《ᠪᠤᠷᠬᠠᠨ》(ᠢᠰᠦ᠋ᠰ) ᠳ᠋ᠤ ᠢᠳᠡᠭᠡᠭᠴᠢᠳ ᠲᠤ ᠪᠢᠴᠢᠭᠰᠡᠨ ᠵᠠᠬᠢᠳᠠᠯ

ᠳᠠᠨᠠᠷ ᠮᠢᠨᠢ ᠪᠣᠷᠬᠠᠨ ᠢ ᠶᠠᠭᠠᠭᠢᠵᠤ ᠬᠠᠢ᠌ᠷᠯᠠᠳᠠᠭ ᠰᠢᠭ ᠪᠢ ᠴᠤ ᠳᠠᠨᠠᠷ ᠢ ᠳᠠᠭᠡᠵᠤ ᠬᠠᠢ᠌ᠷᠯᠠᠵᠤ ᠪᠠᠢ᠌ᠨ᠎ᠠ᠃ ᠳᠡᠯᠡᠭᠡᠢ ᠶᠢᠨ ᠭᠤᠷᠪᠠᠨ ᠶᠡᠭᠡ ᠰᠠᠱᠢᠨ ᠤ ᠨᠢᠭᠡᠨ ᠪᠣᠯᠬᠤ ᠾᠷᠢᠰᠲ᠋ᠤᠰ ᠤᠨ ᠰᠠᠱᠢᠨ ᠪᠠ ᠳᠡᠯᠡᠭᠡᠢ ᠳᠤ ᠬᠠᠮᠤᠭ ᠤᠨ ᠥᠷᠭᠡᠨ ᠳᠠᠷᠬᠠᠭᠠᠭᠳᠠᠭᠰᠠᠨ ᠦᠷᠦᠨᠠᠳᠠᠭᠢᠨ ᠤ ᠣᠶᠤᠨ ᠰᠠᠨᠠᠭᠠᠨ ᠤ ᠪᠣᠯᠪᠠᠰᠤᠨ ᠤ ᠳᠤᠯᠭᠠᠭᠤᠷᠢ ᠭᠡᠮᠡᠭ᠍ᠳᠡᠳᠡᠭ᠌ 《ᠠᠷᠢᠭᠤᠨ ᠨᠤᠮ》 ᠢ ᠴᠤ ᠮᠠᠰᠢ ᠶᠡᠭᠡ ᠭᠦᠡᠳᠦᠦᠡᠭᠡᠵᠤ ᠪᠠᠢ᠌ᠬᠤ ᠪᠠᠨ ᠢᠯᠡᠷᠭᠡᠢ᠌ᠯᠡᠶ᠎ᠡ᠃ ᠱᠠᠰᠢᠨ ᠤ ᠶᠤᠰᠤ ᠶᠢ ᠡᠭᠡᠯ ᠪᠣᠷᠤᠴᠤᠤᠯ ᠤᠨ ᠦᠵᠡᠯᠳᠠ ᠪᠠᠷ ᠪᠣᠷᠤᠭᠤ ᠳᠠᠢ᠌ᠯᠪᠣᠷᠢᠯᠠᠭᠰᠠᠨ ᠡᠴᠡ ᠪᠣᠯᠤᠭᠠᠤᠨ ᠮᠤᠬᠤᠷ ᠰᠥᠰᠦᠭ᠌ ᠪᠣᠢ ᠪᠣᠯᠳᠠᠭ ᠭᠡᠰᠡᠨ᠃ ᠳᠠᠨᠠᠷ ᠮᠠᠨᠢ ᠮᠤᠩᠭ᠋ᠤᠯ ᠤᠨ ᠬᠠᠮᠤᠭ ᠤᠨ ᠣᠬᠠᠭᠠᠯᠢᠭ ᠵᠠᠯᠠᠭᠤᠰ ᠪᠣᠯᠬᠤᠷ ᠶᠢᠡᠨ ᠶᠠᠮᠠᠷᠪᠠ ᠱᠠᠰᠢᠨ ᠨᠢ ᠨᠠᠪᠳᠠᠷᠠᠵᠤ ᠳᠡᠯᠭᠡᠷᠡᠭ᠍ᠰᠡᠨ ᠭᠠᠵᠠᠷ ᠣᠷᠤᠨ ᠤ ᠪᠠᠨ ᠰᠤᠶᠤᠯ ᠂ ᠢᠷᠡᠭᠡᠳᠦᠢ ᠶᠢ ᠭᠡᠷᠭᠢᠨ ᠭᠦᠴᠦᠳᠡᠢ ᠨᠥᠯᠦᠭᠡᠯᠡᠳᠡᠭ᠌ ᠢ ᠮᠡᠳᠡᠳᠡᠭ᠌ ᠪᠠᠢ᠌ᠬᠤ ᠳᠤ ᠢᠳᠠᠭᠡᠵᠤ ᠪᠠᠢ᠌ᠨ᠎ᠠ᠃ ᠨᠢᠭᠡ ᠦᠨᠳᠦᠰᠦᠳᠠᠨ ᠤ ᠢᠷᠡᠭᠡᠳᠦᠢ ᠪᠣᠯᠤᠭᠰᠠᠨ ᠵᠠᠯᠠᠭᠤᠴᠤᠳ ᠤᠨ ᠬᠤᠪᠢ ᠳᠤ ᠶᠠᠮᠠᠷ ᠰᠠᠱᠢᠨ ᠢ ᠭᠦᠯᠢᠶᠡᠨ᠎ᠡ ᠭᠡᠳᠡᠭ᠌ ᠨᠢ ᠬᠤᠪᠢ ᠭᠦᠮᠤᠨ ᠤ ᠳᠤᠷ᠎ᠠ ᠰᠤᠨᠢᠷᠬᠠᠯ ᠤᠨ ᠭᠡᠪᠴᠢᠶᠡᠨ ᠡᠴᠡ ᠳᠠᠪᠠᠭᠠᠤᠨ ᠦᠪᠡᠷ ᠤᠨ ᠶᠢᠡᠨ ᠂ ᠦᠷ᠎ᠡ ᠬᠣᠢ᠌ᠴᠢᠰ ᠤᠨ ᠶᠢᠡᠨ᠂ ᠨᠢᠭᠡᠨ ᠭᠡᠮᠵᠢᠶᠡᠨ ᠳᠤ ᠦᠨᠳᠦᠰᠦᠳᠠᠨ ᠤ ᠪᠠᠨ ᠢᠷᠡᠭᠡᠳᠦᠢ ᠶᠢᠨ ᠡᠮᠦᠨ᠎ᠡ ᠡᠴᠡ ᠭᠢᠭ᠍ᠰᠡᠨ ᠰᠤᠩᠭ᠋ᠤᠯᠳᠠ ᠪᠣᠯᠬᠤ ᠪᠣᠯᠤᠨ᠎ᠠ ᠃ ᠳᠡᠭᠡᠳᠦᠰ ᠮᠠᠨᠢ ᠳᠠᠷᠠ ᠦᠶ᠎ᠡ ᠳᠤ ᠯᠠᠮᠠ ᠶᠢᠨ ᠰᠠᠱᠢᠨ ᠢ ᠰᠤᠩᠭ᠋ᠤᠭᠰᠠᠨ ᠪᠣᠯᠬᠤᠷ ᠯᠠ ᠯᠠᠮᠠ ᠶᠢᠨ ᠰᠠᠱᠢᠨ ᠨᠢ ᠦᠨᠦᠳᠤᠷ ᠪᠢᠳᠠᠨ ᠤ ᠳᠤᠷ᠎ᠠ ᠰᠤᠨᠢᠷᠬᠠᠯ ᠡᠴᠡ ᠬᠠᠮᠢᠶᠠᠷᠤᠯ ᠦᠭᠡᠶ ᠰᠤᠶᠤᠯ ᠠᠮᠢᠳᠤᠷᠠᠯ ᠳᠤ ᠮᠠᠨᠢ ᠠᠭᠤᠰᠴᠤ ᠂ ᠮᠠᠨ ᠤ ᠰᠡᠳᠭᠢᠭᠦᠢ᠂ ᠣᠢ᠌ᠯᠠ ᠠᠵᠢᠯᠯᠠᠭ᠎ᠠ ᠶᠢ ᠨᠥᠯᠦᠭᠡᠯᠡᠭ᠍ᠰᠡᠭᠡᠷ᠁ ᠮᠠᠠᠨᠠᠢ᠌ᠭᠢᠨ ᠡᠴᠡ ᠭᠡᠨ ᠨᠢᠭᠡᠨ ᠨᠢ 《ᠪᠢ ᠰᠠᠱᠢᠨ ᠦᠭᠡᠶ ᠦᠵᠡᠯᠳᠠᠨ》 ᠭᠡᠵᠤ ᠳᠤᠩᠬᠠᠭᠯᠠᠵᠤ ᠮᠡᠳᠡᠭᠦ ᠪᠣᠯᠪᠠᠴᠤ ᠬᠠᠷᠠᠩᠭ᠋ᠤᠢ ᠰᠦᠨᠢ ᠭᠡᠭᠦᠷ ᠣᠩᠭ᠋ᠤᠨ ᠳᠠᠯᠪᠢᠳᠠᠭ ᠭᠠᠵᠠᠷ ᠶᠢᠡᠷ ᠭᠠᠭᠴᠠᠭᠠᠷ ᠶᠢᠡᠨ ᠶᠠᠪᠣᠬᠤ ᠳᠠᠭᠠᠨ ᠴᠢᠦᠡᠭᠦᠷ ᠡᠴᠡ ᠠᠶᠤᠳᠠᠭ ᠶᠢᠡᠨ ᠪᠣᠯᠢᠴᠢᠬᠠᠬᠤ ᠦᠭᠡᠶ᠃

ᠪᠢ ᠥᠴᠦᠭᠡᠳᠦᠷ ᠰᠦᠯᠵᠢᠶᠠᠨ ᠡᠴᠡ 《ᠪᠣᠷᠬᠠᠨ》 ᠳᠤ ᠢᠳᠡᠭᠡᠭ᠍ᠴᠢᠳ ᠪᠠ ᠦᠯᠦ ᠢᠳᠡᠭᠡᠭ᠍ᠴᠢᠳ ᠤᠨ ᠭᠢᠭ᠍ᠰᠡᠨ ᠮᠠᠷᠭᠤᠭᠠᠨ ᠢ ᠬᠠᠷᠠᠯ᠎ᠠ᠃ 《ᠰᠢᠨ᠎ᠠ ᠭᠡᠷ᠎ᠡ》 ᠳᠤ 《ᠠᠯᠢᠪᠠ ᠵᠣᠢ᠌ᠯ ᠳᠡᠭᠡᠷ᠎ᠡ ᠭᠦᠮᠦᠰ ᠢ ᠦᠪᠡᠷᠰᠠᠤᠨ ᠲᠡᠭᠡᠨ ᠭᠡᠷᠭᠢᠨ ᠬᠠᠠᠳᠤᠭᠠᠰᠢ ᠭᠡᠵᠤ ᠭᠦᠰᠡᠳᠡᠭ᠌ ᠪᠣᠯ ᠦᠪᠡᠷᠰᠠᠤᠨ ᠶᠢᠡᠨ ᠴᠤ ᠳᠠᠳᠠᠨ ᠳᠤ ᠳᠠᠭᠡᠵᠤ ᠬᠠᠠᠳᠤ》 ᠭᠡᠰᠡᠨ ᠪᠠᠢ᠌ᠳᠠᠭ᠃ ᠭᠡᠳᠦᠭᠡᠨ ᠮᠤᠩᠭ᠋ᠤᠯᠴᠤᠳ ᠮᠠᠨᠢ ᠬᠠᠷᠢᠯᠴᠠᠨ ᠣᠢ᠌ᠯᠠᠭᠠᠯᠴᠠᠵᠤ ᠥᠵᠡᠭᠡᠷᠡᠢ᠃ ᠪᠢ 《ᠪᠣᠷᠬᠠᠨ ᠳᠤ ᠢᠳᠡᠭᠡᠭ᠍ᠴᠢᠳ 〈ᠮᠤᠩᠭ᠋ᠤᠯ ᠤᠨ ᠨᠢᠭᠤᠴᠠ ᠳᠤᠪᠴᠢᠶᠠᠨ〉 ᠂ ᠴᠢᠩᠭᠢᠰ᠂ ᠣᠪᠣᠭ᠎ᠠ᠂ ᠭᠠᠯ ᠳᠠᠭᠢᠬᠤ ᠶᠢ ᠡᠰᠡᠷᠭᠦᠴᠡᠳᠡᠭ᠌》 ᠭᠡᠵᠤ ᠰᠤᠨᠤᠰᠤᠭᠰᠠᠨ ᠪᠣᠯᠪᠠᠴᠤ ᠳᠠᠮ ᠤᠨ ᠥᠭᠡ ᠳᠠᠯᠠᠨ ᠬᠤᠳᠠᠯ ᠭᠡᠳᠡᠭ᠌ ᠢ ᠮᠠᠳᠠᠵᠤ ᠪᠠᠢ᠌ᠨ᠎ᠠ᠃ 《ᠮᠤᠩᠭ᠋ᠤᠯ ᠤᠨ ᠨᠢᠭᠤᠴᠠ ᠳᠤᠪᠴᠢᠶᠠᠨ》 ᠂ ᠴᠢᠩᠭᠢᠰ᠂ ᠣᠪᠣᠭ᠎ᠠ᠂ ᠭᠠᠯ ᠳᠠᠭᠢᠬᠤ ᠵᠡᠷᠭᠡ ᠨᠢ ᠮᠤᠩᠭ᠋ᠤᠯᠴᠤᠳ ᠤᠨ ᠬᠤᠪᠢ ᠳᠤ ᠰᠠᠱᠢᠨ ᠤ ᠭᠦᠷᠢᠶ᠎ᠡ ᠭᠡᠮᠵᠢᠶᠡᠨ ᠡᠴᠡ ᠨᠢᠭᠡ᠊ᠨᠳᠡ ᠳᠠᠪᠠᠭᠠᠤᠨ ᠵᠠᠩ ᠣᠢ᠌ᠯᠠ ᠪᠣᠯᠵᠤ ᠂ ᠦᠨᠳᠦᠰᠦᠳᠠᠨ ᠤ ᠭᠢᠨᠢ ᠣᠠᠴᠠᠯᠢᠭ ᠰᠢᠠᠵᠢ᠂ ᠣᠶᠤᠨ ᠰᠠᠨᠠᠭᠠᠨ ᠤ ᠭᠢᠨᠢ ᠳᠦᠰᠢᠭ᠌ ᠳᠤᠯᠭᠠᠭᠤᠷᠢ ᠨᠢ ᠪᠣᠯᠵᠤ ᠂ ᠳᠡᠦᠭᠡ ᠰᠤᠶᠤᠯ ᠤᠨ ᠭᠢᠨᠢ ᠴᠢᠮᠦᠭᠡ ᠭᠤᠤᠯ ᠨᠢ ᠪᠣᠯᠤᠭᠠᠤᠨ ᠮᠤᠩᠭ᠋ᠤᠯᠴᠤᠳ ᠡᠭᠦᠨ ᠶᠢᠡᠷ ᠶᠢᠡᠨ ᠯᠠ ᠦᠪᠡᠷ ᠪᠣᠰᠤᠳ ᠲᠤ ᠪᠠᠬᠠᠷᠬᠠᠭᠳᠠᠵᠤ᠂ ᠢᠯᠭᠠᠭᠳᠠᠳᠠᠭ ᠤᠨ ᠣᠴᠢᠷ ᠡᠨᠡ ᠪᠦᠭᠦᠨ ᠶᠢᠡᠨ ᠡᠰᠡᠷᠭᠦᠴᠡᠳᠡᠭ᠌ ᠮᠤᠩᠭ᠋ᠤᠯ ᠭᠦᠮᠤᠨ ᠯᠠᠪᠳᠠᠢ ᠪᠠᠢ᠌ᠬᠤ ᠦᠭᠡᠶ ᠭᠡᠳᠡᠭ᠌ ᠲᠤ ᠪᠢ ᠡᠷᠡᠭᠡᠯᠵᠡᠭᠦ ᠦᠭᠡᠶ ᠪᠠᠢ᠌ᠨ᠎ᠠ᠃ ᠭᠡᠭᠦ ᠳᠡᠭᠡᠨ ᠪᠣᠷᠬᠠᠨ ᠡᠴᠡ ᠪᠣᠰᠤᠳ ᠶᠠᠮᠠᠷ ᠴᠤ ᠠᠮᠢᠳᠠᠨ ᠳᠤ ᠰᠠᠢ᠌ᠨ ᠮᠠᠭᠤ ᠳᠠᠯ᠎ᠠ᠂ ᠠᠯᠳᠠᠭᠰᠠᠨ ᠣᠨᠤᠭᠰᠠᠨ ᠵᠣᠢ᠌ᠯ ᠪᠠᠢ᠌ᠳᠠᠭ ᠤᠨ ᠳᠤᠯᠠᠳᠠ ᠪᠢ ᠡᠨᠡ ᠵᠠᠭᠢᠳᠠᠯ ᠢ ᠪᠢᠴᠢᠵᠤ ᠳᠠᠨᠠᠷ ᠲᠡᠶ ᠪᠠᠨ ᠦᠵᠡᠯ ᠪᠣᠳᠤᠯ ᠶᠢᠡᠨ ᠬᠤᠪᠢᠶᠠᠯᠴᠠᠬᠤ ᠶᠢ ᠵᠤᠷᠢᠯ᠎ᠠ᠃

ᠪᠢ 《ᠠᠷᠢᠭᠤᠨ ᠨᠤᠮ》 ᠢ ᠣᠩᠰᠢᠭᠠᠤᠨ ᠳᠠᠷᠠ ᠪᠠᠷ 《ᠮᠤᠩᠭ᠋ᠤᠯ ᠤᠨ ᠨᠢᠭᠤᠴᠠ ᠳᠤᠪᠴᠢᠶᠠᠨ》 ᠂ ᠴᠢᠩᠭᠢᠰ᠂ ᠣᠪᠣᠭ᠎ᠠ᠂ ᠭᠠᠯ ᠳᠠᠭᠢᠬᠤ ᠲᠡᠶ ᠶᠠᠮᠠᠷ ᠴᠤ ᠮᠥᠷᠭᠦᠯᠳᠦᠭᠡᠨ ᠦᠭᠡᠶ ᠪᠠᠢ᠌ᠬᠤ ᠶᠢ ᠣᠢ᠌ᠯᠠᠭᠠᠵᠤ ᠮᠠᠰᠢ ᠶᠡᠭᠡ ᠳᠠᠢ᠌ᠪᠣᠰᠢᠷᠠᠯ᠎ᠠ᠃

《ᠠᠷᠢᠭᠤᠨ ᠨᠤᠮ》 ᠨᠢ 《ᠪᠣᠷᠬᠠᠨ ᠳᠡᠭ᠍ᠷᠢ》 ᠡᠴᠡ ᠭᠠᠯᠪᠠ ᠳᠡᠯᠡᠭᠡᠢ ᠶᠢ ᠪᠣᠢ ᠪᠣᠯᠭᠠᠭᠰᠠᠨ ᠤ ᠳᠠᠷᠠᠭ᠎ᠠ ᠢᠪᠷᠠᠢ᠌ᠴᠤᠳ ᠲᠡᠶ ᠶᠠᠭᠠᠭᠢᠨ ᠬᠠᠷᠢᠯᠴᠠᠵᠤ ᠳᠠᠳᠠᠨ ᠤ ᠳᠡᠦᠭᠡ ᠰᠤᠶᠤᠯ ᠳ᠋ᠤᠨᠢ ᠭᠡᠷᠭᠢᠨ ᠣᠢ᠌ᠯᠠᠳᠤᠯ ᠥᠵᠡᠭᠦᠯᠦᠭ᠍ᠰᠡᠨ ᠢ ᠨᠢ ᠳᠤᠭᠠᠴᠢᠭᠰᠠᠨ ᠳᠡᠮᠳᠡᠭᠯᠡᠯ ᠪᠣᠯᠬᠤ ᠨᠢ ᠢᠯᠡᠷᠭᠡᠢ ᠪᠠᠢ᠌ᠨ᠎ᠠ᠃ ᠭᠡᠭᠦ ᠳᠡᠭᠡᠨ 《ᠪᠦᠭᠦᠨ ᠢ ᠪᠦᠳᠦᠭᠡᠭ᠍ᠰᠡᠨ ᠴᠤᠷ ᠤᠨ ᠭᠠᠭᠴᠠ ᠡᠵᠡᠨ 〈ᠪᠣᠷᠬᠠᠨ ᠳᠡᠭ᠍ᠷᠢ〉》 ᠶᠠᠮᠠᠷ ᠳᠠᠭᠠᠨ ᠨᠠᠳᠠ ᠰᠢᠭ ᠨᠢᠭᠡ ᠠᠵᠢᠯ ᠭᠢᠴᠢᠭᠡᠪᠠᠯ ᠥᠭᠡᠷ᠎ᠡ ᠶᠢ ᠨᠢ ᠠᠮᠵᠢᠬᠤ ᠪᠠᠨ ᠪᠠᠢ᠌ᠴᠢᠬᠠᠳᠠᠭ ᠨᠢᠭᠡᠨ ᠪᠢᠰᠢ ᠪᠠᠢ᠌ᠭᠰᠠᠨ ᠪᠠᠢ᠌ᠯᠭᠦᠢ᠃ 《ᠪᠣᠷᠬᠠᠨ ᠳᠡᠭ᠍ᠷᠢ》 ᠳᠤᠬᠠᠢ ᠶᠢᠨ ᠦᠶ᠎ᠡ ᠳᠤ ᠢᠪᠷᠠᠢ᠌ᠴᠤᠳ ᠲᠤ ᠨᠤᠮ ᠰᠤᠷᠭᠠᠯ ᠬᠠᠢ᠌ᠷᠠᠯᠠᠬᠤ ᠶᠢᠨ ᠵᠡᠷᠭᠡᠳᠡ ᠮᠦᠨ ᠪᠦᠮᠪᠦᠷᠴᠡᠭ᠌ ᠤᠨ ᠪᠣᠰᠤᠳ ᠣᠷᠤᠨ ᠤ ᠭᠦᠮᠤᠨ ᠠᠮᠢᠳᠠᠨ ᠂ ᠣᠯᠤᠰ ᠦᠨᠳᠦᠰᠦᠳᠠᠨ᠂ ᠰᠤᠶᠤᠯ ᠳᠡᠦᠭᠡ ᠶᠢ ᠪᠦᠳᠦᠭᠡᠵᠤ ᠪᠠᠢ᠌ᠭᠰᠠᠨ ᠭᠡᠪᠠᠯ ᠳᠠᠨᠠᠷ ᠮᠢᠨᠢ ᠵᠥᠪᠰᠢᠶᠡᠷᠡᠭᠦ ᠪᠠᠢ᠌ᠬ᠎ᠠ᠃ ᠾᠷᠢᠰᠲ᠋ᠤᠰ ᠤᠨ ᠰᠠᠱᠢᠨ ᠤ ᠦᠵᠡᠯ ᠶᠢᠡᠷ ᠪᠣᠯ

《ᠪᠦᠭᠦᠨ ᠢ ᠪᠦᠳᠦᠭᠡᠭ᠍ᠰᠡᠨ ᠴᠤᠷ ᠤᠨ ᠭᠠᠭᠴᠠ ᠡᠵᠡᠨ 〈ᠪᠤᠷᠬᠠᠨᠲ᠋ᠡᠭ᠍ᠷᠢ〉》 ᠪᠠᠢ᠌ᠳᠠᠭ ᠪᠣᠯᠬᠤᠷ ᠳᠤᠬᠠᠢ ᠶᠢᠨ ᠦᠶ᠎ᠡ ᠶᠢᠨ ᠮᠤᠩᠭ᠋ᠤᠯᠴᠤᠳ ᠢ ᠂ ᠮᠤᠩᠭ᠋ᠤᠯ ᠤᠨ ᠳᠡᠦᠭᠡ ᠶᠢ ᠴᠤ ᠭᠠᠷᠴᠠᠭ᠎ᠠ ᠦᠭᠡᠶ 《ᠪᠣᠷᠬᠠᠨ ᠳᠡᠭ᠍ᠷᠢ》 ( 《ᠮᠥᠩᠭᠡ ᠳᠡᠭ᠍ᠷᠢ》 ) ᠪᠦᠳᠦᠭᠡᠭ᠍ᠰᠡᠨ ᠪᠠᠢ᠌ᠬᠤ ᠃ ᠴᠢᠩᠭᠢᠰ ᠪᠣᠭᠳᠠ ᠮᠢᠨᠢ ᠳᠠᠷᠠ ᠦᠶ᠎ᠡ ᠳᠤ ᠦᠨᠳᠦᠷ ᠳᠡᠭᠡᠷ᠎ᠡ ᠭᠠᠷᠤᠭᠠᠤᠨ ᠭᠤᠷᠪᠠᠨ ᠡᠳᠦᠷ ᠭᠤᠷᠪᠠᠨ ᠰᠦᠨᠢ 《ᠮᠥᠩᠭᠡ ᠳᠡᠭ᠍ᠷᠢ》 ᠲᠡᠶ ᠶᠠᠷᠢᠯᠴᠠᠵᠤ ᠪᠠᠢ᠌ᠯ᠎ᠠ ᠭᠡᠮᠡᠨ ᠮᠤᠩᠭ᠋ᠤᠯ ᠤᠨ ᠰᠤᠷᠪᠣᠯᠵᠢ ᠪᠢᠴᠢᠭ᠌ ᠤᠳ ᠲᠤ ᠪᠠᠢ᠌ᠳᠠᠭ᠂ ᠳᠡᠭᠡᠪᠠᠯ ᠡᠨᠡ 《ᠮᠥᠩᠭᠡ ᠳᠡᠭ᠍ᠷᠢ》 ᠨᠢ 《ᠪᠣᠷᠬᠠᠨ ᠳᠡᠭ᠍ᠷᠢ》 ᠶᠢ ᠭᠡᠯᠡᠵᠤ ᠪᠠᠢ᠌ᠨ᠎ᠠ ᠭᠡᠪᠠᠯ ᠨᠠᠳᠠ ᠲᠡᠶ ᠪᠠᠷᠤᠭ ᠮᠠᠷᠭᠤᠯᠳᠤᠬᠤ ᠦᠭᠡᠶ ᠪᠠᠢ᠌ᠬ᠎ᠠ᠃ ᠡᠭᠦᠨ ᠡᠴᠡ ᠪᠢᠳᠠ 《ᠮᠤᠩᠭ᠋ᠤᠯ ᠤᠨ ᠨᠢᠭᠤᠴᠠ ᠳᠤᠪᠴᠢᠶᠠᠨ》 ᠪᠣᠯ《ᠠᠷᠢᠭᠤᠨ ᠨᠤᠮ》 ᠲᠡᠶ ᠶᠠᠭ ᠠᠳᠠᠯᠢᠬᠠᠨ 《ᠮᠥᠩᠭᠡ ᠳᠡᠭ᠍ᠷᠢ》 ᠡᠴᠡ ᠮᠤᠩᠭ᠋ᠤᠯᠴᠤᠳ ᠪᠣᠶᠤ ᠮᠤᠩᠭ᠋ᠤᠯᠴᠤᠳ ᠤᠨ ᠳᠡᠦᠭᠡ ᠰᠤᠶᠤᠯ ᠢ ᠨᠢ ᠪᠦᠳᠦᠭᠡᠭᠦ ᠶᠠᠪᠣᠴᠠ ᠶᠢ ᠳᠡᠮᠳᠡᠭᠯᠡᠭ᠍ᠰᠡᠨ ᠨᠤᠮ ᠭᠡᠳᠡᠭ᠌ ᠢ ᠠᠮᠠᠷᠬᠠᠨ ᠣᠢ᠌ᠯᠠᠭᠠᠵᠤ ᠪᠣᠯᠤᠨ᠎ᠠ᠃ ᠭᠡᠷᠪᠡ ᠪᠢᠰᠢ ᠭᠡᠭᠦ ᠳᠤ ᠭᠦᠷᠪᠠᠯ ᠮᠤᠩᠭ᠋ᠤᠯᠴᠤᠳ ᠢ ᠭᠡᠨ ᠪᠦᠳᠦᠭᠡᠭ᠍ᠰᠡᠨ ᠪᠣᠢ︖ ᠮᠤᠩᠭ᠋ᠤᠯᠴᠤᠳ ᠳᠡᠯᠡᠭᠡᠢ ᠶᠢ ᠡᠵᠡᠯᠡᠵᠤ ᠪᠠᠢ᠌ᠬᠤ ᠳᠤ ᠪᠣᠷᠬᠠᠨ ᠬᠠᠮᠢᠭ᠎ᠠ ᠶᠠᠭᠤ ᠭᠢᠵᠤ ᠪᠠᠢ᠌ᠭᠰᠠᠨ ᠪᠣᠢ︖ ᠴᠢᠩᠭᠢᠰ ᠭᠡᠨ ᠲᠡᠶ ᠶᠠᠷᠢᠯᠴᠠᠵᠤ ᠪᠠᠢ᠌ᠭᠰᠠᠨ ᠪᠣᠢ︖ ᠨᠢᠭᠡ ᠯᠠ ᠪᠣᠷᠬᠠᠨ ᠪᠠᠢ᠌ᠳᠠᠭ ᠭᠡᠰᠡᠨ ᠪᠢᠰᠢᠤ︕

ᠴᠢᠩᠭᠢᠰ ᠢ ᠶᠠᠭᠠᠭᠢᠵᠤ ᠣᠢ᠌ᠯᠠᠭᠠᠬᠤ ᠪᠣᠢ ᠭᠡᠪᠠᠯ ᠢᠪᠷᠠᠢ ᠳᠤ ᠮᠤᠰᠢ ᠂ ᠢᠯᠢᠶ᠎ᠠ ᠰᠢᠭ 《ᠪᠣᠷᠬᠠᠨ》 ᠲᠡᠶ ᠬᠠᠷᠢᠯᠴᠠᠳᠠᠭ ᠪᠣᠭᠳᠠ ᠭᠦᠮᠦᠰ ᠪᠠᠢ᠌ᠭᠰᠠᠨ ᠲᠡᠶ ᠶᠠᠭ ᠠᠳᠠᠯᠢᠬᠠᠨ ᠮᠤᠩᠭ᠋ᠤᠯ ᠳᠤ ᠴᠢᠩᠭᠢᠰ ᠭᠡᠳᠡᠭ᠌ ᠪᠣᠭᠳᠠ ᠭᠦᠮᠤᠨ (ᠡᠰᠢ ᠥᠵᠡᠭᠦᠯᠦᠭ᠍ᠴᠢ) ᠭᠠᠷᠤᠭᠰᠠᠨ ᠶᠤᠮ᠃ ᠭᠠᠯ᠂ ᠣᠪᠣᠭ᠎ᠠ ᠳᠠᠭᠢᠬᠤ ᠶᠢ ᠭᠡᠯᠡᠪᠠᠯ ᠠᠸᠸᠯ᠂ ᠺᠠᠶ‍ᠢᠨ᠂ ᠢᠯᠢᠶ᠎ᠠ᠁ ᠪᠦᠷ 《ᠪᠣᠷᠬᠠᠨ》 ᠳᠤ ᠳᠠᠭᠢᠯ ᠡᠷᠭᠦᠵᠤ ᠭᠠᠯ ᠶᠢᠡᠷ ᠰᠢᠳᠠᠭᠠᠵᠤ ᠪᠠᠢ᠌ᠭᠰᠠᠨ ᠰᠢᠳᠠ᠃ 《ᠠᠷᠢᠭᠤᠨ ᠨᠤᠮ》 ᠳᠤ ᠠᠬ᠎ᠠ ᠳᠡᠭᠦᠤ ᠬᠤᠶᠠᠷ ᠤᠨ ᠡᠷᠭᠦᠭ᠍ᠰᠡᠨ ᠳᠠᠭᠢᠯ ᠨᠢ ᠠᠳᠠᠯᠢ ᠦᠭᠡᠶ ᠪᠠᠢ᠌ᠵᠤ ᠪᠣᠯᠤᠭᠰᠠᠨ ᠶᠤᠮ ᠴᠢᠨᠢ ᠬᠤᠶᠠᠷ ᠦᠨᠳᠦᠰᠦᠳᠠᠨ ᠢ ᠨᠠᠩ ᠶᠠᠭᠤᠨ ᠭᠡᠯᠡᠭᠦ ᠪᠢᠯᠠ︕ ᠦᠪᠡᠷ ᠦᠪᠡᠷ ᠤᠨ ᠣᠠᠴᠠᠯᠢᠭ ᠰᠢᠠᠵᠢ ᠲᠡᠶ ᠪᠠᠢ᠌ᠵᠤ ᠪᠣᠯᠬᠤ ᠯᠠ ᠳ᠋ᠠ ᠃

2006 ᠣᠨ ᠤ 2 ᠰᠠᠷ᠎ᠠ ᠳᠤ ᠭᠡᠪᠯᠡᠭ᠍ᠰᠡᠨ 《ᠰᠢᠨ᠎ᠠ ᠭᠡᠷ᠎ᠡ》 ᠵᠢᠨ ᠡᠮᠦᠨᠡᠭᠢ ᠥᠭᠡ ᠳᠤ 《ᠠᠷᠢᠭᠤᠨ ᠨᠤᠮ ᠤᠨ ᠪᠦᠭᠦ ᠥᠭᠡ ᠶᠢ ᠪᠣᠷᠬᠠᠨ ᠦᠪᠡᠷ ᠶᠢᠡᠨ ᠲᠦᠯᠦᠪᠯᠠᠵᠤ ᠵᠠᠷᠤᠴᠠ ᠭᠦᠮᠦᠰ ᠶᠢᠡᠷ ᠶᠢᠡᠨ ᠪᠢᠴᠢᠭᠦᠯᠦᠭ᠍ᠰᠡᠨ ᠶᠤᠮ》 ᠭᠡᠨ᠎ᠡ᠃ 《ᠪᠣᠷᠬᠠᠨ》 ᠳ᠋ᠤ ᠨᠢᠭᠡ ᠯᠠ ᠦᠨᠳᠦᠰᠦᠳᠠᠨ ᠤ ᠵᠠᠷᠤᠴᠠ ᠲᠡᠶ ᠪᠠᠢ᠌ᠭᠰᠠᠨ ᠶᠤᠮ ᠦᠦ︖ 《᠊ᠭ᠍‍ᠷᠧᠭ᠌ ᠭᠡᠯᠡ ᠳᠡᠭᠡᠷ᠎ᠡ ᠪᠢᠴᠢᠭ᠍ᠳᠡᠭ᠍ᠰᠡᠨ ᠡᠭᠡ 〈ᠰᠢᠨ᠎ᠠ ᠭᠡᠷ᠎ᠡ〉》 ᠭᠡᠭᠦ ᠶᠤᠮ ᠃ 《ᠪᠣᠷᠬᠠᠨ》 ᠵᠥᠪᠭᠡᠨ ᠊ᠭ᠍‍ᠷᠧᠭ᠌ ᠭᠡᠯᠡ ᠯᠠ ᠮᠡᠳᠡᠳᠡᠭ᠌ ᠪᠠᠢ᠌ᠭᠰᠠᠨ ᠶᠤᠮ ᠦᠦ︖ ᠠᠯᠢ ᠠᠯᠢ ᠣᠨ ᠳᠤ 《ᠰᠢᠨ᠎ᠠ ᠭᠡᠷ᠎ᠡ》 ᠵᠢ ᠣᠷᠴᠢᠭᠤᠯᠵᠤ᠂ ᠠᠯᠢ ᠠᠯᠢ ᠣᠨ ᠳᠤ 《ᠬᠠᠭᠤᠴᠢᠨ ᠭᠡᠷ᠎ᠡ》 ᠵᠢ ᠮᠤᠩᠭ᠋ᠤᠯ ᠳᠤ ᠭᠡᠪᠯᠡᠯ᠎ᠡ ᠭᠡᠭᠦ ᠶᠤᠮ ᠃ ᠳᠠᠷᠠ ᠡᠴᠡ ᠡᠮᠦᠨ᠎ᠡ ᠮᠤᠩᠭ᠋ᠤᠯᠴᠤᠳ ᠪᠣᠷᠬᠠᠨ ᠲᠡᠶ ᠬᠠᠮᠢᠶ᠎ᠠ ᠦᠭᠡᠶ ᠪᠠᠢ᠌ᠭᠰᠠᠨ ᠶᠤᠮ ᠦᠦ︖ ᠦᠨᠡᠨ ᠳᠡᠭᠡᠨ ᠪᠦᠭᠦᠳᠡ ᠶᠢ ᠪᠦᠳᠦᠭᠡᠭ᠍ᠰᠡᠨ ᠳᠡᠭᠦᠰ ᠪᠣᠷᠬᠠᠨ ᠭᠡᠵᠢᠶ᠎ᠡ ᠂ ᠬᠠᠮᠢᠶ᠎ᠠ ᠣᠴᠢᠬᠤ ᠪᠠᠨ ᠭᠡᠨ ᠶᠢᠡᠷ ᠵᠢᠭᠠᠯᠭᠠᠵᠤ᠂ ᠭᠡᠨ ᠶᠢᠡᠷ ᠵᠠᠮᠴᠢᠯᠠᠭᠤᠯᠬᠤ ᠪᠣᠢ ︕ ᠠᠯᠢ ᠭᠡᠳᠥᠢᠨ ᠡᠴᠡ ᠪᠢᠳᠠᠨ ᠲᠡᠶ ᠴᠤᠭ ᠪᠠᠢ᠌ᠭᠰᠠᠨ ᠪᠠᠢ᠌ᠯᠭᠦᠢ︕

ᠡᠭᠡᠯ ᠶᠠᠷᠤ ᠶᠢᠨ ᠡᠮᠴᠢ ᠨᠡᠷ ᠭᠦᠷᠳᠡᠯ᠎ᠡ ᠡᠪᠠᠦᠡᠴᠢᠨ ᠳ᠋ᠤᠨᠢ ᠳᠠᠭᠠᠷᠠᠭᠤᠯᠵᠤ ᠡᠮ ᠥᠭ᠍ᠳᠡᠭ᠌ ᠪᠠᠢ᠌ᠳᠠᠯ᠎ᠠ ᠳᠡᠭᠦᠰ 《ᠪᠣᠷᠬᠠᠨ》 ᠶᠠᠭᠤᠨ ᠭᠡᠮᠡᠨ ᠨᠢᠭᠡ ᠯᠠ ᠭᠡᠯᠡ ᠪᠠᠷ ᠨᠢᠭᠡ ᠯᠠ ᠭᠡᠪ ᠤᠨ ᠨᠤᠮ ᠳᠠᠯᠪᠢᠬᠤ ᠪᠢᠯᠠ ᠃ ᠭᠡᠷᠪᠡ ᠳᠡᠭᠡᠭᠦ ᠪᠠᠢ᠌ᠭᠰᠠᠨ ᠪᠣᠯ ᠳᠡᠭᠦᠰ 《ᠪᠣᠷᠬᠠᠨ》 ᠲᠦᠮᠡᠨ ᠠᠮᠢᠳᠠᠨ ᠢ ᠨᠢᠭᠡ ᠯᠠ ᠳᠦᠷᠢ ᠲᠡᠶ ᠂ ᠨᠢᠭᠡ ᠯᠠ ᠲᠦᠷᠦᠯ ᠤᠨ ᠭᠡᠯᠡ ᠲᠡᠶ ᠪᠠᠢ᠌ᠬᠤ ᠪᠠᠷ ᠪᠦᠳᠦᠭᠡᠭᠦ ᠪᠠᠢ᠌ᠭᠰᠠᠨ ᠪᠢᠰᠢᠤ︕ ᠡᠢ᠌ᠮᠤ ᠡᠴᠡ ᠪᠢ 《ᠮᠥᠩᠭᠡ ᠳᠡᠭ᠍ᠷᠢ》 ᠪᠣᠶᠤ 《ᠪᠣᠷᠬᠠᠨ ᠳᠡᠭ᠍ᠷᠢ》 ᠪᠠᠢ᠌ᠳᠠᠭ ᠯᠠ ᠶᠤᠮ ᠪᠣᠯ ᠮᠤᠩᠭ᠋ᠤᠯᠴᠤᠳ ᠢ ᠮᠤᠩᠭ᠋ᠤᠯ ᠤᠨ ᠯᠠ ᠣᠠᠴᠠᠯᠢᠭ ᠲᠡᠶ ᠪᠦᠳᠦᠭᠡᠵᠤ᠂ ᠣᠠᠴᠠᠯᠢᠭ ᠳᠤᠨᠢ ᠳᠤᠭᠢᠷᠠᠭᠤᠯᠤᠨ ᠨᠤᠮ ᠰᠤᠷᠭᠠᠯ ᠶᠢᠡᠨ ᠳᠡᠯᠭᠡᠭ᠍ᠰᠡᠨ ᠭᠡᠳᠡᠭ᠌ ᠲᠤ ᠰᠡᠵᠢᠭᠯᠡᠭᠦ ᠦᠭᠡᠶ ᠪᠠᠢ᠌ᠨ᠎ᠠ᠃

ᠨᠢᠭᠡ ᠡᠷ᠎ᠡ ᠨᠠᠳᠠᠳᠤ 《ᠾᠷᠢᠰᠲ᠋ᠤᠰ ᠲᠤ ᠢᠳᠠᠭᠡᠵᠤ ᠪᠠᠢ᠌ᠭ᠎ᠠ ᠣᠯᠤᠰ ᠤᠳ ᠤᠨ ᠣᠯᠠᠩᠭᠢ ᠨᠢ ᠪᠠᠶᠠᠨ ᠪᠠᠢ᠌ᠭ᠎ᠠ ᠪᠣᠯᠬᠤᠷ ᠪᠢ ᠡᠨᠡ ᠯᠠ ᠰᠠᠱᠢᠨ ᠢ ᠢᠳᠡᠭᠡᠨ᠎ᠡ》 ᠭᠡᠭᠦ ᠶᠤᠮ᠃ ᠳᠤᠯᠤᠭᠠᠢ ᠪᠠᠨ ᠠᠯᠴᠢᠭᠤᠷ ᠶᠢᠡᠷ ᠣᠷᠢᠶᠠᠭᠰᠠᠨ ᠠᠷᠠᠪ ᠤᠨ ᠴᠢᠯᠠᠭᠤᠨ ᠳᠤᠰᠤ ᠭᠠᠷᠳᠠᠭ ᠭᠡᠳᠤᠨ ᠪᠠᠭ᠎ᠠ ᠣᠯᠤᠰ ᠤᠨ ᠭᠦᠮᠤᠨ ᠪᠦᠷᠢ ᠳᠤ ᠨᠤᠭᠳᠠᠬᠤ ᠭᠦᠷᠦᠩᠭᠡ ᠶᠢᠨ ᠭᠡᠮᠵᠢᠶ᠎ᠡ ᠨᠢ ᠳᠡᠯᠡᠭᠡᠢ ᠶᠢᠨ ᠳᠡᠷᠢᠭᠦᠨ ᠪᠠᠢ᠌ᠷᠢᠨ ᠳᠤ ᠵᠢᠭᠰᠠᠭᠠᠭᠳᠠᠳᠠᠭ ︕ ᠳᠠᠭᠠᠵᠤ ᠭᠡᠯᠡᠪᠠᠯ ᠶᠠᠭᠠᠭᠢᠭᠠᠤᠨ ᠢᠰᠯᠠᠮ ᠤᠨ ᠰᠠᠱᠢᠨ ᠢ ᠰᠢᠳᠦᠴᠢᠭᠡᠳᠡᠭ᠌ ᠦᠭᠡᠶ ᠶᠤᠮ ᠪᠣᠢ︖ 《ᠠᠳᠠᠯᠢᠬᠠᠨ ᠠᠷᠭ᠎ᠠ ᠳᠤ ᠢᠯᠠᠯᠳᠠ ᠳᠠᠪᠳᠠᠬᠤ ᠦᠭᠡᠶ》 ᠭᠡᠳᠡᠭ᠌ ᠰᠢᠳᠠ︕ ᠬᠠᠷᠢ ᠶᠢᠨ ᠭᠢᠨ ᠶᠠᠮᠠᠷ ᠨᠢᠭᠡᠨ ᠠᠷᠭ᠎ᠠ ᠵᠠᠮ ᠶᠢᠠᠷ ᠠᠮᠵᠢᠯᠳᠠ ᠳᠤ ᠭᠦᠷᠦᠭ᠍ᠰᠡᠨ ᠪᠠᠢ᠌ᠵᠤ ᠮᠠᠳᠠᠨ᠎ᠠ᠃ ᠭᠡᠳᠡᠯ᠎ᠡ ᠳᠠᠷᠠ ᠠᠷᠭ᠎ᠠ ᠶᠢ ᠨᠢ ᠪᠢᠳᠠ ᠬᠠᠭᠤᠯᠵᠤ ᠭᠡᠷᠡᠭᠯᠡᠪᠠᠯ ᠠᠮᠵᠢᠯᠳᠠ ᠣᠯᠬᠤ ᠡᠰᠡᠭᠦ ᠨᠢ ᠥᠭᠡᠷ᠎ᠡ ᠨᠢᠭᠡ ᠣᠴᠢᠷ᠃ ᠭᠦᠮᠤᠨ ᠤ ᠠᠪᠣ ᠪᠠᠶᠠᠨ ᠪᠣᠯ ᠦᠪᠡᠷ ᠤᠨ ᠡᠴᠢᠭᠡ ᠪᠠᠨ ᠳᠠᠨᠢᠬᠤ ᠪᠠᠨ ᠪᠠᠢ᠌ᠴᠢᠬᠠᠳᠠᠭ ᠨᠢ 《ᠪᠣᠷᠬᠠᠨ》 ᠤ ᠶᠤᠰᠤᠨ ᠪᠢᠰᠢ ᠪᠠᠢ᠌ᠬ᠎ᠠ᠃

ᠬᠠᠮᠤᠭ ᠰᠡᠭᠦᠯ ᠳ᠋ᠤᠨᠢ ᠪᠢ 《ᠭᠡᠷᠪᠡ ᠪᠣᠷᠬᠠᠨ ᠪᠦᠭᠦᠳᠡ ᠶᠢ ᠪᠦᠳᠦᠭᠡᠭ᠍ᠰᠡᠨ ᠯᠠ ᠶᠤᠮ ᠪᠣᠯ ᠮᠤᠩᠭ᠋ᠤᠯ ᠳᠤ ᠬᠠᠷᠠᠭᠳᠠᠳᠠᠭ ᠪᠦᠭᠦᠨ ᠢ ᠮᠦᠨ ᠪᠣᠷᠬᠠᠨ ᠪᠦᠳᠦᠭᠡᠭ᠍ᠰᠡᠨ ᠪᠠᠢ᠌ᠬᠤ ᠶᠤᠰᠤᠳᠠᠢ᠃ ᠭᠡᠨ ᠭᠡᠷᠪᠡ ᠪᠣᠷᠬᠠᠨ ᠢ ᠬᠠᠢ᠌ᠷᠯᠠᠳᠠᠭ ᠪᠣᠯ ᠭᠢᠭ᠍ᠰᠡᠨ ᠪᠦᠳᠦᠭᠡᠭ᠍ᠰᠡᠨ ᠢ ᠨᠢ ᠨᠠᠩ ᠶᠡᠭᠡ ᠬᠠᠢ᠌ᠷᠠᠯᠠᠵᠤ ᠪᠠᠬᠠᠷᠬᠠᠭᠠᠷᠠᠢ ︕》 ᠭᠡᠵᠤ ᠭᠦᠰᠡᠭᠡᠤᠨ ᠵᠠᠭᠢᠳᠠᠯ ᠶᠢᠡᠨ ᠳᠡᠭᠦᠰᠭᠡᠶ᠎ᠡ︕


2008 ᠣᠨ ᠤ 1 ᠰᠠᠷ᠎ᠠ ᠶᠢᠨ 1 ᠤ ᠡᠳᠦᠷ

ᠬᠦᠬᠡᠬᠤᠲᠠᠨ᠎ᠡ᠂ ᠳᠤᠢᠪᠰᠢᠠᠵᠠᠶᠠᠭ᠎ᠠ


ᠵᠤᠬᠢᠶᠠᠭᠴᠢ᠄ ᠲᠦᠪᠰᠢᠨᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 5655
ᠴᠠᠭ᠄ 2009 ᠤᠨ ᠤ 03 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ