᠎ᠠ᠄ ᠰᠢᠯᠦᠭ
ᠳᠠᠷᠤᠮ᠄ 2423
ᠴᠠᠭ᠄ 2006 ᠤᠨ ᠤ 11 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁